19 ᠳ᠋ᠦ᠍ᠭᠡᠷ ᠵᠠᠭᠤᠨ᠎ᠤ ᠵᠢᠷᠠᠭᠠᠳ ᠣᠨ᠎ᠳᠤ᠂ ᠳᠤᠮᠳᠠᠳᠤ ᠠᠽᠢᠶ᠎ᠠ᠎ᠶᠢᠨ ᠬᠤᠬᠠᠨᠳ᠋ ᠤᠯᠤᠰ᠎ᠤᠨ ᠶᠠᠬᠤᠪ ᠪᠡᠬᠢ ᠳᠤᠮᠳᠠᠳᠤ ᠤᠯᠤᠰ᠎ᠤᠨ ᠤᠮᠠᠷᠠᠲᠤ᠎ᠶᠢᠨ ᠬᠢᠯᠢ᠎ᠳᠦ ᠳᠦᠷᠢᠮᠡᠬᠡᠢᠯᠡᠨ ᠣᠷᠣᠵᠤ᠂ 《ᠵᠸᠳ᠋ᠱᠠᠷ》 ᠲᠥᠷᠥ᠎ᠶᠢ ᠪᠠᠢᠭᠤᠯᠵᠤ᠂ ᠲᠤᠬᠠᠢ᠎ᠶᠢᠨ ᠠᠷᠠᠳ ᠣᠯᠠᠨ᠎ᠳᠤ ᠬᠦᠨᠳᠦ ᠨᠤᠴᠢᠲᠠᠢ ᠭᠠᠮᠰᠢᠭ᠋ ᠣᠴᠠᠷᠠᠭᠣᠯᠤᠭᠰᠠᠨ ᠪᠠᠢᠨ᠎ᠠ᠃ ᠲᠣᠷᠭᠤᠳᠴᠤᠳ ᠭᠠᠳᠠᠭᠠᠳᠤ᠎ᠶᠢᠨ ᠳᠦᠷᠢᠮᠡᠭᠡᠢᠯᠡᠬᠦ ᠬᠦᠴᠦᠨ᠎ᠦ ᠡᠮᠦᠨ᠎ᠡ ᠡᠬᠡ ᠤᠯᠤᠰ᠎ᠤᠨ ᠤᠮᠠᠷᠠᠲᠤ ᠬᠢᠯᠢ᠎ᠶᠢ ᠪᠠᠲᠤᠯᠠᠨ ᠬᠠᠮᠠᠭᠠᠯᠠᠵᠤ᠂ ᠤᠯᠤᠰ᠎ᠤᠨ ᠨᠢᠭᠡᠲᠦᠯ᠂ ᠦᠨᠳᠦᠰᠦᠲᠡᠨ᠎ᠦ ᠪᠦᠯᠬᠦᠮᠳᠡᠯ᠎ᠢ ᠬᠠᠮᠠᠭᠠᠯᠠᠬᠤ᠎ᠳᠤ ᠴᠢᠬᠤᠯᠠ ᠦᠢᠯᠡᠳᠦᠯ ᠦᠵᠡᠬᠦᠯᠵᠡᠢ᠃ ᠲᠤᠷᠭᠤᠳᠴᠤᠳ᠎ᠤᠨ ᠡᠨᠡ ᠬᠦ᠌ ᠲᠡᠮᠡᠴᠡᠯ᠎ᠦᠨ ᠦᠢᠯᠡ ᠠᠵᠢᠯᠯᠠᠭ᠎ᠠ ᠨᠢ ᠤᠯᠤᠰ᠎ᠢᠶᠠᠨ ᠬᠠᠢᠷᠠᠯᠠᠬᠤ ᠰᠡᠳᠬᠢᠯᠬᠡ᠎ᠶᠢ ᠬᠠᠷᠠᠭᠤᠯᠤᠭᠰᠠᠨ᠎ᠢᠶᠠᠷ ᠪᠠᠷᠠᠬᠤ ᠦᠬᠡᠢ᠂ ᠳᠤᠮᠳᠠᠳᠤ ᠤᠯᠤᠰ᠎ᠤᠨ ᠤᠮᠠᠷᠠᠲᠤ ᠬᠢᠯᠢ᠎ᠶᠢ ᠰᠠᠬᠢᠨ ᠬᠠᠮᠠᠭᠠᠯᠠᠬᠤ᠎ᠳᠤ ᠲᠤᠷᠰᠢᠯᠭ᠎ᠠ ᠬᠠᠩᠭᠠᠭᠰᠠᠨ ᠪᠠᠢᠨ᠎ᠠ᠃
ᠨᠢᠭᠡ᠂ ᠲᠤᠷᠭᠤᠳᠴᠤᠳ ᠤᠮᠠᠷᠠᠲᠤ᠎ᠶᠢᠨ ᠬᠢᠯᠢ ᠰᠠᠬᠢᠭ᠍ᠰᠠᠨ ᠲᠡᠦᠬᠡᠨ ᠶᠠᠪᠤᠴᠠ
ᠪᠦᠷᠢᠨ ᠵᠠᠰᠠᠭ᠍ᠴᠢ᠎ᠶᠢᠨ ᠳᠦᠷᠪᠡᠳᠦᠭᠡᠷ ᠣᠨ (1864)᠎ᠤ ᠬᠠᠪᠤᠷ᠂ ᠶᠠᠬᠤᠪ ᠪᠡᠬᠢ᠎ᠡᠴᠡ ᠬᠠᠱᠭᠠᠷ᠂ ᠶᠢᠩᠱᠠᠢᠷ᠂ ᠶᠸᠷᠺᠠᠩ᠂ ᠬᠤᠲ᠋ᠠᠨ᠂ ᠠᠭᠰᠤ᠂ ᠺᠦᠴᠠ ᠪᠠ ᠲᠦᠷᠫᠠᠨᠢ ᠡᠵᠡᠯᠡᠵᠦ᠂ ᠪᠡᠶ᠎ᠡ᠎ᠪᠡᠨ 《ᠳᠤᠯᠤᠭᠠᠨ ᠬᠤᠲᠠᠨᠤ ᠪᠢᠯᠢᠭᠲᠦ ᠬᠠᠨ》 ᠬᠡᠮᠡᠨ ᠡᠷᠭᠦᠮᠵᠢᠯᠡᠵᠦ᠂ ᠳᠤᠮᠳᠠᠳᠤ ᠤᠯᠤᠰ᠎ᠤᠨ ᠪᠠᠷᠠᠭᠤᠨ ᠬᠤᠢᠲᠤ ᠬᠢᠯᠢ᠎ᠶᠢᠨ ᠵᠠᠮ ᠬᠠᠷᠢᠯᠴᠠᠭ᠎ᠠ᠎ᠶᠢ ᠲᠠᠰᠤᠯᠵᠠᠢ᠃ ᠬᠠᠷᠠᠱ᠌ᠢᠷᠠᠶᠢᠨ ᠬᠡᠷᠡᠭ ᠡᠷᠬᠢᠯᠡᠭᠴᠢ ᠰᠠᠢᠳ ᠢᠵᠢᠯ᠎ᠡᠴᠡ ᠲᠤᠷᠭᠤᠳ ᠬᠠᠨ ᠪᠤᠶᠠᠨ ᠦᠯᠵᠡᠢᠲᠦ᠎ᠳᠦ 《ᠴᠡᠷᠢᠭ ᠲᠤᠮᠢᠯᠠᠵᠤ ᠬᠤᠳᠠ ᠰᠠᠬᠢᠬᠤ》 ᠴᠢᠮᠡᠭᠡ ᠬᠦᠷᠭᠡᠭᠰᠡᠨ ᠪᠠᠢᠨ᠎ᠠ᠃ ᠲᠤᠬᠠᠢ᠎ᠶᠢᠨ ᠦᠶ᠎ᠡ᠎ᠳᠦ ᠬᠠᠷᠠᠱ᠌ᠢᠷᠠᠶᠢᠨ 《ᠬᠤᠳᠠ ᠰᠠᠬᠢᠵᠤ ᠪᠠᠢᠭᠰᠠᠨ ᠴᠡᠷᠢᠭ ᠨᠢ ᠵᠠᠭᠤᠭᠠᠳ》 ᠴᠡᠷᠢᠭ ᠯᠡ ᠪᠠᠢᠵᠤ᠂ ᠣᠢᠷ᠎ᠠ ᠣᠷᠴᠢᠮ᠎ᠤᠨ ᠲᠤᠷᠭᠤᠳ᠂ ᠬᠤᠱᠤᠳ ᠬᠤᠶᠠᠷ ᠠᠢᠮᠠᠭ᠎ᠤᠨ ᠴᠢᠭᠤᠯᠭᠠᠨ ᠳᠠᠷᠤᠭ᠎ᠠ᠎ᠠᠴᠠ ᠬᠤᠶᠠᠷ ᠮᠢᠩᠭᠠᠨ ᠴᠡᠷᠢᠭ ᠲᠤᠮᠢᠯᠠᠵᠤ᠂ ᠪᠠᠷᠠᠭᠤᠨ ᠬᠤᠢᠲᠤ᠎ᠶᠢᠨ ᠬᠢᠯᠢ᠎ᠶᠢ ᠰᠠᠬᠢᠨ ᠬᠠᠮᠠᠭᠠᠯᠠᠭᠰᠠᠨ ᠪᠠᠢᠨ᠎ᠠ᠃ ᠲᠠᠪᠤᠨ ᠰᠠᠷ᠎ᠠ᠎ᠶᠢᠨ ᠳᠤᠯᠤᠭᠠᠨ᠎ᠳᠤ᠂ ᠢᠵᠢᠯ᠎ᠡᠴᠡ ᠬᠤᠶᠠᠷ ᠵᠠᠭᠤᠨ ᠲᠤᠷᠭᠤᠳ ᠴᠡᠷᠢᠭ ᠪᠠ ᠲᠠᠪᠤᠨ ᠵᠠᠭᠤᠨ ᠬᠤᠳᠠ ᠬᠠᠮᠠᠭᠠᠯᠠᠬᠤ ᠴᠡᠷᠢᠭ ᠴᠤᠭᠯᠠᠭᠤᠯᠵᠤ᠂ ᠬᠤᠳᠠ ᠰᠠᠬᠢᠵᠤ᠂ ᠠᠷᠪᠠᠨ᠎ᠳᠤ᠂ ᠶᠠᠬᠤᠪ ᠪᠡᠬᠢ᠎ᠶᠢᠨ ᠬᠦᠴᠦᠨ ᠨᠢ ᠺᠤᠷᠯᠠᠳᠤ ᠳᠦᠷᠢᠨ ᠣᠷᠣᠵᠤ᠂ ᠺᠤᠷᠯᠠᠠᠴᠠ 100 ᠢᠯᠡᠭᠦᠦ ᠭᠠᠵᠠᠷ᠎ᠤᠨ ᠵᠠᠢᠲᠠᠢ ᠬᠠᠢᠳᠠᠭ᠎ᠤᠨ ᠭᠤᠤᠯ ᠤ᠋ᠨ ᠬᠦᠪᠡᠭᠡᠨ᠎ᠳᠦ ᠲᠤᠷᠭᠤᠳᠴᠤᠳ ᠬᠤᠶᠠᠷ ᠲᠦᠮᠡᠨ ᠬᠦᠮᠦᠨ ᠴᠤᠭᠯᠠᠷᠠᠵᠤ ᠶᠠᠬᠤᠪ ᠪᠡᠬᠢ᠎ᠶᠢᠨ ᠬᠦᠴᠦᠨ ᠲᠠᠢ ᠲᠡᠮᠡᠴᠡᠯᠳᠦᠭᠰᠡᠨ ᠪᠠᠢᠨ᠎ᠠ᠃ ᠤᠨᠴᠠᠭᠠᠢᠯᠠᠨ ᠲᠢᠶᠸ ᠮᠸᠨ ᠭᠤᠸᠠᠨᠤ ᠪᠠᠢᠯᠲᠤᠭᠠᠨᠳᠤ ᠲᠤᠷᠭᠤᠳᠴᠤᠳ ᠶᠠᠬᠤᠪ ᠪᠡᠬᠢ᠎ᠶᠢᠨ ᠬᠦᠴᠦᠨ ᠲᠠᠢ ᠪᠠᠭᠠᠲᠤᠷᠯᠢᠭ᠋ ᠲᠤᠯᠤᠯᠳᠤᠵᠤ᠂ ᠣᠯᠠᠨ ᠬᠦᠮᠦᠨ ᠳᠠᠢᠨ᠎ᠳᠤ ᠦᠷᠡᠭᠳᠡᠵᠡᠢ᠃ ᠲᠤᠷᠭᠤᠳ ᠴᠡᠷᠢᠭ᠎ᠦᠨ ᠡᠰᠡᠷᠭᠦᠴᠡᠯ᠎ᠡᠴᠡ ᠪᠤᠯᠵᠤ ᠶᠠᠬᠤᠪ ᠪᠡᠬᠢ᠎ᠶᠢᠨ ᠬᠦᠴᠦᠨ ᠨᠢ ᠺᠤᠷᠯᠠᠶᠢ ᠡᠵᠡᠯᠡᠵᠦ ᠳᠡᠢᠯᠦᠭᠰᠡᠨ ᠦᠬᠡᠢ᠃ ᠶᠠᠬᠤᠪ ᠪᠡᠬᠢ᠎ᠶᠢᠨ ᠡᠨᠡ ᠤᠳᠠᠭᠠᠨ᠎ᠤ ᠦᠢᠯᠡ ᠠᠵᠢᠯᠯᠠᠭ᠎ᠠ ᠨᠢ ᠲᠤᠬᠠᠢ᠎ᠶᠢᠨ ᠠᠷᠠᠳ ᠲᠦᠮᠡᠨ᠎ᠳᠦ ᠬᠦᠨᠳᠦ ᠨᠣᠴᠢᠲᠠᠢ ᠭᠠᠰᠠᠯᠠᠩ ᠤᠴᠠᠷᠠᠭᠤᠯᠤᠭᠰᠠᠨ᠎ᠢᠶᠠᠷ ᠪᠠᠷᠠᠬᠤ ᠦᠬᠡᠢ᠂ ᠲᠤᠮᠳᠠᠳᠤ᠎ᠶᠢᠨ ᠤᠮᠠᠷᠠᠲᠤ ᠬᠢᠯᠢ᠎ᠶᠢᠨ ᠴᠠᠭ᠎ᠤᠨ ᠪᠠᠢᠳᠠᠯ᠎ᠳᠤ ᠭᠦᠨᠵᠡᠭᠡᠢ ᠨᠦᠯᠦᠭᠡ ᠪᠤᠯᠤᠭᠰᠠᠨ ᠪᠠᠢᠨ᠎ᠠ ᠃
ᠬᠤᠶᠠᠷ᠂ ᠲᠤᠷᠭᠤᠳ ᠬᠠᠲᠤᠨ ᠡᠩᠬᠡᠪᠠᠲᠤ᠎ᠠᠴᠠ ᠲᠤᠷᠭᠤᠳ ᠬᠤᠱᠤᠳ ᠬᠢᠲᠠᠳ ᠴᠡᠷᠢᠭ᠎ᠦᠨ ᠬᠠᠮᠵᠢᠯᠴᠠᠭ᠎ᠠ᠎ᠪᠠᠷ ᠤᠮᠠᠷᠠᠲᠤ ᠬᠢᠯᠢ᠎ᠶᠢ ᠰᠠᠬᠢᠨ ᠬᠠᠮᠠᠭᠠᠯᠠᠭᠰᠠᠨ
ᠪᠦᠷᠢᠨ ᠵᠠᠰᠭ᠍ᠴᠢ ᠶ᠋ᠢᠨ ᠵᠢᠷᠭᠤᠳᠤᠭᠠᠷ ᠤᠨ (1867) ᠣᠨ᠎ᠤ 2 ᠰᠠᠷ᠎ᠠ ᠳ᠋ᠤ᠌᠂ ᠲᠤᠷᠭᠤᠳ ᠬᠠᠲᠤᠨ ᠡᠩᠬᠡᠪᠠᠲᠤ᠎ᠠᠴᠠ ᠭᠤᠷᠪᠠᠨ ᠮᠢᠩᠭᠠᠨ ᠲᠤᠷᠭᠤᠳ ᠴᠡᠷᠢᠭ ᠠᠪᠴᠦ ᠶᠠᠬᠤᠪ ᠪᠡᠬᠢ ᠶ᠋ᠢᠨ ᠴᠡᠷᠢᠭ ᠢ᠋ ᠨᠡᠬᠡᠮᠵᠢᠯᠡᠨ ᠬᠠᠷᠠᠱ᠌ᠢᠷᠠ ᠶ᠋ᠢᠨ ᠪᠠᠷᠠᠭᠤᠨ ᠪᠡᠶ᠎ᠡ ᠳ᠋ᠤ᠌ ᠪᠠᠢᠬᠤ ᠮᠢᠩᠭᠠᠨ ᠰᠢᠪᠠᠷ ᠣᠷᠴᠢᠮ ᠰᠢᠷᠦᠭᠦᠨ ᠪᠠᠢᠯᠳᠤᠭᠠᠨ ᠪᠣᠯᠵᠤ᠂ ᠲᠤᠷᠭᠤᠳ ᠴᠡᠷᠢᠭ ᠤ᠋ᠨ ᠬᠦᠴᠦᠨ ᠮᠡᠬᠦᠰᠳᠡᠵᠦ᠂ 《ᠲᠤᠷᠭᠤᠳᠴᠣᠳ ᠬᠠᠷᠠᠱ᠌ᠢᠷᠠ ᠳ᠋ᠤ᠌ ᠨᠤᠳᠤᠭᠰᠢᠵᠤ ᠳᠡᠢᠯᠬᠦ ᠦᠬᠡᠢ ᠪᠤᠯᠵᠤ᠂ ᠶᠡᠬᠡ ᠪᠠᠭ᠎ᠠ ᠵᠤᠯᠳᠤᠰ ᠲᠤ᠌ ᠰᠢᠯᠵᠢᠵᠡᠢ》᠃ ᠡᠨᠡ ᠦᠶ᠎ᠡ ᠳ᠋ᠤ᠌ ᠶᠠᠬᠤᠪ ᠪᠡᠬᠢ ᠶ᠋ᠢᠨ ᠴᠡᠷᠢᠭ ᠨᠢ ᠬᠠᠪᠴᠢᠭᠠᠢ ᠶ᠋ᠢᠨ ᠠᠮᠠᠨ ᠳ᠋ᠤ᠌ ᠳᠤᠷᠭᠤᠳᠴᠤᠳ ᠢ᠋ ᠪᠦᠰᠡᠯᠡᠨ ᠳᠠᠭᠠᠷᠢᠵᠤ᠂ ᠵᠠᠯᠠᠭᠤ ᠡᠮᠡᠭᠲᠡᠢᠴᠤᠳ ᠢ᠋ ᠤᠤᠯᠭᠠᠯᠠᠨ ᠪᠤᠯᠢᠶᠠᠵᠤ᠂ ᠮᠠᠯ ᠤᠨᠤᠭ᠎ᠠ ᠶ᠋ᠢ ᠨᠢ ᠳᠡᠭᠡᠷᠡᠮᠳᠡᠨ ᠠᠪᠠᠴᠢᠵᠠᠢ᠃ ᠡᠨᠡ ᠬᠦ᠌ ᠵᠠᠩᠭᠢᠯᠠᠭ᠎ᠠ᠎ᠶᠢᠨ ᠦᠶ᠎ᠡ ᠳ᠋ᠤ᠌ ᠬᠢᠳᠠᠳ ᠴᠡᠷᠢᠭ ᠤ᠋ᠨ ᠨᠤᠶᠠᠨ ᠰᠢᠦᠢ ᠰᠢᠦᠸᠠᠢ ᠭᠦᠩ ᠠ᠋ᠴᠠ ᠬᠢᠳᠠᠳ ᠴᠡᠷᠢᠭ ᠳᠠᠭᠠᠭᠤᠯᠵᠤ ᠺᠤᠷᠯᠠ ᠶ᠋ᠢᠨ ᠴᠠᠭᠠᠨᠲᠦᠩᠬᠦ ᠭᠡᠳᠡᠭ ᠭᠠᠵᠠᠷ ᠡᠩᠬᠡᠪᠠᠳᠤ ᠬᠠᠳᠤᠨ ᠢ᠋ ᠬᠠᠮᠵᠢᠨ ᠺᠤᠷᠯᠠ ᠠ᠋ᠴᠠ ᠠᠪᠤᠷᠠᠵᠤ᠂ ᠡᠩᠬᠡᠪᠠᠲᠤ ᠬᠠᠳᠤᠨᠤ ᠲᠤᠮᠢᠯᠠᠭᠰᠠᠨ ᠲᠤᠷᠭᠤᠳ ᠴᠡᠷᠢᠭ ᠲᠠᠢ ᠬᠠᠮᠲᠤ ᠶᠠᠬᠤᠪ ᠪᠡᠬᠢ ᠶ᠋ᠢᠨ ᠴᠡᠷᠢᠭ ᠢ᠋ ᠳᠤᠲᠤᠷ᠎ᠠ ᠭᠠᠳᠠᠨ᠎ᠠ ᠬᠤᠶᠠᠷ ᠲᠠᠯ᠎ᠠ ᠠ᠋ᠴᠠ ᠬᠠᠪᠴᠢᠨ ᠴᠤᠬᠢᠵᠤ ᠬᠦᠨᠳᠦ ᠴᠣᠬᠢᠯᠳᠠ ᠦᠭᠭᠦᠭᠰᠡᠨ ᠪᠠᠢᠨ᠎ᠠ᠃ ᠪᠦᠷᠢᠨ ᠵᠠᠰᠠᠭ᠍ᠴᠢ ᠶ᠋ᠢᠨ ᠠᠷᠪᠠᠳᠤᠭᠠᠷ ᠣᠨ (1871) ᠳ᠋ᠤ᠌ ᠪᠤᠶᠠᠨ ᠦᠯᠵᠡᠢᠲᠦ ᠬᠠᠨ ᠨᠤᠲᠤᠭ᠎ᠲᠠᠭᠠᠨ ᠬᠠᠷᠢᠵᠤ ᠢᠷᠡᠨ᠂ 1500 ᠪᠦᠷᠢᠨ ᠵᠡᠪᠰᠡᠭᠯᠡᠭᠰᠡᠨ ᠲᠤᠷᠭᠤᠳ ᠴᠡᠷᠢᠭ ᠢ᠋ᠶ᠋ᠠᠨ ᠳᠠᠭᠠᠭᠤᠯᠤᠨ᠂ ᠺᠤᠷᠯᠠ ᠳ᠋ᠤ᠌ ᠳᠠᠭᠠᠷᠢᠨ ᠣᠷᠣᠵᠣ᠌᠂ ᠶᠠᠬᠤᠪ ᠪᠡᠬᠢ ᠶ᠋ᠢᠨ ᠬᠠᠳᠠᠭᠠᠯᠠᠵᠤ ᠪᠠᠢᠭᠰᠠᠨ ᠵᠡᠷ ᠵᠡᠪᠰᠡᠭ ᠠᠮᠤ ᠬᠦᠨᠡᠰᠦ᠎ᠶᠢ ᠪᠤᠯᠢᠶᠠᠨ ᠤᠯᠵᠤ᠂ ᠬᠢᠵᠠᠭᠠᠷ ᠨᠣᠲᠣᠭ᠎ᠢᠶᠠᠨ ᠪᠠᠲᠤᠯᠠᠨ ᠰᠠᠬᠢᠭ᠍ᠰᠠᠨ ᠪᠠᠢᠨ᠎ᠠ᠃
ᠭᠤᠷᠪᠠ᠂ ᠽᠦᠸᠸ ᠽᠦᠩ ᠲᠠᠩ᠎ᠤᠨ ᠪᠠᠷᠠᠭᠤᠨᠰᠢ ᠳᠠᠢᠯᠠᠬᠤ ᠴᠡᠷᠢᠭ ᠲᠤᠷᠭᠤᠳ ᠬᠤᠱᠣᠳ ᠴᠡᠷᠢᠭ ᠤ᠋ᠨ ᠳᠡᠮᠵᠢᠯᠭᠡ ᠳᠤᠤᠷ᠎ᠠ ᠤᠮᠠᠷᠠᠲᠤ ᠬᠢᠯᠢ᠎ᠶᠢ ᠪᠠᠲᠤᠯᠠᠨ ᠰᠠᠬᠢᠭ᠍ᠰᠠᠨ
ᠪᠠᠳᠠᠷᠠᠭᠤᠯᠳᠤ ᠲᠥᠷᠥ ᠶ᠋ᠢᠨ ᠲᠡᠷᠢᠭᠦᠨ ᠣᠨ (1875) ᠣᠨ ᠤ᠋ ᠭᠤᠷᠪᠠᠨ ᠰᠠᠷ᠎ᠠ ᠶ᠋ᠢᠨ ᠬᠤᠷᠢᠨ ᠨᠠᠢ᠍ᠮᠠᠨ ᠳ᠋ᠤ᠌᠂ ᠴᠢᠩ ᠤᠯᠤᠰ ᠤ᠋ᠨ ᠵᠠᠰᠠᠭ ᠤ᠋ᠨ ᠣᠷᠳᠣᠨ ᠠ᠋ᠴᠠ ᠽᠦᠸᠸ ᠽᠦᠩ ᠲᠠᠩ ᠢ᠋ ᠪᠠᠢᠴᠠᠭᠠᠭ᠍ᠴᠢ ᠲᠦᠰᠢᠮᠡᠯ ᠢ᠋ᠶ᠋ᠠᠷ ᠲᠤᠮᠢᠯᠠᠵᠤ᠂ ᠰᠢᠨᠵᠢᠶᠠᠩ ᠤ᠋ᠨ ᠴᠡᠷᠢᠭ ᠤ᠋ᠨ ᠬᠡᠷᠡᠭ ᠢ᠋ ᠬᠠᠮᠢᠶᠠᠷᠤᠭᠤᠯᠵᠤ᠂ ᠵᠢᠨ ᠱᠦᠨ ᠢ᠋ ᠦᠷᠦᠮᠴᠢ ᠶ᠋ᠢᠨ ᠳ᠋ᠦᠲ᠋ᠦᠩ ᠢ᠋ᠶ᠋ᠠᠷ ᠲᠤᠮᠢᠯᠠᠨ᠂ ᠬᠠᠪᠰᠣᠷᠣᠭ᠍ᠴᠢ ᠪᠠᠢᠴᠠᠭᠠᠭ᠍ᠴᠢ ᠲᠦᠰᠢᠮᠡᠯ ᠲᠤᠮᠢᠯᠠᠵᠤ᠂ ᠵᠢᠷᠭᠤᠭ᠎ᠠ ᠳᠤᠯᠤᠭᠠᠨ ᠲᠦᠮᠡᠨ ᠪᠠᠷᠠᠭᠣᠨᠰᠢ ᠳᠠᠢᠯᠠᠬᠤ ᠴᠡᠷᠢᠭ ᠲᠤᠮᠢᠯᠠᠨ ᠡᠬᠡ ᠤᠯᠤᠰ᠎ᠵᠢᠡᠨ ᠪᠠᠲᠤᠯᠠᠨ ᠰᠠᠬᠢᠬᠤ᠎ᠪᠠᠷ ᠪᠤᠯᠵᠠᠢ᠃ ᠪᠠᠳᠠᠷᠠᠭᠤᠯᠲᠤ ᠲᠥᠷᠥ ᠶ᠋ᠢᠨ ᠭᠤᠷᠪᠠᠳᠤᠭᠠᠷ ᠣᠨ (1877) ᠤ᠋ ᠭᠤᠷᠪᠠᠨ ᠰᠠᠷ᠎ᠠ ᠳ᠋ᠤ᠌᠂ ᠪᠠᠷᠠᠭᠤᠨᠰᠢ ᠳᠠᠢᠯᠠᠬᠤ ᠴᠡᠷᠢᠭ ᠨᠢ ᠲᠤᠷᠭᠤᠳ ᠬᠤᠱᠤᠳ ᠴᠡᠷᠢᠭ᠎ᠦᠨ ᠳᠡᠮᠵᠢᠯᠭᠡ ᠳᠤᠤᠷ᠎ᠠ᠂ ᠳᠠᠪᠠᠭᠠᠨ᠂ ᠫᠢᠵᠠᠨ᠂ ᠲᠦᠷᠫᠠᠨ᠂ ᠲᠤᠺᠰᠦᠨ ᠵᠡᠷᠭᠡ ᠬᠤᠳᠠ ᠶ᠋ᠢ ᠡᠵᠡᠯᠡᠨ᠂ ᠳᠠᠪᠠᠭᠠᠨ ᠬᠤᠳᠠ ᠶ᠋ᠢ ᠬᠤᠷᠢᠶᠠᠨ ᠠᠪᠴᠦ᠂ ᠯᠢᠦ ᠵᠢᠨ ᠲᠠᠩ ᠠ᠋ᠴᠠ ᠦᠷᠬᠦᠯᠵᠢᠯᠡᠨ ᠡᠮᠦᠨᠡᠰᠢ ᠳᠠᠭᠠᠷᠢᠨ ᠶᠠᠬᠤᠪ ᠪᠡᠬᠢ ᠶ᠋ᠢᠨ ᠡᠵᠡᠯᠡᠭᠰᠡᠨ ᠣᠷᠣᠨ᠎ᠢ ᠬᠣᠷᠢᠶᠠᠨ ᠠᠪᠴᠤ᠂ ᠶᠢᠰᠦᠨ ᠰᠠᠷ᠎ᠠ ᠶ᠋ᠢᠨ ᠨᠢᠭᠡᠨ ᠳ᠋ᠤ᠌ ᠬᠠᠷᠠᠱ᠌ᠢᠷᠠ ᠬᠤᠳᠠ ᠶ᠋ᠢ ᠬᠤᠷᠢᠶᠠᠨ ᠠᠪᠤᠭᠰᠠᠨ ᠪᠠᠢᠨ᠎ᠠ᠃ ᠬᠠᠷᠠᠱ᠌ᠢᠷᠠ ᠶ᠋ᠢ ᠪᠤᠴᠠᠭᠠᠨ ᠠᠪᠬᠤ ᠳᠠᠢᠨ ᠳ᠋ᠤ᠌ ᠲᠤᠷᠭᠤᠳ ᠠ᠋ᠴᠠ ᠪᠠᠰᠠ1080 ᠴᠡᠷᠢᠭ᠂ 100 ᠡᠷᠦᠬᠡ ᠬᠣᠱᠤᠳ ᠴᠡᠷᠢᠭ ᠲᠤᠮᠢᠯᠠᠵᠤ᠂ ᠬᠠᠷᠠᠱ᠌ᠢᠷᠠ ᠬᠤᠳᠠᠨ ᠳ᠋ᠤ᠌ ᠴᠡᠷᠢᠭ ᠰᠠᠭᠤᠯᠭᠠᠵᠤ᠂ ᠬᠤᠢᠲᠤ ᠵᠠᠮ ᠢ᠋ ᠡᠷᠴᠢᠮᠵᠢᠬᠦᠯᠦᠭᠰᠡᠨ ᠪᠠᠢᠨ᠎ᠠ᠃ ᠴᠢᠩ ᠣᠯᠣᠰ ᠤ᠋ᠨ ᠴᠡᠷᠢᠭ ᠣᠮᠠᠷᠠᠲᠤ ᠬᠢᠯᠢ᠎ᠶᠢ ᠬᠤᠷᠢᠶᠠᠨ ᠠᠪᠬᠤ ᠠ᠋ᠴᠠ ᠡᠮᠦᠨ᠎ᠡ ᠶᠠᠬᠤᠪ ᠪᠡᠬᠢ ᠺᠤᠷᠯᠠ ᠳ᠋ᠤ᠌ ᠳᠣᠣᠷᠠᠬᠢ ᠬᠦᠮᠦᠰ ᠳᠡᠭᠡᠨ ᠠᠯᠠᠭᠳᠠᠵᠤ᠂ ᠦᠯᠡᠳᠡᠮᠡᠯ ᠴᠡᠷᠢᠭ ᠨᠢ ᠴᠢᠩ ᠣᠯᠣᠰ ᠤ᠋ᠨ ᠴᠡᠷᠢᠭ ᠤ᠋ᠨ ᠨᠡᠬᠡᠯᠲᠡ ᠳᠤᠤᠷ᠎ᠠ᠂ ᠴᠠᠭᠠᠨ ᠬᠠᠭᠠᠨᠳᠤ ᠣᠷᠤᠰ ᠲᠤ᠌ ᠣᠷᠣᠭᠰᠠᠨ ᠪᠠᠢᠨ᠎ᠠ᠃ ᠶᠠᠬᠤᠪ ᠪᠡᠬᠢ ᠠ᠋ᠴᠠ ᠡᠬᠡ ᠤᠯᠤᠰ᠎ᠤᠨ ᠤᠮᠠᠷᠠᠲᠤ ᠬᠢᠯᠢ᠎ᠳᠦ ᠠᠷᠪᠠᠭᠠᠳ ᠵᠢᠯ ᠤ᠋ᠨ ᠬᠠᠷᠬᠢᠰ ᠳᠠᠷᠤᠯᠠᠯ ᠶᠠᠪᠤᠭᠤᠯᠵᠤ᠂ ᠪᠠᠳᠠᠷᠠᠭᠤᠯᠳᠤ ᠲᠥᠷᠥ ᠶ᠋ᠢᠨ ᠳᠦᠷᠪᠡ ᠲᠠᠪᠤᠳᠤᠭᠠᠷ ᠤᠨ ᠳ᠋ᠤ᠌ ᠴᠢᠩ ᠤᠯᠤᠰ ᠤ᠋ᠨ ᠴᠡᠷᠢᠭ ᠠ᠋ᠴᠠ ᠠᠨᠵᠢᠶᠠᠨ ᠤ᠋ ᠬᠦᠴᠦᠨ ᠢ᠋ ᠦᠯᠳᠡᠵᠦ ᠡᠬᠡ ᠤᠯᠤᠰ᠎ᠤᠨ ᠤᠮᠠᠷᠠᠲᠤ ᠬᠢᠯᠢ᠎ᠶᠢ ᠪᠠᠲᠤᠯᠠᠨ ᠰᠠᠬᠢᠭ᠍ᠰᠠᠨ ᠪᠠᠢᠨ᠎ᠠ᠃
ᠶᠡᠷᠦᠩᠬᠡᠢᠯᠡᠪᠡᠯ᠂ ᠤᠮᠠᠷᠠᠲᠤ ᠬᠢᠯᠢ ᠨᠢ ᠳᠤᠮᠳᠠᠳᠤ ᠤᠯᠤᠰ᠎ᠤᠨ ᠴᠢᠬᠤᠯᠠ ᠬᠢᠯᠢ ᠪᠤᠯᠤᠭᠰᠠᠨ᠎ᠤ ᠬᠤᠪᠢ᠎ᠳᠤ᠂ ᠡᠷᠲᠡᠨ᠎ᠡᠴᠡ ᠨᠠᠭᠠᠰᠢ ᠤᠯᠠᠨ ᠦᠨᠳᠦᠰᠦᠲᠡᠨ᠎ᠦ ᠲᠦᠪᠯᠡᠷᠡᠨ ᠰᠠᠭᠤᠷᠢᠰᠢᠭ᠍ᠰᠠᠨ ᠣᠷᠤᠨ ᠪᠠᠢᠵᠤ᠂ ᠡᠯ᠎ᠡ ᠦᠨᠳᠦᠰᠦᠲᠡᠨ᠎ᠦ ᠠᠷᠠᠳ ᠲᠦᠮᠡᠨ᠎ᠡᠴᠡ ᠬᠠᠮᠲᠤ ᠪᠠᠷ ᠤᠮᠠᠷᠠᠲᠤ᠎ᠶᠢᠨ ᠬᠢᠯᠢ᠎ᠶᠢ ᠰᠠᠬᠢᠨ ᠬᠠᠮᠠᠭᠠᠯᠠᠵᠤ᠂ ᠤᠯᠤᠰ᠎ᠤᠨ ᠨᠢᠭᠡᠲᠦᠯ ᠪᠠ ᠦᠨᠳᠦᠰᠦᠲᠡᠨ᠎ᠦ ᠪᠦᠯᠬᠦᠮᠳᠡᠯ᠎ᠢ ᠬᠠᠮᠠᠭᠠᠯᠠᠬᠤ᠎ᠳᠤ ᠴᠢᠬᠤᠯᠠ ᠬᠤᠪᠢ ᠨᠠᠮᠡᠷᠢ ᠦᠵᠡᠬᠦᠯᠵᠡᠢ᠃ ᠤᠨᠴᠠᠭᠠᠢᠯᠠᠨ ᠣᠢᠷ᠎ᠠ ᠦᠶ᠎ᠡ᠎ᠡᠴᠡ ᠨᠠᠭᠠᠰᠢ ᠡᠵᠡᠷᠬᠡᠭ ᠳᠦᠷᠢᠮᠡᠭᠡᠢᠲᠡᠨᠦ ᠲᠦᠷᠢᠮᠡᠬᠡᠢᠯᠡᠯ᠎ᠤᠨ ᠡᠮᠦᠨ᠎ᠡ᠂ ᠲᠤᠷᠭᠤᠳᠴᠤᠳ ᠵᠡᠬᠦᠨᠰᠢ ᠪᠤᠴᠠᠵᠤ ᠡᠬᠡ ᠤᠯᠤᠰ ᠳᠠᠭᠠᠨ ᠬᠠᠷᠢᠨ ᠢᠷᠡᠭᠰᠡᠨ ᠲᠡᠷᠡ ᠴᠠᠭ᠎ᠡᠴᠡ ᠡᠬᠢᠯᠡᠨ ᠳᠤᠮᠳᠠᠳᠤ᠎ᠶᠢᠨ ᠪᠠᠷᠠᠭᠤᠨ ᠬᠤᠢᠲᠤ᠂ ᠤᠮᠠᠷᠠᠳᠤ᠎ᠶᠢᠨ ᠬᠢᠯᠢ᠎ᠶᠢ ᠰᠠᠬᠢᠨ ᠬᠠᠮᠠᠭᠠᠯᠠᠵᠤ᠂ ᠡᠯ᠎ᠡ ᠦᠨᠳᠦᠰᠦᠲᠡᠨ ᠲᠠᠢ ᠬᠠᠮᠲᠤ ᠪᠠᠷ ᠡᠬᠡ ᠤᠯᠤᠰ᠎ᠤᠨ ᠬᠢᠯᠢ ᠬᠢᠵᠠᠭᠠᠷ᠎ᠢ ᠬᠠᠮᠠᠭᠠᠯᠠᠬᠤ ᠪᠤᠯᠤᠳ ᠬᠡᠷᠡᠮ᠎ᠢ ᠪᠠᠢᠭᠤᠯᠵᠤ᠂ ᠬᠠᠮᠲᠤ ᠪᠠᠷ ᠳᠠᠢᠰᠦᠨᠢ ᠡᠰᠡᠷᠭᠦᠴᠡᠨ ᠤᠮᠠᠷᠠᠲᠤ᠎ᠶᠢᠨ ᠬᠢᠯᠢ᠎ᠶᠢ ᠪᠠᠲᠤᠯᠠᠨ ᠰᠠᠬᠢᠭ᠍ᠰᠠᠨ ᠪᠠᠢᠨ᠎ᠠ᠃ ᠤᠮᠠᠷᠠᠲᠤ᠎ᠶᠢᠨ ᠡᠯ᠎ᠡ ᠦᠨᠳᠦᠰᠦᠲᠡᠨ ᠨᠢ ᠤᠷᠲᠤ ᠬᠤᠭᠤᠴᠠᠭᠠᠨ᠎ᠤ ᠬᠢᠯᠢ ᠬᠠᠮᠠᠭᠠᠯᠠᠭᠰᠠᠨ ᠲᠡᠦᠬᠡ᠎ᠶᠢᠨ ᠤᠷᠤᠰᠬᠠᠯ᠎ᠳᠤ᠂ ᠠᠵᠤ ᠠᠬᠤᠢ᠎ᠶᠢᠨ ᠰᠣᠯᠢᠯᠴᠠᠭ᠎ᠠ᠂ ᠰᠣᠶᠣᠯ᠎ᠤᠨ ᠬᠠᠷᠢᠯᠴᠠᠨ ᠦᠢᠯᠡᠳᠦᠯᠴᠡᠯ᠂ ᠬᠠᠷᠢᠯᠴᠠᠨ ᠣᠷᠣᠭᠯᠠᠬᠣ᠌ ᠵᠡᠷᠭᠡ ᠠᠷᠭ᠎ᠠ ᠪᠠᠷᠢᠯ᠎ᠢᠶᠠᠷ᠂ ᠬᠠᠷᠢᠯᠴᠠᠨ ᠠᠭᠤᠰᠤᠯᠴᠠᠭᠰᠠᠨ ᠬᠡᠨ ᠬᠡᠨᠡᠴᠡᠪᠡᠨ ᠰᠠᠯᠵᠤ ᠪᠤᠯᠤᠰᠢ ᠦᠬᠡᠢ ᠳᠤᠮᠳᠠᠳᠤ᠎ᠶᠢᠨ ᠦᠨᠳᠦᠰᠦᠲᠡᠨ᠎ᠦ ᠬᠤᠪᠢ ᠵᠠᠶᠠᠭᠠᠨ᠎ᠤ ᠬᠠᠮᠲᠤ᠎ᠶᠢᠨ ᠴᠣᠭᠴᠠ᠎ᠶᠢ ᠪᠠᠢᠭᠤᠯᠵᠤ᠂ ᠬᠠᠮᠲᠤ᠎ᠪᠠᠷ ᠬᠢᠯᠢ ᠰᠠᠬᠢᠬᠤ᠂ ᠬᠢᠯᠢ ᠬᠠᠮᠠᠭᠠᠯᠠᠬᠤ᠂ ᠬᠢᠯᠢ᠎ᠶᠢ ᠪᠠᠲᠤᠳᠬᠠᠬᠤ᠂ ᠬᠢᠯᠢ᠎ᠶᠢ ᠪᠦᠳᠦᠭᠡᠨ ᠪᠠᠢᠭᠤᠯᠬᠤ᠎ᠳᠤ ᠴᠢᠬᠤᠯᠠ ᠬᠤᠪᠢ ᠨᠡᠮᠡᠷᠢ ᠦᠵᠡᠭᠦᠯᠦᠭᠰᠡᠨ ᠪᠠᠢᠨ᠎ᠠ᠃
(ᠵᠤᠬᠢᠶᠠᠭ᠍ᠴᠢ᠎ᠶᠢᠨ ᠬᠠᠶᠢᠭ᠋᠄ ᠬᠦᠬᠡᠬᠤᠲᠠ ᠦᠨᠳᠦᠰᠦᠲᠡᠨ᠎ᠦ ᠳᠡᠭᠡᠳᠦ ᠰᠤᠷᠭᠠᠭᠤᠯᠢ᠎ᠶᠢᠨ ᠮᠠᠷᠺᠰ᠎ᠤᠨ ᠦᠵᠡᠯ᠎ᠦᠨ ᠳᠡᠭᠡᠳᠦ ᠰᠤᠷᠭᠠᠭᠤᠯᠢ)