ᠱᠧᠨᠵᠧᠨ ᠦ ᠲᠧᠯᠸᠢᠰ ᠬᠣᠷᠢᠶᠠᠨ ᠤ ᠮᠡᠳᠡᠭᠡᠯᠡᠯ᠎ᠢ ᠦᠨᠳᠦᠰᠦᠯᠡᠪᠡᠯ᠂ ᠣᠢᠷ᠎ᠠ᠎ᠳᠤ ᠱᠧᠨᠵᠧᠨ ᠬᠣᠲᠠ᠎ᠶᠢᠨ ᠵᠠᠷᠢᠮ ᠬᠡᠲᠦ ᠳᠡᠯᠭᠡᠭᠦᠷ ᠨᠢ ᠲᠤᠰᠬᠠᠢᠯᠠᠨ ᠭᠠᠭᠴᠠᠭᠠᠷ ᠰᠠᠭᠤᠭ᠎ᠠ ᠬᠥᠮᠥᠰ᠎ᠲᠦ 《ᠨᠢᠭᠡ ᠬᠥᠮᠥᠨ ᠢᠳᠡᠵᠦ ᠬᠦᠷᠬᠦ ᠬᠡᠮᠵᠢᠶ᠎ᠡ》 ᠪᠦᠬᠦᠢ ᠲᠦᠭᠦᠬᠡᠢ ᠮᠢᠭ᠋ᠠ ᠬᠤᠳᠠᠯᠳᠤᠵᠦ ᠪᠣᠢ᠂ ᠣᠯᠠᠩᠬᠢ ᠨᠢ 80 ᠭᠷᠡᠮ᠎ᠠᠴᠠ 200 ᠭᠷᠡᠮ᠎ᠤᠨ ᠬᠣᠭᠣᠷᠣᠨᠳᠤ ᠪᠠᠢᠬᠤ ᠪᠥᠭᠡᠳ ᠪᠦᠬᠦᠨ ᠢ ᠬᠡᠷᠴᠢᠭᠡᠳ ᠬᠣᠳᠠᠯᠳᠣᠵᠦ ᠪᠣᠢ᠃ 《ᠨᠢᠭᠡ ᠬᠥᠮᠥᠨ ᠢᠳᠡᠵᠦ ᠬᠦᠷᠬᠦ ᠬᠡᠮᠵᠢᠶ᠎ᠡ》 ᠪᠦᠬᠦᠢ ᠲᠦᠭᠦᠬᠡᠢ ᠮᠢᠭ᠋ᠠ ᠨᠢ ᠨᠡᠢᠭᠡᠮ ᠦᠨ ᠬᠠᠷᠢᠯᠴᠠᠭᠠᠨ᠎ᠤ ᠰᠦᠯᠵᠢᠶᠡᠨ ᠳᠡᠭᠡᠷ᠎ᠡ ᠤᠯᠠᠨ᠎ᠦ ᠠᠩᠬᠠᠷᠤᠯ᠎ᠢ ᠲᠠᠲᠠᠵᠤ᠂ ᠰᠦᠯᠵᠢᠶᠡᠨ ᠠᠨᠳᠠ ᠨᠠᠷ ᠡᠴᠡ ᠳᠡᠯᠭᠡᠷᠡᠭᠦᠯᠬᠦ᠎ᠶᠢ ᠬᠦᠰᠡᠪᠡ᠃

ᠣᠳᠣᠬᠠᠨ᠎ᠳᠤ ᠬᠣᠲᠠ ᠳᠤ ᠭᠠᠭᠴᠠᠭᠠᠷ ᠠᠮᠢᠳᠤᠷᠠᠵᠤ ᠪᠠᠢᠭ᠎ᠠ ᠵᠠᠯᠠᠭᠤᠴᠤᠳ᠂ ᠨᠠᠰᠤᠲᠠᠢᠴᠤᠳ ᠣᠯᠠᠰᠢᠷᠠᠭᠰᠠᠨ ᠪᠠᠢᠳᠠᠯ ᠳᠦ ᠬᠡᠲᠦ ᠳᠡᠯᠭᠡᠭᠦᠷ ᠢᠳᠡᠭᠡᠨ᠎ᠦ ᠮᠠᠲᠧᠷᠢᠶᠠᠯ᠎ᠢ ᠵᠢᠵᠢᠭ ᠵᠢᠵᠢᠭ ᠬᠤᠪᠢ᠎ᠪᠠᠷ ᠬᠤᠪᠢᠶᠠᠨ ᠰᠠᠪᠠᠯᠠᠵᠤ ᠬᠤᠳᠠᠯᠳᠤᠬᠤ ᠪᠣᠯᠤᠭᠰᠠᠨ ᠨᠢ ᠡᠳᠡᠭᠡᠷ ᠬᠥᠮᠥᠰ᠎ᠦᠨ ᠬᠡᠷᠡᠭᠯᠡᠭᠡ ᠵᠢᠨ ᠬᠡᠷᠡᠭᠴᠡᠭᠡ᠎ᠶᠢ ᠣᠨᠣᠪᠴᠢᠲᠠᠶ ᠬᠠᠩᠭᠠᠵᠠᠢ᠃ ᠣᠢᠷ᠎ᠠ᠎ᠶᠢᠨ ᠵᠢᠯ᠎ᠡᠴᠡ ᠭᠠᠭᠴᠠᠭᠠᠷ ᠵᠢᠡᠨ ᠠᠮᠢᠳᠤᠷᠠᠬᠤ᠂ ᠥᠪᠡᠷ᠎ᠢ᠎ᠪᠡᠨ ᠪᠠᠶᠠᠰᠬᠠᠬᠤ ᠬᠡᠷᠡᠭᠴᠡᠭᠡ ᠵᠢᠨ ᠲᠣᠭᠣᠷᠢᠨ᠎ᠳᠡᠬᠢ ᠬᠡᠷᠡᠭᠯᠡᠭᠡ ᠶᠡᠬᠡ ᠬᠥᠭᠵᠢᠶᠡᠨᠲᠡᠢ ᠪᠠᠢᠨ᠎ᠠ᠃ ᠵᠢᠱ᠌ᠢᠶᠡᠯᠡᠪᠡᠯ ᠪᠠᠭ᠎ᠠ ᠪᠠᠭᠲᠠᠭᠠᠮᠵᠢᠲᠤ ᠴᠠᠬᠢᠯᠭᠠᠨ ᠲᠣᠭᠣᠭ᠎ᠠ ᠵᠡᠷᠭᠡ ᠵᠢᠵᠢᠭ ᠴᠠᠬᠢᠯᠭᠠᠨ ᠬᠡᠷᠡᠭᠰᠡᠯ ᠭᠡᠷ᠎ᠦᠨ ᠡᠳ᠋ᠯᠡᠯ᠎ᠦᠨ ᠪᠦᠲᠦᠭᠡᠭᠳᠡᠬᠦᠨ ᠤᠯᠠᠨ ᠪᠣᠯᠵᠤ ᠪᠠᠢᠨ᠎ᠠ; ᠵᠠᠷᠢᠮ ᠬᠠᠯᠠᠭᠤᠨ ᠲᠣᠭᠣᠭᠠᠨ᠎ᠤ ᠳᠡᠯᠭᠡᠭᠦᠷ᠂ ᠰᠢᠷᠠᠭᠰᠠᠨ ᠮᠢᠬᠠᠨ᠎ᠤ ᠳᠡᠯᠭᠡᠭᠦᠷ᠎ᠲᠦ 《 ᠬᠠᠨᠢ ᠪᠣᠯᠵᠤ ᠢᠳᠡᠬᠦ ᠬᠡᠦᠬᠡᠯᠳᠡᠢ》 ᠲᠣᠬᠢᠷᠠᠭᠤᠯᠤᠭᠰᠠᠨ ᠪᠠᠢᠳᠠᠭ; ᠰᠣᠶᠣᠯ ᠵᠢᠭᠤᠯᠴᠢᠯᠠᠯ ᠤᠨ ᠦᠢᠯᠡᠰ ᠨᠢ ᠨᠡᠢᠭᠡᠮ᠎ᠦᠨ ᠬᠠᠷᠢᠯᠴᠠᠭᠠᠨ᠎ᠤ ᠳᠠᠷᠤᠯᠲᠠ ᠦᠭᠡᠢ ᠭᠠᠭᠴᠠ ᠬᠥᠮᠥᠨ ᠪᠦᠯᠬᠦᠮ ᠳᠠᠭᠠᠵᠤ ᠵᠢᠭᠤᠯᠴᠢᠯᠠᠬᠤ ᠵᠡᠷᠭᠡ ᠵᠤᠭ᠎ᠠ ᠴᠡᠩᠭᠡᠯ᠎ᠦᠨ ᠵᠠᠭᠪᠤᠷ ᠭᠠᠷᠭᠠᠪᠠ᠃ ᠡᠪᠯᠡᠭᠦᠯᠵᠦ ᠠᠮᠢᠳᠤᠷᠠᠬᠤ ᠵᠢ ᠲᠡᠪᠴᠢᠵᠦ᠂ 《ᠭᠠᠭᠴᠠᠭᠠᠷ ᠵᠢᠡᠨ ᠴᠤ᠌ ᠰᠠᠢᠬᠠᠨ ᠠᠮᠢᠳᠤᠷᠠᠬᠤ 》 ᠳ᠋ᠸ᠋ ᠲᠤᠰᠠᠯᠠᠵᠤ ᠪᠠᠢᠨ᠎ᠠ᠃ ᠨᠡᠢᠭᠡᠮ ᠦᠨ ᠪᠦᠲᠦᠴᠡ ᠪᠠ ᠬᠡᠷᠡᠭᠯᠡᠭᠡ ᠵᠢᠨ ᠦᠵᠡᠯᠲᠡ᠎ᠶᠢᠨ ᠬᠤᠪᠢᠷᠠᠯᠳᠠ᠎ᠳᠦ ᠵᠤᠬᠢᠴᠠᠭᠤᠯᠵᠦ ᠵᠠᠬ᠎ᠠ ᠳᠡᠯᠭᠡᠭᠦᠷ ᠰᠠᠨᠠᠭᠠᠴᠢᠯᠠᠭ᠎ᠠ᠎ᠠᠴᠠ᠎ᠪᠠᠨ ᠲᠠᠸᠠᠷ ᠪᠠ ᠦᠢᠯᠡᠴᠢᠯᠡᠭᠡᠨ᠎ᠦ ᠲᠠᠯ᠎ᠠ᠎ᠪᠠᠷ ᠰᠢᠨ᠎ᠡ ᠶᠢ ᠡᠷᠢᠯᠬᠢᠯᠡᠵᠦ᠂ ᠬᠡᠷᠡᠭᠯᠡᠭᠡ ᠵᠢᠨ ᠳᠠᠯᠳᠠ ᠬᠦᠴᠦᠨ᠎ᠢ ᠭᠦᠢᠴᠡᠳ ᠪᠠᠳᠠᠷᠠᠭᠤᠯᠵᠤ ᠪᠠᠢᠨ᠎ᠠ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号