ᠰᠢ ᠵᠢᠨ ᠫᠢᠩ ᠯᠠᠲ᠋ᠢᠨ ᠠᠮᠧᠷᠢᠺᠠ ᠪᠣᠯᠤᠨ ᠺᠠᠷᠢᠪᠸ᠎ᠶ᠋ᠢᠨ ᠤᠯᠤᠰ᠎ᠤᠳ᠎ᠤᠨ ᠬᠠᠮᠲᠤ᠎ᠶ᠋ᠢᠨ ᠴᠣᠭ᠍ᠴᠠ᠎ᠶ᠋ᠢᠨ ᠠᠷᠪᠠᠳᠤᠭᠠᠷ ᠬᠤᠭᠤᠴᠠᠭᠠᠨ᠎ᠤ ᠲᠦᠷᠦᠭᠦᠴᠦᠳ᠎ᠦᠨ ᠬᠤᠷᠠᠯ᠎ᠳᠤ ᠪᠠᠶᠠᠷ᠎ᠤᠨ ᠴᠠᠬᠢᠯᠭᠠᠨ ᠴᠢᠮᠡᠭᠡ ᠶᠠᠪᠤᠭᠤᠯᠪᠠ
2026-03-23 09:41:57
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

3 ᠰᠠᠷ᠎ᠠ᠎ᠶ᠋ᠢᠨ 21 ᠤ᠋ ᠡᠳᠦᠷ᠂ ᠯᠠᠲ᠋ᠢᠨ ᠠᠮᠧᠷᠢᠺᠠ ᠪᠤᠯᠤᠨ ᠺᠠᠷᠢᠪᠸ᠎ᠶ᠋ᠢᠨ ᠤᠯᠤᠰ᠎ᠤᠳ᠎ᠤᠨ ᠬᠠᠮᠲᠤ᠎ᠶ᠋ᠢᠨ ᠴᠣᠭ᠍ᠴᠠ᠎ᠶ᠋ᠢᠨ ᠠᠷᠪᠠᠳᠤᠭᠠᠷ ᠬᠤᠭᠤᠴᠠᠭᠠᠨ᠎ᠤ ᠲᠦᠷᠦᠭᠦᠴᠦᠳ᠎ᠦᠨ ᠬᠤᠷᠠᠯ ᠵᠢᠵᠢᠭᠦᠷ ᠲᠡᠷᠢᠭᠦᠯᠡᠭ᠌ᠴᠢ ᠤᠯᠤᠰ ᠺᠣᠯᠣᠮᠪᠢᠶ᠎ᠠ᠎ᠳᠤ ᠶᠠᠪᠤᠭ᠍ᠳᠠᠵᠤ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ ᠲᠦᠷᠦᠭᠦᠴᠦᠳ᠎ᠦᠨ ᠬᠤᠷᠠᠯ᠎ᠳᠤ ᠪᠠᠶᠠᠷ᠎ᠤᠨ ᠴᠠᠬᠢᠯᠭᠠᠨ ᠴᠢᠮᠡᠭᠡ ᠶᠠᠪᠤᠭᠤᠯᠪᠠ᠃

ᠰᠢ ᠵᠢᠨ ᠫᠢᠩ᠂ ᠯᠠᠲ᠋ᠢᠨ ᠠᠮᠧᠷᠢᠺᠠ ᠪᠤᠯᠤᠨ ᠺᠠᠷᠢᠪᠸ ᠵᠢᠨ ᠤᠯᠤᠰ᠎ᠤᠳ᠎ᠤᠨ ᠬᠠᠮᠲᠤ᠎ᠶ᠋ᠢᠨ ᠴᠣᠭ᠍ᠴᠠ ᠪᠠᠢᠭᠤᠯᠤᠭ᠍ᠳᠠᠭ᠍ᠰᠠᠨ᠎ᠡᠴᠡ ᠨᠠᠭᠠᠰᠢ᠂ ᠯᠠᠲ᠋ᠢᠨ ᠠᠮᠧᠷᠢᠺᠠ ᠪᠤᠯᠤᠨ ᠺᠠᠷᠢᠪᠸ ᠵᠢᠨ ᠭᠠᠵᠠᠷ ᠣᠷᠣᠨ᠎ᠤ ᠡᠩᠬᠡ ᠲᠠᠢᠪᠤᠩ ᠲᠣᠭ᠍ᠲᠠᠭᠤᠨ ᠪᠠ ᠬᠥᠭ᠌ᠵᠢᠯ ᠴᠡᠴᠡᠭ᠌ᠯᠡᠯ᠎ᠢ ᠠᠬᠢᠭᠤᠯᠬᠤ᠎ᠪᠠᠷ ᠴᠢᠷᠮᠠᠢᠵᠤ᠂ ᠪᠦᠬᠦ᠌ ᠪᠥᠮᠪᠥᠷᠴᠡᠭ᠎ᠦᠨ ᠬᠦᠭᠵᠢᠵᠦ ᠪᠠᠢᠭ᠎ᠠ ᠤᠯᠤᠰ᠎ᠤᠳ᠎ᠤᠨ ᠪᠦᠯᠬᠦᠮᠳᠡᠯ ᠬᠠᠮᠲᠤᠷᠠᠯᠴᠠᠭ᠎ᠠ᠂ ᠬᠠᠮᠲᠤ᠎ᠶ᠋ᠢᠨ ᠬᠥᠭ᠌ᠵᠢᠯᠲᠡ᠎ᠳᠦ ᠱᠢᠨ᠎ᠡ ᠬᠥᠳᠡᠯᠭᠡᠬᠦ᠌ ᠬᠦᠴᠦᠨ ᠨᠡᠮᠡᠷᠢᠯᠡᠪᠡ᠃ ᠨᠢᠳᠤᠨᠤᠨ᠎ᠤ 5 ᠰᠠᠷ᠎ᠠ᠎ᠳᠤ᠂ ᠳᠤᠮᠳᠠᠳᠤ ᠤᠯᠤᠰ — ᠯᠠᠲ᠋ᠢᠨ ᠠᠮᠧᠷᠢᠺᠠ ᠪᠤᠯᠤᠨ ᠺᠠᠷᠢᠪᠸ ᠵᠢᠨ ᠤᠯᠤᠰ ᠤ᠋ᠳ ᠤ᠋ᠨ ᠬᠠᠮᠲᠤ᠎ᠶ᠋ᠢᠨ ᠴᠣᠭ᠍ᠴᠠ᠎ᠶ᠋ᠢᠨ ᠶᠠᠷᠢᠶᠠᠨ᠎ᠤ ᠲᠠᠪᠴᠠᠩ᠎ᠤᠨ ᠳᠥᠷᠪᠡᠳᠦᠭᠡᠷ ᠬᠤᠭᠤᠴᠠᠭᠠᠨ᠎ᠤ ᠰᠠᠢᠳ᠎ᠤᠨ ᠲᠡᠰ᠎ᠤᠨ ᠬᠤᠷᠠᠯ ᠪᠡᠭᠡᠵᠢᠩ᠎ᠳᠦ ᠠᠮᠵᠢᠯᠲᠠ᠎ᠲᠠᠶ ᠬᠤᠷᠠᠯᠳᠤᠪᠠ᠂ ᠪᠢ ᠡᠬᠢᠯᠡᠯᠲᠡ᠎ᠶ᠋ᠢᠨ ᠶᠣᠰᠣᠯᠠᠯ᠎ᠳᠤ ᠣᠷᠣᠯᠴᠠᠭ᠍ᠰᠠᠨ ᠪᠥᠭᠡᠳ ᠳᠤᠮᠳᠠᠳᠤ ᠯᠠᠲ᠋ᠢᠨ ᠠᠮᠧᠷᠢᠺᠠ᠎ᠶ᠋ᠢᠨ ᠭᠠᠷ ᠬᠣᠯᠪᠣᠨ ᠪᠦᠯᠬᠦᠮᠳᠡᠯ᠂ ᠬᠥᠭ᠌ᠵᠢᠯᠲᠡ᠂ ᠪᠣᠯᠪᠠᠰᠤᠨ᠂ ᠡᠩᠬᠡ ᠲᠠᠢᠪᠤᠩ᠂ ᠠᠷᠠᠳ᠎ᠤᠨ ᠰᠡᠳᠭᠢᠯ ᠵᠡᠷᠭᠡ ᠲᠠᠪᠤᠨ ᠶᠡᠬᠡ ᠢᠨᠵᠧᠨᠧᠷᠢᠩ᠎ᠢ ᠡᠬᠢᠯᠡᠭᠦᠯᠦᠭ᠌ᠰᠡᠨ᠎ᠢ ᠨᠡᠢᠲᠡᠯᠡᠵᠦ᠍᠂ ᠯᠠᠲ᠋ᠢᠨ ᠠᠮᠧᠷᠢᠺᠠ᠎ᠶ᠋ᠢᠨ ᠬᠢᠨ᠎ᠦ ᠢᠳᠡᠪᠬᠢᠲᠡᠢ ᠬᠦᠷᠢᠶᠡᠯᠡᠯ᠎ᠢ ᠤᠯᠪᠠ᠃ ᠨᠢᠭᠡ ᠵᠢᠯ᠎ᠦᠨ ᠲᠤᠷᠰᠢ᠂ ᠳᠤᠮᠳᠠᠳᠤ ᠯᠠᠲ᠋ᠢᠨ ᠠᠮᠧᠷᠢᠺᠠ ᠬᠣᠶᠠᠷ ᠲᠠᠯ᠎ᠠ᠎ᠪᠠᠷ᠎ᠢᠶᠠᠨ ᠨᠢᠭ᠍ᠲᠠ ᠬᠠᠮᠵᠢᠯᠴᠠᠵᠤ᠂ ᠲᠠᠪᠤᠨ ᠶᠡᠬᠡ ᠢᠨᠵᠧᠨᠧᠷᠢᠩ᠎ᠦᠨ ᠲᠠᠰᠤᠷᠠᠯᠳᠠ ᠦᠭᠡᠢ ᠭᠦᠨᠵᠡᠭᠡᠢᠷᠡᠨ ᠪᠣᠳᠠᠲᠠᠢᠵᠢᠬᠤ᠎ᠶ᠋ᠢ ᠠᠬᠢᠭᠤᠯᠵᠤ᠂ ᠬᠣᠶᠠᠷ ᠲᠠᠯ᠎ᠠ᠎ᠶ᠋ᠢᠨ ᠠᠷᠠᠳ ᠲᠦᠮᠡᠨ᠎ᠳᠦ ᠦᠨᠡᠨ ᠪᠣᠳᠠᠲᠠᠶ ᠠᠵᠠ ᠵᠢᠷᠭᠠᠯ ᠣᠯᠭᠣᠵᠠᠢ ᠭᠡᠵᠦ ᠵᠢᠭᠠᠵᠤ ᠭᠠᠷᠭᠠᠪᠠ᠃

ᠰᠢ ᠵᠢᠨ ᠫᠢᠩ᠂ ᠳᠤᠮᠳᠠᠳᠤ ᠤᠯᠤᠰ ᠢᠮᠠᠭ᠍ᠲᠠ ᠯᠠᠲ᠋ᠢᠨ ᠠᠮᠧᠷᠢᠺᠠ ᠪᠣᠯᠤᠨ ᠺᠠᠷᠢᠪᠸ ᠵᠢᠨ ᠤᠯᠤᠰ᠎ᠤᠳ᠎ᠤᠨ ᠰᠠᠢ᠌ᠨ ᠨᠠᠢᠵᠠ᠂ ᠰᠠᠢ᠌ᠨ ᠬᠠᠨᠢᠲᠠᠨ ᠪᠤᠯᠵᠥ᠍᠂ ᠯᠠᠲ᠋ᠢᠨ ᠠᠮᠧᠷᠢᠺᠠ ᠪᠣᠯᠤᠨ ᠺᠠᠷᠢᠪᠸ ᠵᠢᠨ ᠤᠯᠤᠰ᠎ᠤᠳ᠎ᠤᠨ ᠲᠤᠰ ᠪᠡᠶ᠎ᠡ᠎ᠶ᠋ᠢᠨ ᠡᠷᠬᠡ ᠮᠡᠳᠡᠯ᠂ ᠠᠮᠤᠷ ᠲᠦᠪᠱᠢᠨ᠂ ᠬᠥᠭ᠌ᠵᠢᠯᠲᠡ᠎ᠶ᠋ᠢᠨ ᠠᠱᠢᠭ ᠲᠤᠰᠠ᠎ᠪᠠᠨ ᠬᠠᠮᠠᠭᠠᠯᠠᠬᠤ᠎ᠶ᠋ᠢ ᠲᠡᠮᠵᠢᠵᠥ᠍᠂ ᠳᠤᠷᠠᠲᠠᠶ᠎ᠠ ᠯᠠᠲ᠋ᠢᠨ ᠠᠮᠧᠷᠢᠺᠠ᠎ᠶ᠋ᠢᠨ ᠬᠢᠨ᠎ᠲᠡᠶ ᠭᠠᠷ ᠬᠣᠯᠪᠣᠨ ᠳᠡᠯᠡᠬᠡᠢ᠎ᠶ᠋ᠢᠨ ᠲᠥᠪ ᠭᠣᠣᠯᠴᠢ ᠱᠢᠳᠤᠷᠭᠤ ᠶᠣᠰᠣ᠎ᠶ᠋ᠢ ᠬᠠᠮᠠᠭᠠᠯᠠᠵᠤ᠂ ᠳᠤᠮᠳᠠᠳᠤ ᠯᠠᠲ᠋ᠢᠨ ᠠᠮᠧᠷᠢᠺᠠ᠎ᠶ᠋ᠢᠨ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠬᠠᠮᠲᠤ᠎ᠪᠠᠷ ᠪᠠᠢᠭᠤᠯᠬᠤ ᠱᠢᠨ᠎ᠡ ᠬᠠᠭᠤᠳᠠᠰᠤ᠎ᠶ᠋ᠢ ᠪᠢᠴᠢᠭ᠌ᠯᠡᠨ᠎ᠡ ᠭᠡᠵᠦ ᠴᠢᠬᠤᠯᠠᠴᠢᠯᠠᠪᠠ᠃

ᠱᠢᠨᠬᠤᠸᠠ ᠬᠤᠷᠢᠶ᠎ᠠ ᠵᠢᠨ ᠪᠡᠭᠡᠵᠢᠩ᠎ᠦᠨ 3 ᠰᠠᠷ᠎ᠠ᠎ᠶ᠋ᠢᠨ 22 ᠎ᠤ᠋ᠨ ᠴᠠᠬᠢᠯᠭᠠᠨ ᠮᠡᠳᠡᠭᠡ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号