ᠤᠨᠳᠠᠭᠤᠯᠬᠤ ᠡᠮ ᠪᠠ ᠡᠪᠡᠳᠬᠦ ᠵᠢ ᠵᠤᠭᠰᠤᠭᠠᠬᠤ ᠡᠮ᠎ᠢ ᠳᠤᠷ᠎ᠠ ᠪᠡᠷ ᠤᠤᠭᠤᠵᠤ ᠪᠤᠯᠬᠤ ᠦᠬᠡᠢ
2026-03-20 11:16:25
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠮᠠᠰᠢ ᠤᠯᠠᠨ ᠤᠨᠳᠠᠭᠤᠯᠬᠤ ᠡᠮ ᠪᠠ ᠡᠪᠡᠳᠬᠦ ᠵᠢ ᠵᠤᠭᠰᠤᠭᠠᠬᠤ ᠡᠮ᠎ᠢ ᠤᠳᠠᠭᠠᠨ ᠬᠤᠭᠤᠴᠠᠭ᠎ᠠ ᠬᠡᠷᠡᠭᠯᠡᠪᠡᠯ ᠰᠢᠨᠤᠯ ᠲᠠᠢ ᠪᠤᠯᠵᠤ᠂ ᠡᠮ᠎ᠳᠤ ᠨᠠᠢᠳᠠᠮᠠᠳᠠᠭᠠᠢ (ᠡᠮ᠎ᠤᠨ ᠰᠢᠨᠤᠯ) ᠪᠤᠯᠳᠠᠭ᠂ ᠵᠢᠱ᠌ᠢᠶᠡᠯᠡᠪᠡᠯ ᠡᠪᠡᠳᠬᠦ ᠵᠢ ᠵᠤᠭᠰᠤᠭᠠᠬᠤ ᠬᠠᠪᠳᠠᠭᠠᠢ ᠦᠷᠢᠯ᠎ᠤᠨ ᠰᠢᠨᠤᠯ ᠲᠠᠢ ᠪᠤᠯᠬᠤ᠂ ᠤᠨᠳᠠᠭᠤᠯᠬᠤ ᠡᠮ᠎ᠤᠨ ᠰᠢᠨᠤᠯ ᠲᠠᠢ ᠪᠤᠯᠬᠤ ᠵᠡᠷᠬᠡ᠃ ᠬᠦᠮᠤᠰ᠎ᠢ ᠨᠠᠢᠳᠠᠮᠠᠳᠠᠭᠠᠢ ᠪᠤᠯᠭᠠᠳᠠᠭ ᠡᠮ᠎ᠢ ᠰᠢᠨᠤᠯ ᠲᠠᠢ ᠪᠤᠯᠭᠠᠬᠤ ᠡᠮ ᠬᠡᠳᠡᠭ᠃ ᠡᠮ᠎ᠤᠨ ᠰᠢᠨᠤᠯ ᠬᠡᠳᠡᠭ ᠨᠢ ᠡᠮ᠎ᠢ ᠠᠬᠢᠨ ᠲᠡᠬᠢᠨ ᠬᠡᠷᠡᠭᠯᠡᠭᠰᠡᠡ᠎ᠤ ᠬᠤᠢᠨ᠎ᠠ ᠡᠬᠦᠰᠳᠡᠭ ᠨᠢᠬᠡ ᠵᠤᠢᠯ᠎ᠤᠨ ᠦᠶᠡᠯᠡᠯ᠎ᠤᠨ ᠴᠢᠨᠠᠷᠳᠡᠢ ᠪᠤᠶᠤ ᠤᠳᠠᠭᠠᠨ ᠴᠢᠨᠠᠷᠳᠡᠢ ᠬᠤᠤᠷᠳᠠᠯᠭ᠎ᠠ ᠵᠢᠨ ᠴᠢᠨᠠᠷᠳᠡᠢ ᠪᠠᠢᠳᠠᠯ᠎ᠢ ᠬᠡᠯᠡᠨ᠎ᠠ᠂ ᠡᠬᠦᠨ᠎ᠳᠤ  ᠤᠶᠤᠨ ᠮᠡᠳᠡᠷᠡᠯ ᠪᠠ ᠪᠠᠶ᠎ᠠ ᠮᠠᠬᠠᠪᠤᠳ ᠬᠤᠶᠠᠷ ᠲᠠᠯ᠎ᠠ ᠵᠢᠨ ᠨᠠᠢᠳᠠᠮᠠᠳᠠᠭᠠᠢ ᠴᠢᠨᠠᠷ᠎ᠢ ᠪᠠᠭᠳᠠᠭᠠᠵᠤ ᠪᠤᠢ᠃ ᠤᠶᠤᠨ ᠮᠡᠳᠡᠷᠡᠯ᠎ᠵᠢᠡᠷ ᠨᠠᠢᠳᠠᠮᠠᠳᠠᠭᠠᠢ ᠪᠤᠯᠬᠤ ᠨᠢ ᠡᠪᠡᠳᠴᠢᠳᠠᠨ ᠡᠮ ᠬᠦᠰᠡᠬᠦ ᠪᠤᠯᠵᠤ᠂ ᠰᠢᠨᠤᠯ ᠲᠠᠢ ᠡᠮ ᠵᠢᠠᠨ ᠤᠤᠭᠤᠭᠰᠠᠠ᠎ᠤ ᠲᠠᠷᠠᠭᠠᠬᠢ ᠤᠨᠴᠠᠭᠠᠢ ᠪᠠᠬ᠎ᠠ ᠴᠡᠩᠬᠡᠯ᠎ᠢ ᠤᠯᠬᠤ ᠪᠡᠷ ᠬᠦᠰᠡᠨ ᠬᠦᠯᠢᠶᠡᠳᠡᠭ᠎ᠢ ᠬᠡᠯᠡᠵᠤ ᠪᠤᠢ᠃ ᠪᠠᠶ᠎ᠠ ᠮᠠᠬᠠᠪᠤᠳ ᠵᠢᠡᠷ ᠨᠠᠢᠳᠠᠮᠠᠳᠠᠭᠠᠢ ᠪᠤᠯᠬᠤ ᠨᠢ ᠰᠢᠨᠤᠯ ᠲᠠᠢ ᠡᠮ ᠵᠢᠠᠨ ᠠᠬᠢᠨ ᠲᠡᠬᠢᠨ ᠬᠡᠷᠡᠭᠯᠡᠭᠰᠡᠡ᠎ᠤ ᠲᠠᠷᠠᠭ᠎ᠠ ᠲᠦᠪ ᠮᠡᠳᠡᠷᠡᠯ᠎ᠤᠨ ᠰᠢᠰᠲᠸᠮ᠎ᠳᠤ ᠶᠠᠮᠠᠷ ᠨᠢᠬᠡ ᠵᠤᠢᠯ᠎ᠤᠨ ᠠᠮᠢᠳᠤ ᠪᠤᠳᠠᠰ᠎ᠤᠨ ᠬᠢᠮᠢ ᠵᠢᠨ ᠪᠤᠶᠤ ᠹᠢᠽᠢᠤᠯᠤᠬᠢ ᠵᠢᠨ ᠬᠤᠪᠢᠷᠠᠯᠳᠠ ᠭᠠᠷᠴᠤ᠂ ᠡᠮ ᠪᠠᠶ᠎ᠠ ᠮᠠᠬᠠᠪᠤᠳ᠎ᠤᠨ ᠬᠢᠨᠢ ᠳᠤᠳᠤᠷ᠎ᠠ ᠦᠷᠬᠦᠯᠵᠢᠯᠠᠨ ᠦᠯᠡᠳᠡᠪᠡᠯ ᠰᠠᠶᠢ ᠡᠮ ᠲᠠᠰᠤᠯᠤᠭᠰᠠᠠ ᠳᠤᠰᠬᠠᠯ (ᠡᠮ ᠲᠠᠰᠤᠯᠤᠭᠰᠠᠠ ᠨᠡᠢᠯᠡᠭ ᠬᠡᠮ) ᠡᠬᠦᠰᠬᠦ ᠡᠴᠨ ᠵᠠᠢᠯᠠᠰᠬᠢᠵᠤ ᠴᠢᠳᠠᠬᠤ ᠵᠢ ᠬᠡᠯᠡᠵᠤ ᠪᠤᠢ᠃ ᠡᠮ ᠲᠠᠰᠤᠯᠤᠭᠰᠠᠠ ᠳᠤᠰᠬᠠᠯ ᠬᠡᠳᠡᠭ ᠨᠢ ᠰᠢᠨᠤᠯ᠎ᠤᠨ ᠴᠢᠨᠠᠷᠳᠡᠢ ᠡᠮ᠎ᠢ ᠲᠠᠰᠤᠯᠤᠭᠰᠠᠠ᠎ᠤ ᠲᠠᠷᠠᠭ᠎ᠠ ᠡᠬᠦᠰᠬᠦ ᠹᠢᠽᠢᠦᠯᠤᠬᠢ ᠵᠢᠨ ᠴᠢᠳᠠᠪᠤᠷᠢ ᠵᠢᠨ ᠰᠠᠮᠠᠭᠤᠷᠠᠯ᠎ᠢ ᠵᠢᠭᠠᠵᠤ ᠪᠤᠢ᠂ ᠲᠠᠷᠠ ᠨᠢ ᠪᠠᠴᠢᠮᠳᠠᠬᠤ᠂ ᠳᠤᠷ᠎ᠠ ᠪᠤᠯᠬᠢᠬᠤ᠂ ᠪᠦᠬᠡᠯᠵᠢᠬᠦ᠂ ᠪᠤᠯᠴᠢᠩ ᠡᠪᠡᠳᠬᠦ ᠴᠢᠨᠠᠷᠳᠡᠢ ᠵᠠᠭᠤᠷᠠᠯ ᠵᠡᠷᠬᠡ ᠪᠡᠷ ᠢᠯᠡᠷᠡᠳᠡᠭ᠃ ᠬᠦᠨᠳᠤ ᠨᠤᠴᠢᠳᠠᠢ ᠦᠶ᠎ᠡ ᠳ᠋ᠡᠬᠡᠨ ᠠᠮᠢᠨ᠎ᠳᠤ ᠴᠤ᠌ ᠬᠦᠷᠬᠦ ᠠᠶᠤᠯ ᠲᠠᠢ᠃


QQ截图20260317152916.png


ᠲᠠᠢᠳᠬᠤᠷᠠᠭᠤᠯᠤᠨ ᠤᠨᠳᠠᠭᠤᠯᠬᠤ ᠡᠮ ᠪᠠ ᠡᠪᠡᠳᠬᠦ ᠵᠢ ᠵᠤᠭᠰᠤᠭᠠᠬᠤ ᠡᠮ ᠨᠢ ᠶᠡᠬᠡ ᠲᠠᠷᠢᠬᠢ ᠵᠡᠷᠬᠡ ᠲᠦᠪ ᠮᠡᠳᠡᠷᠡᠯ᠎ᠤᠨ ᠡᠷᠬᠡᠳᠡᠨ᠎ᠳᠤ ᠤᠢᠯᠠᠳᠤᠯ ᠦᠵᠡᠬᠦᠯᠬᠦ ᠪᠡᠷ ᠲᠠᠮᠵᠢᠨ ᠡᠮᠨᠡᠨ ᠵᠠᠰᠠᠬᠤ ᠳ᠋ᠦ᠋ᠩ᠎ᠳᠤ ᠬᠦᠷᠳᠡᠭ᠂ ᠡᠳᠡᠬᠡᠷ ᠡᠮ᠎ᠢ ᠤᠷᠳᠤ ᠬᠤᠭᠤᠴᠠᠭ᠎ᠠ ᠪᠡᠷ ᠬᠡᠷᠡᠭᠯᠡᠬᠦ ᠨᠢ ᠬᠦᠮᠤᠨ᠎ᠢ ᠡᠮ᠎ᠳᠤ ᠨᠠᠢᠳᠠᠮᠠᠳᠠᠭᠠᠢ ᠪᠤᠯᠭᠠᠬᠤ ᠪᠡᠷ ᠦᠯᠤ ᠪᠠᠷᠠᠮ ᠪᠠᠰᠠ ᠠᠭᠠᠵᠢᠮ ᠵᠢᠡᠷ ᠡᠮ᠎ᠳᠤ ᠲᠠᠰᠮᠡᠭᠠᠢ ᠪᠤᠯᠭᠠᠬᠤ ᠪᠤᠯᠬᠤᠷ ᠡᠪᠡᠳᠴᠢᠳᠠᠨ ᠠᠷᠭ᠎ᠠ ᠦᠬᠡᠢ ᠤᠤᠭᠤᠬᠤ ᠡᠮ᠎ᠤᠨ ᠵᠢᠠᠨ ᠬᠡᠮᠵᠢᠶ᠎ᠠ ᠵᠢ ᠨᠡᠮᠡᠭᠳᠡᠬᠦᠯᠵᠤ᠂ ᠬᠡᠷᠡᠭᠰᠡᠵᠤ ᠪᠠᠢᠭ᠎ᠠ ᠡᠮ᠎ᠤᠨ ᠵᠢᠠᠨ ᠤᠢᠯᠠᠳᠤᠯ᠎ᠢ ᠤᠯᠳᠠᠭ᠂ ᠡᠬᠦᠨ᠎ᠤ ᠳ᠋ᠦ᠋ᠩ᠎ᠳᠤ ᠡᠮ᠎ᠳᠤ ᠤᠯᠠᠮ ᠢᠯᠡᠬᠦᠤ ᠨᠡᠢᠳᠠᠮᠠᠳᠠᠭᠠᠢ ᠪᠤᠯᠤᠨ᠎ᠠ᠃ ᠦᠬᠡᠷ᠎ᠠ ᠪᠡᠷ ᠬᠡᠯᠡᠪᠡᠯ ᠡᠮ᠎ᠤᠨ ᠰᠢᠨᠤᠯ ᠨᠢ ᠤᠯᠠᠮ ᠬᠡᠴᠡᠬᠦᠤ ᠪᠤᠯᠤᠨ᠎ᠠ᠃ ᠡᠮ ᠤᠤᠭᠤᠵᠤ ᠰᠢᠨᠤᠯ ᠲᠠᠢ ᠪᠤᠯᠪᠡᠯ ᠪᠠᠶ᠎ᠠ ᠵᠢᠨ ᠡᠷᠡᠬᠦᠯ ᠮᠠᠨᠳᠤ ᠵᠢ ᠬᠤᠬᠢᠷᠠᠭᠤᠯᠬᠤ ᠪᠦᠬᠡᠳ ᠬᠦᠨᠳᠤ ᠨᠤᠴᠢᠳᠠᠢ ᠦᠶ᠎ᠠ᠎ᠳ᠋ᠡᠬᠡᠨ ᠬᠦᠮᠤᠨ᠎ᠤ ᠤᠷᠮ᠎ᠠ ᠰᠡᠳᠬᠢᠯ᠂ ᠤᠬᠠᠮᠰᠠᠷ ᠪᠠ ᠠᠵᠢᠯᠯᠠᠭ᠎ᠠ ᠵᠢ ᠴᠤ᠌ ᠦᠬᠡᠷᠡᠴᠢᠯᠠᠨ᠂ ᠬᠦᠮᠤᠨ ᠮᠦᠰᠤ ᠵᠢ ᠬᠤᠪᠢᠷᠠᠭᠤᠯᠵᠤ᠂ ᠡᠯ᠎ᠠ ᠵᠤᠢᠯ᠎ᠤᠨ ᠤᠶᠤᠨ ᠮᠡᠳᠡᠷᠡᠯ᠎ᠤᠨ ᠰᠠᠭᠠᠳ ᠲᠠᠢ ᠪᠤᠯᠭᠠᠵᠤ᠂ ᠲᠦᠷᠬᠡᠨ ᠴᠢᠨᠠᠷᠳᠡᠢ ᠬᠤᠤᠷᠳᠠᠬᠳᠠᠬᠤ ᠴᠢᠨᠠᠭᠰᠢᠯᠠᠭᠠᠳ ᠠᠮᠢ ᠪᠡᠨ ᠠᠯᠳᠠᠬᠤ᠎ᠳᠤ ᠬᠦᠷᠤᠬᠦᠯᠵᠤ ᠮᠡᠳᠡᠨ᠎ᠠ ᠃

ᠰᠢᠨᠤᠯ ᠲᠠᠢ ᠡᠮ᠎ᠢ ᠳᠤᠷ᠎ᠠ ᠪᠡᠷ ᠬᠡᠷᠡᠭᠯᠡᠬᠦ ᠵᠢ ᠰᠡᠷᠬᠡᠢᠯᠡᠬᠦ ᠵᠢᠨ ᠲᠦᠯᠦᠬᠡ ᠮᠠᠨ᠎ᠤ ᠤᠯᠤᠰ ᠰᠢᠨᠤᠯ᠎ᠤᠨ ᠴᠢᠨᠠᠷᠳᠡᠢ ᠡᠮ᠎ᠢ ᠡᠷᠬᠡᠪᠰᠢ ᠡᠮᠴᠢ ᠵᠢᠨ ᠪᠢᠴᠢᠭᠰᠡᠡ ᠵᠤᠷ᠎ᠢ ᠵᠢᠷᠤᠮᠯᠠᠨ ᠬᠤᠳᠠᠯᠳᠤᠨ ᠠᠪᠬᠤ ᠬᠡᠷᠡᠭᠳᠡᠢ ᠬᠡᠵᠤ ᠳᠤᠭᠳᠠᠭᠠᠭᠰᠠᠠ ᠪᠠᠢᠨ᠎ᠠ᠃ ᠤᠨᠳᠠᠭᠤᠯᠬᠤ ᠡᠮ ᠪᠠ ᠡᠪᠡᠳᠬᠦ ᠵᠢ ᠵᠤᠭᠰᠤᠭᠠᠬᠤ ᠡᠮ ᠵᠡᠷᠬᠡ ᠰᠢᠨᠤᠯ᠎ᠤᠨ ᠴᠢᠨᠠᠷᠳᠡᠢ ᠡᠮ᠎ᠢ ᠵᠠᠪᠠᠯ ᠡᠮᠴᠢ ᠵᠢᠨ ᠵᠢᠯᠤᠭᠤᠳᠤᠯᠭ᠎ᠠ ᠵᠢᠨ ᠲᠠᠭᠠᠤ ᠤᠤᠭᠤᠬᠤ ᠬᠡᠷᠡᠭᠳᠡᠢ᠂ ᠶᠠᠭᠠᠬᠢᠬᠰᠠᠠ ᠴᠤ᠌ ᠦᠪᠡᠷ ᠵᠢᠠᠨ ᠳᠤᠷ᠎ᠠ ᠪᠡᠷ ᠵᠢᠠᠨ ᠤᠤᠭᠤᠵᠤ ᠪᠤᠯᠬᠤ ᠦᠬᠡᠢ᠃ ᠡᠪᠡᠳᠴᠢᠨ ᠢᠯᠡᠷᠢᠰᠢᠵᠤ ᠡᠬᠢᠯᠡᠪᠡᠯ ᠢᠳᠡᠭ ᠢᠳᠡᠭ ᠵᠢᠡᠷ ᠬᠡᠮᠵᠢᠶ᠎ᠠ ᠵᠢ ᠨᠢ ᠪᠠᠭᠠᠰᠬᠠᠨ᠎ᠠ᠃ ᠢᠯᠠᠩᠭᠤᠶ᠎ᠠ ᠤᠨᠳᠠᠭᠤᠯᠬᠤ ᠡᠮ᠎ᠢ ᠬᠠᠮᠤᠭ᠎ᠤᠨ ᠪᠠᠭ᠎ᠠ ᠬᠡᠮᠵᠢᠶ᠎ᠠ ᠪᠡᠷ ᠤᠤᠭᠤᠵᠤ᠂ ᠨᠤᠢᠷ ᠰᠠᠢᠵᠢᠷᠠᠪᠠᠯ ᠤᠤᠭᠤᠬᠤ ᠪᠡᠨ ᠪᠤᠯᠢᠬᠤ ᠬᠡᠷᠡᠭᠳᠡᠢ᠃ ᠶᠠᠮᠠᠷ ᠨᠢᠬᠡᠨ ᠡᠮ᠎ᠢ ᠤᠤᠭᠤᠭᠠᠳ ᠳᠤᠬᠢᠷᠠᠵᠤ ᠪᠠᠢᠨ᠎ᠠ ᠬᠡᠵᠤ ᠪᠤᠳᠤᠬᠤ ᠨᠢ ᠨᠢᠬᠡᠨᠳᠡ ᠰᠢᠨᠤᠯ ᠲᠠᠢ ᠪᠤᠯᠤᠭᠰᠠᠠ᠎ᠤ ᠰᠢᠯᠳᠠᠭᠠᠨ ᠴᠤ᠌ ᠪᠠᠢᠵᠤ ᠮᠡᠳᠡᠨ᠎ᠠ᠃ ᠶᠠᠮᠠᠷ ᠨᠢᠬᠡ ᠲᠦᠷᠤᠯ᠎ᠤᠨ ᠡᠮ᠎ᠳᠤ ᠵᠤᠬᠢᠬᠤ ᠬᠡᠮᠵᠢᠶ᠎ᠠ ᠪᠡᠷ ᠨᠠᠢᠳᠠᠮᠠᠳᠠᠭᠠᠢ ᠪᠤᠯᠤᠭᠰᠠᠠ ᠵᠢᠠᠨ ᠮᠡᠳᠡᠪᠡᠯ ᠴᠠᠭ ᠳᠤᠬᠠᠢ᠎ᠳᠤᠨᠢ ᠡᠮᠴᠢ ᠡᠴᠨ ᠠᠰᠠᠭᠤᠵᠤ᠂ ᠵᠢᠯᠤᠭᠤᠳᠤᠯᠭ᠎ᠠ ᠵᠢᠨ ᠬᠢᠨᠢ ᠲᠠᠭᠠᠤ ᠬᠡᠮᠵᠢᠶ᠎ᠠ ᠵᠢ ᠨᠢ ᠠᠭᠠᠵᠢᠮ ᠵᠢᠡᠷ ᠪᠠᠭᠠᠰᠬᠠᠬᠤ ᠪᠤᠶᠤ ᠠᠭᠠᠵᠢᠮ ᠵᠢᠡᠷ ᠡᠮ ᠵᠢᠠᠨ ᠰᠤᠯᠢᠬᠤ ᠬᠡᠷᠡᠭᠳᠡᠢ᠃ ᠡᠩ᠎ᠤᠨ ᠪᠠᠢᠳᠠᠯ᠎ᠳᠤ  ᠤᠨᠳᠠᠭᠤᠯᠬᠤ ᠡᠮ᠎ᠢ ᠵᠠᠯᠭᠠᠭ᠎ᠠ ᠪᠡᠷ ᠤᠤᠭᠤᠬᠤ᠎ᠳᠠᠭᠠᠨ 4 ᠰᠠᠷ᠎ᠠ ᠡᠴᠨ ᠬᠡᠳᠤᠷᠡᠬᠦᠯᠬᠦ ᠦᠬᠡᠢ ᠪᠤᠯ ᠬᠠᠮᠤᠭ᠎ᠤᠨ ᠰᠠᠢᠨ᠃ ᠵᠠᠪᠠᠯ ᠵᠠᠯᠭᠠᠨ ᠤᠤᠭᠤᠬᠤ ᠱᠠᠭᠠᠷᠳᠠᠯᠭ᠎ᠠ ᠲᠠᠢ ᠪᠤᠯ ᠡᠮᠴᠢ᠎ᠳᠤ ᠳᠤᠳᠤᠷᠬᠠᠢᠯᠠᠬᠤ ᠬᠡᠷᠡᠭᠳᠡᠢ᠃ ᠡᠮ᠎ᠤᠨ ᠰᠢᠨᠤᠯ ᠲᠠᠢ ᠪᠤᠯᠤᠭᠰᠠᠳ ᠡᠮᠴᠢ ᠵᠢᠨ ᠵᠢᠯᠤᠭᠤᠳᠤᠯᠭ᠎ᠠ ᠪᠡᠷ ᠠᠯᠢ ᠲᠦᠷᠬᠡᠨ ᠵᠢᠡᠷ ᠡᠮ ᠵᠢᠠᠨ ᠲᠠᠰᠤᠯᠬᠤ ᠬᠡᠷᠡᠭᠳᠡᠢ᠃ ᠡᠪᠡᠳᠴᠢᠳᠠᠨ ᠨᠠᠷ᠎ᠠ ᠵᠢᠭᠠᠨ ᠡᠮ ᠠᠪᠬᠤ ᠬᠡᠪᠡᠯ ᠡᠮᠴᠢ ᠰᠠᠨᠠᠭ᠎ᠠ ᠪᠡᠷ ᠨᠢ ᠦᠭᠴᠤ ᠪᠤᠯᠬᠤ ᠦᠬᠡᠢ᠃

ᠡᠮ ᠨᠢ ᠡᠪᠡᠳᠴᠢᠨ ᠵᠠᠰᠠᠬᠤ ᠡᠴᠨ ᠭᠠᠳᠠᠨ᠎ᠠ ᠪᠠᠰᠠ ᠨᠠᠵᠠᠭᠠᠢ ᠤᠢᠯᠠᠳᠤᠯ ᠲᠠᠢ ᠪᠠᠢᠳᠠᠭ᠃ ᠶᠠᠮᠠᠷ ᠴᠤ᠌ ᠡᠮ᠎ᠢ ᠴᠦᠮ ᠳᠤᠷ᠎ᠠ ᠪᠡᠷ ᠬᠡᠷᠡᠭᠯᠡᠵᠤ ᠦᠯᠤ ᠪᠤᠯᠤᠨ᠎ᠠ᠃ ᠰᠠᠨᠠᠭᠠᠨ ᠳᠤᠷ᠎ᠠ ᠪᠡᠷ ᠵᠢᠠᠨ ᠡᠮ ᠬᠡᠷᠡᠭᠯᠡᠬᠦ ᠨᠢ ᠡᠷᠡᠬᠦᠯ ᠮᠠᠨᠳᠤ ᠵᠢ ᠶᠡᠬᠡ ᠪᠡᠷ ᠬᠤᠬᠢᠷᠠᠭᠤᠯᠳᠠᠭ᠃ ᠡᠢᠮᠤ ᠡᠴᠨ ᠵᠠᠪᠠᠯ ᠰᠢᠨᠵᠢᠯᠡᠬᠦ ᠤᠬᠠᠭᠠᠨᠴᠢ ᠪᠡᠷ ᠡᠮ ᠬᠡᠷᠡᠭᠯᠡᠬᠦ ᠴᠢᠬᠤᠯᠠ ᠲᠠᠢ᠃

(《ᠡᠷᠡᠬᠦᠯ ᠮᠠᠨᠳᠤ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号