ᠢᠦᠢ ᠾᠸ ᠫᠢᠩ ᠄ ᠬᠢᠳᠠᠨ᠎ᠤᠨᠴᠠᠯᠢᠬᠲᠤ ᠬᠠᠳᠭᠤᠮᠠᠯ᠎ᠢ ᠲᠡᠯᠡᠬᠡᠢ ᠵᠢᠨ ᠲᠠᠢᠰᠠᠨ᠎ᠠ ᠭᠠᠢᠬᠠᠭᠤᠯᠤᠨ᠎ᠠ
2026-03-20 10:08:01
ᠵᠣᠬᠢᠶᠠᠭ᠍ᠴᠢ᠄
ᠬᠤᠩ ᠰᠢᠶᠠ
ᠣᠩᠱᠢᠭ᠍ᠰᠠᠨ ᠣᠳᠠᠭ᠎ᠠ᠄
★★★☆☆

●ᠬᠢᠳᠠᠨ ᠤᠨᠴᠠᠯᠢᠬᠳᠤ ᠬᠠᠳᠭᠤᠮᠠᠯ ᠎ᠢ ᠰᠦᠵᠧᠦ᠍ ᠬᠠᠳᠭᠤᠮᠠᠯ ᠪᠣᠯᠤᠨ ᠮᠣᠩᠭᠣᠯ ᠦᠨᠳᠦᠰᠦᠳᠡᠨ᠎ᠤ ᠬᠠᠳᠭᠤᠮᠠᠯ᠎ᠤᠨ ᠣᠨᠴᠠᠯᠢᠭ ᠲᠠᠢ ᠠᠭᠤᠰᠤᠯᠴᠠᠭᠤᠯᠵᠤ᠂ ᠮᠢᠩᠭᠠᠨ ᠣᠨ᠎ᠤ ᠣᠷᠳᠣᠨ᠎ᠤ ᠬᠠᠳᠭᠤᠮᠠᠯ ᠎ᠢ  ᠤᠳᠤ  ᠦᠶ᠎ᠡ᠎ᠶ᠋ᠢᠨ ᠠᠮᠢᠵᠢᠷᠠᠯ᠎ᠤᠨ ᠬᠦᠴᠦᠨ᠎ᠲᠡᠶ  ᠪᠣᠯᠭᠠᠵᠠᠢ

●《ᠺᠣᠮᠫᠠᠨᠢ + ᠪᠣᠯᠪᠠᠰᠤᠷᠠᠯ᠎ᠤᠨ ᠰᠠᠭᠤᠷᠢᠨ +  ᠲᠠᠷᠢᠶᠠᠴᠢᠨ ᠡᠷᠦᠬᠡ》  ᠶ᠋ᠢᠨ ᠵᠠᠭ᠍ᠪᠤᠷ᠎ᠢ ᠰᠦᠪᠡᠭ᠌ᠴᠢᠯᠡᠵᠦ᠍᠂ 500 ᠭᠠᠷᠤᠶ ᠬᠠᠳᠭᠤᠮᠠᠯᠴᠢᠨ ᠪᠦᠰᠡᠭᠦᠶ᠎ᠶ᠋ᠢᠨ ᠬᠡᠷ᠎ᠲᠡᠬᠡᠨ ᠠᠮᠢᠳᠤᠯᠢᠭ᠎ᠢᠶᠠᠷ ᠠᠵᠢᠯ ᠤᠯᠬᠤ᠎ᠶ᠋ᠢ ᠲᠠᠢᠴᠢᠯᠠᠵᠠᠢ

●ᠬᠢᠳᠠᠨ᠎ᠤᠨᠴᠠᠯᠢᠬᠲᠤ ᠬᠠᠳᠭᠤᠮᠠᠯ ᠤ᠋ᠨ ᠲᠠᠸᠠᠷ ᠨᠢ ᠥᠪᠥᠷ ᠮᠣᠩᠭᠣᠯ᠎ᠤᠨ ᠠᠯᠪᠠᠨ᠎ᠤ ᠪᠡᠯᠡᠭ᠎ᠡᠴᠡ  ᠭᠠᠳᠠᠭᠠᠲᠤ ᠶᠠᠪᠤᠳᠠᠯ᠎ᠤᠨ ᠶᠠᠮᠤᠨ᠎ᠤ ᠤᠯᠤᠰ᠎ᠤᠨ ᠪᠡᠯᠡᠭ ᠎ᠪᠤᠯᠵᠠᠢ  


《ᠬᠢᠳᠠᠨ᠎ᠤᠨᠴᠠᠯᠢᠬᠲᠤ ᠬᠠᠳᠭᠤᠮᠠᠯ ᠪᠣᠯ ᠥᠪᠥᠷ ᠮᠣᠩᠭᠣᠯ᠎ᠤᠨ ᠭᠠᠵᠠᠷ ᠤᠷᠤᠨ᠎ᠤ ᠣᠨᠴᠠᠯᠢᠭᠳᠤ ᠬᠠᠳᠬᠤᠮᠠᠯ ᠪᠣᠯᠤᠨ᠎ᠠ᠂ ᠬᠢᠳᠠᠨ᠎ᠤᠨᠴᠠᠯᠢᠬᠲᠤ ᠬᠠᠳᠭᠤᠮᠠᠯ᠎ᠢ ᠲᠡᠯᠭᠡᠷᠡᠬᠦᠯᠦᠨ ᠬᠦᠭᠵᠢᠬᠦᠯᠬᠦ᠌ ᠭᠡᠪᠡᠯ ᠲᠡᠭᠦᠨ᠎ᠢ ᠠᠵᠤ ᠦᠢᠯᠡᠰᠵᠢᠭᠦᠯᠵᠦ ᠤᠯᠤᠰ᠎ᠤᠨ ᠲᠤᠳᠤᠭᠠᠳᠤ ᠭᠠᠳᠠᠭᠠᠳᠤ ᠵᠢᠨ ᠵᠠᠬ᠎ᠠ  ᠲᠡᠯᠭᠡᠬᠦᠷ ᠲᠸ᠋ ᠭᠠᠷᠭᠠᠵᠦ᠂ ᠨᠡᠩ ᠤᠯᠠᠨ ᠬᠥᠮᠦᠨ᠎ᠳᠦ ᠤᠢ᠍ᠢᠯᠠᠭᠠᠭᠤᠯᠬᠤ ᠴᠢᠬᠤᠯᠠ ᠲᠠᠢ 》 ᠬᠡᠵᠦ ᠡᠶᠡᠯᠳᠡᠭ ᠲᠤᠳᠤᠨᠤ ᠢᠤᠢ ᠾᠸ ᠫᠢᠩ ᠵᠤᠭᠤᠭ᠎ᠤᠨ ᠰᠡᠵᠢᠬᠦᠷ ᠦᠯᠡᠳᠡᠭᠡᠯ᠎ᠡ᠃


QQ20260320-100616.png


ᠢᠤᠢ ᠾᠸ ᠫᠢᠩ ᠭᠠᠳᠠᠭᠠᠳᠤ ᠵᠢᠨ ᠬᠡᠦᠬᠡᠳ᠎ᠦᠳ᠎ᠲᠦ ᠬᠠᠳᠬᠤᠮᠠᠯ᠎ᠦᠨ ᠭᠠᠷ ᠤᠷᠠᠯᠠᠯ᠎ᠢᠶᠡᠨ ᠵᠢᠭᠠᠵᠦ ᠪᠠᠢᠭ᠎ᠠ ᠨᠢ


3 ᠰᠠᠷ᠎ᠠ ᠵᠢᠨ 10 ᠎ᠤ᠋ ᠡᠳᠦᠷ ᠮᠠᠨ᠎ᠤ ᠰᠤᠷᠪᠤᠯᠵᠢᠯᠠᠬᠤ ᠪᠦᠯᠬᠦᠮ᠎ᠤᠨ ᠬᠢᠨ ᠤᠯᠠᠭᠠᠨᠬᠠᠳᠠ ᠬᠤᠳᠠ ᠵᠢᠨ ᠨᠢᠩᠴᠸᠩ ᠰᠢᠶᠠᠨ᠎ᠤ ᠢᠤᠢ ᠰᠢᠦ ᠰᠢᠤᠸᠠᠨ ᠭᠠᠷ ᠤᠷᠠᠯᠠᠯ᠎ᠤᠨ ᠦᠢᠯᠡᠳᠭᠡᠯ᠎ᠤᠨ ᠭᠠᠵᠠᠷ  ᠲᠸ᠋ ᠬᠦᠷᠴᠦ ᠢᠷᠡᠯ᠎ᠡ᠃ ᠢᠤᠢ ᠰᠢᠦ ᠰᠢᠤᠸᠠᠨ ᠭᠠᠷ ᠤᠷᠠᠯᠠᠯ᠎ᠤᠨ ᠦᠢᠯᠡᠳᠭᠡᠯ᠎ᠤᠨ ᠬᠢᠵᠠᠭᠠᠷᠲᠤ ᠺᠤᠮᠫᠠᠨᠢ ᠵᠢᠨ ᠬᠠᠷᠢᠭᠤᠴᠠᠯᠭᠠᠲᠠᠨ ᠢᠤᠢ ᠾᠸ ᠫᠢᠩ᠎ᠤ᠋ᠨ ᠲᠠᠭᠠᠭᠤᠯᠭ᠎ᠠ ᠪᠡᠷ ᠪᠢᠳᠡ  ᠬᠢᠳᠠᠨ᠎ᠤᠨᠴᠠᠯᠢᠬᠲᠤ ᠬᠠᠳᠭᠤᠮᠠᠯ᠎ᠤᠨ ᠦᠢᠯᠡᠳᠭᠡᠯ᠎ᠤᠨ ᠭᠠᠵᠠᠷ ᠲᠸ᠋ ᠠᠯᠬᠤᠨ ᠤᠷᠤᠬᠤᠶ᠎ᠠ᠂ ᠦᠩᠭᠡ ᠪᠤᠳᠤᠬ ᠢᠯᠭᠠᠷᠠᠬᠰᠠᠨ ᠬᠡᠬᠡᠨᠴᠢᠷ ᠨᠠᠷᠢᠯᠢᠭ ᠬᠠᠳᠭᠤᠮᠠᠯ᠎ᠤᠨ ᠪᠦᠲᠦᠭᠡᠯ᠎ᠤᠳ ᠬᠠᠷᠠᠭ᠎ᠠ ᠵᠢ ᠪᠠᠶᠠᠰᠬᠠᠨ᠂ ᠡᠳᠡᠭᠡᠷ᠎ᠢ  ᠨᠢᠭᠡ ᠱᠢᠷᠬᠡᠭ ᠨᠢᠭᠡ ᠤᠲᠠᠰᠤ᠎ᠪᠠᠷ ᠰᠢᠪᠡᠵᠦ ᠭᠠᠷᠭᠠᠬᠰᠠᠨ ᠬᠡᠳᠡᠭ᠎ᠢ ᠦᠨᠡᠭᠡᠷ ᠢᠲᠡᠭᠡᠬᠦᠶ᠎ᠡ ᠪᠡᠷᠬᠡ᠃ ᠬᠡᠳᠦᠨ ᠬᠠᠳᠬᠤᠮᠠᠯᠴᠢᠨ ᠦᠢᠯᠡᠳᠭᠡᠯ᠎ᠤᠨ ᠭᠠᠵᠠᠷ ᠲᠸ᠋ ᠪᠦᠬᠦ ᠠᠩᠬᠠᠷᠤᠯ ᠵᠢᠡᠨ ᠲᠦᠪᠯᠡᠷᠡᠭᠦᠯᠦᠨ ᠤᠷᠠᠨ ᠪᠦᠲᠦᠭᠡᠯ ᠰᠢᠪᠡᠵᠦ ᠰᠤᠷᠤᠨ᠎ᠠ᠃《ᠬᠢᠳᠠᠨ᠎ᠤᠨᠴᠠᠯᠢᠬᠲᠤ ᠬᠠᠳᠭᠤᠮᠠᠯ ᠨᠢ ᠤᠮᠠᠷᠠᠲᠤ᠎ᠤᠷᠤᠨ᠎ᠤ ᠬᠠᠳᠭᠤᠮᠠᠯ ᠪᠣᠯᠤᠭ᠍ᠰᠠᠨ᠎ᠤ ᠬᠤᠪᠢ᠎ᠳᠤ᠂ ᠤᠮᠠᠷᠠᠲᠤ᠎ᠶ᠋ᠢᠨ ᠦᠨᠳᠦᠰᠦᠲᠡᠨ᠎ᠦ ᠰᠢᠪᠡᠵᠦ ᠬᠠᠳᠬᠤᠬᠤ ᠠᠷᠭ᠎ᠠ ᠪᠠᠷᠢᠯ᠎ᠢ ᠠᠰᠢᠭᠯᠠᠭᠰᠠᠨ ᠮᠦᠷᠳᠡᠭᠡᠨ ᠪᠠᠰᠠ ᠡᠷᠳᠡᠨ᠎ᠤ ᠰᠤᠩᠭᠤᠳᠠᠭ ᠬᠠᠳᠬᠤᠮᠠᠯ᠎ᠤᠨ ᠨᠠᠷᠢᠨ ᠰᠢᠷᠢᠨ ᠵᠦᠢᠯᠡᠰ᠎ᠢ ᠤᠶᠠᠯᠳᠤᠭᠤᠯᠤᠭᠰᠠᠨ ᠵᠢᠡᠷ  ᠨᠠᠷᠢᠯᠢᠭ ᠭᠡᠭᠡᠨᠴᠢᠷ ᠬᠡᠪ ᠨᠠᠮᠪᠠ ᠲᠠᠢ ᠪᠤᠯᠵᠤ ᠴᠢᠳᠠᠵᠠᠢ》 ᠭᠡᠵᠦ  ᠢᠤᠢ ᠾᠸ ᠫᠢᠩ ᠰᠤᠷᠪᠤᠯᠵᠢᠯᠠᠬᠴᠢᠳ ᠲᠸ᠋ ᠲᠠᠨᠢᠯᠴᠠᠭᠤᠯᠤᠯ᠎ᠠ᠃

ᠬᠢᠳᠠᠨ ᠤᠨᠴᠠᠯᠢᠬᠲᠤ ᠬᠠᠳᠭᠤᠮᠠᠯ ᠪᠤᠯ ᠤᠮᠠᠷᠠᠲᠤ ᠯᠢᠶᠣᠤ ᠤᠯᠤᠰ᠎ᠤᠨ ᠸᠠᠩᠲᠤ ᠲᠥᠷᠥ᠎ᠶ᠋ᠢᠨ ᠬᠢᠳᠠᠨ ᠬᠠᠭᠠᠨ᠎ᠤ ᠣᠷᠳᠣᠨ᠎ᠤ ᠬᠠᠳᠭᠤᠮᠠᠯ ᠪᠤᠯᠤᠨ᠎ᠠ᠂ ᠣᠳᠣ᠎ᠠᠴᠠ 1000 ᠭᠠᠷᠤᠶ ᠵᠢᠯ᠎ᠦᠨ ᠲᠡᠦᠬᠡ᠎ᠲᠡᠶ᠃ ᠯᠢᠶᠣᠤ ᠤᠯᠤᠰ᠎ᠤᠨ ᠦᠶ᠎ᠡ᠎ᠡᠴᠡ ᠡᠬᠢᠯᠡᠨ ᠶᠡᠬᠡ᠎ᠪᠡᠷ ᠬᠦᠭᠵᠢᠨ ᠮᠠᠨᠳᠤᠵᠠᠶ᠃ ᠬᠠᠳᠭᠤᠮᠠᠯ᠎ᠢ ᠣᠯᠠᠩᠬᠢ᠎ᠳᠠᠭᠠᠨ ᠣᠷᠳᠣᠨ᠎ᠤ ᠬᠤᠪᠴᠠᠰᠤ ᠵᠠᠰᠠᠯ᠂ ᠵᠠᠰᠠᠯ  ᠴᠢᠮᠡᠭ᠌ᠯᠡᠯ ᠵᠡᠷᠭᠡ᠎ᠳᠦ ᠬᠡᠷᠡᠭ᠌ᠯᠡᠵᠦ᠍᠂ ᠮᠠᠲ᠋ᠧᠷᠢᠶᠠᠯ ᠨᠢ ᠰᠠᠢᠨ᠂ ᠮᠡᠷᠭᠡᠵᠢᠯ ᠨᠢ ᠨᠠᠷᠢᠯᠢᠭ᠂ ᠦᠩᠭᠡ ᠪᠤᠳᠤᠬ ᠨᠢ ᠡᠷᠬᠢᠮᠰᠦᠭ ᠭᠤᠸ᠎ᠠ ᠪᠠᠢᠳᠠᠭ᠃ ᠡᠨᠡ ᠬᠦ᠌ ᠭᠣᠢᠳᠠ ᠰᠠᠢᠬᠠᠨ ᠦᠨᠳᠦᠰᠦᠲᠡᠨ᠎ᠦ ᠤᠷ᠎ᠠ   ᠮᠡᠷᠭᠡᠵᠢᠯ  ᠨᠢ   ᠦᠶ᠎ᠡ ᠵᠢᠨ ᠦᠶ᠎ᠡ ᠪᠡᠷ ᠤᠯᠠᠮᠵᠢᠯᠠᠬᠤ ᠬᠡᠯᠪᠡᠷᠢ ᠪᠡᠷ ᠥᠨᠢ ᠤᠳᠠᠭᠠᠨ ᠲᠡᠦᠬᠡ᠎ᠲᠡᠶ ᠯᠢᠶᠤᠤ ᠤᠯᠤᠰ᠎ᠤᠨ ᠲᠤᠮᠳᠠ ᠨᠡᠢᠰᠯᠡᠯ᠂ ᠤᠳᠤ ᠵᠢᠨ ᠨᠢᠩᠴᠸᠩ ᠰᠢᠶᠠᠨ  ᠳ᠋ᠦ  ᠡᠳᠦᠭᠡ  ᠪᠣᠯᠲᠠᠯ᠎ᠠ  ᠤᠯᠠᠮᠵᠢᠯᠠᠭ᠍ᠳᠠᠭ᠍ᠰᠠᠭᠠᠷ ᠶᠤᠮ᠃

ᠢᠦᠢ ᠾᠸ ᠫᠢᠩ ᠎ᠤ᠋ᠨ ᠬᠢᠳᠠᠨ ᠤᠨᠴᠠᠯᠢᠬᠲᠤ ᠬᠠᠳᠭᠤᠮᠠᠯ᠎ᠯᠤᠭ᠎ᠠ ᠵᠢᠨ ᠪᠠᠷᠢᠯᠳᠤᠯᠭ᠎ᠠ᠎ᠶ᠋ᠢ ᠶᠠᠷᠢᠬᠤ᠎ᠳᠤ᠂ ᠲᠡᠭᠦᠨ᠎ᠦ ᠡᠮᠡᠭᠡ ᠡᠵᠢ ᠪᠣᠯᠤᠨ ᠡᠵᠢ ᠨᠢ ᠪᠦᠷ ᠳᠡᠭᠡᠷ᠎ᠡ ᠵᠠᠭᠤᠨ᠎ᠤ ᠠᠯᠳᠠᠷᠲᠤ ᠬᠠᠳᠭᠤᠮᠠᠯᠴᠢᠨ ᠪᠠᠢᠵᠤ᠂  ᠳᠡᠷ᠎ᠡ᠎ᠶ᠋ᠢᠨ ᠠᠯᠴᠢᠭᠤᠷ᠂ ᠬᠥᠨᠵᠢᠯᠡ᠎ᠶ᠋ᠢᠨ ᠭᠠᠳᠠᠷ ᠂ ᠮᠠᠨᠵᠤ ᠲᠡᠷᠯᠢᠭ ᠵᠡᠷᠭᠡ᠎ᠶ᠋ᠢ  ᠦᠷᠬᠦᠯᠵᠢ ᠣᠶᠣᠵᠤ ᠬᠠᠳᠬᠤᠳᠠᠬ ᠪᠠᠢᠵᠠᠢ᠃ ᠡᠨᠡ᠎ᠬᠦ ᠨᠦᠯᠦᠭᠡ ᠪᠡᠷ ᠢᠦᠢ ᠾᠸ ᠫᠢᠩ  ᠤᠷᠠᠨ ᠬᠠᠳᠬᠤᠮᠠᠯ ᠳ᠋ᠦ ᠠᠷᠭ᠎ᠠ ᠦᠭᠡᠢ  ᠲᠤᠷ᠎ᠠ  ᠪᠠᠬ᠎ᠠ ᠲᠠᠢ  ᠪᠤᠯᠵᠠᠢ᠃

1996 ᠣᠨ᠎ᠳᠤ᠂ ᠲᠡᠷᠡ ᠨᠡᠭᠡᠮᠡᠯ᠎ᠤᠨ ᠦᠢᠯᠡᠳᠪᠦᠷᠢ ᠵᠢᠨ ᠠᠵᠢᠯ ᠵᠢᠡᠨ ᠬᠠᠶᠠᠵᠤ᠂ ᠦᠢᠯᠡᠰ ᠪᠤᠰᠬᠠᠬᠤ ᠠᠶᠠᠨ ᠵᠢᠡᠨ ᠡᠬᠢᠯᠡᠭᠦᠯᠵᠡᠢ᠃ ᠠᠵᠢᠯ ᠠᠯᠳᠠᠬᠰᠠᠳ ᠲᠸ᠋ ᠬᠠᠳᠬᠤᠮᠠᠯ᠎ᠤᠨ ᠤᠷ᠎ᠠ ᠮᠡᠷᠭᠡᠵᠢᠯ ᠵᠢᠭᠠᠬᠤ ᠡᠴᠡ ᠪᠣᠯᠪᠠᠰᠤᠷᠠᠯ᠎ᠤᠨ ᠪᠠᠢᠭᠤᠯᠤᠮᠵᠢ ᠡᠷᠭᠢᠯᠡᠬᠦ ᠪᠤᠯᠵᠤ᠂ ᠲᠠᠬᠢᠭᠠᠳ ᠭᠠᠷ ᠤᠷᠠᠯᠠᠯ᠎ᠤᠨ ᠦᠢᠯᠡᠳᠭᠡᠯ᠎ᠤᠨ ᠺᠣᠮᠫᠠᠨᠢ ᠪᠠᠢᠭᠤᠯᠵᠤ᠂ ᠢᠦᠢ ᠡᡁᠸ ᠫᠢᠩ  ᠬᠢᠳᠠᠨ᠎ᠤᠨᠴᠠᠯᠢᠬᠲᠤ ᠬᠠᠳᠭᠤᠮᠠᠯ᠎ᠤᠨ  ᠲᠥᠯᠥᠭᠡ ᠭᠤᠴᠢᠭᠠᠳ ᠵᠢᠯ ᠵᠢᠷᠦᠭᠡᠨ ᠲᠠᠮᠢᠷ ᠵᠢᠡᠨ ᠰᠢᠪᠬᠠᠵᠤ ᠶᠠᠪᠤᠵᠠᠢ᠃

ᠦᠢᠯᠡᠰ ᠪᠤᠰᠭᠠᠬᠤ ᠠᠶᠠᠨ ᠵᠠᠮ ᠳ᠋ᠤ  ᠲᠡᠷᠡ ᠬᠢᠳᠠᠨ᠎ᠤᠨᠴᠠᠯᠢᠬᠲᠤ ᠬᠠᠳᠭᠤᠮᠠᠯ᠎ᠤᠨ ᠤᠯᠠᠮᠵᠢᠯᠠᠯᠲᠤ ᠤᠷ᠎ᠠ ᠮᠡᠷᠭᠡᠵᠢᠯ᠎ᠢ ᠨᠢᠭᠡ ᠰᠡᠳᠭᠢᠯ᠎ᠢᠶᠡᠷ ᠰᠤᠳᠤᠯᠵᠤ᠂ ᠰᠦᠵᠧᠦ᠍ ᠬᠠᠳᠭᠤᠮᠠᠯ᠎ᠤᠨ ᠤᠬᠢ ᠱᠦᠯᠳᠦ ᠪᠣᠯᠤᠨ ᠮᠣᠩᠭᠣᠯ ᠦᠨᠳᠦᠰᠦᠲᠡᠨ᠎ᠦ ᠬᠠᠳᠭᠤᠮᠠᠯ᠎ᠤᠨ ᠣᠨᠴᠠᠯᠢᠭ᠎ᠢ ᠠᠭᠤᠰᠤᠯᠴᠠᠭᠤᠯᠵᠤ᠂ ᠠᠯᠳᠠᠨ ᠬᠠᠳᠭᠤᠮᠠᠯ ᠬᠠᠳᠠᠬᠤ᠂ ᠲᠤᠪᠴᠢ ᠵᠠᠩᠬᠢᠳᠬᠤ᠂ ᠬᠠᠳᠭᠤᠮᠠᠯ ᠬᠠᠳᠭᠤᠬᠤ ᠵᠡᠷᠭᠡ 50 ᠭᠠᠷᠤᠢ ᠵᠦᠢᠯ᠎ᠦᠨ ᠥᠪᠡᠷᠮᠢᠴᠡ ᠬᠠᠳᠭᠤᠮᠠᠯ᠎ᠢ ᠱᠢᠨ᠎ᠡ᠎ᠪᠡᠷ ᠰᠤᠳᠤᠯᠤᠨ ᠨᠡᠭᠡᠭᠡᠵᠦ᠍᠂ ᠮᠢᠩᠭᠠᠨ ᠣᠨ᠎ᠤ ᠣᠷᠳᠣᠨ᠎ᠤ ᠬᠠᠳᠭᠤᠮᠠᠯ᠎ᠤᠨ ᠤᠷᠠᠯᠢᠭ᠎ᠢ ᠤᠳᠤ ᠦᠶ᠎ᠡ᠎ᠶ᠋ᠢᠨ ᠠᠮᠢᠵᠢᠷᠠᠯ᠎ᠤᠨ ᠬᠦᠴᠦᠨ᠎ᠲᠡᠶ ᠪᠣᠯᠭᠠᠪᠠ᠃  ᠲᠡᠷᠡ ᠮᠦᠷᠳᠡᠭᠡᠨ ᠴᠠᠬ ᠦᠶ᠎ᠡ ᠵᠢᠨ ᠤᠷᠤᠰᠬᠠᠯ ᠳ᠋ᠦ ᠵᠤᠬᠢᠴᠠᠭᠤᠯᠤᠨ ᠪᠦᠯᠬᠦᠮ᠎ᠢᠶᠡᠨ ᠳᠠᠭᠠᠭᠤᠯᠤᠨ᠂ ᠬᠤᠪᠴᠠᠰᠤ ᠵᠠᠰᠠᠯ᠂ ᠰᠣᠶᠣᠯ᠎ᠤᠨ ᠪᠦᠲᠦᠭᠡᠯᠴᠢ ᠦᠢᠯᠡᠳᠬᠦᠨ᠂ ᠭᠠᠷ ᠤᠷᠠᠯᠠᠯ᠎ᠤᠨ ᠪᠦᠲᠦᠭᠡᠭ᠌ᠳᠡᠬᠦᠨ ᠵᠡᠷᠭᠡ ᠱᠢᠷᠢᠰ ᠬᠠᠳᠭᠤᠮᠠᠯ᠎ᠤᠨ ᠰᠢᠨ᠎ᠡ ᠪᠦᠲᠦᠭᠡᠭ᠌ᠳᠡᠬᠦᠨ᠎ᠢ ᠲᠠᠰᠤᠷᠠᠯᠲᠠ ᠦᠭᠡᠢ ᠰᠤᠳᠤᠯᠤᠨ ᠭᠠᠷᠭᠠᠵᠤ᠂ ᠪᠦᠲᠦᠭᠡᠯ᠎ᠨᠢ ᠤᠷᠢᠳ ᠬᠣᠵᠢᠳ ᠲᠡᠯᠡᠬᠡᠢ ᠵᠢᠨ᠂ ᠤᠯᠤᠰ᠎ᠤᠨ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠱᠠᠩᠨᠠᠯ᠎ᠢ 200 ᠭᠠᠷᠤᠶ ᠤᠳᠠᠭ᠎ᠠ ᠭᠥᠷᠳᠡᠵᠦ᠍᠂ 《ᠲᠣᠷᠭᠠᠨ ᠵᠠᠮ》᠂ 《ᠬᠠᠩᠰᠢ᠎ᠶ᠋ᠢᠨ ᠡᠳᠦᠷ ᠭᠤᠤᠯ᠎ᠳ᠋ᠤᠷ ᠲᠤᠭᠤᠷᠢᠬᠰᠠᠨ ᠵᠢᠷᠤᠭ》 ᠵᠡᠷᠭᠡ ᠲᠥᠯᠥᠭᠡᠯᠡᠭ᠌ᠴᠢ ᠪᠦᠲᠦᠭᠡᠯ ᠨᠢ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠰᠣᠶᠣᠯ᠎ᠤᠨ ᠠᠵᠤ ᠦᠶ᠋ᠯᠡᠰ᠎ᠦᠨ ᠦᠵᠡᠰᠭᠦᠯᠡᠩ᠎ᠦᠨ ᠴᠤᠭ᠍ᠯᠠᠭᠠᠨ᠎ᠳᠤ ᠳᠡᠯᠭᠡᠭᠳᠡᠵᠦ᠂ ᠬᠢᠳᠠᠨ᠎ᠤᠨᠴᠠᠯᠢᠬᠲᠤ ᠬᠠᠳᠭᠤᠮᠠᠯ᠎ᠢ  ᠥᠪᠥᠷ  ᠮᠣᠩᠭᠣᠯ᠎ᠡᠴᠠ ᠳᠡᠯᠡᠬᠡᠶ  ᠵᠢᠨ  ᠲᠠᠪᠴᠠᠩ  ᠳ᠋ᠦ ᠭᠠᠢᠬᠠᠭᠤᠯᠬᠤ ᠪᠤᠯᠪᠠ᠃

ᠬᠦᠮᠦᠨ᠎ᠤ ᠰᠠᠢᠬᠠᠨ ᠬᠦᠰᠡᠯ ᠳ᠋ᠡᠭᠡᠨ᠂ ᠬᠦᠰᠡᠯ᠎ᠤᠨ ᠰᠠᠢᠬᠠᠨ ᠢᠳᠡᠭᠡᠯ ᠳ᠋ᠡᠭᠡᠨ ᠬᠡᠳᠡᠭᠴᠢᠯᠡᠨ ᠢᠤᠢ ᠾᠸ ᠫᠢᠩ ᠢᠳᠡᠭᠡᠯ  ᠲᠡᠬᠦᠯᠳᠡᠷ  ᠵᠢᠡᠷ  ᠦᠶ᠋ᠯᠡᠰ  ᠪᠤᠰᠬᠠᠵᠤ  ᠶᠠᠪᠤᠬᠤ ᠳ᠋ᠠᠭᠠᠨ  ᠨᠢᠭᠡ  ᠲᠠᠯ᠎ᠠ ᠪᠡᠷ  ᠨᠤᠲᠤᠬ᠎ᠤᠨ ᠵᠢᠡᠨ ᠡᠮᠡᠭ᠌ᠲᠡᠢᠴᠦᠳ ᠲᠸ᠋ ᠠᠵᠢᠯ ᠤᠯᠭᠤᠵᠤ᠂ ᠨᠦᠭᠦᠭᠡ   ᠲᠠᠯ᠎ᠠ ᠪᠡᠷ   ᠤᠷ᠎ᠠ  ᠮᠡᠷᠭᠡᠵᠢᠯ ᠵᠢᠡᠨ ᠤᠯᠠᠮᠵᠢᠯᠠᠬᠤ ᠵᠢ ᠪᠠᠷᠢᠮᠳᠠᠯᠠᠭᠰᠠᠭᠠᠷ ᠪᠠᠢᠯ᠎ᠠ᠃ ᠲᠡᠷᠡ 《ᠺᠣᠮᠫᠠᠨᠢ + ᠪᠣᠯᠪᠠᠰᠤᠷᠠᠯ᠎ᠤᠨ ᠰᠠᠭᠤᠷᠢᠨ + ᠲᠠᠷᠢᠶᠠᠴᠢᠨ ᠡᠷᠦᠬᠡ 》 ᠶ᠋ᠢᠨ ᠵᠠᠭ᠍ᠪᠤᠷ᠎ᠢ ᠰᠦᠪᠡᠭ᠌ᠴᠢᠯᠡᠵᠦ᠍᠂ ᠪᠦᠰᠡᠬᠦᠢᠴᠤᠳ᠎ᠢ ᠬᠠᠪᠰᠤᠷᠤᠨ ᠲᠡᠳᠬᠦᠬᠦ᠌ ᠦᠶ᠋ᠯᠡᠳᠪᠦᠷᠢ᠎ᠶ᠋ᠢᠨ ᠲᠠᠰᠤᠭ᠂ ᠤᠷᠠᠨ ᠪᠦᠰᠡᠭᠦᠢ ᠵᠢᠨ ᠪᠣᠯᠪᠠᠰᠤᠷᠠᠯ᠎ᠤᠨ ᠵᠢᠱ᠌ᠢᠶ᠎ᠡ ᠦᠵᠡᠭᠦᠯᠬᠦ᠌ ᠰᠠᠭᠤᠷᠢᠨ᠎ᠢ ᠪᠠᠢᠭᠤᠯᠵᠤ᠂ ᠦᠨ᠎ᠡ  ᠲᠦᠯᠦᠪᠦᠷᠢ  ᠥᠬᠡᠶ  ᠤᠷ᠎ᠠ ᠮᠡᠷᠭᠡᠵᠢᠯ᠎ᠦᠨ ᠪᠣᠯᠪᠠᠰᠤᠷᠠᠯ᠎ᠤᠨ ᠠᠩᠭᠢ ᠨᠡᠭᠡᠭᠡᠵᠦ᠍᠂ ᠵᠢᠯ ᠳᠤᠮᠳᠠᠴᠢ᠎ᠪᠠᠷ 150 ᠭᠠᠷᠤᠶ ᠪᠦᠰᠡᠬᠦᠢᠴᠤᠳ ᠲᠸ᠋ ᠪᠤᠯᠪᠠᠰᠤᠷᠠᠯ ᠬᠦᠷᠳᠡᠭᠡᠵᠦ᠂ ᠨᠡᠢᠲᠡ 13 ᠲᠦᠮᠡᠨ ᠬᠥᠮᠦᠨ ᠤᠳᠠᠭ᠎ᠠ ᠳ᠋ᠤ ᠠᠰᠢᠭ ᠬᠦᠷᠳᠡᠭᠡᠨ᠂ 500 ᠭᠠᠷᠤᠶ ᠬᠠᠳᠭᠤᠮᠠᠯᠴᠢᠨ ᠪᠦᠰᠡᠭᠦᠶ᠎ᠶ᠋ᠢᠨ ᠬᠡᠷ᠎ᠲᠡᠬᠡᠨ ᠠᠮᠢᠳᠤᠯᠢᠭ ᠎ᠢᠶᠠᠷ  ᠠᠵᠢᠯ ᠤᠯᠬᠤ᠎ᠶ᠋ᠢ ᠳᠠᠢᠴᠢᠯᠠᠵᠤ᠂ ᠬᠥᠳᠡᠭᠡ ᠲᠣᠰᠭᠣᠨ᠎ᠤ ᠪᠦᠰᠡᠬᠦᠢᠴᠤᠳ᠂  ᠬᠡᠷ᠎ᠲᠡᠬᠡᠨ ᠬᠣᠴᠣᠷᠤᠭ᠍ᠰᠠᠨ ᠪᠦᠰᠡᠬᠦᠢᠴᠤᠳ᠂ ᠵᠡᠮᠳᠡᠭ᠌ ᠪᠦᠰᠡᠬᠦᠢᠴᠤᠳ ᠎ᠦᠨ ᠤᠷ᠎ᠠ ᠮᠡᠷᠭᠡᠵᠢᠯ᠎ᠳᠦ ᠪᠡᠨ ᠲᠦᠱᠢᠭ᠌ᠯᠡᠨ ᠣᠷᠣᠯᠭ᠎ᠠ ᠎ᠪᠠᠨ  ᠨᠡᠮᠡᠭ᠌ᠳᠡᠭᠦᠯᠵᠦ  ᠪᠠᠶᠠᠵᠢᠬᠤ ᠶ᠋ᠢ  ᠠᠬᠢᠭᠤᠯᠵᠠᠢ᠃

《 ᠮᠢᠨᠦ ᠨᠢᠭᠡ ᠰᠠᠢᠨ ᠡᠭᠡᠴᠢ ᠲᠡᠭᠦᠦ ᠡᠨᠳᠡ ᠡᠴᠡ ᠤᠷᠠᠨ ᠬᠠᠳᠬᠤᠮᠠᠯ ᠰᠤᠷᠴᠠᠢ᠂ ᠲᠡᠭᠦᠨ᠎ᠤ  ᠪᠦᠲᠦᠭᠡᠯ᠎ᠢ ᠦᠵᠡᠭᠡᠳ ᠪᠢ ᠪᠠᠰᠠ ᠰᠤᠷᠬᠤ ᠪᠡᠷ  ᠢᠷᠡᠭᠰᠡᠨ ᠶᠤᠮ᠃ ᠨᠠᠳᠠ ᠳ᠋ᠦ ᠠᠪᠴᠤ  ᠬᠡᠯᠡᠪᠡᠯ  ᠤᠷᠤᠯᠭ᠎ᠠ ᠤᠯᠬᠤ ᠨᠢ ᠭᠤᠤᠯ ᠪᠢᠰᠢ᠂ ᠬᠠᠷᠢᠨ ᠨᠢᠭᠡ ᠵᠦᠢᠯ᠎ᠤᠨ ᠤᠷ᠎ᠠ   ᠮᠡᠷᠭᠡᠵᠢᠯ  ᠡᠵᠡᠮᠰᠢᠵᠦ ᠠᠮᠢᠳᠤᠷᠠᠬᠤᠢ ᠵᠢᠨ ᠦᠨ᠎ᠡ ᠦᠷᠳᠡᠭ ᠵᠢᠡᠨ ᠪᠡᠶᠡᠯᠡᠭᠦᠯᠬᠦ ᠨᠢ ᠭᠤᠤᠯ ᠵᠤᠷᠢᠯᠭ᠎ᠠ ᠪᠤᠯᠤᠨ᠎ᠠ》 ᠬᠡᠵᠦ ᠠᠵᠢᠯ ᠡᠴᠡ ᠪᠡᠨ ᠠᠮᠠᠷᠠᠬᠰᠠᠨ ᠠᠵᠢᠯᠳᠠᠨ ᠷᠤᠸᠠᠨ ᠠᠨᠢᠶ᠎ᠠ ᠪᠠᠶᠠᠷᠳᠠᠢᠬᠠᠨ ᠶᠠᠷᠢᠨ᠎ᠠ᠃

ᠠᠮᠢᠳᠤᠷᠠᠯ ᠰᠠᠢᠬᠠᠨ ᠪᠦᠬᠦᠨ ᠳ᠋ᠦ ᠬᠠᠷᠢᠭᠤ ᠪᠡᠯᠡᠭᠯᠡᠳᠡᠭ᠎ᠤᠨ ᠤᠴᠢᠷ ᠢᠤᠢ ᠾᠸ ᠫᠢᠩ ᠬᠢᠭᠡᠳ ᠲᠡᠬᠦᠨ᠎ᠤ ᠢᠦᠶ ᠱᠢᠤ ᠱᠢᠤᠸᠠᠨ᠎ᠺᠤᠮᠫᠠᠨᠢ  ᠤᠯᠠᠨ  ᠢᠷᠠᠭᠤ  ᠠᠯᠳᠠᠷ  ᠵᠢᠡᠷ  ᠮᠢᠯᠢᠶᠠᠯᠭᠠᠵᠤ ᠢᠷᠡᠵᠡᠢ᠃ ᠺᠣᠮᠫᠠᠨᠢ ᠨᠢ ᠤᠷᠢᠳ ᠬᠣᠵᠢᠳ ᠪᠦᠬᠦ᠌ ᠤᠯᠤᠰ᠎ᠤᠨ ᠡᠮᠡᠭᠳᠡᠢᠴᠤᠳ᠎ᠦᠨ ᠪᠣᠯᠪᠠᠰᠤᠨ ᠠᠵᠢᠯ᠎ᠤᠨ ᠪᠠᠢᠷᠢ᠂ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠬᠥᠮᠦᠵᠢᠭᠦᠯᠬᠦ᠌ ᠦᠢᠯᠡᠳᠦᠯᠭᠡ᠎ᠶ᠋ᠢᠨ ᠰᠠᠭᠤᠷᠢᠨ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠢᠯᠡᠳᠭᠡᠯ᠎ᠤᠨ ᠭᠠᠵᠠᠷ ᠵᠡᠷᠭᠡ ᠪᠡᠷ ᠦᠨᠡᠯᠡᠭᠳᠡᠪᠡ᠃ 2021 ᠣᠨ᠎ᠳᠤ᠂ ᠬᠢᠳᠠᠨ᠎ᠤᠨᠴᠠᠯᠢᠬᠲᠤ ᠬᠠᠳᠭᠤᠮᠠᠯ᠎ᠦᠨ ᠲᠠᠸᠠᠷ ᠨᠢ ᠥᠪᠥᠷ ᠮᠣᠩᠭᠣᠯ᠎ᠤᠨ ᠠᠯᠪᠠᠨ᠎ᠦ ᠪᠡᠯᠡᠭ᠎ᠠᠴᠠ ᠭᠠᠳᠠᠭᠠᠳᠤ ᠶᠠᠪᠤᠳᠠᠯ᠎ᠦᠨ ᠶᠠᠮᠤᠨ᠎ᠦ ᠤᠯᠤᠰ᠎ᠦᠨ ᠪᠡᠯᠡᠭ ᠪᠤᠯᠵᠠᠢ᠃ 2024 ᠣᠨ᠎ᠳᠤ ᠪᠤᠯᠤᠬᠰᠠᠨ ᠠᠨᠭ᠌ᠭ᠌ᠯᠢ᠂ ᠠᠢᠷᠯᠠᠨᠳ᠋ ᠤ᠋ᠨ ᠤᠯᠠᠨ ᠤᠯᠤᠰ᠎ᠤᠨ ᠰᠣᠶᠣᠯ᠎ᠤᠨ ᠰᠣᠯᠢᠯᠴᠠᠭᠠᠨ᠎ᠤ ᠠᠵᠢᠯᠯᠠᠭ᠎ᠠ  ᠲᠡᠭᠡᠷ᠎ᠡ᠂  ᠬᠢᠳᠠᠨ  ᠤᠨᠴᠠᠯᠢᠬᠲᠤ  ᠬᠠᠳᠭᠤᠮᠠᠯ᠎ᠤᠨ ᠪᠦᠲᠦᠭᠡᠯ 《 ᠤᠯᠠᠭᠠᠨ ᠬᠠᠳᠠ᠎ᠶ᠋ᠢᠨ ᠬᠠᠰ ᠯᠣᠣ》  ᠨᠢ   ᠠᠢᠷᠯᠠᠨᠳ᠋ ᠎ᠤᠨ ᠡᠯᠴᠢᠨ ᠰᠠᠢᠳ᠎ᠤᠨ ᠶᠠᠮᠤᠨ ᠳ᠋ᠦ ᠬᠠᠳᠠᠭᠠᠯᠠᠬᠳᠠᠬᠤ ᠵᠢᠨ ᠬᠠᠮᠲᠤ ᠬᠢᠳᠠᠨ᠎ᠤᠨᠴᠠᠯᠢᠬᠲᠤ  ᠬᠠᠳᠭᠤᠮᠠᠯ᠎ᠤᠨ  ᠪᠦᠲᠦᠭᠡᠭᠳᠡᠭᠦᠨ᠎ᠢ ᠳᠤᠮᠳᠠᠳᠤ ᠤᠯᠤᠰ᠎ᠤᠨ ᠭᠠᠷ ᠤᠷᠠᠯᠠᠯ᠎ᠤᠨ ᠣᠷᠳᠣᠨ ᠪᠣᠯᠤᠨ ᠳᠤᠮᠳᠠᠳᠤ ᠤᠯᠤᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠣᠷᠳᠣᠨ᠎ᠳᠤ ᠣᠷᠣᠭᠤᠯᠪᠠ᠃ ᠢᠤᠢ ᠾᠸ ᠫᠢᠩ ᠦᠪᠡᠷ ᠵᠢᠨᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 《3·8 》 ᠤ᠋ ᠤᠯᠠᠭᠠᠨ ᠲᠤᠭ᠍ᠴᠢ᠂ ᠭᠠᠷ ᠤᠷᠠᠯᠠᠯ᠎ᠤᠨ ᠶᠡᠬᠡ ᠪᠠᠭ᠍ᠰᠢᠲᠠᠨ᠂ ᠠᠷᠠᠳ᠎ᠤᠨ ᠤᠷᠠᠯᠢᠭ᠎ᠤᠨ ᠶᠡᠬᠡ ᠪᠠᠭ᠍ᠰᠢᠲᠠᠨ ᠵᠡᠷᠭᠡ ᠴᠣᠯᠠ ᠬᠦᠷᠳᠡᠵᠦ᠍᠂ ᠪᠦᠰᠡᠬᠦᠢᠴᠤᠳ᠎ᠦᠨ ᠦᠢᠯᠡᠰ ᠪᠤᠰᠭᠠᠵᠦ᠍ ᠠᠵᠢᠯ ᠤᠯᠬᠤ ᠲᠠᠭᠠᠭᠤᠯᠤᠬ᠍ᠴᠢ ᠪᠣᠯᠪᠠ᠃

ᠤᠳᠤ ᠪᠤᠯᠬᠤ ᠳ᠋ᠦ ᠢᠤᠢ ᠾᠸ ᠫᠢᠩ᠎ᠤᠨ ᠬᠡᠤᠬᠡᠨ ᠨᠢ ᠤᠯᠠᠮᠵᠢᠯᠠᠨ ᠵᠠᠯᠭᠠᠮᠵᠢᠯᠠᠬᠤ ᠪᠤᠤᠬᠢᠶ᠎ᠠ ᠵᠢ ᠲᠤᠰᠴᠤ᠂ ᠤᠯᠠᠭᠠᠨᠬᠠᠳᠠ ᠬᠤᠳᠠ  ᠳ᠋ᠦ ᠲᠡᠯᠭᠡᠭᠦᠷ ᠡᠷᠬᠢᠯᠡᠨ᠂ ᠬᠢᠳᠡᠨ ᠤᠨᠴᠠᠯᠢᠬᠲᠤ ᠬᠠᠳᠬᠤᠮᠠᠯ᠎ᠢ ᠬᠤᠯᠠ ᠤᠢᠷ᠎ᠠ ᠳ᠋ᠦ ᠪᠤᠷᠤᠯᠠᠭᠤᠯᠵᠤ ᠪᠤᠢ᠃ ᠡᠢᠨ ᠎ᠬᠦ᠂  ᠭᠤᠷᠪᠡᠨ ᠦᠶ᠎ᠡ ᠵᠢᠨ ᠬᠦᠮᠦᠨ᠎ᠤ ᠵᠢᠳᠭᠦᠯ ᠴᠢᠷᠮᠠᠢᠯᠭ᠎ᠠ ᠪᠡᠷ᠂  ᠨᠢᠭᠡ ᠵᠡᠭᠦᠦ ᠨᠢᠭᠡ ᠤᠲᠠᠰᠤ᠎ᠪᠠᠷ᠂ ᠮᠢᠩᠭᠠᠨ ᠤᠨ᠎ᠤ ᠪᠣᠳᠠᠰ᠎ᠤᠨ ᠪᠤᠰᠤ ᠰᠣᠶᠣᠯ᠎ᠤᠨ ᠥᠪ ᠰᠢᠨ᠎ᠡ ᠠᠮᠢᠯᠠᠯ ᠵᠢᠡᠨ ᠤᠯᠵᠤ᠂ ᠠᠷᠠᠳ᠎ᠤᠨ ᠠᠮᠢᠳᠤᠷᠠᠯ᠂ ᠤᠯᠤᠰ᠎ᠤᠨ ᠶᠠᠪᠤᠳᠠᠯ ᠳ᠋ᠤ ᠦᠪᠡᠷᠮᠢᠴᠡ ᠦᠢᠯᠡᠳᠦᠯ ᠵᠢᠡᠨ ᠪᠠᠳᠠᠷᠠᠭᠤᠯᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号