— ᠴᠢᠩ ᠴᠢᠤᠸᠠᠨ ᠵᠡᠭᠡᠯᠢ ᠨᠡᠢᠭᠡᠮ ᠲᠤᠭᠤᠷᠢᠭ᠎ᠤᠨ 《ᠨᠢᠭᠡ ᠭᠤᠤᠯᠲᠠᠯᠭ᠎ᠠ ᠲᠦᠷᠪᠡᠨ ᠵᠠᠰᠠᠯᠲᠠ》 ᠢ᠋ᠢᠨ ᠦᠨᠳᠦᠰᠦᠨ ᠱᠠᠲᠤᠨ᠎ᠤ ᠵᠠᠰᠠᠯᠲᠠ ᠢ᠋ᠢᠨ ᠵᠠᠬᠪᠤᠷ ᠢ᠋ ᠲᠡᠮᠲᠡᠭᠯᠡᠪᠡ
ᠨᠠᠢᠷᠠᠭᠤᠯᠤᠬᠴᠢ ᠢ᠋ᠢᠨ ᠦᠭᠡ᠄
ᠦᠨᠳᠦᠰᠦᠨ ᠱᠠᠲᠤ ᠬᠦᠴᠦᠷᠬᠡᠭᠵᠢᠪᠡᠯ ᠤᠯᠤᠰ ᠣᠷᠣᠨ ᠬᠦᠴᠦᠷᠬᠡᠭᠵᠢᠵᠦ᠂ ᠦᠨᠳᠦᠰᠦᠨ ᠱᠠᠲᠤ ᠲᠦᠪᠰᠢᠨ ᠠᠮᠤᠭᠤᠯᠠᠩ ᠪᠤᠯ ᠤᠯᠤᠰ ᠣᠷᠣᠨ ᠠᠮᠤᠷ ᠳᠤᠬᠳᠠᠭᠤᠨ᠃ ᠦᠨᠳᠦᠰᠦᠨ ᠱᠠᠲᠤ ᠪᠣᠯ ᠠᠯᠢᠪᠠ ᠠᠵᠢᠯ᠎ᠤᠨ ᠲᠤᠰᠤᠯᠲᠠ᠂ ᠦᠨᠳᠦᠰᠦᠨ ᠱᠠᠲᠤᠨ᠎ᠤ ᠵᠠᠰᠠᠯᠲᠠ ᠪᠣᠯ ᠤᠯᠤᠰ᠎ᠤᠨ ᠵᠠᠰᠠᠯᠲᠠ᠎ᠶᠢᠨ ᠰᠠᠭᠤᠷᠢ᠃ ᠨᠠᠮ᠎ᠤᠨ ᠪᠠᠢᠭᠤᠯᠤᠯᠲᠠ ᠳᠤᠰᠬᠠᠢ ᠬᠡᠪᠯᠡᠯᠮᠠᠨᠢ ᠲᠤᠰ ᠬᠤᠭᠤᠴᠠᠭ᠎ᠠ ᠡᠴᠡ ᠡᠬᠢᠯᠡᠨ 《ᠨᠠᠮ ᠤᠨ ᠲᠤᠭ᠎ᠤᠨ ᠨᠠᠮᠢᠷᠠᠭ᠎ᠠ》 ᠪᠤᠯᠤᠩ᠎ᠳᠦ 《ᠦᠨᠳᠦᠰᠦᠨ ᠱᠠᠲᠤᠨ᠎ᠤ ᠵᠠᠰᠠᠯᠲᠠ ᠢ᠋ᠢᠨ ᠤᠬᠠᠭᠠᠨ》 ᠰᠢᠷᠢᠰ ᠮᠡᠲᠡᠭᠡᠯᠡᠯ ᠢ᠋ᠢᠡᠨ ᠡᠬᠢᠯᠡᠭᠦᠯᠵᠦ᠂ ᠦᠪᠦᠷ ᠮᠤᠩᠭᠤᠯ ᠤᠨ ᠦᠪᠡᠷᠲᠡᠭᠡᠨ ᠵᠠᠰᠬᠠᠤ ᠤᠷᠤᠨ᠎ᠤ ᠨᠠᠮ᠎ᠤᠨ ᠬᠤᠷᠢᠶ᠎ᠠ ᠢ᠋ᠢᠨ ᠨᠡᠢᠭᠡᠮ ᠤᠨ ᠠᠵᠢᠯ ᠤᠨ ᠬᠡᠯᠲᠡᠰ᠎ᠤᠨ ᠪᠦᠬᠦ ᠤᠷᠤᠨ᠎ᠤ ᠬᠡᠪᠴᠢᠶᠡᠨ ᠡᠴᠡ ᠰᠤᠩᠭᠤᠨ ᠭᠠᠷᠭᠠᠬᠰᠠᠨ 15 ᠰᠢᠯᠢᠲᠡᠭ ᠨᠡᠢᠭᠡᠮ ᠲᠤᠭᠤᠷᠢᠭ ᠤᠨ ᠠᠵᠢᠯ ᠤᠨ ᠠᠷᠭ᠎ᠠ ᠪᠠ 21 ᠦᠨᠳᠦᠰᠦᠨ ᠱᠠᠲᠤᠨ᠎ᠤ ᠵᠠᠰᠠᠯᠲᠠ ᠢ᠋ᠢᠨ ᠰᠢᠯᠢᠲᠡᠭ ᠬᠡᠷᠡᠭ᠎ᠤᠨ ᠵᠢᠱ᠌ᠢᠶ᠎ᠡ ᠡᠴᠡ ᠤᠨᠴᠠᠯᠢᠬ ᠲᠠᠢ᠂ ᠲᠦᠯᠦᠭᠡᠯᠡᠬᠦ ᠴᠢᠨᠠᠷᠲᠠᠢ ᠰᠢᠨ᠎ᠡ ᠵᠢ ᠡᠭᠦᠲᠦᠭᠰᠡᠨ ᠠᠮᠢᠳᠤᠯᠢᠬ ᠦᠢᠯᠡᠲᠦᠯᠭ᠂ ᠪᠦᠲᠦᠮᠵᠢᠲᠡᠢ ᠵᠠᠬᠪᠤᠷ ᠪᠠ ᠦᠷ᠎ᠡ ᠪᠦᠲᠦᠮᠵᠢ ᠵᠢ ᠰᠤᠩᠭᠤᠨ ᠮᠡᠲᠡᠭᠡᠯᠡᠵᠦ᠂ ᠤᠷᠤᠨ ᠳᠠᠶᠠᠭᠠᠷ ᠲᠸ᠋ ᠬᠠᠭᠤᠯᠪᠤᠷᠢᠯᠠᠵᠦ ᠪᠤᠯᠬᠤᠢᠴᠠ᠂ ᠲᠤᠯᠢᠯᠠᠭᠤᠯᠵᠦ ᠪᠤᠯᠬᠤᠢᠴᠠ᠂ ᠲᠡᠯᠭᠡᠷᠡᠭᠦᠯᠵᠦ ᠪᠤᠯᠬᠤᠢᠴᠠ ᠰᠢᠨ᠎ᠡ ᠲᠤᠷᠰᠢᠯᠭ᠎ᠠ ᠰᠢᠨ᠎ᠡ ᠠᠷᠭ᠎ᠠ ᠵᠢ ᠬᠦᠷᠬᠡᠬᠦ ᠪᠡᠷ ᠪᠤᠢ᠃ ᠠᠩᠬᠠᠷᠤᠯ ᠢ᠋ᠢᠡᠨ ᠬᠠᠨᠳᠤᠭᠤᠯᠤᠮᠤ!
ᠬᠦᠬᠡᠬᠤᠲᠠ ᠢ᠋ᠢᠨ ᠢᠤᠢᠴᠢᠤᠸᠠᠨ ᠲᠤᠭᠤᠷᠢᠭ᠎ᠤᠨ ᠰᠢᠩ ᠯᠦᠩ ᠰᠢᠶᠠᠩ ᠵᠡᠭᠡᠯᠢ ᠭᠤᠲᠤᠮᠵᠢ ᠢ᠋ᠢᠨ ᠬᠡᠷᠡᠭ ᠡᠷᠬᠢᠯᠡᠬᠦ ᠭᠠᠵᠠᠷ᠎ᠤᠨ ᠴᠢᠩ ᠴᠢᠤᠸᠠᠨ ᠵᠡᠭᠡᠯᠢ ᠨᠡᠢᠭᠡᠮ ᠲᠣᠭᠣᠷᠢᠭ᠋ ᠪᠤᠯ 2002 ᠣᠨ᠎ᠳᠤ ᠬᠠᠭᠤᠴᠢᠨ ᠬᠤᠳᠠ᠎ᠶᠢᠨ ᠲᠣᠭᠣᠷᠢᠭ᠋᠎ᠢ ᠥᠭᠡᠷᠡᠴᠢᠯᠡᠭᠰᠡᠨᠦ ᠳᠠᠷᠠᠭ᠎ᠠ ᠰᠢᠨ᠎ᠡ᠎ᠪᠡᠷ ᠪᠠᠢᠭᠤᠯᠤᠭᠰᠠᠨ ᠨᠡᠢᠭᠡᠮ ᠲᠣᠭᠣᠷᠢᠭ᠋ ᠪᠣᠯᠣᠨ᠎ᠠ᠃ ᠲᠤᠰ ᠨᠡᠢᠭᠡᠮ ᠲᠤᠭᠤᠷᠢᠭ ᠨᠢ 23 ᠰᠠᠭᠤᠭᠠᠯᠢ ᠠᠷᠠᠳ᠎ᠤᠨ ᠲᠤᠭᠤᠷᠢᠭ ᠲᠠᠢ᠂ ᠬᠢᠲᠠᠳ᠂ ᠮᠣᠩᠭᠣᠯ᠂ ᠰᠣᠯᠣᠩᠭᠣᠰ᠂ ᠣᠷᠣᠰ ᠵᠡᠷᠭᠡ 11 ᠦᠨᠳᠦᠰᠦᠲᠡᠨ᠎ᠦ 3622 ᠡᠷᠦᠬᠡ 7027 ᠬᠥᠮᠥᠨ ᠲᠠᠢ᠃ ᠨᠠᠰᠤᠲᠠᠢᠴᠤᠳ ᠤᠯᠠᠨ ᠪᠠᠢᠵᠦ᠂ ᠠᠵᠢᠯ᠎ᠤᠨ ᠪᠠᠢᠷᠢ ᠡᠴᠡ ᠪᠠᠨ ᠪᠠᠭᠤᠵᠦ ᠠᠵᠢᠯ ᠠᠯᠲᠠᠬᠰᠠᠨ ᠬᠦᠮᠦᠨ ᠮᠢᠩᠭ᠎ᠠ ᠭᠠᠷᠤᠢ᠂ ᠵᠡᠮᠲᠡᠭᠴᠤᠳ 300 ᠭᠠᠷᠤᠢ᠂ ᠨᠡᠭᠦᠲᠡᠯ ᠬᠦᠮᠦᠨ ᠠᠮᠠ 484 ᠪᠤᠢ᠃
ᠠᠵᠢᠯ᠎ᠤᠨ ᠪᠠᠢᠷᠢ ᠡᠴᠡ ᠪᠠᠨ ᠪᠠᠭᠤᠵᠤ ᠠᠵᠢᠯ ᠠᠯᠳᠠᠭᠰᠠᠨ ᠬᠥᠮᠥᠨ᠎ᠦ ᠲᠣᠭ᠎ᠠ ᠤᠯᠠᠨ᠂ ᠬᠦᠴᠢᠷᠳᠡᠯ᠎ᠲᠠᠢ ᠰᠠᠭᠤᠭᠠᠯᠢ ᠠᠷᠠᠳ ᠤᠯᠠᠨ᠂ ᠵᠡᠮᠳᠡᠭᠴᠦᠳ ᠤᠯᠠᠨ᠂ ᠰᠠᠭᠤᠷᠢ ᠲᠥᠬᠦᠭᠡᠷᠦᠮᠵᠢ ᠪᠠᠷᠤᠭᠲᠠᠢ 《ᠭᠤᠷᠪᠠᠨ ᠤᠯᠠᠨ ᠨᠢᠭᠡ ᠪᠠᠷᠤᠬᠲᠠᠢ 》 ᠤᠨᠴᠠᠯᠢᠬ ᠲᠸ᠋ ᠴᠢᠭᠯᠡᠭᠦᠯᠦᠨ᠂ ᠨᠡᠢᠭᠡᠮ ᠲᠣᠭᠣᠷᠢᠭ᠋᠎ᠤᠨ ᠬᠢᠨ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠬᠴᠠᠯᠠᠬᠤ ᠪᠠᠷ ᠭᠣᠣᠯ ᠰᠢᠵᠢᠮ ᠪᠣᠯᠭᠠᠵᠤ᠂ 《ᠨᠢᠭᠡ ᠭᠤᠤᠯᠲᠠᠯᠭ᠎ᠠ ᠲᠦᠷᠪᠡᠨ ᠵᠠᠰᠠᠯᠲᠠ》 ᠢ᠋ᠢᠨ ᠦᠨᠳᠦᠰᠦᠨ ᠱᠠᠲᠤᠨ᠎ᠤ ᠵᠠᠰᠠᠯᠲᠠ᠎ᠶᠢᠨ ᠰᠢᠨ᠎ᠡ ᠵᠠᠬᠪᠤᠷ᠎ᠢ ᠢᠲᠡᠪᠬᠢᠲᠡᠢ ᠪᠡᠷ ᠬᠠᠢᠨ ᠰᠦᠪᠡᠭᠴᠢᠯᠡᠨ᠂ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ᠎ᠶᠢᠨ ᠴᠣᠭᠴᠠᠯᠠᠯᠲᠠ᠎ᠪᠠᠷ ᠭᠣᠣᠯᠲᠠᠯᠭ᠎ᠠ ᠪᠣᠯᠭᠠᠵᠤ᠂ ᠬᠠᠮᠲᠤ ᠪᠠᠷ ᠵᠠᠰᠠᠬᠤ᠂ ᠥᠪᠡᠷ ᠢ᠋ᠢᠡᠨ ᠵᠠᠰᠠᠬᠤ᠂ ᠶᠣᠰᠣ᠌ ᠰᠤᠷᠲᠠᠬᠤᠨ᠎ᠢᠶᠠᠷ ᠵᠠᠰᠠᠬᠤ᠂ ᠬᠠᠤᠯᠢ ᠪᠡᠷ ᠵᠠᠰᠠᠬᠤ ᠬᠠᠮᠲᠤ ᠪᠠᠷ ᠪᠠᠶ᠋ᠢᠭᠤᠯᠬᠤ ᠬᠠᠮᠲᠤ ᠪᠠᠷ ᠵᠠᠰᠠᠬᠤ ᠬᠠᠮᠲᠤ ᠪᠠᠷ ᠡᠳ᠋ᠯᠡᠬᠦ ᠲᠣᠭᠲᠠᠴᠠ᠎ᠶᠢ ᠪᠦᠷᠢᠯᠳᠦᠭᠦᠯᠵᠦ᠂ ᠦᠨᠳᠦᠰᠦᠨ ᠱᠠᠲᠤᠨ᠎ᠤ ᠨᠠᠮ᠎ᠤᠨ ᠪᠠᠢᠭᠤᠯᠤᠯᠲᠠ ᠪᠣᠯᠣᠨ ᠦᠨᠳᠦᠰᠦᠨ ᠱᠠᠲᠤᠨ᠎ᠤ ᠵᠠᠰᠠᠯᠲᠠ᠎ᠶᠢ ᠭᠦᠨᠵᠡᠭᠡᠢ ᠠᠭᠤᠰᠤᠯᠴᠠᠭᠤᠯᠵᠤ᠂ ᠰᠢᠨ᠎ᠡ ᠴᠠᠭ ᠦᠶ᠎ᠡ᠎ᠶᠢᠨ 《ᠹᠸᠩᠴᠢᠶᠤᠤ ᠵᠢᠨ ᠲᠤᠷᠰᠢᠯᠭ᠎ᠠ》 ᠶ᠋ᠢ ᠭᠦᠨᠵᠡᠭᠡᠢ ᠦᠢᠯᠡᠳᠦᠯᠭᠡᠵᠢᠭᠦᠯᠤᠨ᠂ ᠦᠨᠳᠦᠰᠦᠲᠡᠨ ᠪᠦᠯᠬᠦᠮᠳᠡᠭᠰᠡᠨ ᠬᠠᠷᠢᠯᠴᠠᠨ ᠰᠢᠭᠢᠳᠬᠦ ᠮᠠᠶᠢᠭ᠋᠎ᠤᠨ ᠨᠡᠢᠭᠡᠮ ᠲᠣᠭᠣᠷᠢᠭ᠋ ᠤᠨ ᠪᠠᠢᠭᠤᠯᠤᠯᠲᠠ᠎ᠶᠢ ᠶᠡᠬᠡ ᠪᠡᠷ ᠠᠬᠢᠭᠤᠯᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠵᠤ᠂ 《ᠠᠢᠯ ᠰᠠᠭᠠᠬᠠᠯᠲᠠ ᠢ᠋ᠢᠨ ᠠᠮᠢ ᠨᠢ ᠨᠢᠭᠡ》ᠪᠠᠢᠬᠤ ᠰᠠᠢᠨ ᠰᠠᠢᠬᠠᠨ ᠨᠡᠢᠭᠡᠮ ᠲᠣᠭᠣᠷᠢᠭ᠋᠎ᠢ ᠪᠠᠢᠭᠤᠯᠪᠠ᠃
ᠨᠢᠭᠡ ᠭᠤᠤᠯᠲᠠᠯᠭ᠎ᠠ —
ᠦᠨᠳᠦᠰᠦᠨ ᠱᠠᠲᠤᠨ ᠤ ᠵᠣᠬᠢᠶᠠᠨ ᠪᠠᠢᠭᠤᠯᠤᠯᠲᠠ᠎ᠶᠢᠨ ᠴᠤᠬᠴᠠᠯᠠᠯᠲᠠ ᠪᠡᠷ ᠭᠤᠤᠯᠲᠠᠯᠭ᠎ᠠ ᠪᠤᠯᠭᠠᠵᠦ ᠨᠠᠮ ᠤᠨ ᠪᠠᠢᠭᠤᠯᠤᠯᠲᠠ ᠢ᠋ᠢᠨ ᠬᠦᠲᠦᠯᠦᠨ ᠲᠠᠭᠠᠭᠤᠯᠬᠤ ᠦᠢᠯᠡᠲᠦᠯ ᠢ᠋ ᠴᠢᠩᠭᠠᠳᠬᠠᠪᠠ
ᠴᠢᠩ ᠴᠢᠦᠸᠠᠨ ᠵᠡᠭᠡᠯᠢ ᠨᠡᠢᠭᠡᠮ ᠲᠣᠭᠣᠷᠢᠭ᠋᠎ᠤᠨ ᠨᠠᠮ᠎ᠤᠨ ᠬᠣᠷᠢᠶ᠎ᠠ᠎ᠶᠢᠨ ᠳᠣᠣᠷ᠎ᠠ 3 ᠨᠠᠮ᠎ᠤᠨ ᠡᠭᠦᠷ ᠪᠠᠢᠵᠦ᠂ ᠲᠠᠩᠰᠠᠨ᠎ᠳᠤ ᠪᠠᠢᠭ᠎ᠠ ᠨᠠᠮ ᠤᠨ ᠭᠡᠰᠢᠭᠦᠨ 190 ᠬᠥᠮᠥᠨ ᠪᠣᠶ᠃ ᠲᠤᠰ ᠨᠡᠢᠭᠡᠮ ᠲᠤᠭᠤᠷᠢᠭ ᠦᠨᠳᠦᠰᠦᠨ ᠱᠠᠲᠤᠨ ᠤ ᠵᠣᠬᠢᠶᠠᠨ ᠪᠠᠢᠭᠤᠯᠤᠯᠲᠠ᠎ᠶᠢᠨ ᠴᠤᠬᠴᠠᠯᠠᠯᠲᠠ ᠪᠡᠷ ᠭᠣᠣᠯᠳᠠᠯᠭ᠎ᠠ ᠪᠣᠯᠭᠠᠵᠤ᠂ ᠨᠠᠮ ᠤᠨ ᠪᠠᠢᠭᠤᠯᠤᠯᠳᠠ ᠵᠢᠨ ᠬᠥᠲᠥᠯᠥᠨ ᠳᠠᠭᠠᠭᠤᠯᠬᠤ ᠦᠢᠯᠡᠳᠦᠯ᠎ᠢ ᠴᠢᠩᠭᠠᠳᠬᠠᠨ᠂ᠲᠤᠤᠷᠵᠢᠯ᠎ᠤᠨ ᠨᠠᠮ᠎ᠤᠨ ᠤᠳᠤᠷᠢᠳᠬᠤ ᠳᠤᠭᠤᠢᠯᠠᠩ ︱ ᠠᠰᠠᠷ ᠤᠨ ᠳᠠᠷᠤᠭ᠎ᠠ᠂ ᠲᠤᠤᠷᠵᠢᠯ᠎ᠤᠨ ᠠᠵᠢᠯᠲᠠᠨ ︱ ᠠᠰᠠᠷ᠎ᠤᠨ ᠨᠢᠭᠡᠴᠢ᠎ᠶᠢᠨ ᠳᠠᠷᠤᠭ᠎ᠠ》 ᠢ᠋ᠢᠨ ᠪᠢᠴᠢᠯ ᠵᠠᠰᠠᠯᠲᠠ᠎ᠶᠢᠨ ᠵᠠᠭᠪᠤᠷ᠎ᠢ ᠪᠠᠢᠭᠤᠯᠵᠤ᠂ ᠨᠠᠮ ᠤᠨ ᠵᠣᠬᠢᠶᠠᠨ ᠪᠠᠢᠭᠤᠯᠤᠯᠲᠠ᠎ᠶᠢᠨ ᠪᠦᠷᠬᠦᠴᠡ ᠶᠢ ᠰᠠᠭᠤᠭᠠᠯᠢ ᠠᠷᠠᠳ ᠤᠯᠠᠨ ᠲᠦᠮᠡᠨ ᠤ ᠭᠡᠷ᠎ᠦᠨ ᠡᠭᠦᠳᠡᠨ᠎ᠳᠦ ᠬᠦᠷᠲᠡᠯ᠎ᠡ ᠥᠷᠭᠡᠳᠬᠡᠵᠦ᠂ ᠨᠠᠮ ᠤᠨ ᠭᠡᠰᠢᠭᠦᠨ᠎ᠤ ᠬᠣᠰᠢᠭᠤᠴᠢ ᠵᠢᠱ᠌ᠢᠶᠡᠴᠢ ᠦᠢᠯᠡᠳᠦᠯ᠎ᠢ ᠨᠡᠩ ᠰᠠᠢᠲᠤᠷ ᠪᠠᠳᠠᠷᠠᠭᠤᠯᠪᠠ᠃ ᠨᠡᠢᠭᠡᠮ ᠲᠣᠭᠣᠷᠢᠭ᠋᠎ᠤᠨ ᠨᠠᠮ᠎ᠤᠨ ᠬᠣᠷᠢᠶ᠎ᠠ 《ᠨᠠᠮ᠎ᠤᠨ ᠠᠴᠢ᠎ᠳᠤ ᠲᠠᠯᠠᠷᠬᠠᠵᠦ᠂ ᠨᠠᠮ᠎ᠤᠨ ᠦᠭᠡ᠎ᠶᠢ ᠰᠣᠨᠣᠰᠴᠤ᠂ ᠨᠠᠮ᠎ᠢᠶᠠᠨ ᠳᠠᠭᠠᠨ ᠤᠷᠤᠬᠰᠢᠯᠠᠬᠤ》 ᠤᠯᠠᠨ ᠲᠦᠮᠡᠨᠴᠢ ᠬᠥᠮᠦᠵᠢᠯ᠎ᠦᠨ ᠠᠵᠢᠯᠯᠠᠭ᠎ᠠ ᠶᠢ ᠪᠠᠢᠩᠭᠤᠵᠢᠭᠤᠯᠤᠨ ᠥᠷᠨᠢᠭᠦᠯᠵᠦ᠂ ᠨᠠᠮ᠎ᠤᠨ ᠪᠠᠢᠭᠤᠯᠤᠯᠲᠠ᠎ᠶᠢᠨ ᠳᠠᠭᠠᠭᠤᠯᠭ᠎ᠠ᠎ᠶᠢ ᠵᠠᠰᠠᠯᠲᠠ᠎ᠶᠢᠨ ᠳᠤᠮᠳᠠ ᠭᠦᠨᠵᠡᠭᠡᠢ ᠦᠨᠳᠦᠰᠦᠯᠡᠭᠦᠯᠬᠦ᠎ᠶᠢᠨ ᠬᠠᠮᠲᠤ 《ᠭᠤᠷᠪᠠ ᠤᠳᠠᠭ᠎ᠠ ᠶᠠᠪᠤᠬᠤ》 ᠪᠡᠷ ᠳᠠᠮᠵᠢᠵᠤ᠂ ᠭᠠᠷᠳᠠᠴᠠ ᠵᠢ ᠣᠨᠣᠪᠴᠢᠲᠠᠢ ᠡᠷᠢᠨ᠂ ᠲᠣᠭᠲᠠᠭᠰᠠᠨ ᠬᠤᠭᠤᠴᠠᠭ᠎ᠠ᠎ᠲᠠᠢ᠎ᠪᠠᠷ ᠡᠷᠦᠭᠡ᠎ᠳᠦ ᠬᠦᠷᠴᠦ ᠰᠤᠷᠪᠤᠯᠵᠢᠯᠠᠪᠠ᠃
《ᠳᠥᠷᠪᠡᠨ ᠵᠠᠭᠤᠨ ᠡᠷᠦᠬᠡ ᠪᠠ ᠲᠠᠪᠤ᠎ᠶᠢ ᠢᠯᠡ ᠪᠠᠢᠯᠭᠠᠬᠤ》 ᠠᠵᠢᠯᠯᠠᠭ᠎ᠠ᠎ᠶᠢ ᠢᠳᠡᠪᠬᠢᠲᠡᠢ ᠥᠷᠨᠢᠭᠦᠯᠵᠦ᠂ ᠲᠤᠤᠷᠵᠢᠯ᠎ᠤᠨ ᠠᠵᠢᠯᠲᠠᠨ ᠠᠰᠠᠷ᠎ᠤᠨ ᠲᠠᠷᠤᠭ᠎ᠠ ᠵᠢ ᠳᠠᠭᠠᠭᠤᠯᠤᠨ ᠵᠠᠭᠤᠨ ᠡᠷᠦᠬᠡ᠎ᠪᠡᠷ ᠣᠷᠣᠵᠤ᠂ ᠵᠠᠭᠤᠨ ᠡᠷᠦᠬᠡ ᠶ᠋ᠢᠨ ᠪᠠᠢᠳᠠᠯ ᠢ᠋ ᠰᠤᠷᠪᠤᠯᠵᠢᠯᠠᠨ᠂ ᠵᠠᠭᠤᠨ ᠡᠷᠦᠬᠡ᠎ᠳᠤ ᠬᠠᠢᠷ᠎ᠠ ᠬᠠᠯᠠᠮᠵᠢ ᠬᠦᠷᠭᠡᠵᠦ᠂ ᠵᠠᠭᠤᠨ ᠡᠷᠦᠬᠡ ᠶ᠋ᠢᠨ ᠰᠠᠳᠤᠨ ᠪᠣᠯᠣᠯᠴᠠᠵᠤ᠂ ᠨᠠᠮ᠎ᠤᠨ ᠭᠡᠰᠢᠭᠦᠨ ᠺᠠᠳ᠋ᠷ᠂ ᠠᠰᠠᠷ᠎ᠤᠨ ᠳᠠᠷᠤᠭ᠎ᠠ ᠨᠠᠷ ᠴᠤ᠌ ᠢᠳᠡᠪᠬᠢᠲᠡᠢ᠎ᠪᠡᠷ ᠰᠠᠭᠤᠭᠠᠯᠢ ᠠᠷᠠᠳ᠎ᠤᠨ ᠳᠤᠮᠳᠠ᠂ ᠡᠳᠦᠷ ᠲᠤᠲᠤᠮ᠎ᠤᠨ ᠠᠵᠢᠯ ᠠᠮᠢᠳᠤᠷᠠᠯ᠎ᠤᠨ ᠳᠤᠮᠳᠠ ᠪᠡᠶ᠎ᠡ ᠶ᠋ᠢᠨ ᠭᠠᠷᠤᠯ ᠢ᠋ᠢᠡᠨ ᠢᠯᠡ ᠪᠤᠯᠭᠠᠵᠦ᠂ ᠠᠮᠠᠯᠠᠯᠲᠠ ᠪᠠᠨ ᠢᠯᠡ ᠪᠤᠯᠭᠠᠵᠦ᠂ ᠠᠵᠢᠯᠯᠠᠭ᠎ᠠ ᠪᠠᠨ ᠢᠯᠡ ᠪᠤᠯᠭᠠᠵᠦ᠂ ᠦᠢᠯᠡᠴᠢᠯᠡᠭᠡ ᠪᠠᠨ ᠢᠯᠡ ᠪᠤᠯᠭᠠᠵᠦ᠂ ᠦᠷ᠎ᠡ ᠪᠦᠲᠦᠮᠵᠢ ᠪᠠᠨ ᠢᠯᠡ ᠪᠤᠯᠭᠠᠵᠦ᠂ ᠨᠠᠰᠤᠲᠠᠢᠴᠤᠳ ᠲᠸ᠋ ᠬᠠᠷᠢᠯᠴᠠᠬᠤ ᠠᠷᠭ᠎ᠠ ᠪᠠᠨ ᠦᠯᠡᠳᠡᠭᠡᠨ ᠥᠭᠴᠦ᠂ ᠢᠳᠡᠪᠬᠢᠲᠡᠢ᠎ᠪᠡᠷ ᠠᠵᠢᠯ᠎ᠤᠨ ᠪᠠᠢᠷᠢ ᠬᠦᠯᠢᠶᠡᠨ ᠠᠪᠴᠤ ᠬᠠᠷᠢᠭᠤᠴᠠᠯᠭ᠎ᠠ ᠬᠦᠯᠢᠶᠡᠬᠦ ᠣᠪᠣᠷ ᠨᠢ ᠰᠠᠭᠤᠭᠠᠯᠢ ᠠᠷᠠᠳ᠎ᠲᠤ ᠮᠡᠳᠡᠷᠡᠭᠳᠡᠭᠰᠡᠨ ᠪᠠᠢᠨ᠎ᠠ᠃
ᠬᠠᠮᠲᠤ ᠪᠠᠷ ᠵᠠᠰᠠᠬᠤ —
ᠬᠠᠮᠳᠤᠷᠠᠯ᠎ᠤᠨ ᠬᠦᠴᠦᠨ ᠢ᠋ ᠨᠢᠬᠲᠠᠷᠠᠭᠤᠯᠤᠨ ᠦᠨᠳᠦᠰᠦᠨ ᠱᠠᠲᠤᠨ᠎ᠤ ᠵᠠᠰᠠᠯᠲᠠ᠎ᠶᠢᠨ 《ᠴᠢᠳᠠᠪᠤᠷᠢ》 ᠵᠢ ᠦᠷᠬᠡᠳᠬᠡᠪᠡ
ᠴᠢᠩ ᠴᠢᠦᠸᠠᠨ ᠵᠡᠭᠡᠯᠢ ᠨᠡᠢᠭᠡᠮ ᠲᠣᠭᠣᠷᠢᠭ᠋ ᠨᠢ ᠶᠡᠬᠡ ᠨᠠᠮ᠎ᠤᠨ ᠬᠣᠷᠢᠶ᠎ᠠ᠎ᠪᠠᠷ ᠲᠤᠰᠤᠯᠲᠠᠪᠣᠯᠭᠠᠵᠤ᠂ ᠣᠳᠣᠬᠠᠨ᠎ᠳᠤ ᠨᠠᠢ᠍ᠢᠳᠠ 28 ᠨᠠᠮ᠎ᠤᠨ ᠵᠣᠬᠢᠶᠠᠨ ᠪᠠᠢᠭᠤᠯᠤᠯᠲᠠ᠎ᠶᠢᠨ ᠨᠢᠭᠡᠴᠢ᠎ᠲᠠᠢ ᠬᠣᠯᠪᠣᠭᠠᠯᠠᠵᠤ᠂ ᠰᠡᠳᠬᠢᠯ᠎ᠢ ᠳᠤᠯᠠᠭᠠᠴᠠᠭᠤᠯᠬᠤ ᠦᠢᠯᠡᠴᠢᠯᠡᠭᠡᠨ᠎ᠦ ᠠᠩᠭᠢ᠎ᠶᠢ ᠪᠠᠢᠭᠤᠯᠵᠤ᠂ ᠰᠠᠭᠤᠭᠠᠯᠢ ᠠᠷᠠᠳ᠎ᠤᠨ ᠭᠡᠷ᠎ᠲᠦ ᠬᠦᠷᠴᠦ ᠬᠠᠪᠰᠤᠷᠤᠨ ᠭᠦᠢᠴᠡᠳᠬᠡᠬᠦ ᠤᠷᠤᠯᠠᠨ ᠬᠦᠢᠴᠡᠳᠬᠡᠬᠦ᠂ ᠨᠡᠢᠭᠡᠮ ᠲᠣᠭᠣᠷᠢᠭ᠋ ᠲᠸ᠋ ᠤᠷᠤᠵᠦ ᠰᠡᠯᠪᠢᠨ ᠵᠠᠰᠠᠬᠤ᠂ ᠠᠯᠪᠠᠨ ᠵᠢᠷᠤᠮ᠎ᠤᠨ ᠡᠮᠴᠢᠯᠡᠭᠡ ᠬᠠᠤᠯᠢ ᠴᠠᠭᠠᠵᠠ᠎ᠶᠢᠨ ᠯᠠᠪᠯᠠᠭ᠎ᠠ ᠬᠠᠩᠭᠠᠵᠦ᠂ ᠨᠠᠮ᠎ᠤᠨ ᠬᠡᠰᠢᠭᠦᠨ ᠪᠠ ᠤᠯᠠᠨ ᠲᠦᠮᠡᠨ᠎ᠦ ᠦᠢᠯᠡᠴᠢᠯᠡᠭᠡᠨ᠎ᠦ ᠲᠥᠪ᠎ᠲᠦ ᠬᠦᠷᠴᠦ ᠤᠬᠠᠭᠤᠯᠤᠨ ᠲᠠᠢᠯᠪᠤᠷᠢᠯᠠᠬᠤ᠂ ᠤᠷᠠᠨ ᠰᠠᠢᠬᠠᠨ᠎ᠤ ᠲᠣᠭᠯᠠᠯᠲᠠ ᠵᠡᠷᠭᠡ ᠠᠵᠢᠯᠯᠠᠭ᠎ᠠ ᠥᠷᠨᠢᠭᠦᠯᠵᠦ᠂ ᠨᠡᠢᠭᠡᠮ ᠲᠣᠭᠣᠷᠢᠭ᠋᠎ᠤᠨ ᠬᠠᠮᠢᠶᠠᠷᠤᠯᠲᠠ ᠪᠣᠯᠣᠨ ᠦᠢᠯᠡᠴᠢᠯᠡᠭᠡᠨ᠎ᠦ ᠠᠵᠢᠯ᠎ᠢ ᠰᠠᠢᠲᠤᠷ ᠠᠳᠬᠤᠵᠤ᠂ ᠦᠨᠡᠨ᠎ᠢ ᠪᠠᠷᠢᠮᠲᠠᠯᠠᠨ ᠪᠣᠳᠠᠲᠠᠢ᠎ᠶᠢ ᠡᠷᠬᠢᠮᠯᠡᠵᠦ᠂ ᠬᠠᠷᠢᠶ᠎ᠠ ᠲᠣᠭᠣᠷᠢᠭ᠋᠎ᠤᠨ ᠰᠠᠭᠤᠭᠠᠯᠢ ᠠᠷᠠᠳ᠎ᠲᠤ ᠪᠦᠬᠦ ᠲᠠᠯ᠎ᠠ᠎ᠶᠢᠨ ᠦᠢᠯᠡᠴᠢᠯᠡᠭᠡ ᠬᠠᠩᠭᠠᠪᠠ᠃
ᠨᠡᠢᠭᠡᠮ ᠲᠤᠭᠤᠷᠢᠭ ᠡᠴᠡ ᠰᠠᠭᠤᠭᠠᠯᠢ ᠠᠷᠠᠳ᠎ᠲᠤ ᠲᠥᠬᠥᠮ ᠦᠵᠡᠭᠦᠯᠬᠦ ᠰᠠᠢᠨ ᠳᠤᠷ᠎ᠠ᠎ᠶᠢᠨ ᠦᠢᠯᠡᠴᠢᠯᠡᠭᠡ ᠬᠠᠩᠭᠠᠬᠤ ᠳᠠᠯᠳᠠ ᠬᠦᠴᠦᠨ᠎ᠢ ᠠᠭᠤᠳᠠᠯᠤᠨ᠂ ᠤᠰᠤ ᠴᠠᠬᠢᠯᠭᠠᠨ᠎ᠤ ᠠᠵᠢᠯ᠎ᠳᠤ ᠴᠢᠳᠠᠮᠠᠭᠠᠢ ᠵᠢᠦ ᠠᠪᠤᠭᠠᠢ᠂ ᠣᠨᠢᠰᠤ ᠨᠡᠭᠡᠭᠡᠬᠦ᠎ᠳᠡᠭᠡᠨ ᠴᠢᠳᠠᠮᠠᠭᠠᠢ ᠵᠣᠣ ᠠᠪᠤᠭᠠᠢ ᠮᠡᠲᠦ ᠢ᠋ᠢᠨ 《ᠨᠢᠭᠡ᠎ᠳᠦ ᠴᠠᠭᠠᠷᠠᠬᠰᠠᠨ》 ᠴᠢᠳᠠᠪᠤᠷᠢᠲᠠᠳ ᠰᠠᠢᠨ ᠲᠤᠷ᠎ᠠ ᠡᠴᠡ ᠪᠠᠨ ᠤᠯᠠᠨ ᠲᠦᠮᠡᠨ᠎ᠳᠤ ᠰᠦᠢᠳᠬᠡᠯ ᠬᠤᠷᠢᠶᠠᠬᠤ ᠦᠭᠡᠢ ᠪᠡᠷ ᠦᠢᠯᠡᠴᠢᠯᠡᠲᠡᠭ᠃ ᠪᠠᠰᠠ 1200 ᠭᠠᠷᠤᠢ ᠰᠠᠢᠨ ᠳᠤᠷᠠᠴᠤᠳ ᠢ᠋ᠢᠡᠷ ᠪᠦᠷᠢᠯᠳᠦᠭᠰᠡᠨ 《ᠰᠤᠯᠤᠩᠭᠠᠨ ᠥᠩᠭᠡᠲᠦ ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠩᠭᠢ》 ᠵᠢ ᠵᠣᠬᠢᠶᠠᠨ ᠪᠠᠢᠭᠤᠯᠵᠤ᠂ ᠵᠢᠯ ᠪᠦᠷᠢ 900 ᠭᠠᠷᠤᠢ ᠬᠥᠮᠥᠨ ᠤᠳᠠᠭ᠎ᠠ ᠰᠠᠢᠨ ᠳᠤᠷ᠎ᠠ᠎ᠶᠢᠨ ᠦᠢᠯᠡᠴᠢᠯᠡᠭᠡ᠎ᠳᠦ ᠣᠷᠣᠯᠴᠠᠵᠠᠢ᠃ ᠨᠡᠢᠭᠡᠮ ᠲᠣᠭᠣᠷᠢᠭ᠋ ᠡᠴᠡ ᠡᠵᠢ ᠪᠥᠵᠢᠭ᠎ᠦᠨ ᠠᠩᠭᠢ᠂ ᠨᠠᠢᠷᠠᠯ ᠳᠠᠭᠤᠤ᠎ᠶᠢᠨ ᠪᠦᠯᠬᠦᠮ᠂ ᠱᠠᠨ ᠰᠢ᠎ᠶᠢᠨ ᠵᠦᠴᠦᠭᠡ᠎ᠶᠢᠨ ᠪᠦᠯᠬᠦᠮ᠂ ᠡᠯ ᠷᠧᠨ ᠲᠠᠢ ᠵᠦᠴᠦᠭᠡ᠂ ᠶᠠᠩᠭᠠᠷ ᠪᠥᠵᠢᠭ᠎ᠦᠨ ᠠᠩᠭᠢ ᠵᠡᠷᠭᠡ ᠨᠡᠢᠭᠡᠮ ᠲᠣᠭᠣᠷᠢᠭ᠋᠎ᠤᠨ ᠰᠣᠶᠣᠯ ᠲᠠᠮᠢᠷ᠎ᠤᠨ ᠪᠦᠯᠬᠦᠮ᠎ᠢ ᠵᠣᠬᠢᠶᠠᠨ ᠪᠠᠢᠭᠤᠯᠵᠦ᠂ ᠡᠯ᠎ᠡ ᠪᠦᠯᠬᠦᠮ᠎ᠦᠨ ᠬᠢᠨ ᠦᠨᠳᠦᠰᠦᠲᠡᠨ ᠨᠤᠬᠦᠳ᠎ᠤᠨ ᠤᠯᠠᠨ ᠲᠦᠮᠡᠨ᠎ᠢ ᠨᠡᠢᠭᠡᠮ ᠲᠣᠭᠣᠷᠢᠭ᠋᠎ᠤᠨ ᠬᠠᠮᠲᠤ᠎ᠶᠢᠨ ᠠᠵᠢᠯᠯᠠᠭ᠎ᠠ᠎ᠳᠤ ᠢᠲᠡᠪᠬᠢᠲᠡᠢ ᠣᠷᠣᠯᠴᠠᠭᠤᠯᠵᠦ᠂ ᠵᠢᠯ ᠪᠦᠷᠢ 《ᠲᠡᠷᠭᠡᠯ ᠰᠠᠷᠠᠨ᠎ᠤ ᠪᠠᠶᠠᠷ᠎ᠤᠨ ᠨᠥᠬᠥᠷᠯᠡᠯ᠎ᠦᠨ ᠠᠵᠢᠯᠯᠠᠭ᠎ᠠ》᠂ 《ᠬᠥᠷᠰᠢ ᠵᠡᠷᠭᠡᠯᠡᠳᠡᠭᠡ ᠶ᠋ᠢᠨ ᠪᠠᠶᠠᠷ》 ᠵᠡᠷᠭᠡ ᠲᠣᠮᠣ᠌ ᠬᠡᠯᠪᠡᠷᠢ ᠶ᠋ᠢᠨ ᠭᠣᠣᠯ ᠰᠡᠳᠦᠪᠲᠦ ᠠᠵᠢᠯᠯᠠᠭ᠎ᠠ ᠶ᠋ᠢ 10 ᠭᠠᠷᠤᠢ ᠤᠳᠠᠭ᠎ᠠ ᠥᠷᠨᠢᠭᠦᠯᠵᠦ᠂ ᠨᠡᠢᠭᠡᠮ ᠲᠣᠭᠣᠷᠢᠭ᠋᠎ᠤᠨ ᠪᠠᠶᠠᠯᠢᠭ᠋ ᠰᠠᠢᠬᠠᠨ ᠠᠵᠢᠯᠯᠠᠭ᠎ᠠ ᠨᠢ ᠨᠢᠭᠡᠨᠲᠡ ᠦᠨᠳᠦᠰᠦᠲᠡᠨ᠎ᠦ ᠰᠣᠶᠣᠯ᠎ᠢ ᠤᠯᠠᠮᠵᠢᠯᠠᠬᠤ᠂ ᠬᠥᠷᠰᠢ ᠵᠡᠷᠭᠡᠯᠡᠳᠡᠭᠡ᠎ᠶᠢᠨ ᠬᠠᠢᠷ᠎ᠠ ᠰᠡᠳᠬᠢᠯᠭᠡ᠎ᠪᠡᠨ ᠵᠤᠵᠠᠭᠠᠳᠬᠠᠬᠤ᠂ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠤᠬᠠᠭᠤᠯᠭ᠎ᠠ ᠬᠥᠮᠦᠵᠢᠯ᠎ᠢ ᠴᠢᠩᠭᠠᠳᠬᠠᠬᠤ ᠴᠢᠬᠤᠯᠠ ᠠᠷᠭ᠎ᠠ ᠪᠣᠯᠤᠭᠰᠠᠨ ᠪᠠᠢᠨ᠎ᠠ᠃ ᠲᠤᠰ ᠨᠡᠢᠭᠡᠮ ᠲᠤᠭᠤᠷᠢᠭ ᠨᠢ 2024 ᠣᠨ᠎ᠳᠤ ᠪᠦᠬᠦ ᠤᠯᠤᠰ᠎ᠤᠨ ᠦᠨᠳᠦᠰᠦᠲᠡᠨ᠎ᠦ ᠪᠦᠯᠬᠦᠮᠳᠡᠯ ᠲᠠᠪᠰᠢᠯᠳᠠ᠎ᠶᠢᠨ ᠵᠢᠱ᠌ᠢᠶ᠎ᠡ ᠦᠵᠡᠭᠦᠯᠬᠦ ᠨᠡᠢᠭᠡᠮ ᠲᠣᠭᠣᠷᠢᠭ᠋᠎ᠤᠨ ᠢᠷᠠᠭᠤ ᠠᠯᠲᠠᠷ ᠢ᠋ ᠬᠦᠷᠲᠡᠪᠡ᠃
ᠥᠪᠡᠷ ᠢ᠋ᠢᠡᠨ ᠵᠠᠰᠠᠬᠤ —
ᠵᠦᠷᠢᠴᠡᠯ ᠢ᠋ ᠤᠷᠢᠳᠴᠢᠯᠠᠨ ᠰᠡᠷᠬᠡᠢᠯᠡᠵᠦ ᠦᠨᠳᠦᠰᠦᠨ ᠱᠠᠲᠤᠨ᠎ᠤ ᠵᠠᠰᠠᠯᠲᠠ᠎ᠶᠢᠨ 《ᠰᠠᠭᠤᠷᠢ》 ᠵᠢ ᠪᠠᠬᠢᠵᠢᠭᠦᠯᠪᠡ
ᠨᠡᠢᠬᠡᠮ ᠲᠤᠭᠤᠷᠢᠭ᠎ᠤᠨ ᠨᠠᠮ᠎ᠤᠨ ᠬᠤᠷᠢᠶᠠᠨ᠎ᠤ ᠱᠦᠵᠢ᠂ ᠰᠠᠭᠤᠭᠠᠯᠢ ᠠᠷᠠᠳ᠎ᠤᠨ ᠵᠦᠪᠯᠡᠯ᠎ᠤᠨ ᠡᠷᠬᠢᠯᠡᠭ᠌ᠴᠢ ᠡᠤ ᠾᠧ ᠱᠢᠶᠠᠩ ᠪᠤᠯ ᠨᠠᠮ᠎ᠤᠨ ᠠᠷᠪᠠᠨ ᠳᠤᠯᠤᠳᠤᠭᠠᠷ ᠶᠡᠭᠡ ᠬᠤᠷᠠᠯ᠂ ᠠᠷᠪᠠᠨ ᠨᠠᠢ᠍ᠮᠠᠳᠤᠭᠠᠷ ᠶᠡᠭᠡ ᠬᠤᠷᠠᠯ᠎ᠤᠨ ᠲᠦᠯᠦᠭᠡᠯᠡᠭ᠌ᠴᠢ ᠪᠤᠯᠤᠨ᠎ᠠ᠂ ᠤᠷᠢᠳ ᠬᠤᠵᠢᠳ ᠪᠦᠬᠦ᠌ ᠤᠯᠤᠰ᠎ᠤᠨ ᠬᠦᠳᠡᠯᠮᠦᠷᠢ᠎ᠶ᠋ᠢᠨ ᠵᠢᠱ᠌ᠢᠶᠡᠴᠢ᠂ ᠪᠦᠬᠦ᠌ ᠤᠯᠤᠰ᠎ᠤᠨ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶᠡᠴᠢ᠂ ᠪᠦᠬᠦ᠌ ᠤᠯᠤᠰ᠎ᠤᠨ 《3·8》 ᠤ᠋ ᠤᠯᠠᠭᠠᠨ ᠲᠤᠭ᠍ᠴᠢ ᠵᠡᠷᠭᠡ ᠤᠯᠤᠰ᠎ᠤᠨ ᠳᠡᠰ᠎ᠤᠨ 22 ᠲᠦᠷᠦᠯ ᠪᠠ ᠦᠪᠡᠷᠲᠡᠭᠡᠨ ᠵᠠᠰᠠᠬᠤ ᠤᠷᠤᠨ᠎ᠤ ᠳᠡᠰ᠎ᠤᠨ 19 ᠲᠦᠷᠦᠯ᠎ᠤᠨ ᠢᠷᠠᠭᠤ ᠠᠯᠳᠠᠷ᠎ᠢ ᠬᠦᠷᠲᠡᠪᠡ᠃ ᠲᠡᠷᠡ ᠨᠡᠢᠭᠡᠮ ᠲᠤᠭᠤᠷᠢᠭ᠎ᠤᠨ ᠢ᠋ᠢᠡᠨ ᠭᠣᠣᠯᠯᠠᠭ᠍ᠴᠢ ᠨᠠᠮ᠎ᠤᠨ ᠭᠡᠰᠢᠭᠦᠨ ᠪᠣᠯᠣᠨ ᠰᠠᠭᠤᠭᠠᠯᠢ ᠠᠷᠠᠳ ᠢ ᠳᠠᠭᠠᠭᠤᠯᠤᠨ 《ᠾᠧ ᠰᠢᠶᠠᠩ ᠵᠣᠭᠣᠭ᠎ᠤᠨ ᠦᠷᠦᠭᠡ》᠂ 《ᠰᠠᠢᠨ ᠬᠥᠷᠰᠢ ᠵᠡᠷᠭᠡᠯᠡᠳᠡᠭᠡ᠎ᠶᠢᠨ ᠬᠡᠷᠡᠭ ᠵᠥᠪᠯᠡᠬᠦ ᠲᠢᠩᠬᠢᠮ》 ᠵᠡᠷᠭᠡ ᠵᠥᠷᠢᠴᠡᠯ᠎ᠢ ᠰᠢᠢᠳᠪᠦᠷᠢᠯᠡᠬᠦ ᠵᠢᠭ᠍ᠰᠠᠭᠠᠯ᠎ᠤᠨ ᠭᠠᠵᠠᠷ᠎ᠢ ᠪᠠᠢᠭᠤᠯᠵᠤ᠂ ᠰᠠᠭᠤᠭᠠᠯᠢ ᠠᠷᠠᠳ᠎ᠲᠠᠢ 《ᠵᠣᠭᠣᠭᠳᠠᠵᠤ》᠂ ᠰᠠᠭᠤᠭᠠᠯᠢ ᠠᠷᠠᠳ᠎ᠤᠨ 《ᠶᠡᠬᠡ ᠤᠴᠢᠷ ᠪᠠᠭ᠎ᠠ ᠶᠠᠪᠤᠲᠠᠯ》 ᠢ᠋ ᠲᠠᠩᠰᠠᠨ᠎ᠳᠤ ᠣᠷᠣᠭᠤᠯᠤᠨ ᠰᠢᠢᠳᠪᠦᠷᠢᠯᠡᠵᠦ᠂ ᠵᠥᠷᠢᠴᠡᠯ᠎ᠢ ᠦᠨᠳᠦᠰᠦᠨ ᠱᠠᠲᠤᠨ᠎ᠳᠤ ᠴᠤᠬᠤᠢᠯᠳᠠ ᠵᠢᠨ ᠬᠤᠭᠤᠴᠠᠭᠠᠨ᠎ᠳᠦ᠎ᠨᠢ ᠨᠠᠮᠳᠠᠭᠤᠯᠪᠡ᠃
ᠰᠠᠭᠤᠭᠠᠯᠢ ᠠᠷᠠᠳ᠎ᠤᠨ ᠬᠡᠷᠡᠭ ᠵᠥᠪᠯᠡᠬᠦ ᠬᠤᠷᠠᠯ᠎ᠢ ᠵᠣᠬᠢᠶᠠᠨ ᠪᠠᠢᠭᠤᠯᠤᠨ ᠬᠤᠷᠠᠯᠳᠤᠭᠤᠯᠬᠤ᠎ᠳᠠᠭᠠᠨ᠂ ᠨᠡᠢᠭᠡᠮ ᠲᠣᠭᠣᠷᠢᠭ᠋ ᠡᠴᠡ ᠲᠣᠭᠲᠠᠮᠠᠯ ᠬᠤᠭᠤᠴᠠᠭ᠎ᠠ᠎ᠲᠠᠢ᠎ᠪᠠᠷ ᠠᠰᠠᠷ᠎ᠤᠨ ᠳᠠᠷᠤᠭ᠎ᠠ᠂ ᠨᠢᠭᠡᠴᠢ᠎ᠶᠢᠨ ᠳᠠᠷᠤᠭ᠎ᠠ᠂ ᠠᠳᠠᠯ ᠠᠬᠤᠢ᠎ᠶᠢᠨ ᠺᠣᠮᠫᠠᠨᠢ᠂ ᠥᠮᠴᠢᠲᠡᠨ ᠵᠢᠴᠢ ᠨᠡᠢᠭᠡᠮ ᠲᠣᠭᠣᠷᠢᠭ᠋᠎ᠲᠤ ᠰᠠᠭᠤᠭ᠎ᠠ ᠨᠢᠭᠡᠴᠢ᠎ᠶᠢᠨ ᠲᠥᠯᠥᠭᠡᠯᠡᠭᠴᠢ᠎ᠶᠢ ᠴᠤᠭᠯᠠᠭᠤᠯᠤᠨ ᠬᠠᠮᠲᠤᠷᠠᠭᠰᠠᠨ ᠬᠤᠷᠠᠯ᠎ᠳᠤ ᠣᠷᠣᠯᠴᠠᠭᠤᠯᠵᠤ᠂ ᠰᠠᠭᠤᠭᠠᠯᠢ ᠠᠷᠠᠳ᠎ᠤᠨ ᠠᠩᠬᠠᠷᠤᠯ ᠲᠠᠯᠪᠢᠵᠤ ᠪᠠᠢᠭ᠎ᠠ ᠤᠰᠤ ᠴᠠᠬᠢᠯᠭᠠᠨ᠂ ᠳᠤᠯᠠᠭᠠᠯᠠᠭ᠎ᠠ᠂ ᠠᠳᠠᠯ ᠠᠬᠤᠢ᠂ ᠬᠠᠭᠤᠴᠢᠨ ᠰᠠᠭᠤᠭᠠᠯᠢ ᠠᠷᠠᠳ᠎ᠤᠨ ᠲᠣᠭᠣᠷᠢᠭ᠋᠎ᠢ ᠥᠭᠡᠷᠡᠴᠢᠯᠡᠬᠦ ᠵᠡᠷᠭᠡ ᠪᠣᠳᠠᠲᠠᠢ ᠠᠰᠠᠭᠤᠳᠠᠯ᠎ᠢ ᠵᠥᠪᠳᠡᠯᠴᠡᠨ ᠰᠢᠢᠳᠪᠦᠷᠢᠯᠡᠵᠦ᠂ ᠠᠷᠠᠳ ᠤᠨ ᠰᠡᠳᠬᠢᠯ ᠳᠤ ᠨᠡᠢᠴᠡᠭᠦᠯᠵᠦ᠂ ᠠᠷᠠᠳ ᠤᠨ ᠰᠠᠨᠠᠭ᠎ᠠ ᠶᠢ ᠣᠢᠯᠠᠭᠠᠵᠤ᠂ ᠠᠷᠠᠳ ᠤᠨ ᠵᠣᠪᠠᠨᠢᠯ ᠢ ᠰᠢᠢᠳᠪᠦᠷᠢᠯᠡᠪᠡ᠃
ᠶᠣᠰᠣ᠌ ᠰᠤᠷᠲᠠᠬᠤᠨ᠎ᠢᠶᠠᠷ ᠵᠠᠰᠠᠬᠤ —
ᠰᠠᠭᠤᠭᠠᠯᠢ ᠠᠷᠠᠳ ᠲᠸ᠋ ᠬᠦᠮᠦᠵᠢᠯ ᠬᠦᠷᠲᠡᠭᠡᠨ ᠦᠨᠳᠦᠰᠦᠨ ᠱᠠᠲᠤᠨ᠎ᠤ ᠵᠠᠰᠠᠯᠲᠠ᠎ᠶᠢᠨ 《ᠰᠦᠭ ᠰᠦᠨᠡᠰᠦ》 ᠶ᠋ᠢ ᠴᠤᠬᠴᠠᠯᠠᠪᠠ
ᠦ᠋ ᠾᠧ ᠰᠢᠶᠠᠩ ᠦᠯᠢᠭᠡᠷ ᠳᠠᠭᠤᠷᠢᠶᠠᠯ᠎ᠤᠨ ᠬᠦᠴᠦᠨ᠎ᠢ ᠬᠦᠢᠴᠡᠳ ᠪᠠᠳᠠᠷᠠᠭᠤᠯᠵᠦ᠂ ᠲᠡᠭᠦᠨ᠎ᠤ ᠳᠠᠭᠠᠭᠤᠯᠭᠠᠲᠤᠤᠷᠠ᠂ ᠨᠢᠭᠡ ᠬᠥᠮᠥᠨ ᠢ᠋ᠢᠡᠷ ᠨᠢᠭᠡ ᠪᠦᠯᠦᠭ ᠬᠥᠮᠥᠨ᠎ᠢ ᠲᠠᠢ᠍ᠢᠴᠢᠯᠠᠵᠦ᠂ ᠨᠡᠢᠲᠡᠯᠢᠭ ᠵᠢᠱ᠌ᠢᠶ᠎ᠡ ᠪᠡᠷ ᠨᠢᠭᠡ ᠪᠦᠯᠦᠭ ᠬᠦᠮᠦᠨ ᠢ᠋ ᠨᠦᠯᠦᠭᠡᠯᠡᠵᠦ᠂ ᠲᠡᠷᠬᠡᠲᠡᠬᠢ ᠦᠯᠢᠭᠡᠷ ᠲᠠᠭᠤᠷᠢᠶᠠᠯ ᠢ᠋ᠢᠡᠷ ᠶᠤᠰᠤ ᠰᠤᠷᠲᠠᠬᠤᠨ᠎ᠤ ᠬᠦᠴᠦᠨ ᠢ᠋ ᠰᠠᠭᠤᠭᠠᠯᠢ ᠠᠷᠠᠳ᠎ᠤᠨ ᠠᠮᠢᠳᠤᠷᠠᠯ᠎ᠳᠤ ᠠᠭᠤᠰᠬᠠᠨ᠂ ᠰᠡᠳᠬᠢᠯ᠎ᠳᠤ ᠬᠠᠲᠠᠩᠰᠢᠭᠤᠯᠵᠦ᠂ ᠰᠠᠨᠠᠭᠠᠴᠢᠯᠠᠭ᠎ᠠ ᠡᠴᠡ ᠪᠠᠨ ᠦᠢᠯᠡᠲᠦᠯᠭᠡᠵᠢᠭᠦᠯᠬᠦ ᠵᠢ ᠠᠬᠢᠭᠤᠯᠪᠠ᠃
ᠰᠢᠨ᠎ᠡ ᠵᠠᠭᠤᠴᠢᠯᠠᠭᠤᠷ ᠢ᠋ ᠠᠰᠢᠭ᠍ᠯᠠᠨ ᠣᠯᠠᠨ ᠲᠦᠮᠡᠨᠴᠢ ᠴᠢᠨᠠᠷᠲᠠᠢ ᠤᠳᠬ᠎ᠠ ᠤᠷᠠᠯᠢᠭ᠋᠎ᠤᠨ ᠤᠬᠠᠭᠤᠯᠭ᠎ᠠ ᠶ᠋ᠢ ᠥᠷᠨᠢᠭᠦᠯᠵᠦ᠂ ᠴᠤᠤᠷᠢᠶ᠎ᠠ ᠲᠠᠪᠴᠠᠩ᠎ᠳᠤ ᠰᠠᠭᠤᠭᠠᠯᠢ ᠠᠷᠠᠳ《ᠡᠯ ᠳᠠ ᠨᠢᠶᠠᠩ》᠂ 《ᠨᠠᠮ᠎ᠤᠨ ᠲᠥᠷᠥ ᠶ᠋ᠢᠨ ᠪᠣᠳᠣᠯᠭ᠎ᠠ ᠢ᠋ᠢᠨ ᠰᠠᠢᠨ ᠢ᠋ ᠠᠷᠪᠠᠨ ᠲᠠᠯ᠎ᠠ ᠡᠴᠡ ᠮᠠᠬᠲᠠᠶᠠ》 ᠬᠡᠬᠦ ᠨᠤᠲᠤᠭ᠎ᠤᠨ ᠠᠶᠠᠯᠭᠤ᠎ᠪᠠᠷ ᠶᠠᠷᠢᠵᠤ ᠳᠠᠭᠤᠯᠠᠬᠤ᠂ ᠰᠠᠭᠤᠭᠠᠯᠢ ᠠᠷᠠᠳ᠎ᠤᠨ ᠨᠠᠢᠷᠠᠯ ᠳᠠᠭᠤᠤ ᠶ᠋ᠢᠨ ᠪᠦᠯᠬᠦᠮ᠎ᠦᠨ ᠲᠣᠭᠯᠠᠯᠲᠠ ᠵᠡᠷᠭᠡ ᠪᠡᠷ ᠤᠬᠠᠭᠤᠯᠭ᠎ᠠ ᠬᠢᠵᠦ᠂ ᠰᠠᠭᠤᠭᠠᠯᠢ ᠠᠷᠠᠳ᠎ᠲᠤ ᠤᠳᠬ᠎ᠠ ᠤᠷᠠᠯᠢᠬ᠎ᠤᠨ ᠤᠬᠠᠭᠤᠯᠭ᠎ᠠ ᠲᠤᠮᠲᠠ ᠬᠥᠮᠦᠵᠢᠯ ᠬᠦᠷᠲᠡᠭᠡᠪᠡ᠃ ᠨᠡᠢᠭᠡᠮ ᠲᠣᠭᠣᠷᠢᠭ᠋᠎ᠤᠨ ᠦᠨᠳᠦᠰᠦᠲᠡᠨ᠎ᠦ ᠪᠦᠯᠬᠦᠮᠳᠡᠯ ᠬᠠᠢᠷ᠎ᠠ ᠬᠠᠯᠠᠮᠵᠢ ᠢ᠋ᠢᠨ ᠪᠣᠯᠪᠠᠰᠤᠨ᠎ᠤ ᠬᠡᠳᠦ ᠳᠡᠯᠭᠡᠭᠦᠷ ᠪᠠᠢᠭᠤᠯᠤᠭᠳᠠᠭᠰᠠᠨ ᠠᠷᠪᠠ ᠭᠠᠷᠤᠢ ᠵᠢᠯ᠎ᠦᠨ ᠲᠤᠷᠰᠢ ᠬᠠᠷᠢᠶ᠎ᠠ ᠣᠷᠣᠨ᠎ᠤ ᠦᠨᠳᠦᠰᠦᠲᠡᠨ ᠨᠤᠬᠦᠳ᠎ᠤᠨ ᠰᠠᠭᠤᠭᠠᠯᠢ ᠠᠷᠠᠳ᠎ᠲᠤ ᠵᠢᠯ ᠪᠦᠷᠢ ᠳᠤᠮᠳᠠᠴᠢ᠎ᠪᠠᠷ 20 ᠲᠦᠮᠡᠨ ᠲᠥᠭᠥᠷᠢᠭ᠎ᠦᠨ ᠬᠠᠢᠷ᠎ᠠ ᠬᠠᠯᠠᠮᠵᠢ᠎ᠶᠢᠨ ᠡᠳ᠋ ᠪᠣᠳᠠᠰ ᠥᠭᠴᠦ᠂ ᠬᠦᠴᠢᠷᠳᠡᠯ᠎ᠲᠠᠢ ᠰᠠᠭᠤᠭᠠᠯᠢ ᠠᠷᠠᠳ ᠠᠮᠤ ᠭᠤᠯᠢᠷ ᠲᠣᠰᠣ᠌᠎ᠪᠠᠨ ᠢᠳᠡᠵᠦ ᠪᠠᠷᠠᠮᠠᠭᠴᠠ ᠬᠠᠢᠷ᠎ᠠ ᠬᠠᠯᠠᠮᠵᠢ᠎ᠶᠢᠨ ᠬᠡᠲᠦ ᠳᠡᠯᠭᠡᠭᠦᠷ᠎ᠡᠴᠡ ᠠᠪᠴᠤ ᠪᠣᠯᠲᠠᠭ᠂ ᠡᠭᠦᠨ᠎ᠦ ᠬᠠᠮᠲᠤ ᠬᠤᠪᠢ ᠬᠤᠷᠠᠮᠳᠤᠭᠤᠯᠵᠤ ᠪᠠᠷᠠᠭ᠎ᠠ ᠰᠣᠯᠢᠬᠤ ᠬᠡᠯᠪᠡᠷᠢ᠎ᠪᠡᠷ ᠰᠠᠢᠨ ᠳᠤᠷ᠎ᠠ ᠶᠢᠨ ᠦᠢᠯᠡᠴᠢᠯᠡᠭᠡ ᠳᠦ ᠣᠷᠣᠯᠴᠠᠭᠰᠠᠨ ᠰᠠᠢᠨ ᠳᠤᠷᠠᠴᠤᠳ ᠲᠸ᠋ ᠬᠡᠲᠦ ᠳᠡᠯᠭᠡᠭᠦᠷ ᠦᠨ ᠠᠮᠢᠳᠤᠷᠠᠯ᠎ᠤᠨ ᠬᠡᠷᠡᠭᠰᠡᠯ᠎ᠢ ᠰᠣᠯᠢᠵᠤ ᠥᠭᠲᠡᠭ᠃
ᠬᠠᠤᠯᠢ᠎ᠪᠠᠷ ᠵᠠᠰᠠᠬᠤ —
ᠵᠠᠭᠤᠷᠠᠯᠳᠤᠭᠠᠨ ᠢ᠋ ᠡᠶᠡᠲᠡᠭᠦᠯᠦᠨ ᠰᠢᠢᠳᠪᠦᠷᠢᠯᠡᠵᠦ ᠦᠨᠳᠦᠰᠦᠨ ᠱᠠᠲᠤᠨ᠎ᠤ ᠵᠠᠰᠠᠯᠲᠠ᠎ᠶᠢᠨ 《ᠦᠨᠳᠦᠰᠦ》 ᠵᠢ ᠪᠠᠲᠤᠳᠬᠠᠪᠠ
ᠪᠥᠬᠥ ᠤᠯᠤᠰ᠎ᠤᠨ ᠠᠩᠬᠠᠳᠠᠭ᠍ᠴᠢ ᠨᠡᠢᠭᠡᠮ ᠲᠣᠭᠣᠷᠢᠭ᠋᠎ᠤᠨ ᠬᠠᠤᠯᠢ᠎ᠶᠢᠨ ᠶᠠᠪᠤᠳᠠᠯ᠎ᠤᠨ ᠲᠠᠰᠤᠭ᠎ᠢᠶᠠᠷ ᠲᠤᠯᠬᠤ ᠴᠡᠭ ᠪᠣᠯᠭᠠᠵᠤ᠂ ᠨᠡᠢᠭᠡᠮ ᠲᠤᠭᠤᠷᠢᠭ᠎ᠤᠨ ᠬᠢᠨ ᠰᠢᠨ᠎ᠡ ᠴᠠᠭ ᠦᠶ᠎ᠡ᠎ᠶᠢᠨ 《ᠹᠸᠩᠴᠢᠶᠤᠤ ᠵᠢᠨ ᠲᠤᠷᠰᠢᠯᠭ᠎ᠠ》 ᠵᠢ ᠦᠢᠯᠡᠳᠦᠯᠭᠡᠵᠢᠭᠦᠯᠵᠦ᠂ 《ᠠᠷᠠᠳ᠎ᠤᠨ ᠡᠶᠡᠲᠡᠭᠦᠯᠭᠡ ᠵᠠᠰᠠᠭ ᠵᠠᠬᠢᠷᠭᠠᠨ᠎ᠤ ᠡᠶᠡᠲᠡᠭᠦᠯᠭᠡ ᠪᠠ ᠬᠠᠤᠯᠢ ᠴᠠᠭᠠᠵᠠ ᠢ᠋ᠢᠨ ᠡᠶᠡᠲᠡᠭᠦᠯᠭᠡ ᠬᠠᠮᠲᠤᠷᠠᠨ ᠬᠦᠲᠡᠯᠦᠯᠴᠡᠬᠦ》ᠵᠥᠷᠢᠴᠡᠯ᠎ᠢ ᠨᠠᠮᠲᠠᠭᠤᠯᠬᠤ ᠨᠠᠮ᠎ᠤᠨ ᠪᠠᠢᠭᠤᠯᠤᠯᠲᠠ᠎ᠶᠢᠨ ᠬᠣᠯᠪᠣᠭᠠᠲᠤ ᠴᠣᠭᠴᠠ᠎ᠶᠢ ᠪᠠᠢᠭᠤᠯᠵᠤ᠂ ᠬᠠᠮᠵᠢᠯᠴᠠᠨ ᠨᠠᠮᠳᠠᠭᠤᠯᠬᠤ᠎ᠶᠢ ᠴᠢᠬᠤᠯᠠᠴᠢᠯᠠᠪᠠ᠃
ᠨᠡᠢᠭᠡᠮ ᠲᠤᠭᠤᠷᠢᠭ᠎ᠤᠨ ᠬᠢᠨ ᠡᠶᠡᠳᠡᠭᠦᠯᠬᠦ ᠠᠵᠢᠯ᠎ᠢ ᠤᠷᠢᠳᠴᠢᠯᠠᠨ ᠬᠢᠵᠦ᠂ ᠨᠡᠢᠭᠡᠮ ᠲᠣᠭᠣᠷᠢᠭ᠋᠎ᠤᠨ ᠬᠠᠤᠯᠢ᠎ᠶᠢᠨ ᠶᠠᠪᠤᠳᠠᠯ ᠤᠨ ᠲᠠᠰᠤᠭ᠂ ᠲᠠᠷᠤᠢ 《ᠶᠣᠰᠣ᠌ ᠬᠡᠯᠡᠬᠦ ᠲᠠᠩᠬᠢᠮ》᠎ᠳᠠᠭᠠᠨ ᠵᠡᠭᠡᠯᠢ ᠭᠤᠳᠤᠮᠵᠢ᠎ᠶᠢᠨ ᠶᠡᠷᠦᠩᠬᠡᠢᠯᠡᠨ ᠵᠠᠰᠠᠬᠤ ᠲᠥᠪ᠂ ᠲᠣᠮᠢᠯᠠᠭᠰᠠᠨ ᠰᠠᠯᠪᠤᠷᠢ᠂ ᠬᠠᠤᠯᠢ ᠴᠠᠭᠠᠵᠠ ᠢ᠋ᠢᠨ ᠭᠠᠵᠠᠷ᠂ ᠨᠡᠢᠭᠡᠮ ᠲᠣᠭᠣᠷᠢᠭ᠋᠎ᠲᠤ ᠰᠠᠭᠤᠭ᠎ᠠ ᠬᠠᠤᠯᠢᠴᠢ ᠵᠡᠷᠭᠡ ᠡᠬᠢ ᠪᠠᠶᠠᠯᠢᠭ᠋᠎ᠢ ᠡᠮᠬᠢᠯᠡᠨ ᠨᠡᠢᠯᠡᠭᠦᠯᠵᠦ᠂ ᠵᠠᠭᠠᠯᠳᠤᠯᠭ᠎ᠠ᠎ᠶᠢ ᠬᠦᠯᠢᠶᠡᠨ ᠠᠪᠤᠪᠠᠯ ᠳᠠᠷᠤᠢ ᠰᠢᠢᠳᠪᠦᠷᠢᠯᠡᠬᠦ ᠬᠡᠷᠡᠭ᠂ ᠬᠥᠷᠰᠢ ᠵᠡᠷᠭᠡᠯᠡᠳᠡᠭᠡ᠎ᠶᠢᠨ ᠵᠠᠭᠤᠷᠠᠯᠳᠤᠭᠠᠨ᠂ ᠭᠡᠷ ᠪᠦᠯᠢ᠎ᠶᠢᠨ ᠤᠷᠤᠭ ᠢᠨᠠᠭ᠎ᠤᠨ ᠵᠠᠭᠤᠷᠠᠯᠳᠤᠭᠠᠨ ᠵᠡᠷᠭᠡ ᠵᠢ ᠴᠠᠭ ᠲᠤᠬᠠᠢ ᠳ᠋ᠤᠨᠢ ᠰᠢᠢᠳᠪᠦᠷᠢᠯᠡᠪᠡ᠃ ᠳᠤᠰ ᠳᠠᠰᠤᠭ ᠪᠠᠢᠭᠤᠯᠤᠭᠳᠠᠭᠰᠠᠨ ᠠ᠋ᠴᠠ ᠨᠠᠭᠠᠰᠢ ᠨᠡᠶ᠋ᠢᠲᠡ 3000 ᠭᠠᠷᠤᠢ ᠵᠥᠷᠢᠴᠡᠯ ᠵᠠᠭᠤᠷᠠᠯᠳᠤᠭᠠᠨ ᠢ᠋ ᠰᠢᠢᠳᠪᠦᠷᠢᠯᠡᠵᠦ᠂ ᠳᠡᠭᠡᠭᠰᠢ ᠰᠤᠷᠪᠤᠯᠵᠢᠯᠠᠭᠰᠠᠨ ᠬᠡᠷᠡᠭ ᠣᠳᠣ᠌ ᠪᠣᠯᠲᠠᠯ᠎ᠠ ᠨᠢᠭᠡ ᠴᠦ᠍ ᠭᠠᠷᠤᠭ᠎ᠠ ᠦᠭᠡᠢ᠃ ᠵᠠᠬᠢᠳᠠᠯ ᠰᠣᠷᠪᠤᠯᠵᠢᠯᠠᠯ᠎ᠤᠨ ᠣᠷᠣᠯᠠᠨ ᠰᠢᠢᠳᠪᠦᠷᠢᠯᠡᠬᠦ ᠦᠢᠯᠡᠴᠢᠯᠡᠭᠡᠨ᠎ᠦ ᠴᠡᠭ᠎ᠢ ᠪᠠᠢᠭᠤᠯᠵᠤ᠂ ᠦᠢᠯᠡᠴᠢᠯᠡᠭᠡᠨ᠎ᠦ ᠲᠥᠰᠥᠯ᠎ᠢ ᠲᠣᠭᠲᠠᠭᠠᠨ᠂ ᠣᠷᠣᠯᠠᠨ ᠰᠢᠢᠳᠪᠦᠷᠢᠯᠡᠬᠦ ᠡᠩᠨᠡᠭᠡ᠎ᠶᠢ ᠪᠠᠢᠭᠤᠯᠵᠤ᠂ ᠣᠷᠣᠯᠠᠨ ᠰᠢᠢᠳᠪᠦᠷᠢᠯᠡᠬᠦ ᠶᠠᠪᠤᠴᠠ᠎ᠶᠢ ᠰᠢᠯᠢᠳᠡᠭᠵᠢᠭᠦᠯᠵᠦ᠂ ᠤᠳᠤᠬᠠᠨ ᠪᠣᠯᠲᠠᠯ᠎ᠠ ᠨᠡᠢ᠍ᠢᠳᠡ 7 ᠬᠡᠷᠡᠭ᠎ᠢ ᠣᠷᠣᠯᠠᠨ ᠰᠢᠢᠳᠪᠦᠷᠢᠯᠡᠪᠡ᠃
ᠤᠬᠠᠭᠤᠯᠭ᠎ᠠ ᠵᠢ ᠲᠤᠪᠤᠢᠯᠭᠠᠨ᠂ ᠴᠤᠤᠷᠢᠶ᠎ᠠ ᠢ᠋ᠢᠨ ᠲᠠᠩᠰᠠᠨ ᠨᠣᠮᠧᠷ 《ᠾᠧ ᠰᠢᠶᠠᠩ ᠴᠢᠩ ᠴᠢᠦᠸᠠᠨ》᠎ᠢ᠋ ᠪᠠᠶ᠋ᠢᠭᠤᠯᠤᠨ᠂ ᠬᠠᠤᠯᠢ᠎ᠶᠢᠨ ᠶᠠᠪᠤᠳᠠᠯ᠎ᠤᠨ ᠲᠠᠰᠤᠭ᠎ᠤᠨ ᠤᠬᠠᠭᠤᠯᠭ᠎ᠠ᠎ᠶᠢᠨ ᠪᠢᠴᠢᠯ ᠸᠢᠳᠢᠤ᠋᠎ᠶᠢ ᠨᠡᠢᠲᠡᠯᠡᠵᠦ᠂ ᠲᠥᠬᠥᠮ ᠣᠢᠯᠠᠭᠠᠮᠵᠢᠲᠠᠢ ᠠᠷᠭ᠎ᠠ ᠮᠠᠶᠢᠭ᠋᠎ᠢᠶᠠᠷ ᠰᠠᠭᠤᠭᠠᠯᠢ ᠠᠷᠠᠳ᠎ᠢ ᠤᠴᠢᠷ ᠶᠠᠪᠤᠳᠠᠯ ᠲᠣᠬᠢᠶᠠᠯᠳᠤᠪᠠᠯ ᠬᠠᠤᠯᠢ ᠵᠢ ᠡᠷᠢᠬᠦ᠂ ᠬᠠᠤᠯᠢ᠎ᠶᠢ ᠮᠡᠳᠡᠵᠦ ᠬᠠᠤᠯᠢ᠎ᠶᠢ ᠬᠡᠷᠡᠭᠯᠡᠬᠦ ᠪᠡᠷ ᠬᠦᠲᠦᠯᠦᠨ ᠵᠢᠯᠤᠭᠤᠳᠪᠠ᠃ 2020 ᠣᠨ᠎ᠳᠤ ᠴᠢᠩ ᠴᠢᠤᠸᠠᠨ ᠵᠡᠭᠡᠯᠢ ᠨᠡᠢᠭᠡᠮ ᠲᠣᠭᠣᠷᠢᠭ᠋ ᠪᠦᠬᠦ ᠤᠯᠤᠰ᠎ᠤᠨ ᠵᠢᠱ᠌ᠢᠶᠡᠴᠢ ᠡᠶᠡᠳᠡᠭᠦᠯᠬᠦ ᠵᠥᠪᠯᠡᠯ᠎ᠦᠨ ᠢᠷᠠᠭᠤ ᠠᠯᠳᠠᠷ᠎ᠤᠨ ᠴᠣᠯᠠ᠎ᠶᠢ ᠬᠦᠷᠳᠡᠪᠡ; 2023 ᠣᠨ᠎ᠳᠤ᠂ ᠲᠥᠪ᠎ᠦᠨ ᠤᠯᠤᠰ ᠲᠦᠷᠦ ᠬᠠᠤᠯᠢ ᠴᠠᠭᠠᠵᠠ᠎ᠶᠢᠨ ᠬᠣᠷᠢᠶ᠎ᠠ᠎ᠶᠢᠨ ᠪᠦᠬᠦ ᠤᠯᠤᠰ᠎ᠤᠨ 104 《ᠹᠸᠩᠴᠢᠶᠤᠤ ᠮᠠᠶᠢᠭ᠋᠎ᠤᠨ ᠠᠵᠢᠯᠯᠠᠬᠤ ᠠᠷᠭ᠎ᠠ》 ᠵᠢᠨ ᠨᠢᠭᠡᠴᠢ ᠪᠡᠷ ᠰᠣᠩᠭᠣᠭᠳᠠᠪᠠ᠃