ᠰᠤᠷᠪᠤᠯᠵᠢᠯᠠᠭᠴᠢ ᠤᠯᠤᠰ ᠤ᠋ᠨ ᠴᠠᠬᠢᠯᠭᠠᠨ ᠲᠤᠤᠷ ᠤ᠋ᠨ ᠦᠪᠦᠷ ᠮᠤᠩᠭᠤᠯ ᠤ᠋ᠨ ᠵᠡᠭᠦᠨ ᠪᠡᠶ᠎ᠠ ᠶ᠋ᠢᠨ ᠴᠠᠬᠢᠯᠭᠠᠨ ᠬᠦᠴᠦᠨ ᠤ᠋ ᠬᠢᠵᠠᠭᠠᠷᠳᠦ ᠺᠤᠮᠫᠠᠨᠢ ᠡᠴᠡ ᠤᠢᠯᠠᠭᠠᠭᠰᠠᠨ ᠶ᠋ᠢᠡᠷ᠂ ᠤᠢᠷ᠎ᠠ ᠳ᠋ᠤ ᠤᠯᠠᠭᠠᠨᠬᠠᠳᠠ ᠶ᠋ᠢᠨ ᠪᠤᠷᠤᠬᠤᠳᠠ ᠶ᠋ᠢᠨ 500 ᠺᠢᠯᠤᠸᠤᠯᠲ ᠤ᠋ᠨ ᠴᠠᠬᠢᠯᠭᠠᠨ ᠬᠤᠪᠢᠰᠬᠠᠬᠤ ᠦᠷᠳᠡᠭᠡ ᠴᠠᠬᠢᠯᠭᠠᠨ ᠬᠦᠷᠭᠡᠬᠦ ᠠᠯᠬᠤᠮ ᠳᠠᠷᠠᠭ᠎ᠠ ᠪᠡᠨ ᠪᠦᠬᠦ ᠲᠠᠯ᠎ᠠ ᠪᠡᠷ ᠭᠦᠢᠴᠡᠳᠭᠡᠵᠤ ᠳᠠᠭᠤᠰᠬᠤ ᠶ᠋ᠢ ᠳᠠᠭᠠᠯᠳᠤᠨ ᠦᠪᠦᠷ ᠮᠤᠩᠭᠤᠯ ᠤ᠋ᠨ ᠵᠡᠭᠦᠨ ᠪᠡᠶ᠎ᠠ ᠶ᠋ᠢᠨ ᠴᠠᠬᠢᠯᠭᠠᠨ ᠲᠤᠤᠷ ᠤ᠋ᠨ ᠬᠤᠯᠠᠨ ᠰᠢᠷᠭ᠎ᠠ ᠳᠠᠭ᠎ᠠ ᠶ᠋ᠢᠨ ᠡᠯᠡᠰᠦᠷᠬᠡᠭ ᠭᠠᠵᠠᠷ ᠤ᠋ᠨ 100 ᠲᠦᠮᠡᠨ ᠺᠢᠯᠤᠸᠠᠲ ᠤ᠋ᠨ ᠰᠠᠯᠬᠢᠨ ᠬᠦᠴᠦᠨ ᠤ᠋ ᠴᠠᠬᠢᠯᠭᠠᠨ ᠭᠡᠷᠡᠯᠴᠢ ᠴᠡᠨᠡᠭ ᠨᠦᠭᠡᠴᠡ ᠡᠨᠧᠷᠬᠢ ᠪᠡᠷ ᠡᠯᠡᠰᠦ ᠶ᠋ᠢ ᠵᠠᠰᠠᠬᠤ ᠰᠢᠨ᠎ᠠ ᠡᠨᠧᠷᠬᠢ ᠶ᠋ᠢᠨ ᠰᠠᠭᠤᠷᠢᠨ ᠤ᠋ ᠵᠢᠱ᠌ᠢᠶᠠ ᠦᠵᠡᠭᠦᠯᠬᠦ ᠲᠦᠷᠦᠯ ᠵᠦᠢᠯ ᠪᠤᠯᠤᠨ ᠤᠯᠠᠭᠠᠨᠬᠠᠳᠠ ᠬᠤᠳᠠ ᠶ᠋ᠢᠨ ᠤᠩᠨᠢᠭᠤᠳ ᠬᠤᠰᠢᠭᠤᠨ ᠤ᠋ ᠠᠮᠢ ᠠᠬᠤᠢ ᠶ᠋ᠢᠨ ᠵᠠᠰᠠᠯᠳᠠ ᠶ᠋ᠢᠨ 100 ᠲᠦᠮᠡᠨ ᠺᠢᠯᠤᠸᠠᠲ ᠰᠠᠯᠬᠢᠨ ᠬᠦᠴᠦᠨ ᠤ᠋ ᠴᠠᠬᠢᠯᠭᠠᠨ ᠤ᠋ ᠲᠦᠷᠦᠯ ᠵᠦᠢᠯ ᠤ᠋ᠨ ᠴᠠᠬᠢᠯᠭᠠᠨ ᠢ᠋ ᠭᠠᠳᠠᠭᠰᠢ ᠬᠦᠷᠭᠡᠬᠦ ᠢᠨᠵᠧᠨᠧᠷᠢᠩ ᠵᠡᠷᠭᠡ ᠪᠡᠷ ᠠᠰᠢᠭᠯᠠᠯᠳᠠ ᠳ᠋ᠤ ᠤᠷᠤᠵᠠᠢ᠃
ᠤᠢᠯᠠᠭᠠᠭᠰᠠᠨ ᠶ᠋ᠢᠡᠷ᠂ ᠡᠨᠡ ᠬᠤᠶᠠᠷ ᠢᠨᠵᠧᠨᠧᠷᠢᠩ ᠤ᠋ᠨ ᠶᠡᠷᠦᠩᠬᠡᠢ ᠪᠡᠯᠡ ᠤᠷᠤᠭᠤᠯᠤᠯᠳᠠ ᠨᠢ 1.5 ᠳ᠋ᠦᠩᠰᠢᠭᠤᠷ ᠲᠦᠭᠦᠷᠢᠭ ᠲᠤ᠌ ᠬᠦᠷᠴᠤ᠂ ᠵᠢᠯ ᠤ᠋ᠨ 50 ᠳ᠋ᠦᠩᠰᠢᠭᠤᠷ ᠺᠢᠯᠤᠸᠠᠲ ᠴᠠᠭ ᠢ᠋ ᠳᠠᠪᠠᠬᠤ ᠴᠡᠪᠡᠷ ᠡᠨᠧᠷᠬᠢ ᠶ᠋ᠢᠨ ᠴᠠᠬᠢᠯᠭᠠᠨ ᠢ᠋ ᠭᠠᠳᠠᠭᠰᠢ ᠬᠦᠷᠭᠡᠬᠦ ᠴᠢᠳᠠᠪᠤᠷᠢ ᠲᠠᠢ ᠪᠠᠢᠵᠤ᠂ ᠪᠠᠷᠤᠭ 130 ᠲᠦᠮᠡᠨ ᠡᠷᠦᠬᠡ ᠶ᠋ᠢᠨ ᠪᠦᠬᠦ ᠵᠢᠯ ᠤ᠋ᠨ ᠬᠡᠷᠡᠭᠰᠡᠬᠦ ᠴᠠᠬᠢᠯᠭᠠᠨ ᠢ᠋ ᠬᠠᠩᠭᠠᠵᠤ᠂ ᠵᠢᠯ ᠳᠦ155.5 ᠲᠦᠮᠡᠨ ᠲᠤᠨ ᠪᠠᠷᠢᠮᠵᠢᠶ᠎ᠠ ᠨᠡᠭᠦᠷᠡᠰᠦ ᠶ᠋ᠢ ᠠᠷᠪᠢᠯᠠᠨ᠂ ᠡᠳᠡᠭᠡᠷ ᠨᠢ 427 ᠲᠦᠮᠡᠨ ᠳᠤᠨ ᠨᠡᠭᠦᠷᠡᠰᠦᠳ᠋ᠦ᠋ᠷᠦᠭᠴᠢ ᠶ᠋ᠢᠨ ᠳᠠᠪᠬᠤᠷ ᠢᠰᠦᠯ᠂ 521 ᠲᠤᠨ ᠬᠦᠬᠦᠷ ᠬᠦᠴᠢᠯ ᠤ᠋ᠨ ᠳᠠᠪᠬᠤᠷ ᠢᠰᠦᠯ᠂ 784 ᠳᠤᠨ ᠠᠽᠤᠲ ᠬᠦᠴᠢᠯ ᠤ᠋ᠨ ᠨᠢᠭᠡᠳᠪᠤᠷᠢ ᠪᠤᠳᠠᠰ ᠢ᠋ ᠳᠤᠳᠠᠭᠤ ᠭᠠᠳᠠᠭᠰᠢᠯᠠᠭᠤᠯᠤᠭᠰᠠᠨ ᠲᠠᠢ ᠲᠡᠩᠴᠡᠨ᠎ᠠ᠃
ᠡᠨᠡ ᠬᠤᠶᠠᠷ ᠢᠨᠵᠧᠨᠧᠷᠢᠩᠳᠤ ᠦᠢᠯᠡᠴᠢᠯᠡᠬᠦ ᠰᠢᠨ᠎ᠠ ᠡᠨᠧᠷᠬᠢ ᠶ᠋ᠢᠨ ᠰᠠᠭᠤᠷᠢᠨ ᠨᠢ ᠴᠦᠮ ᠬᠤᠯᠠᠨ ᠰᠢᠷᠭ᠎ᠠ ᠳᠠᠭ᠎ᠠ ᠶ᠋ᠢᠨ ᠡᠯᠡᠰᠦᠷᠬᠡᠭ ᠭᠠᠵᠠᠷ ᠲᠤ᠌ ᠪᠠᠢᠷᠢᠯᠠᠵᠤ᠂ 《ᠰᠠᠯᠬᠢᠨ ᠬᠦᠴᠦᠨ ᠤ᠋ ᠴᠠᠬᠢᠯᠭᠠᠨ ᠭᠡᠷᠡᠯᠴᠢ ᠴᠡᠨᠡᠭ ᠨᠦᠭᠡᠴᠡ ᠡᠨᠧᠷᠬᠢ + ᠠᠮᠢ ᠠᠬᠤᠢ ᠶ᠋ᠢᠨ ᠵᠠᠰᠠᠯᠳᠠ》 ᠶ᠋ᠢ ᠨᠢᠭᠡ ᠴᠤᠭᠴᠠᠵᠢᠭᠤᠯᠤᠭᠰᠠᠨ ᠵᠠᠭᠪᠤᠷ ᠢ᠋ ᠰᠢᠨ᠎ᠠ ᠶ᠋ᠢ ᠡᠭᠦᠳᠬᠦ ᠴᠢᠨᠠᠷᠳᠠᠢ ᠠᠰᠢᠭᠯᠠᠨ᠂ ᠵᠢᠯ ᠳ᠋ᠡᠭᠡᠨ ᠡᠯᠡᠰᠦᠨ ᠰᠢᠭᠤᠷᠭ᠎ᠠ ᠶ᠋ᠢᠨ ᠪᠤᠬᠢᠷᠳᠦᠯ ᠢ᠋ 1000 ᠲᠤᠨ ᠭᠠᠷᠤᠢ ᠪᠠᠭᠠᠰᠬᠠᠬᠤ ᠪᠤᠯᠤᠨ᠎ᠠ᠃