ᠤᠢᠷ᠎ᠠ ᠵᠢᠨ ᠡᠳᠦᠷ᠂ ᠬᠥᠬᠡᠬᠣᠲᠠ᠎ᠶᠢᠨ ᠰᠠᠢᠬᠠᠨ ᠲᠣᠭᠣᠷᠢᠭ᠋᠎ᠤᠨ ᠶᠦᠩ ᠲᠠᠢ ᠬᠤᠳᠠ᠎ᠶᠢᠨ ᠪᠠᠭ᠎ᠠ ᠲᠣᠭᠣᠷᠢᠭ᠋᠎ᠲᠤ᠂ ᠨᠢᠭᠡᠨ ᠬᠦᠦ ᠪᠠᠭ᠎ᠠ ᠲᠤᠭᠤᠷᠢᠬ ᠡᠴᠨ ᠵᠣᠭᠣᠰ᠎ᠤᠨ ᠪᠣᠭᠴᠣ᠌ ᠤᠯᠵᠤ ᠠᠪᠴᠠᠢ᠃ ᠳᠣᠲᠣᠷ᠎ᠠ ᠨᠢ 5100 ᠲᠥᠭᠥᠷᠢᠭ ᠪᠡᠯᠡᠨ ᠵᠣᠭᠣᠰ ᠵᠢᠴᠢ ᠫᠠᠰᠫᠣᠷᠲ ᠵᠡᠷᠭᠡ ᠴᠢᠬᠤᠯᠠ ᠡᠳ᠋ ᠪᠣᠳᠠᠰ ᠪᠠᠢᠯ᠎ᠠ᠃ ᠡᠨᠡ ᠬᠦ᠌ ᠪᠠᠢᠳᠠᠯ ᠳ᠋ᠸ᠋᠂ ᠵᠢᠭᠠᠯ ᠬᠦᠦ ᠥᠴᠥᠬᠡᠨ ᠴᠦ᠍ ᠲᠠᠲᠠᠭᠠᠯᠵᠠᠭᠰᠠᠨ ᠦᠭᠡᠢ᠎ᠪᠡᠷ ᠲᠡᠷᠡ ᠳᠠᠷᠤᠢ ᠳ᠋ᠤᠨᠢ ᠵᠣᠭᠣᠰ᠎ᠤᠨ ᠪᠣᠭᠴᠣ᠌᠎ᠪᠠᠨ ᠲᠣᠮᠢᠯᠠᠭᠰᠠᠨ ᠰᠠᠯᠪᠤᠷᠢ᠎ᠳᠤ ᠲᠤᠰᠢᠶᠠᠵᠠᠢ᠃
ᠵᠢᠵᠢᠭᠦᠷᠯᠡᠭᠴᠢ ᠴᠠᠭᠳᠠᠭ᠎ᠠ ᠡᠨᠡ ᠬᠦ᠌ ᠠᠯᠲᠠ ᠣᠯᠣᠭᠠᠳ ᠠᠮᠢᠨ ᠳ᠋ᠠᠭᠠᠨ ᠠᠪᠬᠤ ᠦᠭᠡᠢ ᠰᠠᠢᠨ ᠪᠠᠭᠠᠴᠤᠳ᠎ᠢ ᠬᠦᠯᠢᠶᠡᠨ ᠠᠪᠤᠭᠰᠠᠨ ᠪᠥᠭᠡᠳ ᠲᠡᠷᠡ ᠳᠠᠷᠤᠢ ᠳ᠋ᠤᠨᠢ ᠫᠠᠰᠫᠣᠷᠲ᠎ᠤᠨ ᠮᠡᠳᠡᠭᠡ ᠵᠠᠩᠭᠢ᠎ᠶᠢ ᠦᠨᠳᠦᠰᠦᠯᠡᠨ ᠵᠤᠭᠤᠰ᠎ᠤᠨ ᠪᠤᠬᠴᠦ ᠵᠢᠨ ᠡᠵᠡᠨ᠎ᠢ ᠡᠷᠢᠪᠡ᠃ ᠳᠣᠲᠣᠭᠠᠳᠤ᠎ᠶᠢ ᠬᠠᠮᠠᠭᠠᠯᠠᠬᠤ ᠰᠢᠰᠲᠧᠮ᠎ᠦᠨ ᠲᠠᠪᠴᠠᠩ᠎ᠤᠨ ᠣᠯᠠᠨ ᠲᠠᠯ᠎ᠠ᠎ᠶᠢᠨ ᠬᠠᠷᠢᠴᠠᠭᠤᠯᠤᠯ᠎ᠢᠶᠠᠷ ᠳᠡᠮᠵᠢᠨ᠂ ᠡᠴᠦᠰ᠎ᠲᠡᠬᠡᠨ ᠵᠤᠭᠤᠰ᠎ᠤᠨ ᠪᠤᠬᠴᠦ ᠪᠠᠨ ᠭᠡᠭᠡᠭᠰᠡᠨ ᠡᠵᠡᠨ ᠪᠤᠯᠬᠤ ᠬᠥᠬᠡᠬᠣᠲᠠ᠎ᠳᠤ ᠲᠥᠷᠥᠯ ᠰᠠᠳᠤᠨ᠎ᠢᠶᠠᠨ ᠡᠷᠭᠢᠬᠦ᠎ᠪᠡᠷ ᠢᠷᠡᠭᠰᠡᠨ ᠮᠣᠩᠭᠣᠯ ᠤᠯᠤᠰ᠎ᠤᠨ ᠵᠢᠭᠤᠯᠴᠢᠯᠠᠬᠴᠢ ᠲᠠᠢ ᠬᠠᠷᠢᠯᠴᠠᠪᠠ᠃ ᠡᠨᠡ ᠦᠶ᠎ᠡ᠎ᠳᠦ᠂ ᠳᠤᠰ ᠵᠢᠭᠤᠯᠴᠢᠯᠠᠬᠴᠢ ᠵᠣᠭᠣᠰ᠎ᠤᠨ ᠪᠣᠭᠴᠣ᠌᠎ᠪᠠᠨ ᠭᠡᠭᠡᠭᠰᠡᠨ᠎ᠡᠴᠡ ᠪᠤᠯᠵᠤ ᠮᠠᠰᠢ ᠪᠠᠴᠢᠮᠳᠠᠵᠤ᠂ ᠴᠠᠭᠳᠠᠭ᠎ᠠ᠎ᠶᠢᠨ ᠤᠲᠠᠰᠤ᠎ᠶᠢ ᠳᠤᠰᠤᠭᠰᠠᠨ᠎ᠤ ᠳᠠᠷᠠᠭ᠎ᠠ ᠮᠠᠰᠢ ᠪᠠᠶᠠᠷᠯᠠᠨ ᠳᠣᠭᠳᠣᠯᠪᠠ᠃ ᠲᠡᠮᠡᠢ ᠤᠳᠠᠯ ᠦᠬᠡᠢ ᠲᠡᠷᠡ ᠨᠢᠬᠡ ᠮᠦᠩᠬᠦ ᠴᠦ᠍ ᠲᠤᠳᠠᠬᠰᠠᠨ ᠦᠬᠡᠢ ᠵᠤᠭᠤᠰ᠎ᠤᠨ ᠪᠤᠬᠴᠤ ᠪᠡᠨ ᠲᠤᠰᠴᠤ ᠠᠪᠴᠠᠢ᠃
ᠲᠡᠷᠡ ᠲᠠᠯᠠᠷᠬᠠᠯ᠎ᠤᠨ ᠰᠡᠳᠬᠢᠯ᠎ᠢᠶᠡᠨ ᠢᠯᠡᠳᠬᠡᠬᠦ᠎ᠶᠢᠨ ᠲᠥᠯᠥᠭᠡ᠂ ᠮᠠᠷᠭᠠᠰᠢ ᠨᠢ ᠲᠤᠰᠬᠠᠢᠯᠠᠨ ᠲᠣᠮᠢᠯᠠᠭᠰᠠᠨ ᠰᠠᠯᠪᠤᠷᠢ᠎ᠪᠡᠷ ᠳᠠᠮᠵᠢᠭᠤᠯᠤᠨ᠂ ᠠᠯᠲᠠ ᠣᠯᠣᠭᠠᠳ ᠠᠮᠢᠨ ᠳ᠋ᠠᠭᠠᠨ ᠠᠪᠬᠤ ᠦᠭᠡᠢ ᠵᠢᠭᠠᠯ ᠬᠦᠦ ᠳ᠋ᠸ᠋ ᠨᠢᠭᠡ ᠬᠤᠪᠢ ᠣᠨᠴᠠᠭᠠᠢ ᠪᠡᠯᠡᠭ ᠪᠡᠯᠡᠭᠯᠡᠪᠡ᠃ ᠡᠨᠡ ᠵᠢᠭᠠᠯ ᠬᠦᠦ ᠪᠣᠯ ᠬᠥᠬᠡᠬᠣᠲᠠ᠎ᠶᠢᠨ ᠨᠢᠭᠡᠨ ᠪᠠᠭ᠎ᠠ ᠰᠤᠷᠭᠠᠭᠤᠯᠢ᠎ᠶᠢᠨ ᠰᠤᠷᠤᠭ᠍ᠴᠢ ᠪᠣᠯᠣᠨ᠎ᠠ᠃ ᠮᠠᠭᠲᠠᠭᠠᠯ ᠰᠠᠢᠰᠢᠶᠠᠯ ᠤ᠋ᠨ ᠡᠮᠦᠨ᠎ᠡ᠂ ᠵᠢᠭᠠᠯ ᠬᠦᠤ᠄ 《ᠣᠯᠵᠤ ᠠᠪᠤᠭᠰᠠᠨ ᠶᠠᠭᠤᠮ᠎ᠠ᠎ᠪᠠᠨ ᠡᠵᠡᠨ᠎ᠳᠦᠨᠢ ᠪᠤᠴᠠᠭᠠᠬᠤ ᠵᠢ ᠪᠠᠬᠰᠢ ᠮᠢᠨᠢ ᠪᠢᠳᠡᠨ᠎ᠳᠦ ᠵᠢᠭᠠᠵᠤ ᠥᠭᠭᠦᠭᠰᠡᠨ ᠶᠤᠮ》 ᠬᠡᠵᠦ ᠶᠠᠷᠢᠨ᠎ᠠ᠃