—ᠡᠯ᠎ᠡ ᠭᠠᠵᠠᠷ᠎ᠤᠨ ᠬᠢᠨ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠲᠤᠬᠠᠢ ᠵᠦᠪ ᠦᠵᠡᠯᠲᠡ᠎ᠶ᠋ᠢ ᠪᠤᠢ ᠪᠣᠯᠭᠠᠨ ᠦᠢᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠢ ᠯᠠᠪᠳᠠᠭᠤᠨ ᠪᠠᠲᠤᠲᠠᠢ ᠥᠷᠨᠢᠭᠦᠯᠪᠡ
ᠨᠠᠮ᠎ᠤᠨ ᠲᠥᠪ ᠬᠣᠷᠢᠶ᠎ᠠ ᠵᠢᠨ ᠨᠢᠭᠡᠳᠦᠯᠲᠡᠶ ᠪᠠᠢᠷᠢᠯᠠᠭᠤᠯᠤᠯᠲᠠ ᠶᠣᠰᠣᠭᠠᠷ᠂ ᠡᠯ᠎ᠡ ᠭᠠᠵᠠᠷ ᠣᠷᠣᠨ᠎ᠤ᠎ᠬᠢᠨ ᠵᠠᠰᠠᠭ ᠤ᠋ᠨ ᠠᠵᠢᠯ᠎ᠤᠨ ᠪᠦᠲᠦᠮᠵᠢ᠎ᠶ᠋ᠢᠨ ᠲᠤᠬᠠᠢ ᠵᠦᠪ ᠦᠵᠡᠯᠲᠡ᠎ᠶ᠋ᠢ ᠪᠣᠶ ᠪᠣᠯᠭᠠᠨ ᠦᠶ᠋ᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠢ ᠭᠦᠨᠵᠡᠭᠡᠶ ᠥᠷᠨᠢᠭᠦᠯᠵᠦ᠍᠂ ᠳᠠᠷᠤᠶ ᠲᠦᠷᠭᠡᠨ ᠳᠠᠢᠴᠢᠯᠠᠵᠤ᠂ ᠨᠠᠷᠢᠨ ᠨᠢᠮᠪᠠᠶ ᠵᠣᠬᠢᠶᠠᠨ ᠪᠠᠢᠭᠤᠯᠵᠤ᠂ ᠥᠨᠳᠥᠷ ᠭᠠᠷᠤᠭ᠎ᠠ᠎ᠡᠴᠡ ᠲᠥᠯᠥᠪᠵᠢᠭᠦᠯᠦᠨ᠂ ᠥᠨᠳᠥᠷ ᠪᠠᠷᠢᠮᠵᠢᠶ᠎ᠠ᠎ᠪᠠᠷ ᠠᠬᠢᠭᠤᠯᠬᠤ᠎ᠶ᠋ᠢ ᠪᠠᠷᠢᠮᠲᠠᠯᠠᠵᠤ᠂ ᠥᠷᠭᠡᠨ ᠣᠯᠠᠨ ᠨᠠᠮ᠎ᠤᠨ ᠭᠡᠱᠢᠭᠦᠨ᠂ ᠺᠠᠳ᠋ᠷ ᠢᠯᠠᠩᠭᠤᠶ᠎ᠠ ᠤᠳᠤᠷᠢᠳᠭᠤ ᠺᠠᠳ᠋ᠷ᠎ᠢ ᠬᠥᠮᠦᠵᠢᠭᠦᠯᠦᠨ ᠵᠢᠯᠣᠭᠣᠳᠴᠤ᠌ ᠶᠡᠷᠦᠩᠬᠡᠶ ᠱᠦᠵᠢ ᠰᠢ ᠵᠢᠨ ᠫᠢᠩ᠎ᠦᠨ ᠵᠠᠰᠠᠭ ᠤ᠋ᠨ ᠠᠵᠢᠯ᠎ᠤᠨ ᠪᠦᠲᠦᠮᠵᠢ᠎ᠶ᠋ᠢᠨ ᠲᠤᠬᠠᠢ ᠵᠦᠪ ᠦᠵᠡᠯᠲᠡ᠎ᠶ᠋ᠢ ᠪᠣᠶ ᠪᠣᠯᠭᠠᠨ ᠦᠶ᠋ᠯᠡᠳᠦᠯᠭᠡᠵᠢᠭᠦᠯᠬᠦ᠌ ᠲᠤᠬᠠᠶ ᠴᠢᠬᠤᠯᠠ ᠥᠭᠦᠯᠡᠯᠲᠡ᠎ᠶ᠋ᠢ ᠭᠦᠨᠵᠡᠭᠡᠶ ᠰᠤᠷᠤᠯᠴᠠᠭᠤᠯᠤᠨ ᠨᠠᠷᠢᠨ ᠣᠢᠯᠠᠭᠠᠭᠤᠯᠵᠤ᠂ ᠰᠤᠷᠤᠯᠴᠠᠨ ᠰᠤᠳᠤᠯᠤᠨ ᠶᠠᠷᠢᠯᠴᠠᠬᠤ᠎ᠶ᠋ᠢ ᠲᠠᠷᠢᠬᠢ ᠲᠣᠯᠣᠭᠠᠶ ᠳ᠋ᠤᠨᠢ ᠬᠠᠳᠠᠩᠱᠢᠭᠤᠯᠬᠤ᠂ ᠠᠰᠠᠭᠤᠳᠠᠯ᠎ᠢ ᠪᠠᠢᠴᠠᠭᠠᠨ ᠳᠡᠯᠭᠡᠬᠦ᠌᠎ᠳᠡᠭᠡᠨ ᠦᠨᠡᠨ ᠬᠦ᠌ ᠬᠠᠲᠠᠭᠤ᠎ᠲᠠᠶ᠎ᠨᠢ ᠬᠠᠯᠳᠠᠬᠤ᠂ ᠴᠡᠭ᠌ᠴᠡᠯᠡᠨ ᠰᠠᠢᠵᠢᠷᠠᠭᠤᠯᠵᠤ ᠴᠡᠭ᠌ᠴᠡᠯᠡᠨ ᠵᠠᠰᠠᠬᠤ᠎ᠳᠠᠭᠠᠨ ᠡᠷᠬᠡᠪᠰᠢ ᠪᠣᠳᠠᠲᠤ ᠦᠷ᠎ᠡ ᠪᠦᠲᠦᠮᠵᠢ᠎ᠶ᠋ᠢ ᠡᠷᠬᠢᠮᠯᠡᠬᠦ ᠵᠢ ᠠᠬᠢᠭᠤᠯᠵᠤ᠂ ᠰᠤᠷᠤᠯᠴᠠᠯᠭ᠎ᠠ᠎ᠶ᠋ᠢᠨ ᠦᠷ᠎ᠡ ᠪᠦᠲᠦᠮᠵᠢ᠎ᠶ᠋ᠢ ᠦᠨᠡᠨ ᠬᠦ᠌ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠬᠤ᠂ ᠠᠷᠠᠳ᠎ᠤᠨ ᠠᠮᠢᠳᠤᠷᠠᠯ᠎ᠤᠨ ᠠᠵᠠ ᠵᠢᠷᠭᠠᠯ᠎ᠢ ᠨᠡᠮᠡᠭ᠌ᠳᠡᠭᠦᠯᠬᠦ᠌ ᠬᠦᠴᠦᠷᠬᠡᠭ ᠶᠡᠬᠡ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠪᠠ᠃
ᠣᠨᠣᠯ ᠤ᠋ᠨ ᠵᠡᠪᠰᠡᠭᠯᠡᠯ ᠢ᠋ ᠭᠦᠨᠵᠡᠭᠡᠢᠷᠡᠭᠦᠯᠵᠦ᠍᠂ ᠰᠤᠷᠤᠯᠴᠠᠬᠤ ᠰᠡᠳᠭᠢᠬᠦ᠌ ᠦᠶ᠋ᠯᠡᠳᠦᠯᠭᠡᠵᠢᠭᠦᠯᠬᠦ᠌ ᠣᠢᠯᠠᠭᠠᠬᠤ ᠳᠤᠮᠳᠠ ᠦᠵᠡᠯ ᠰᠠᠨᠠᠭᠠᠨ᠎ᠤ ᠠᠶᠠᠯᠠᠯ ᠤ᠋ᠨ ᠴᠢᠭ᠌ᠯᠡᠯ ᠢ᠋ ᠵᠥᠪ ᠣᠨᠢᠯᠠᠨᠠ
ᠹᠦᠵᠢᠶᠠᠨ ᠣᠷᠣᠨ ᠨᠤᠲᠤᠭ᠎ᠤᠨ ᠣᠨᠴᠠᠯᠢᠭ᠎ᠲᠠᠶ ᠪᠠᠨ ᠨᠢᠭ᠍ᠲᠠ ᠤᠶᠠᠯᠳᠤᠭᠤᠯᠵᠤ᠂ ᠤᠨᠤᠯ ᠪᠠ ᠦᠢᠯᠡᠳᠦᠯᠭᠡ᠎ᠶ᠋ᠢᠨ 《ᠪᠠᠶᠠᠨ ᠠᠭᠤᠷᠬᠠᠢ》 ᠵᠢ ᠭᠦᠨᠵᠡᠭᠡᠢ ᠠᠭᠤᠳᠠᠯᠵᠤ᠂ ᠶᠡᠷᠦᠩᠬᠡᠢ ᠱᠦᠵᠢ ᠰᠢ ᠵᠢᠨ ᠫᠢᠩ᠎ᠦᠨ ᠵᠠᠰᠠᠭ ᠤ᠋ᠨ ᠠᠵᠢᠯ᠎ᠤᠨ ᠪᠦᠲᠦᠮᠵᠢ᠎ᠶ᠋ᠢᠨ ᠲᠤᠬᠠᠢ ᠵᠦᠪ ᠦᠵᠡᠯᠲᠡ᠎ᠶ᠋ᠢ ᠪᠤᠢ ᠪᠣᠯᠭᠠᠨ ᠦᠢᠯᠡᠳᠦᠯᠭᠡᠵᠢᠭᠦᠯᠬᠦ᠌ ᠲᠤᠬᠠᠢ ᠴᠢᠬᠤᠯᠠ ᠥᠭᠦᠯᠡᠯᠲᠡ᠎ᠶ᠋ᠢ ᠭᠦᠨᠵᠡᠭᠡᠢ ᠰᠤᠷᠤᠯᠴᠠᠵᠤ᠂ ᠰᠢ ᠵᠢᠨ ᠫᠢᠩ ᠨᠥᠬᠥᠷ᠎ᠦᠨ ᠹᠦᠵᠢᠶᠠᠨ ᠳ᠋ᠤ ᠠᠵᠢᠯᠯᠠᠵᠤ ᠪᠠᠢᠭᠰᠠᠨ ᠬᠤᠭᠤᠴᠠᠭᠠᠨ᠎ᠳᠤ ᠡᠭᠦᠳᠦᠭ᠌ᠰᠡᠨ ᠴᠢᠬᠤᠯᠠ ᠣᠢᠯᠠᠭᠠᠭ᠍ᠳᠠᠬᠤᠨ ᠪᠠ ᠴᠢᠬᠤᠯᠠ ᠶᠡᠬᠡ ᠦᠢᠯᠡᠳᠦᠯᠭᠡ ᠵᠢ ᠤᠯᠠᠮᠵᠢᠯᠠᠨ ᠪᠠᠳᠠᠷᠠᠭᠤᠯᠬᠤ᠎ᠲᠡᠶ ᠨᠢᠭ᠍ᠲᠠ ᠤᠶᠠᠯᠳᠤᠭᠤᠯᠵᠤ᠂ ᠰᠤᠷᠤᠯᠴᠠᠯᠭ᠎ᠠ ᠬᠥᠮᠦᠵᠢᠯ᠎ᠦᠨ ᠱᠢᠰᠲᠸᠮ᠎ᠲᠤ ᠴᠢᠨᠠᠷ ᠪᠠ ᠨᠥᠯᠥᠭᠡᠯᠡᠬᠦ᠌ ᠬᠦᠴᠦᠨ᠎ᠢ ᠲᠠᠰᠤᠷᠠᠯᠲᠠ ᠦᠭᠡᠢ ᠴᠢᠩᠭᠠᠳᠬᠠᠪᠠ᠃ ᠹᠦᠵᠢᠶᠠᠨ ᠮᠤᠵᠢ᠎ᠶ᠋ᠢᠨ ᠨᠠᠮ᠎ᠤᠨ ᠬᠣᠷᠢᠶ᠎ᠠ ᠪᠥᠬᠥ᠌ ᠮᠤᠵᠢ᠎ᠶ᠋ᠢᠨ ᠬᠡᠷᠡᠭ᠌ᠵᠢᠭᠦᠯᠬᠦ᠌ ᠲᠥᠰᠦᠯ᠎ᠢ ᠰᠤᠳᠤᠯᠤᠨ ᠲᠣᠭ᠍ᠲᠠᠭᠠᠵᠤ᠂ ᠰᠤᠷᠤᠯᠴᠠᠵᠤ ᠰᠤᠳᠤᠯᠤᠨ ᠶᠠᠷᠢᠯᠴᠠᠬᠤ᠂ ᠠᠰᠠᠭᠤᠳᠠᠯ᠎ᠢ ᠪᠠᠢᠴᠠᠭᠠᠨ ᠳᠡᠯᠭᠡᠬᠦ᠌᠂ ᠴᠡᠭ᠌ᠴᠡᠯᠡᠨ ᠰᠠᠢᠵᠢᠷᠠᠭᠤᠯᠵᠤ ᠴᠡᠭ᠌ᠴᠡᠯᠡᠨ ᠵᠠᠰᠠᠬᠤ᠂ ᠲᠦᠷᠢᠮ ᠲᠣᠭ᠍ᠲᠠᠭᠠᠯ ᠲᠣᠭ᠍ᠲᠠᠭᠠᠬᠤ᠂ ᠡᠭᠦᠳᠡ᠎ᠪᠡᠨ ᠨᠡᠭᠡᠭᠡᠵᠦ᠍ ᠰᠤᠷᠭᠠᠨ ᠬᠥᠮᠦᠵᠢᠭᠦᠯᠬᠦ᠌ ᠵᠡᠷᠭᠡ 5 ᠲᠠᠯ᠎ᠠ᠎ᠶ᠋ᠢᠨ 14 ᠵᠦᠶ᠋ᠯ᠎ᠦᠨ ᠪᠣᠳᠠᠲᠠᠶ ᠡᠭᠦᠷᠭᠡ᠎ᠶ᠋ᠢ ᠨᠠᠷᠢᠯᠢᠭ᠍ᠵᠢᠭᠤᠯᠵᠤ᠂ ᠱᠢᠰᠲ᠋ᠧᠮ ᠲᠠᠢ ᠪᠦᠷᠢᠨ ᠪᠦᠲᠦᠨ᠂ ᠭᠣᠭ᠍ᠴᠣᠭ᠎ᠠ ᠪᠦᠷᠢ ᠵᠢ ᠠᠪᠴᠠᠯᠳᠤᠭᠤᠯᠤᠭᠰᠠᠨ ᠠᠵᠢᠯ᠎ᠤᠨ ᠪᠢᠲᠡᠭᠦᠦ ᠭᠣᠭ᠍ᠴᠣᠭ᠎ᠠ᠎ᠶ᠋ᠢ ᠪᠠᠢᠭᠤᠯᠵᠤ᠂ ᠰᠤᠷᠤᠯᠴᠠᠯᠭ᠎ᠠ ᠬᠥᠮᠦᠵᠢᠯ᠎ᠢ ᠭᠦᠨᠵᠡᠭᠡᠢᠷᠡᠭᠦᠯᠦᠨ ᠪᠣᠳᠠᠲᠠᠢᠵᠢᠭᠤᠯᠬᠤ᠎ᠶ᠋ᠢ ᠪᠠᠲᠤᠯᠠᠪᠠ᠃
ᠯᠢᠶᠣᠤᠨᠢᠩ ᠮᠤᠵᠢ᠎ᠶ᠋ᠢᠨ ᠬᠢᠨ ᠰᠤᠷᠤᠯᠴᠠᠯᠭ᠎ᠠ ᠬᠥᠮᠦᠵᠢᠯ᠎ᠢ ᠳᠠᠷᠤᠢ ᠲᠦᠷᠭᠡᠨ ᠪᠠᠢᠷᠢᠯᠠᠭᠤᠯᠵᠤ᠂ 23 ᠵᠦᠢᠯ᠎ᠦᠨ ᠪᠣᠳᠠᠲᠠᠢ ᠲᠤᠬᠢᠷᠠᠭᠤᠯᠤᠯᠳᠠ᠎ᠶ᠋ᠢ ᠨᠠᠷᠢᠯᠢᠬ᠍ᠵᠢᠭᠤᠯᠵᠤ᠂ ᠠᠳᠠᠯᠢ ᠪᠤᠰᠤ ᠱᠠᠳᠤ ᠳᠠᠪᠬᠤᠷᠭ᠎ᠠ᠂ ᠭᠠᠵᠠᠷ ᠣᠷᠣᠨ᠂ ᠬᠦᠷᠢᠶᠡᠨ᠎ᠳᠦ ᠴᠢᠭ᠌ᠯᠡᠭᠦᠯᠦᠨ ᠲᠦᠷᠦᠯ ᠬᠤᠪᠢᠶᠠᠨ ᠣᠨᠣᠪᠴᠢᠲᠠᠢ ᠵᠢᠯᠣᠭᠣᠳᠭᠤ ᠵᠢ ᠬᠡᠷᠡᠭ᠌ᠵᠢᠭᠦᠯᠪᠡ᠃ ᠰᠠᠬᠢᠯᠭ᠎ᠠ ᠪᠠᠲᠤ ᠪᠠᠢᠴᠠᠭᠠᠬᠤ ᠬᠢᠨᠠᠨ ᠪᠠᠢᠴᠠᠭᠠᠬᠤ᠂ ᠲᠣᠭᠣᠷᠢᠨ ᠪᠠᠢᠴᠠᠭᠠᠬᠤ ᠴᠠᠭ᠍ᠳᠠᠨ ᠪᠠᠢᠴᠠᠭᠠᠬᠤ᠂ ᠬᠢᠨᠠᠨ ᠪᠤᠳᠤᠬᠤ᠂ ᠡᠳ᠋᠎ᠦᠨ ᠶᠠᠪᠤᠳᠠᠯ ᠤ᠋ᠨ ᠨᠢᠭ᠍ᠲᠠᠯᠠᠨ ᠪᠤᠳᠤᠬᠤ᠂ ᠲᠤᠭ᠎ᠠ ᠪᠦᠷᠢᠳᠭᠡᠯ ᠵᠡᠷᠭᠡ ᠬᠢᠨᠠᠯᠲᠠ᠎ᠳᠤ ᠬᠠᠷᠢᠭᠤ ᠲᠤᠰᠭᠠᠭ᠍ᠰᠠᠨ ᠠᠰᠠᠭᠤᠳᠠᠯ᠎ᠲᠠᠶ ᠨᠢᠭ᠍ᠲᠠ ᠤᠶᠠᠯᠳᠤᠭᠤᠯᠤᠨ᠂ ᠥᠷᠭᠡᠨ᠎ᠢᠶᠡᠷ ᠰᠠᠨᠠᠯ ᠰᠠᠨᠠᠭᠤᠯᠭ᠎ᠠ ᠬᠤᠷᠢᠶᠠᠵᠤ᠂ 30 ᠱᠢᠬᠠᠮ ᠨᠡᠢᠲᠡᠯᠢᠭ ᠬᠡᠷᠡᠭ᠎ᠢ ᠡᠮᠬᠢᠯᠡᠨ ᠳᠢᠭ᠌ᠯᠡᠵᠦ᠍᠂ ᠬᠠᠷᠭᠤᠭᠤᠯᠤᠨ ᠪᠠᠢᠴᠠᠭᠠᠨ ᠳᠡᠯᠭᠡᠬᠦ᠌᠂ ᠨᠠᠷᠢᠨ ᠬᠠᠭᠤᠳᠠᠰᠤ ᠪᠠᠢᠭᠤᠯᠬᠤ᠎ᠳᠤ ᠬᠠᠨᠳᠤᠯᠭᠠᠲᠤ ᠵᠢᠯᠣᠭᠣᠳᠣᠯᠭ᠎ᠠ ᠬᠠᠩᠭᠠᠵᠤ᠂ ᠳᠡᠷᠭᠡᠳᠡᠬᠢ ᠤᠴᠢᠷ ᠶᠠᠪᠤᠳᠠᠯ᠎ᠢᠶᠠᠷ᠎ᠢᠶᠠᠨ ᠳᠡᠷᠭᠡᠳᠡᠬᠢ ᠬᠥᠮᠦᠰ ᠢ᠋ ᠬᠥᠮᠦᠵᠢᠭᠦᠯᠵᠦ᠍᠂ ᠰᠤᠷᠤᠯᠴᠠᠯᠭ᠎ᠠ ᠬᠥᠮᠦᠵᠢᠯ᠎ᠦᠨ ᠪᠣᠳᠠᠲᠤ ᠪᠦᠲᠦᠮᠵᠢᠲᠦ ᠴᠢᠨᠠᠷ᠎ᠢ ᠳᠡᠭᠡᠭ᠌ᠰᠢᠯᠡᠭᠦᠯᠪᠡ᠃
ᠵᠢᠶᠠᠩᠰᠦ᠎ᠶ᠋ᠢᠨ ᠶᠠᠩᠵᠸᠦ᠍ᠶ᠋ᠢᠨ ᠬᠢᠨ ᠰᠤᠷᠤᠯᠴᠠᠯᠭ᠎ᠠ ᠬᠥᠮᠦᠵᠢᠯ᠎ᠦᠨ ᠠᠭᠤᠯᠭ᠎ᠠ᠎ᠵᠢ ᠨᠠᠮ᠎ᠤᠨ ᠰᠤᠷᠭᠠᠭᠤᠯᠢ᠎ᠶ᠋ᠢᠨ ᠭᠤᠤᠯ ᠴᠣᠭ᠍ᠴᠠ᠎ᠶ᠋ᠢᠨ ᠠᠩᠭᠢ᠂ ᠬᠣᠲᠠ ᠡᠴᠡ ᠬᠠᠮᠢᠶᠠᠷᠴᠤ ᠪᠠᠢᠭᠠᠺᠠᠳ᠋ᠷᠴᠤᠳᠤᠨ ᠲᠤᠰᠭᠠᠶ ᠰᠡᠳᠦᠪᠲᠦ ᠪᠣᠯᠪᠠᠰᠤᠷᠠᠯ ᠵᠡᠷᠭᠡ ᠬᠢᠴᠢᠶᠡᠯ᠎ᠦᠨ ᠱᠢᠰᠲ᠋ᠧᠮ᠎ᠳᠦ ᠣᠷᠣᠭᠤᠯᠵᠤ᠂ ᠰᠤᠷᠭᠠᠭᠤᠯᠢ ᠡᠬᠢᠯᠡᠭ᠌ᠰᠡᠨ ᠡᠳᠦᠷ ᠲᠤᠰᠭᠠᠶ ᠰᠡᠳᠦᠪᠲᠦ ᠰᠡᠷᠡᠮᠵᠢᠯᠡᠭᠦᠯᠬᠦ᠌ ᠬᠥᠮᠦᠵᠢᠯ ᠥᠷᠨᠢᠭᠦᠯᠵᠦ᠍᠂ ᠰᠤᠷᠤᠯᠭᠠᠳᠠᠳ ᠢ᠋ ᠵᠣᠬᠢᠶᠠᠨ ᠪᠠᠢᠭᠤᠯᠵᠤ ᠰᠡᠷᠡᠮᠵᠢᠯᠡᠭᠦᠯᠬᠦ᠌ ᠬᠥᠮᠦᠵᠢᠯ᠎ᠦᠨ ᠰᠠᠭᠤᠷᠢᠨ ᠳ᠋ᠤ ᠣᠴᠢᠭᠤᠯᠤᠨ ᠲᠤᠬᠠᠶ᠎ᠶ᠋ᠢᠨ ᠲᠠᠯᠠᠪᠠᠶ᠎ᠶ᠋ᠢᠨ ᠵᠢᠭᠠᠨ ᠰᠤᠷᠭᠠᠯᠲᠠ ᠦᠷᠨᠢᠭᠦᠯᠵᠤ᠂ ᠰᠡᠷᠡᠮᠵᠢ᠎ᠶ᠋ᠢᠨ ᠬᠣᠩᠬᠣ ᠴᠣᠬᠢᠵᠤ᠂ ᠬᠣᠷᠢᠭ᠎ᠠ ᠱᠤᠭᠤᠮ᠎ᠢ ᠲᠣᠳᠣᠷᠬᠠᠶ ᠪᠣᠯᠭᠠᠵᠤ᠂ ᠪᠢᠱᠢᠷᠡᠨ ᠵᠢᠷᠦᠬᠡᠱᠢᠶᠡᠬᠦ᠌᠎ᠶ᠋ᠢ ᠮᠡᠳᠡᠭᠦᠯᠪᠡ᠃ 《ᠪᠢ ᠪᠣᠯ ᠨᠠᠮ᠎ᠤᠨ ᠬᠢᠴᠢᠶᠡᠯ ᠵᠢᠭᠠᠭᠴᠢ》 ᠭᠡᠬᠦ᠌ ᠠᠵᠢᠯᠯᠠᠭ᠎ᠠ ᠵᠢᠨ ᠱᠢᠨ᠎ᠡ᠎ᠶ᠋ᠢ ᠡᠭᠦᠳᠴᠦ᠍᠂ ᠲᠥᠷᠥᠯ ᠵᠦᠶ᠋ᠯ᠎ᠦᠨ ᠪᠣᠭᠣᠮᠲᠠ ᠱᠢᠪᠲᠤᠯᠬᠤ᠂ ᠴᠤᠩᠬᠤᠪᠴᠢ ᠵᠢᠨ ᠦᠶ᠋ᠯᠡᠴᠢᠯᠡᠭᠡ᠂ ᠦᠨᠳᠦᠰᠦᠨ ᠱᠠᠲᠤᠨ᠎ᠤ ᠵᠠᠰᠠᠯᠲᠠ᠎ᠶ᠋ᠢᠨ ᠡᠮᠦᠨ᠎ᠡ ᠹᠷᠣᠨᠲ ᠤ᠋ᠨ ᠺᠠᠳ᠋ᠷᠴᠤᠳ ᠢ᠋ ᠤᠷᠢᠵᠤ ᠶᠠᠷᠢᠶᠠᠨ᠎ᠤ ᠲᠠᠪᠴᠠᠩ᠎ᠳᠤ ᠭᠠᠷᠭᠠᠵᠤ᠂ ᠡᠭᠡᠯ ᠪᠤᠷᠤᠭᠵᠢᠭᠤᠨ ᠦᠭᠡ ᠬᠡᠯᠡ᠎ᠪᠡᠷ ᠦᠶ᠋ᠯᠡᠳᠦᠯᠭᠡ᠎ᠶ᠋ᠢᠨ ᠥᠯᠢᠭᠡᠷ᠎ᠢ ᠬᠤᠪᠢᠶᠠᠯᠴᠠᠵᠤ᠂ ᠰᠤᠷᠤᠯᠴᠠᠬᠤ ᠰᠡᠳᠭᠢᠬᠦ᠌ ᠦᠶ᠋ᠯᠡᠳᠦᠯᠭᠡᠵᠢᠭᠦᠯᠬᠦ᠌ ᠤᠢᠯᠠᠭᠠᠬᠤ ᠭᠦᠨ ᠵᠤᠵᠠᠭᠠᠨ ᠠᠭᠤᠷ ᠠᠮᠢᠰᠭᠤᠯ᠎ᠢ ᠪᠣᠶ ᠪᠣᠯᠭᠠᠪᠠ᠃
ᠪᠠᠴᠢᠮᠳᠠᠵᠤ ᠲᠦᠪᠡᠭᠳᠡᠵᠤ ᠵᠤᠪᠠᠨᠢᠵᠤ ᠬᠦᠰᠡᠵᠤ ᠪᠠᠢᠭ᠎ᠠ ᠠᠰᠠᠭᠤᠳᠠᠯ ᠳ᠋ᠤ ᠠᠩᠬᠠᠷᠤᠯ᠎ᠢᠶᠠᠨ ᠲᠥᠪᠯᠡᠷᠡᠭᠦᠯᠵᠦ᠍᠂ ᠪᠣᠳᠠᠲᠠᠢ ᠠᠵᠢᠯᠯᠠᠵᠤ ᠪᠣᠳᠠᠲᠠᠢ ᠠᠮᠵᠢᠯᠲᠠ᠎ᠪᠠᠷ ᠠᠷᠠᠳ ᠲᠦᠮᠡᠨ᠎ᠳᠦ ᠪᠤᠶᠠᠨ ᠦᠢᠯᠡᠳᠬᠦ᠌᠎ᠶ᠋ᠢ ᠪᠣᠳᠠᠲᠠᠢ᠎ᠳᠤ ᠨᠠᠢᠳᠠᠪᠤᠷᠢᠵᠢᠭᠤᠯᠤᠨ᠎ᠠ
ᠣᠢᠷ᠎ᠠ᠎ᠳᠤ᠂ ᠾᠧᠨᠠᠨ᠎ᠤ ᠠᠨ ᠶᠠᠩ ᠤ᠋ᠨ ᠬᠢᠨ ᠲᠣᠰᠭᠣᠨ (ᠨᠡᠢᠭᠡᠮ ᠲᠣᠭᠣᠷᠢᠭ) ᠤ᠋ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠱᠦᠵᠢ᠎ᠶ᠋ᠢᠨ 《ᠨᠠᠮ᠎ᠤᠨ ᠡᠭᠦᠷ᠎ᠦᠨ ᠱᠦᠵᠢ᠎ᠶ᠋ᠢᠨ ᠬᠢᠴᠢᠶᠡᠯ᠎ᠦᠨ ᠲᠠᠩᠬᠢᠮ》 ᠢ᠋ ᠨᠡᠭᠡᠭᠡᠵᠦ᠍᠂ 3000 ᠭᠠᠷᠤᠶ ᠦᠨᠳᠦᠰᠦᠨ ᠱᠠᠲᠤᠨ᠎ᠤ ᠱᠦᠵᠢ ᠠᠷᠠᠳ᠎ᠤᠨ ᠠᠮᠢᠳᠤᠷᠠᠯ᠎ᠤᠨ ᠬᠦᠴᠢᠷ ᠠᠰᠠᠭᠤᠳᠠᠯ᠎ᠢ ᠠᠪᠴᠤ᠌ ᠪᠣᠯᠪᠠᠰᠤᠷᠠᠯ᠎ᠳᠤ ᠣᠷᠣᠯᠴᠠᠵᠤ᠂ ᠬᠠᠪᠤᠷ᠎ᠤᠨ ᠤᠰᠤᠯᠠᠯᠲᠠ᠎ᠶ᠋ᠢᠨ ᠬᠠᠩᠭᠠᠯᠭ᠎ᠠ᠎ᠶ᠋ᠢ ᠪᠠᠲᠤᠯᠠᠬᠤ᠂ ᠲᠣᠰᠭᠣᠨ᠎ᠤ ᠶᠠᠪᠤᠳᠠᠯ᠎ᠢ ᠢᠯᠡ ᠪᠣᠯᠭᠠᠬᠤ᠂ ᠬᠠᠮᠲᠤ᠎ᠶ᠋ᠢᠨ ᠡᠳ᠋ ᠬᠥᠷᠥᠩᠭᠡ᠎ᠶ᠋ᠢ ᠬᠠᠮᠢᠶᠠᠷᠬᠤ᠂ ᠣᠯᠠᠨ ᠲᠦᠮᠡᠨ᠎ᠦ ᠬᠦᠰᠡᠯ ᠱᠠᠭᠠᠷᠳᠠᠯᠭ᠎ᠠ᠎ᠶ᠋ᠢ ᠱᠢᠶ᠋ᠳᠪᠦᠷᠢᠯᠡᠬᠦ᠌ ᠵᠡᠷᠭᠡ ᠪᠠᠴᠢᠮᠳᠠᠵᠤ ᠲᠦᠪᠡᠭᠳᠡᠵᠤ ᠵᠤᠪᠠᠨᠢᠵᠤ ᠬᠦᠰᠡᠵᠤ ᠪᠠᠢᠭ᠎ᠠ ᠠᠰᠠᠭᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠦᠨ ᠭᠦᠨᠵᠡᠭᠡᠶ ᠰᠤᠳᠤᠯᠤᠨ ᠶᠠᠷᠢᠯᠴᠠᠪᠠ᠃
《ᠨᠠᠮ᠎ᠤᠨ ᠡᠭᠦᠷ᠎ᠦᠨ ᠱᠦᠵᠢ᠎ᠶ᠋ᠢᠨ ᠬᠢᠴᠢᠶᠡᠯ᠎ᠦᠨ ᠲᠠᠩᠬᠢᠮ》 ᠨᠢ ᠦᠨᠳᠦᠰᠦᠨ ᠱᠠᠲᠤᠨ᠎ᠤ ᠵᠠᠰᠠᠯᠲᠠ᠎ᠶ᠋ᠢᠨ 《ᠠᠬᠤᠶ ᠲᠠᠯᠠᠪᠠᠶ᠎ᠶ᠋ᠢᠨ ᠠᠰᠠᠭᠤᠨ ᠯᠠᠪᠯᠠᠬᠤ ᠬᠤᠷᠠᠯ》 ᠪᠣᠯᠵᠣ᠂ ᠦᠨᠳᠦᠰᠦᠨ ᠱᠠᠲᠤᠨ᠎ᠤ ᠺᠠᠳ᠋ᠷ᠎ᠢ ᠬᠥᠮᠦᠵᠢᠭᠦᠯᠦᠨ ᠵᠢᠯᠣᠭᠣᠳᠴᠤ᠌ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠲᠤᠬᠠᠶ ᠵᠥᠪ ᠦᠵᠡᠯᠲᠡ᠎ᠶ᠋ᠢ ᠪᠣᠶ ᠪᠣᠯᠭᠠᠨ ᠦᠶ᠋ᠯᠡᠳᠦᠯᠭᠡᠵᠢᠭᠦᠯᠵᠦ᠍᠂ ᠠᠷᠠᠳ᠎ᠤᠨ ᠠᠮᠢᠳᠤᠷᠠᠯ᠎ᠤᠨ ᠪᠠᠭ᠎ᠠ ᠶᠠᠪᠤᠳᠠᠯ᠎ᠢ ᠰᠠᠢᠲᠤᠷ ᠬᠢᠬᠦ ᠳᠤᠮᠳᠠ 《ᠠᠷᠠᠳ ᠲᠦᠮᠡᠨ᠎ᠳᠦ ᠪᠤᠶᠠᠨ ᠦᠶ᠋ᠯᠡᠳᠬᠦ᠌ ᠪᠣᠯ ᠬᠠᠮᠤᠭ᠎ᠤᠨ ᠶᠡᠬᠡ ᠵᠠᠰᠠᠭ᠎ᠤᠨ ᠠᠵᠢᠯ᠎ᠤᠨ ᠪᠦᠲᠦᠮᠵᠢ ᠮᠥᠨ》 ᠭᠡᠳᠡᠭ᠎ᠢ ᠦᠶ᠋ᠯᠡᠳᠦᠯᠭᠡᠵᠢᠭᠦᠯᠪᠡ᠃ ᠲᠠᠩ ᠶᠢᠨ ᠱᠢᠶᠠᠨ᠎ᠤ ᠢ ᠭᠸᠤ ᠪᠠᠯᠭᠠᠰᠤᠨ᠎ᠤ ᠱᠢᠶᠠᠩ ᠶᠠᠩ ᠵᠤᠸᠠᠩ ᠲᠣᠰᠭᠣᠨ᠂ ᠰᠠᠨ ᠯᠢ ᠳᠦᠨ ᠲᠣᠰᠭᠣᠨ᠎ᠤ ᠨᠠᠮ᠎ᠤᠨ ᠡᠭᠦᠷ᠎ᠦᠨ ᠱᠦᠵᠢ ᠭᠸ ᠱᠤ᠌ ᠴᠢᠨ᠄ 《ᠠᠷᠠᠳ ᠤᠯᠠᠨ᠎ᠤ ᠠᠩᠬᠠᠷᠳᠠᠭ ᠨᠢ ᠲᠡᠭᠰᠢ ᠰᠠᠢᠬᠠᠨ ᠵᠠᠮ ᠲᠠᠢ᠂ ᠭᠡᠷᠡᠯᠳᠦᠭᠦᠯᠬᠦ ᠡᠴᠡ ᠳ᠋ᠧᠩ ᠲᠠᠢ᠂ ᠲᠠᠷᠢᠶ᠎ᠠ ᠤᠰᠤᠯᠠᠬᠤ ᠤᠰᠤ ᠲᠠᠢ᠂ ᠦᠨᠡᠨ ᠪᠣᠳᠠᠲᠠᠢ ᠰᠠᠢ᠌ᠨ ᠠᠮᠢᠳᠤᠷᠠᠯ ᠪᠣᠯᠤᠨ᠎ᠠ》 ᠭᠡᠵᠤ ᠬᠡᠯᠡᠪᠡ᠃
ᠭᠦᠢᠵᠧᠦ᠍᠎ᠶ᠋ᠢᠨ ᡂᠢ ᠱᠦᠢ᠎ᠳᠦ᠂ ᠭᠣᠣᠯᠳᠠᠯᠭ᠎ᠠ᠎ᠲᠠᠶ ᠲᠦᠷᠦᠯ ᠵᠦᠢᠯ᠎ᠦᠨ ᠲᠤᠬᠠᠢ ᠲᠦᠷᠭᠡᠨ ᠠᠷᠭ᠎ᠠ ᠬᠡᠮᠵᠢᠶ᠎ᠡ ᠨᠢ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠮᠵᠢ᠎ᠶ᠋ᠢ ᠱᠢᠯᠭᠠᠬᠤ ᠠᠮᠢᠳᠤᠯᠢᠭ ᠲᠠᠢᠯᠪᠤᠷᠢ ᠪᠣᠯᠵᠠᠢ᠃ ᡂᠢ ᠱᠦᠶ ᠬᠣᠲᠠ᠎ᠶ᠋ᠢᠨ ᠵᠠᠰᠠᠭ᠎ᠤᠨ ᠣᠷᠳᠣᠨ ᠠᠵᠤ ᠠᠬᠤᠢᠯᠠᠯ᠎ᠢᠶᠠᠷ ᠲᠣᠭᠣᠷᠢᠨ ᠰᠤᠷᠪᠤᠯᠵᠢᠯᠠᠬᠤᠳ᠋ᠠᠭᠠᠨ᠌᠂ ᠨᠢᠭᠡᠨ ᠭᠤᠤᠯᠳᠠᠯᠭ᠎ᠠ᠎ᠲᠠᠶ ᠪᠤᠷᠴᠠᠭ᠎ᠤᠨ ᠪᠦᠲᠦᠭᠡᠭ᠌ᠳᠡᠬᠦᠨ ᠪᠣᠯᠪᠠᠰᠤᠷᠠᠭᠤᠯᠬᠤ ᠲᠥᠷᠥᠯ ᠵᠦᠶ᠋ᠯ᠎ᠨᠢ ᠭᠠᠵᠠᠷ ᠱᠢᠷᠣᠶ᠎ᠶ᠋ᠢᠨ ᠭᠠᠷᠳᠠᠮ᠎ᠤᠨ ᠠᠰᠠᠭᠤᠳᠠᠯ᠎ᠤᠨ ᠠᠬᠢᠴᠠ᠎ᠡᠴᠡ ᠪᠣᠯᠵᠣ ᠬᠣᠴᠣᠷᠤᠭᠰᠠᠨᠢ ᠤᠯᠵᠤ ᠮᠡᠳᠡᠵᠦ᠂ ᠬᠣᠲᠠ᠎ᠶ᠋ᠢᠨ ᠵᠠᠰᠠᠭ᠎ᠤᠨ ᠣᠷᠳᠣᠨ ᠲᠦᠷᠭᠡᠨ ᠠᠷᠭ᠎ᠠ ᠬᠡᠮᠵᠢᠶ᠎ᠡ ᠠᠪᠴᠤ᠂ ᠤᠷᠢᠳᠴᠢᠯᠠᠨ ᠦᠶ᠋ᠯᠡᠴᠢᠯᠡᠵᠦ᠍᠂ ᡂᠢ ᠱᠦᠶ ᠬᠣᠲᠠ᠎ᠶ᠋ᠢᠨ ᠪᠠᠢᠭᠠᠯᠢ᠎ᠶ᠋ᠢᠨ ᠡᠬᠢ ᠪᠠᠶᠠᠯᠢᠭ᠎ᠤᠨ ᠲᠣᠪᠴᠢᠶ᠎ᠠ ᠪᠥᠬᠥ᠌ ᠶᠠᠪᠤᠴᠠ᠎ᠳᠤ ᠠᠵᠤ ᠠᠬᠤᠢᠯᠠᠯ᠎ᠤᠨ ᠭᠠᠷᠳᠠᠮ ᠭᠦᠶ᠋ᠴᠡᠳᠭᠡᠬᠦ᠌᠎ᠶ᠋ᠢ ᠵᠢᠯᠣᠭᠣᠳᠴᠤ᠌᠂ ᠲᠥᠷᠥᠯ ᠵᠦᠶ᠋ᠯ᠎ᠦᠨ ᠤᠷᠤᠭ᠍ᠰᠢᠲᠠᠶ ᠶᠠᠪᠤᠭ᠍ᠳᠠᠬᠤ᠎ᠶ᠋ᠢ ᠪᠠᠲᠤᠯᠠᠪᠠ᠃
ᠡᠨᠡ ᠬᠦ᠌ 《ᠣᠯᠠᠨ ᠲᠠᠯ᠎ᠠ᠎ᠡᠴᠡ ᠴᠤᠭ᠍ᠯᠠᠭᠤᠯᠤᠨ ᠰᠡᠳᠦᠪ ᠭᠠᠷᠭᠠᠬᠤ᠂ ᠪᠠᠢᠭᠤᠯᠭ᠎ᠠ ᠨᠢᠭᠡᠴᠢ ᠰᠠᠯᠠᠭ᠎ᠠ ᠮᠥᠴᠢᠷ ᠰᠡᠳᠦᠪ ᠬᠦᠯᠢᠶᠡᠨ ᠠᠪᠬᠤ᠂ ᠨᠠᠮ᠎ᠤᠨ ᠭᠡᠱᠢᠭᠦᠨ ᠺᠠᠳ᠋ᠷᠴᠤᠳ ᠰᠡᠳᠦᠪ ᠬᠠᠷᠢᠭᠤᠯᠬᠤ᠂ ᠵᠣᠬᠢᠶᠠᠨ ᠪᠠᠢᠭᠤᠯᠤᠯᠲᠠ ᠲᠣᠭ᠍ᠲᠠᠮᠠᠯ ᠬᠤᠭᠤᠴᠠᠭ᠎ᠠ᠎ᠲᠠᠶ᠎ᠪᠠᠷ ᠰᠡᠳᠦᠪ ᠳ᠋ᠦᠩᠨᠡᠬᠦ᠌》 ᠪᠢᠲᠡᠭᠦᠦ ᠴᠠᠭᠠᠷᠢᠭ᠍ᠲᠤ ᠲᠣᠭ᠍ᠲᠡᠴᠡ ᠪᠣᠯ ᡂᠢ ᠱᠦᠶ ᠬᠣᠲᠠ᠎ᠶ᠋ᠢᠨ ᠰᠤᠷᠤᠯᠴᠠᠯᠭ᠎ᠠ ᠬᠥᠮᠦᠵᠢᠯ᠎ᠦᠨ ᠳᠤᠮᠳᠠ ᠠᠰᠠᠭᠤᠳᠠᠯ᠎ᠢ ᠱᠢᠶ᠋ᠳᠪᠦᠷᠢᠯᠡᠬᠦ᠌ ᠲᠣᠭ᠍ᠲᠡᠴᠡ᠎ᠪᠠᠨ ᠲᠡᠭᠦᠯᠳᠡᠷᠵᠢᠭᠦᠯᠬᠦ᠌ ᠵᠠᠩᠭᠢᠯᠠᠭ᠎ᠠ᠎ᠶ᠋ᠢᠨ ᠠᠷᠭ᠎ᠠ ᠮᠥᠨ᠃ ᠨᠠᠮ᠎ᠤᠨ ᠭᠡᠱᠢᠭᠦᠨ ᠺᠠᠳ᠋ᠷ ᠰᠠᠨᠠᠭᠠᠴᠢᠯᠠᠭ᠎ᠠ᠎ᠡᠴᠡ᠎ᠪᠠᠨ ᠨᠢᠭᠡᠳᠦᠭᠡᠷ ᠹᠷᠣᠨᠲ᠎ᠲᠤ ᠭᠦᠨᠵᠡᠭᠡᠢᠷᠡᠨ ᠠᠰᠠᠭᠤᠳᠠᠯ᠎ᠢ ᠢᠯᠡᠷᠡᠭᠦᠯᠵᠦ᠍᠂ ᠬᠤᠳᠠᠯᠳᠤᠭ᠎ᠠ ᠡᠷᠬᠢᠯᠡᠬᠦ᠌ ᠣᠷᠴᠢᠨ ᠨᠥᠬᠥᠴᠡᠯ᠎ᠢ ᠱᠢᠯᠢᠳᠡᠭ᠌ᠵᠢᠭᠦᠯᠵᠦ᠍᠂ ᠠᠵᠤ ᠠᠬᠤᠢᠯᠠᠯ᠎ᠤᠨ ᠬᠥᠭ᠌ᠵᠢᠯᠲᠡ᠎ᠳᠦ ᠦᠢᠯᠡᠴᠢᠯᠡᠵᠦ᠍᠂ ᠠᠵᠤ ᠠᠬᠤᠢ᠎ᠶ᠋ᠢᠨ ᠬᠥᠭ᠌ᠵᠢᠯᠲᠡ ᠪᠣᠯᠤᠨ ᠦᠨᠳᠦᠰᠦᠨ ᠱᠠᠲᠤᠨ᠎ᠤ ᠵᠠᠰᠠᠯᠲᠠ᠎ᠶ᠋ᠢᠨ ᠦᠷ᠎ᠡ ᠪᠦᠲᠦᠮᠵᠢ᠎ᠶᠢᠨ ᠬᠣᠣᠰ ᠳᠡᠭᠡᠭ᠌ᠰᠢᠯᠡᠯᠲᠡ᠎ᠶ᠋ᠢ ᠴᠢᠷᠮᠠᠢᠨ ᠠᠬᠢᠭᠤᠯᠪᠠ᠃
ᠱᠠᠨᠳᠦ᠋ᠩ ᠮᠤᠵᠢ ᠴᠡᠭ᠌ᠴᠡᠯᠡᠨ ᠰᠠᠢᠵᠢᠷᠠᠭᠤᠯᠬᠤ ᠴᠡᠭ᠌ᠴᠡᠯᠡᠨ ᠵᠠᠰᠠᠬᠤ᠎ᠶ᠋ᠢ ᠰᠠᠢᠲᠤᠷ ᠠᠳᠭᠤᠬᠤ ᠪᠠ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ᠎ᠢ ᠰᠠᠢᠲᠤᠷ ᠡᠷᠬᠢᠯᠡᠬᠦ᠌᠎ᠶ᠋ᠢ ᠰᠤᠷᠤᠯᠴᠠᠯᠭ᠎ᠠ ᠬᠥᠮᠦᠵᠢᠯ᠎ᠦᠨ ᠪᠦᠬᠦ᠌ ᠶᠠᠪᠤᠴᠠ᠎ᠳᠤ ᠲᠤᠭᠤᠱᠢᠯᠠᠭᠤᠯᠵᠤ᠂ ᠲᠤᠬᠠᠢ᠎ᠶ᠋ᠢᠨ ᠭᠠᠵᠠᠷ᠎ᠲᠤᠨᠢ ᠪᠠᠢᠴᠠᠭᠠᠨ ᠰᠤᠳᠤᠯᠤᠯᠲᠠ ᠬᠢᠬᠦ᠌᠂ ᠬᠠᠯᠠᠮᠱᠢᠯ ᠤᠲᠠᠰᠤ ᠵᠡᠷᠭᠡ ᠠᠷᠭ᠎ᠠ ᠵᠠᠮ᠎ᠢᠶᠠᠷ ᠳᠠᠮᠵᠢᠭᠤᠯᠤᠨ ᠠᠷᠠᠳ᠎ᠤᠨ ᠰᠠᠨᠠᠭ᠎ᠠ᠎ᠶ᠋ᠢ ᠥᠷᠭᠡᠨ᠎ᠢᠶᠡᠷ ᠰᠣᠨᠣᠰᠴᠤ᠌᠂ ᠠᠷᠠᠳ᠎ᠤᠨ ᠤᠶᠤᠨ ᠤᠬᠠᠭᠠᠨ᠎ᠢ ᠲᠥᠪᠯᠡᠷᠡᠭᠦᠯᠵᠦ᠍᠂ ᠮᠤᠵᠢ ᠬᠣᠲᠠ ᠱᠢᠶᠠᠨ ᠭᠤᠷᠪᠠᠨ ᠱᠠᠳᠤ᠎ᠪᠠᠷ ᠭᠣᠣᠯᠳᠠᠯᠭ᠎ᠠ᠎ᠲᠠᠶ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯᠢᠵᠢᠯ ᠠᠯᠬᠤᠮ᠎ᠢᠶᠠᠷ ᠲᠣᠭ᠍ᠲᠠᠭᠠᠵᠤ᠂ ᠤᠯᠠᠨ ᠲᠦᠮᠡᠨᠮᠡᠳᠡᠷᠡᠭᠦᠢᠴᠡ ᠪᠤᠳᠠᠳᠠᠢ ᠪᠤᠯᠭᠠᠪᠠ᠃ ᠵᠢᠱ᠌ᠢᠶᠡᠯᠡᠪᠡᠯ᠂ ᠮᠤᠵᠢ᠎ᠶ᠋ᠢᠨ ᠱᠠᠲᠤᠨ᠎ᠤ ᠭᠤᠤᠯᠳᠠᠯᠭ᠎ᠠ᠎ᠲᠠᠶ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ᠎ᠳᠤ ᠠᠯᠪᠠᠨ᠎ᠡᠴᠡ ᠡᠷᠭᠢᠯᠡᠭ᠌ᠰᠡᠨ ᠥᠨᠳᠥᠷ ᠵᠡᠷᠭᠡ᠎ᠶ᠋ᠢᠨ ᠳᠤᠮᠳᠠᠳᠤ ᠰᠤᠷᠭᠠᠭᠤᠯᠢ᠎ᠶ᠋ᠢᠨ ᠡᠷᠳᠡᠮ᠎ᠦᠨ ᠴᠣᠯᠠ᠎ᠶ᠋ᠢ ᠥᠷᠭᠡᠳᠭᠡᠨ ᠨᠡᠮᠡᠭ᠌ᠳᠡᠭᠦᠯᠬᠦ᠌᠂ ᠲᠣᠰᠭᠣᠨ᠎ᠤ ᠡᠷᠡᠭᠦᠯ ᠬᠠᠮᠠᠭᠠᠯᠠᠯ᠎ᠤᠨ ᠲᠠᠰᠤᠭ᠎ᠢ ᠥᠭᠡᠷᠡᠴᠢᠯᠡᠨ ᠱᠢᠨᠡᠳᠭᠡᠬᠦ᠌᠂ ᠨᠠᠰᠤᠵᠢᠯ᠎ᠤᠨ ᠠᠰᠠᠷᠠᠮᠵᠢ᠎ᠶ᠋ᠢᠨ ᠦᠶ᠋ᠯᠡᠴᠢᠯᠡᠭᠡᠨ᠎ᠦ ᠰᠦᠯᠵᠢᠶ᠎ᠡ᠎ᠶ᠋ᠢ ᠪᠦᠷᠢᠨᠱᠢᠬᠦᠯᠬᠦ᠌ ᠵᠡᠷᠭᠡ 3 ᠵᠦᠶ᠋ᠯ᠎ᠦᠨ ᠡᠭᠦᠷᠭᠡ ᠪᠠᠭ᠍ᠲᠠᠵᠤ᠂ ᠴᠡᠭ᠌ᠴᠡᠯᠡᠨ ᠰᠠᠢᠵᠢᠷᠠᠭᠤᠯᠤᠭ᠍ᠰᠠᠨ ᠪᠣᠳᠠᠲᠤ ᠪᠦᠲᠦᠮᠵᠢ᠎ᠪᠡᠷ ᠠᠷᠠᠳ᠎ᠤᠨ ᠢᠲᠡᠭᠡᠯ᠎ᠢ ᠣᠯᠪᠠ᠃
ᠰᠤᠷᠤᠯᠴᠠᠯᠭ᠎ᠠ ᠬᠥᠮᠦᠵᠢᠯ᠎ᠢ ᠥᠷᠨᠢᠭᠦᠯᠦᠭ᠌ᠰᠡᠨ᠎ᠡᠴᠡ ᠨᠠᠭᠠᠰᠢ᠂ ᠡᠯ᠎ᠡ ᠭᠠᠵᠠᠷ ᠣᠷᠣᠨ ᠰᠤᠷᠤᠯᠴᠠᠬᠤ ᠪᠠᠢᠴᠠᠭᠠᠬᠤ ᠵᠠᠯᠠᠷᠠᠭᠤᠯᠬᠤ᠎ᠶ᠋ᠢ ᠨᠢᠭᠡ ᠴᠤᠬ᠍ᠴᠠᠵᠢᠭᠤᠯᠤᠨ ᠠᠬᠢᠭᠤᠯᠬᠤ᠎ᠶ᠋ᠢ ᠪᠠᠷᠢᠮᠲᠠᠯᠠᠵᠤ᠂ ᠠᠰᠠᠭᠤᠳᠠᠯ᠎ᠢ ᠢᠯᠡᠷᠡᠭᠦᠯᠬᠦ᠌᠂ ᠠᠰᠠᠭᠤᠳᠠᠯ᠎ᠢ ᠱᠢᠢᠳᠪᠦᠷᠢᠯᠡᠬᠦ᠌᠎ᠶ᠋ᠢ ᠵᠠᠩᠭᠢᠯᠠᠭ᠎ᠠ᠎ᠶ᠋ᠢᠨ ᠭᠠᠷᠳᠡᠴᠡ ᠪᠣᠯᠭᠠᠵᠤ᠂ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠦᠵᠡᠯᠲᠡ᠎ᠶ᠋ᠢᠨ ᠵᠥᠷᠢᠶ᠎ᠡ ᠲᠤᠪᠤᠢ᠌ᠮ᠎ᠠ ᠠᠰᠠᠭᠤᠳᠠᠯ᠎ᠢ ᠭᠦᠨᠵᠡᠭᠡᠢ ᠪᠠᠢᠴᠠᠭᠠᠨ ᠳᠡᠯᠭᠡᠵᠦ᠍᠂ ᠬᠠᠳᠠᠭᠠᠰᠤ ᠬᠠᠳᠠᠬᠤ ᠵᠣᠷᠢᠭ ᠰᠠᠨᠠᠭ᠎ᠠ᠎ᠪᠠᠷ ᠴᠡᠭ᠌ᠴᠡᠯᠡᠨ ᠰᠠᠢᠵᠢᠷᠠᠭᠤᠯᠵᠤ ᠴᠡᠭ᠌ᠴᠡᠯᠡᠨ ᠵᠠᠰᠠᠬᠤ᠎ᠶ᠋ᠢ ᠰᠠᠢᠲᠤᠷ ᠠᠳᠭᠤᠵᠤ᠂ ᠠᠷᠠᠳ ᠤᠯᠠᠨ᠎ᠳᠤ ᠰᠤᠷᠤᠯᠴᠠᠯᠭ᠎ᠠ ᠬᠥᠮᠦᠵᠢᠯ᠎ᠦᠨ ᠠᠪᠴᠢᠷᠠᠭ᠍ᠰᠠᠨ ᠱᠢᠨ᠎ᠡ ᠬᠤᠪᠢᠷᠠᠯᠲᠠ᠂ ᠱᠢᠨ᠎ᠡ ᠳᠦᠷᠰᠦ ᠪᠠᠢᠳᠠᠯ᠎ᠢ ᠦᠨᠡᠨ ᠬᠦ᠌ ᠮᠡᠳᠡᠷᠡᠭᠦᠯᠪᠡ᠃
ᠪᠣᠳᠠᠲᠠᠢ ᠠᠵᠢᠯᠯᠠᠬᠤ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ ᠳᠤᠮᠳᠠ ᠱᠢᠨ᠎ᠡ ᠬᠠᠭᠤᠳᠠᠰᠤ᠎ᠶ᠋ᠢ ᠪᠢᠴᠢᠭ᠌ᠯᠡᠨ᠎ᠡ
ᠱᠠᠨ ᠰᠢ᠎ᠶ᠋ᠢᠨ ᠱᠦᠸᠸᠵᠸᠤ ᠵᠢᠨ ᠶᠢᠤ ᠢᠦᠢ ᠱᠢᠶᠠᠨ᠎ᠳᠤ᠂ ᠰᠤᠷᠤᠯᠴᠠᠯᠭ᠎ᠠ ᠬᠥᠮᠦᠵᠢᠯ ᠨᠢ ᠲᠤᠰ ᠭᠠᠵᠠᠷ᠎ᠤᠨ ᠬᠤᠪᠢᠰᠭᠠᠯ᠎ᠤᠨ ᠡᠬᠢ ᠪᠠᠶᠠᠯᠢᠭ᠎ᠲᠤ ᠨᠢᠭ᠍ᠲᠠ ᠲᠦᠱᠢᠭ᠌ᠯᠡᠵᠦ᠍᠂ ᠨᠠᠮ᠎ᠤᠨ ᠭᠡᠱᠢᠭᠦᠨ ᠺᠠᠳ᠋ᠷ ᠶᠡᠷᠦᠩᠬᠡᠢ ᠱᠦᠵᠢ ᠰᠢ ᠵᠢᠨ ᠫᠢᠩ᠎ᠦᠨ ᠶᠢᠤ ᠢᠦᠢ᠎ᠶ᠋ᠢᠨ ᠵᠣᠷᠢᠭ ᠰᠠᠨᠠᠭᠠᠨ᠎ᠤ ᠲᠤᠬᠠᠢ ᠴᠢᠬᠤᠯᠠ ᠵᠢᠭᠠᠪᠤᠷᠢ ᠴᠣᠬᠣᠯᠠᠪᠤᠷᠢ᠎ᠶ᠋ᠢ ᠭᠦᠨᠵᠡᠭᠡᠢ ᠰᠤᠷᠤᠯᠴᠠᠨ ᠣᠢᠯᠠᠭᠠᠵᠤ᠂ 70 ᠭᠠᠷᠤᠢ ᠵᠢᠯ᠎ᠦᠨ ᠲᠤᠷᠰᠢ 《ᠬᠠᠮᠠᠷ ᠬᠠᠳᠭᠤᠬᠤ ᠡᠪᠡᠰᠦ ᠦᠭᠡᠢ ᠭᠠᠵᠠᠷ》᠎ᠢ᠋ 《ᠠᠷᠤ ᠭᠠᠵᠠᠷ᠎ᠤᠨ ᠨᠣᠭᠣᠭᠠᠨ ᠪᠦᠷᠢᠳᠦ》 ᠪᠣᠯᠭᠠᠨ ᠬᠤᠪᠢᠷᠠᠭᠤᠯᠤᠭᠰᠠᠨ ᠲᠡᠮᠡᠴᠡᠯ᠎ᠦᠨ ᠲᠡᠦᠬᠡ᠎ᠡᠴᠡ ᠬᠦᠴᠦᠨ ᠴᠢᠳᠠᠯ ᠣᠯᠵᠠᠢ᠃ ᠶᠢᠤ ᠢᠦᠢ᠎ᠶ᠋ᠢᠨ ᠵᠣᠷᠢᠭ ᠰᠠᠨᠠᠭ᠎ᠠ᠎ᠳᠤ ᠠᠭᠤᠯᠤᠭ᠍ᠳᠠᠵᠤ ᠪᠠᠢᠭ᠎ᠠ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠠᠷᠠᠳ ᠲᠦᠮᠡᠨ᠎ᠳᠦ ᠦᠢᠯᠡᠴᠢᠯᠡᠵᠦ᠍᠂ ᠬᠦᠴᠢᠷ᠎ᠢ ᠰᠦᠷᠦᠨ ᠤᠷᠤᠭ᠍ᠰᠢᠯᠠᠵᠤ᠂ ᠲᠡᠰᠪᠦᠷᠢ ᠬᠠᠲᠠᠭᠤᠵᠢᠯᠲᠠᠢ ᠲᠡᠮᠡᠴᠡᠵᠦ᠍᠂ ᠴᠤᠴᠠᠯᠲᠠ ᠦᠭᠡᠢ ᠴᠢᠷᠮᠠᠢᠵᠤ᠂ ᠠᠯᠤᠰ ᠬᠡᠳᠦ᠍᠎ᠳᠦ ᠠᠱᠢᠭ᠍ᠲᠠᠢ ᠡᠷᠬᠢᠮ ᠨᠠᠨᠳᠢᠨ ᠵᠠᠩ ᠴᠢᠨᠠᠷ᠎ᠢ ᠰᠠᠢᠲᠤᠷ ᠤᠯᠠᠮᠵᠢᠯᠠᠵᠤ᠂ ᠢᠮᠠᠭ᠍ᠲᠠ ᠠᠷᠠᠳ ᠲᠦᠮᠡᠨ᠎ᠦ ᠵᠣᠭ᠍ᠰᠣᠯᠲᠠ᠎ᠳᠤ ᠪᠠᠲᠤ ᠵᠣᠭ᠍ᠰᠣᠵᠤ᠂ ᠰᠤᠷᠤᠯᠴᠠᠯᠭ᠎ᠠ᠎ᠶ᠋ᠢᠨ ᠦᠷ᠎ᠡ ᠪᠦᠲᠦᠮᠵᠢ᠎ᠶ᠋ᠢ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ ᠪᠦᠲᠦᠮᠵᠢᠲᠡᠢ ᠠᠷᠭ᠎ᠠ ᠬᠡᠮᠵᠢᠶ᠎ᠡ ᠪᠣᠯᠭᠠᠨ ᠬᠤᠪᠢᠷᠠᠭᠤᠯᠤᠨ᠎ᠠ ᠭᠡᠵᠦ᠍ ᠺᠠᠳ᠋ᠷ ᠨᠠᠷ ᠰᠠᠨᠠᠯ ᠨᠢᠭᠡᠳᠡᠢ ᠢᠯᠡᠳᠭᠡᠵᠡᠭᠡᠪᠡ᠃
ᠰᠸᠴᠤᠸᠠᠨ ᠮᠤᠵᠢ᠎ᠶ᠋ᠢᠨ ᠬᠥᠳᠡᠭᠡ ᠠᠵᠤ ᠠᠬᠤᠶ ᠬᠥᠳᠡᠭᠡ ᠲᠣᠰᠭᠣᠨ᠎ᠤ ᠲᠢᠩᠬᠢᠮ ᠰᠤᠷᠤᠯᠴᠠᠯᠭ᠎ᠠ ᠬᠥᠮᠦᠵᠢᠯ᠎ᠢ ᠲᠤᠬᠠᠢᠯᠠᠭ᠍ᠰᠠᠨ ᠠᠵᠢᠯ᠎ᠤᠨ ᠪᠥᠬᠥ᠌ ᠶᠠᠪᠤᠴᠠ᠎ᠳᠤ ᠠᠭᠤᠰᠤᠯᠴᠠᠭᠤᠯᠵᠤ᠂ 《ᠬᠤᠶᠠᠷ ᠠᠰᠳᠠᠭᠠᠨ ᠶᠠᠪᠤᠳᠠᠯ ᠪᠤᠯᠭᠠᠬᠤ》 ᠶ᠋ᠢ ᠰᠡᠷᠭᠡᠢᠯᠡᠵᠦ᠍᠂ ᠪᠣᠳᠠᠲᠤ ᠠᠮᠵᠢᠯᠲᠠ ᠪᠦᠲᠦᠮᠵᠢ᠎ᠪᠡᠷ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠭᠡᠯ᠎ᠢ ᠱᠢᠯᠭᠠᠨ ᠪᠠᠢᠴᠠᠭᠠᠵᠤ᠂ ᠰᠤᠷᠤᠯᠴᠠᠯᠭ᠎ᠠ ᠬᠥᠮᠦᠵᠢᠯ᠎ᠢ ᠡᠮᠬᠢ ᠵᠢᠷᠤᠮ᠎ᠲᠠᠶ ᠬᠦᠴᠦᠲᠡᠶ ᠠᠬᠢᠭᠤᠯᠬᠤ᠎ᠶ᠋ᠢ ᠦᠨᠡᠨ ᠬᠦ᠌ ᠪᠠᠲᠤᠯᠠᠪᠠ᠃ ᠯᠢᠶᠠᠩᠱᠠᠨ ᠵᠧᠸ᠋᠂ ᠽᠢᠶᠠᠩ ᠬᠣᠲᠠ ᠵᠡᠷᠭᠡ ᠭᠠᠵᠠᠷ᠎ᠲᠤ᠂ ᠰᠤᠷᠤᠯᠴᠠᠯᠭ᠎ᠠ ᠬᠥᠮᠦᠵᠢᠯ ᠬᠢᠭᠡᠳ ᠶᠠᠳᠠᠭᠤ᠎ᠡᠴᠡ ᠠᠩᠭᠢᠵᠢᠷᠠᠭᠤᠯᠤᠭ᠍ᠰᠠᠨ ᠦᠷ᠎ᠡ ᠪᠦᠲᠦᠭᠡᠯ᠎ᠢ ᠪᠡᠬᠢᠵᠢᠭᠦᠯᠬᠦ᠌᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠠᠬᠢᠭᠤᠯᠬᠤ᠎ᠵᠢ ᠣᠷᠭᠠᠨᠢᠭ᠎ᠢᠶᠠᠷ ᠤᠶᠠᠯᠳᠤᠭᠤᠯᠵᠤ᠂ ᠨᠡᠭᠡᠭᠡᠯᠲᠡ ᠲᠠᠢ ᠰᠤᠷᠭᠠᠨ ᠬᠥᠮᠦᠵᠢᠯ ᠡᠷᠭᠢᠯᠡᠬᠦ᠌᠂ ᠠᠰᠠᠭᠤᠳᠠᠯ᠎ᠤᠨ ᠨᠠᠷᠢᠨ ᠲᠠᠩᠰᠠ᠎ᠳᠤ ᠣᠯᠠᠨ ᠲᠦᠮᠡᠨ᠎ᠦ ᠰᠠᠨᠠᠯ᠎ᠢ ᠰᠣᠨᠣᠰᠭᠤ᠂ ᠴᠡᠭ᠌ᠴᠡᠯᠡᠨ ᠰᠠᠢᠵᠢᠷᠠᠭᠤᠯᠤᠭ᠍ᠰᠠᠨ ᠦᠷ᠎ᠡ ᠪᠦᠲᠦᠮᠵᠢ᠎ᠶ᠋ᠢ ᠣᠯᠠᠨ ᠲᠦᠮᠡᠨ᠎ᠢᠶᠡᠷ ᠬᠢᠨᠠᠨ ᠲᠣᠭ᠍ᠲᠠᠭᠠᠯᠭᠠᠵᠤ᠂ ᠰᠤᠷᠤᠯᠴᠠᠬᠤ ᠬᠡᠷᠡᠭ᠌ᠯᠡᠬᠦ᠌᠎ᠶ᠋ᠢ ᠤᠶᠠᠯᠳᠤᠭᠤᠯᠬᠤ᠎ᠶ᠋ᠢ ᠪᠡᠶᠡᠯᠡᠭᠦᠯᠵᠦ᠍᠂ ᠰᠤᠷᠤᠯᠴᠠᠬᠤ᠎ᠪᠠᠷ ᠠᠵᠢᠯᠯᠠᠬᠤ᠎ᠶ᠋ᠢ ᠠᠬᠢᠭᠤᠯᠬᠤ ᠬᠡᠷᠡᠭ᠌ᠲᠡᠶ ᠭᠡᠵᠦ᠍ ᠴᠢᠬᠤᠯᠠᠴᠢᠯᠠᠪᠠ᠃
ᠵᠧᠵᠢᠶᠠᠩ᠎ᠤᠨ ᠬᠤᠵᠸᠦ ᠵᠢᠨ ᠴᠠᠩ ᠱᠢᠩ ᠱᠢᠶᠠᠨ᠎ᠳᠤ᠂ ᠥᠩᠭᠡᠷᠡᠭ᠌ᠰᠡᠨ᠎ᠦ ᠬᠠᠶᠠᠭ᠍ᠳᠠᠮᠠᠯ ᠠᠭᠤᠷᠬᠠᠢ᠎ᠶ᠋ᠢᠨ ᠨᠦᠭᠡ᠎ᠳᠦ ᠬᠥᠬᠡᠮᠳᠦᠭ ᠤᠰᠤ ᠬᠤᠷᠠᠵᠤ᠂ ᠬᠦᠬᠡ ᠣᠭ᠍ᠲᠠᠷᠭᠤᠢ ᠠᠰᠭ᠎ᠠ ᠬᠠᠳᠠ ᠵᠢᠨ ᠰᠡᠭᠦᠳᠡᠷ ᠲᠤᠰᠴᠤ᠂ ᠰᠦᠯᠵᠢᠶᠡᠨ᠎ᠤ ᠬᠠᠯᠠᠮᠰᠢᠯ ᠭᠠᠵᠠᠷ ᠪᠤᠯᠵᠤ᠂ ᠮᠠᠰᠢ ᠤᠯᠠᠨ ᠵᠢᠭᠤᠯᠴᠢᠯᠠᠭᠰᠠᠳ᠎ᠢ ᠲᠠᠲᠠᠵᠠᠢ᠃
ᠰᠤᠷᠤᠯᠴᠠᠯᠭ᠎ᠠ ᠬᠥᠮᠦᠵᠢᠯ᠎ᠢ ᠥᠷᠨᠢᠭᠦᠯᠦᠭ᠌ᠰᠡᠨ᠎ᠡᠴᠡ ᠨᠠᠭᠠᠰᠢ᠂ ᠬᠤᠵᠸᠦ ᠬᠤᠳᠠ᠎ᠶ᠋ᠢᠨ ᠬᠢᠨ ᠪᠦᠬᠦ᠌ ᠬᠤᠳᠠ᠎ᠶ᠋ᠢᠨ ᠨᠠᠮ᠎ᠤᠨ ᠭᠡᠱᠢᠭᠦᠨ ᠺᠠᠳ᠋ᠷ᠎ᠢ ᠬᠥᠮᠦᠵᠢᠭᠦᠯᠦᠨ ᠵᠢᠯᠣᠭᠣᠳᠴᠤ᠌ ᠪᠠᠢᠭᠠᠳ 《ᠳᠠᠯᠳᠠ ᠠᠮᠵᠢᠯᠲᠠ》 ᠵᠢ ᠴᠢᠷᠮᠠᠢᠨ ᠪᠣᠳᠠᠲᠤ ᠠᠮᠵᠢᠯᠲᠠ ᠪᠦᠲᠦᠮᠵᠢ ᠪᠤᠯᠭᠠᠵᠤ᠂ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠲᠤᠬᠠᠢ ᠵᠦᠪ ᠦᠵᠡᠯᠲᠡ᠎ᠶ᠋ᠢ ᠪᠤᠢ ᠪᠣᠯᠭᠠᠨ ᠦᠢᠯᠡᠳᠦᠯᠭᠡᠵᠢᠭᠦᠯᠬᠦ᠌᠎ᠶ᠋ᠢ ᠠᠮᠢ ᠠᠬᠤᠢ᠎ᠶ᠋ᠢᠨ ᠪᠣᠯᠪᠠᠰᠤᠨ᠎ᠤ ᠨᠡᠢᠲᠡᠯᠢᠭ ᠬᠤᠳᠠ᠎ᠶ᠋ᠢᠨ ᠪᠦᠳᠦᠭᠡᠨ ᠪᠠᠢᠭᠤᠯᠤᠯᠲᠠ᠂ ᠬᠠᠮᠲᠤ᠎ᠪᠠᠷ ᠪᠠᠶᠠᠵᠢᠬᠤ᠌᠎ᠶ᠋ᠢ ᠠᠬᠢᠭᠤᠯᠬᠤ᠂ ᠤᠯᠠᠨ ᠲᠦᠮᠡᠨ᠎ᠦ ᠵᠣᠯ ᠵᠢᠷᠭᠠᠯ᠎ᠤᠨ ᠵᠢᠭᠠᠯᠲᠠ ᠲᠣᠭ᠎ᠠ᠎ᠶ᠋ᠢ ᠳᠡᠭᠡᠭ᠌ᠰᠢᠯᠡᠭᠦᠯᠬᠦ᠌ ᠳᠡᠭᠡᠷ᠎ᠡ ᠢᠯᠡᠷᠡᠭᠦᠯᠵᠦ᠍᠂ ᠴᠢᠨᠠᠷ ᠰᠠᠢᠲᠠᠢ ᠬᠥᠭ᠌ᠵᠢᠯᠲᠡ᠎ᠶ᠋ᠢᠨ ᠪᠣᠳᠠᠲᠤ ᠠᠮᠵᠢᠯᠲᠠ᠎ᠪᠠᠷ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠮᠵᠢ᠎ᠶ᠋ᠢ ᠱᠢᠯᠭᠠᠵᠠᠢ᠃
ᠰᠤᠷᠤᠭ᠍ᠰᠠᠨ᠎ᠢᠶᠠᠨ ᠬᠡᠷᠡᠭ᠌ᠯᠡᠵᠦ᠍᠂ ᠮᠡᠳᠡᠬᠦ ᠬᠢᠬᠦ᠎ᠪᠡᠨ ᠨᠢᠭᠡᠳᠭᠡᠪᠡ᠃ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠲᠤᠬᠠᠢ ᠵᠦᠪ ᠦᠵᠡᠯᠲᠡ᠎ᠶ᠋ᠢ ᠪᠤᠢ ᠪᠣᠯᠭᠠᠨ ᠦᠢᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠢ ᠭᠦᠨᠵᠡᠭᠡᠢᠷᠡᠭᠦᠯᠦᠨ ᠪᠣᠳᠠᠲᠠᠢᠵᠢᠭᠤᠯᠬᠤ᠎ᠶ᠋ᠢ ᠲᠠᠭᠠᠯᠳᠤᠨ᠂ ᠥᠷᠭᠡᠨ ᠤᠯᠠᠨ ᠨᠠᠮ᠎ᠤᠨ ᠭᠡᠱᠢᠭᠦᠨ ᠺᠠᠳ᠋ᠷᠴᠤᠳ ᠶᠠᠭ ᠣᠷᠭᠢᠯᠤᠮ᠎ᠠ ᠬᠠᠯᠠᠭᠤᠨ ᠰᠡᠳᠭᠢᠯᠭᠡ᠂ ᠪᠣᠳᠠᠲᠠᠢ᠎ᠶ᠋ᠢ ᠡᠷᠬᠢᠮᠯᠡᠬᠦ᠌ ᠰᠤᠷᠲᠠᠯ᠂ ᠴᠢᠩᠭ᠎ᠠ ᠬᠠᠲᠠᠭᠤ ᠠᠵᠢᠯᠯᠠᠭ᠎ᠠ᠎ᠪᠠᠷ ᠦᠢᠯᠡᠳᠦᠯᠭᠡ᠂ ᠠᠷᠠᠳ ᠲᠦᠮᠡᠨ᠂ ᠲᠡᠦᠬᠡ᠎ᠶ᠋ᠢᠨ ᠱᠢᠯᠭᠠᠯᠲᠠ᠎ᠶ᠋ᠢ ᠳᠠᠭᠠᠭᠠᠵᠤ ᠳᠡᠢᠯᠬᠦ᠌ ᠪᠣᠳᠠᠲᠤ ᠠᠮᠵᠢᠯᠲᠠ᠎ᠶ᠋ᠢ ᠴᠢᠷᠮᠠᠢᠨ ᠡᠭᠦᠳᠴᠦ᠍᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠪᠦᠳᠦᠭᠡᠨ ᠪᠠᠢᠭᠤᠯᠤᠯᠲᠠ᠎ᠶ᠋ᠢᠨ ᠱᠢᠨ᠎ᠡ ᠬᠠᠭᠤᠳᠠᠰᠤ᠎ᠶ᠋ᠢ ᠴᠢᠷᠮᠠᠢᠨ ᠪᠢᠴᠢᠭ᠌ᠯᠡᠵᠦ᠍ ᠪᠠᠢᠨ᠎ᠠ᠃
(ᠱᠢᠨᠬᠤᠸᠠ ᠬᠣᠷᠢᠶ᠎ᠠ ᠵᠢᠨ ᠪᠡᠭᠡᠵᠢᠩ᠎ᠦᠨ 3 ᠰᠠᠷ᠎ᠠ᠎ᠶ᠋ᠢᠨ 16 ᠤ᠋ ᠴᠠᠬᠢᠯᠭᠠᠨ ᠮᠡᠳᠡᠭᠡ)