ᠵᠠᠰᠠᠭ᠎ᠤᠨ ᠠᠵᠢᠯ᠎ᠤᠨ ᠪᠦᠲᠦᠮᠵᠢ ᠵᠢᠨ ᠦᠵᠡᠯᠲᠡ᠎ᠳᠡᠬᠢ 《ᠨᠢᠭᠡ ᠤᠷᠤᠨ ᠪᠦᠰᠡ》 ᠬᠢᠭᠡᠳ 《ᠪᠦᠬᠦ ᠲᠠᠯ᠎ᠠ》 ᠵᠢᠨ ᠬᠠᠷᠢᠴᠠᠭ᠎ᠠ
2026-03-25 10:11:39
ᠵᠣᠬᠢᠶᠠᠭ᠍ᠴᠢ᠄
ᠰᠢᠨᠬᠤᠸᠠ ᠬᠣᠷᠢᠶ᠎ᠡ ᠵᠢᠨ ᠰᠤᠷᠪᠤᠯᠵᠢᠯᠠᠭ᠍ᠴᠢ ᠶᠠᠨ ᠹᠦ ᠵᠢᠩ
ᠣᠩᠱᠢᠭ᠍ᠰᠠᠨ ᠣᠳᠠᠭ᠎ᠠ᠄
★★★☆☆

《ᠵᠢᠶᠠᠩᠰᠤ ᠵᠡᠷᠭᠡ ᠠᠵᠤ ᠠᠬᠤᠢ᠎ᠶᠢᠨ ᠲᠣᠮᠣ᠌ ᠮᠤᠵᠢ ᠥᠭᠡᠷᠡᠴᠢᠯᠡᠯᠲᠡ ᠨᠡᠭᠡᠭᠡᠯᠲᠡ᠎ᠶᠢᠨ ᠡᠮᠦᠨ᠎ᠡ ᠡᠩᠨᠡᠭᠡᠨ᠎ᠳᠦ ᠶᠠᠪᠤᠵᠤ ᠪᠠᠢᠭ᠎ᠠ ᠪᠣᠯᠬᠣᠷ ᠰᠢᠨ᠎ᠡ ᠪᠠᠢᠳᠠᠯ᠎ᠢ ᠰᠤᠳᠤᠯᠬᠤ᠂ ᠰᠢᠨ᠎ᠡ ᠠᠰᠠᠭᠤᠳᠠᠯ᠎ᠢ ᠰᠢᠢᠳᠪᠦᠷᠢᠯᠡᠬᠦ ᠲᠠᠯ᠎ᠠ᠎ᠪᠠᠷ ᠬᠦᠴᠦ ᠣᠷᠣᠭᠤᠯᠵᠤ᠂ ᠲᠤᠷᠰᠢᠯᠭ᠎ᠠ ᠬᠤᠷᠠᠮᠳᠤᠭᠤᠯᠬᠤ ᠬᠡᠷᠡᠭᠲᠡᠢ》᠃ ᠡᠨᠡ ᠵᠢᠯ᠎ᠦᠨ ᠪᠥᠬᠥ ᠤᠯᠤᠰ᠎ᠤᠨ ᠬᠣᠶᠠᠷ ᠬᠤᠷᠠᠯ᠎ᠤᠨ ᠬᠤᠭᠤᠴᠠᠭᠠᠨ᠎ᠳᠤ᠂ ᠶᠡᠷᠦᠩᠬᠡᠢ ᠱᠦᠵᠢ ᠰᠢ᠎ᠶᠢᠨ ᠫᠢᠩ ᠠᠵᠤ ᠠᠬᠤᠢ᠎ᠶᠢᠨ ᠲᠣᠮᠣ᠌ ᠮᠤᠵᠢ᠎ᠳᠤ ᠰᠢᠨ᠎ᠡ ᠱᠠᠭᠠᠷᠳᠠᠯᠭ᠎ᠠ ᠳᠤᠷᠠᠳᠪᠠ᠃

《ᠪᠦᠬᠦ ᠤᠯᠤᠰ᠎ᠤᠨ ᠶᠡᠬᠡ ᠲᠠᠯ᠎ᠠ᠎ᠳᠤ ᠨᠡᠩ ᠶᠡᠬᠡ ᠰᠢᠨ᠎ᠡ ᠬᠤᠪᠢ ᠨᠡᠮᠡᠷᠢ ᠦᠵᠡᠭᠦᠯᠬᠦ ᠵᠢ ᠱᠠᠭᠠᠷᠳᠠᠬᠰᠠᠨ》 ᠡᠴᠡ ᠠᠪᠤᠭᠠᠳ 《ᠵᠢᠶᠠᠩᠰᠤ ᠭᠣᠣᠯ ᠡᠭᠦᠷᠭᠡ ᠵᠢ ᠡᠭᠦᠷᠭᠡᠯᠡᠬᠦ ᠬᠠᠷᠢᠭᠤᠴᠠᠯᠭ᠎ᠠ᠎ᠪᠠᠨ ᠰᠠᠢᠲᠤᠷ ᠨᠠᠢᠳᠠᠪᠤᠷᠢᠵᠢᠭᠤᠯᠵᠤ᠂ ᠨᠡᠩ ᠶᠡᠬᠡ ᠰᠢᠨ᠎ᠡ ᠠᠮᠵᠢᠯᠲᠠ ᠣᠯᠬᠤ᠎ᠪᠠᠷ ᠴᠢᠷᠮᠠᠢᠬᠤ᠎ᠶᠢ ᠬᠦᠰᠡᠭᠰᠡᠨ》 ᠬᠦᠷᠲᠡᠯ᠎ᠡ᠂ ᠣᠢᠷ᠎ᠠ᠎ᠶᠢᠨ ᠵᠢᠯ᠎ᠳᠦ᠂ ᠶᠡᠷᠦᠩᠬᠡᠢ ᠱᠦᠵᠢ ᠰᠢ᠎ᠶᠢᠨ ᠫᠢᠩ ᠪᠦᠬᠦ ᠤᠯᠤᠰ᠎ᠤᠨ ᠬᠣᠶᠠᠷ ᠬᠤᠷᠠᠯ᠎ᠤᠨ ᠬᠤᠭᠤᠴᠠᠭᠠᠨ᠎ᠳᠤ ᠣᠷᠣᠨ ᠨᠤᠲᠤᠭ᠎ᠤᠨ ᠪᠦᠬᠦ ᠤᠯᠤᠰ᠎ᠤᠨ ᠬᠥᠭᠵᠢᠯᠲᠡ᠎ᠶᠢᠨ ᠶᠡᠬᠡ ᠲᠠᠯ᠎ᠠ᠎ᠳᠤ ᠦᠵᠡᠭᠦᠯᠦᠭᠰᠡᠨ ᠬᠤᠪᠢ ᠨᠡᠮᠡᠷᠢ ᠪᠣᠯᠣᠨ ᠦᠢᠯᠡᠳᠦᠯ᠎ᠢ ᠤᠯᠠᠨ ᠤᠳᠠᠭ᠎ᠠ ᠶᠠᠷᠢᠪᠠ᠃ ᠡᠭᠦᠨ᠎ᠦ ᠠᠷᠤ᠎ᠳᠤ 《ᠨᠢᠭᠡ ᠤᠷᠤᠨ ᠪᠦᠰᠡ᠎ᠳᠦ ᠬᠤᠪᠢ ᠨᠠᠮᠠᠷᠢ ᠦᠵᠡᠬᠦᠯᠬᠦ ᠮᠥᠷᠲᠡᠭᠡᠨ ᠪᠠᠰᠠ ᠪᠥᠬᠥ ᠲᠠᠯ᠎ᠠ᠎ᠳᠤ ᠬᠡᠷᠡᠯ ᠭᠢᠯᠪᠠᠭ᠎ᠠ ᠨᠡᠮᠡᠷᠢᠯᠡᠬᠦ》 ᠱᠠᠭᠠᠷᠳᠠᠯᠭ᠎ᠠ ᠠᠭᠤᠯᠤᠭᠳᠠᠵᠤ᠂ ᠨᠠᠮ᠎ᠤᠨ ᠭᠡᠰᠢᠭᠦᠨ ᠺᠠᠳ᠋ᠷᠴᠤᠳ᠎ᠤᠨ ᠵᠠᠰᠠᠭ᠎ᠤᠨ ᠠᠵᠢᠯ᠎ᠤᠨ ᠪᠦᠲᠦᠮᠵᠢ᠎ᠶᠢᠨ ᠦᠵᠡᠯᠲᠡ᠎ᠪᠡᠨ ᠲᠥᠪ ᠪᠣᠯᠭᠠᠵᠤ᠂ ᠥᠪᠡᠷᠮᠡᠲᠡᠭᠡᠢ ᠦᠵᠡᠯ᠂ ᠣᠷᠣᠨ ᠨᠤᠲᠤᠭ᠎ᠤᠨ ᠦᠵᠡᠯ᠎ᠢ ᠲᠠᠶᠠᠭᠳᠠᠵᠤ᠂ ᠬᠡᠰᠡᠭ ᠲᠠᠯ᠎ᠠ ᠪᠠ ᠪᠦᠬᠦᠯᠢ ᠴᠣᠭᠴᠠ᠂ ᠣᠳᠣᠬᠢ ᠪᠠ ᠠᠯᠤᠰ ᠬᠡᠲᠦ᠂ 《ᠦᠪᠡᠷ ᠪᠢ》 ᠪᠠ 《ᠬᠠᠮᠳᠦ ᠴᠤᠭᠴᠠ》 ᠶ᠋ᠢᠨ ᠬᠤᠪᠢᠰᠤᠩᠭᠤᠢ ᠬᠠᠷᠢᠴᠠᠭ᠎ᠠ᠎ᠶᠢ ᠰᠡᠷᠭᠡᠭ᠎ᠢᠶᠡᠷ ᠲᠠᠨᠢᠬᠤ ᠬᠡᠷᠡᠭᠲᠡᠢ ᠭᠡᠳᠡᠭ᠎ᠢ ᠰᠡᠩᠬᠡᠷᠡᠭᠦᠯᠵᠦ ᠪᠠᠢᠨ᠎ᠠ᠃

ᠨᠢᠭᠡ ᠭᠠᠵᠠᠷ ᠣᠷᠣᠨ ᠨᠢ ᠥᠪᠡᠷ᠎ᠦᠨ ᠪᠡᠶ᠎ᠡ ᠪᠣᠯᠣᠨ ᠤᠯᠤᠰ᠎ᠤᠨ ᠬᠥᠭᠵᠢᠯᠲᠡ᠎ᠶᠢᠨ ᠶᠡᠬᠡ ᠲᠠᠯ᠎ᠠ᠎ᠶᠢᠨ ᠬᠠᠷᠢᠴᠠᠭ᠎ᠠ᠎ᠪᠠᠨ ᠬᠡᠷᠬᠢᠨ ᠲᠣᠭᠲᠠᠭᠠᠪᠠᠯ ᠵᠣᠬᠢᠬᠤ ᠪᠤᠶ? ᠪᠠᠷᠤᠭ 20 ᠵᠢᠯ᠎ᠦᠨ ᠡᠮᠦᠨ᠎ᠡ᠂ ᠲᠤᠬᠠᠢ᠎ᠶᠢᠨ ᠦᠶ᠎ᠡ᠎ᠳᠦ ᠱᠠᠩᠬᠠᠢ ᠬᠤᠳᠠ᠎ᠶᠢᠨ ᠨᠠᠮ᠎ᠤᠨ ᠬᠣᠷᠢᠶ᠎ᠡ ᠵᠢᠨ ᠱᠦᠵᠢ ᠪᠠᠢᠭᠰᠠᠨ ᠰᠢ᠎ᠶᠢᠨ ᠫᠢᠩ ᠨᠥᠬᠥᠷ᠎ᠦᠨ ᠥᠭᠦᠯᠡᠯᠲᠡ ᠨᠢ ᠬᠥᠮᠥᠰ᠎ᠢ ᠭᠦᠨ ᠰᠡᠳᠬᠢᠬᠦᠯᠪᠡ᠃

2007 ᠣᠨ᠎ᠤ 5 ᠰᠠᠷ᠎ᠠ᠎ᠳᠤ᠂ ᠱᠠᠩᠬᠠᠢ ᠬᠤᠳᠠ᠎ᠶᠢᠨ ᠶᠢᠰᠦᠳᠦᠭᠡᠷ ᠤᠳᠠᠭ᠎ᠠ᠎ᠶᠢᠨ ᠨᠠᠮ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠳᠤ᠂ ᠰᠢ᠎ᠶᠢᠨ ᠫᠢᠩ ᠨᠥᠬᠥᠷ ᠱᠠᠩᠬᠠᠢ᠎ᠶᠢᠨ ᠤᠤᠯ᠎ᠤᠨ ᠪᠠᠢᠭᠰᠠᠨ ᠬᠤᠳᠠ᠎ᠶᠢᠨ ᠵᠣᠷᠢᠭ᠋ ᠰᠠᠨᠠᠭ᠎ᠠ ᠪᠤᠯᠬᠤ 《ᠬᠢᠵᠠᠭᠠᠷ ᠦᠬᠡᠢ ᠠᠭᠤᠳᠠᠮᠴᠢ ᠪᠠᠬᠳᠠᠭᠠᠮᠵᠢ ᠪᠡᠷ ᠭᠠᠷᠮᠠᠭᠠᠢᠯᠠᠨ ᠤᠷᠤᠢᠯᠠᠨᠠᠮ》 ᠬᠡᠬᠦ ᠦᠬᠡ ᠵᠢᠨ ᠠᠷᠤ ᠳ᠋ᠤ ᠪᠠᠰᠠ 《ᠰᠡᠬᠡᠭᠡᠷᠡᠭᠰᠡᠨ ᠮᠡᠷᠭᠡᠨ ᠤᠬᠠᠭᠠᠨ᠂ ᠠᠭᠤᠳᠠᠮᠴᠢ ᠡᠶᠡᠯᠳᠡᠭ ᠳᠠᠷᠤᠤ》 ᠭᠡᠬᠦ ᠦᠭᠡ ᠵᠢ ᠨᠡᠮᠡᠵᠡᠢ᠃

《ᠠᠨᠠᠪᠠᠳ ᠳᠠᠯᠠᠢ ᠳᠤᠰᠤᠯ ᠤᠰᠤ ᠵᠢ ᠪᠠᠭᠲᠠᠭᠠᠬᠤ ᠵᠢᠨ ᠤᠴᠢᠷ᠎ᠠ᠂ ᠠᠰᠤᠷᠤ ᠶᠡᠬᠡ ᠠᠭᠤᠳᠠᠮ ᠲᠡᠨᠢᠭᠡᠷ ᠪᠤᠯᠵᠤᠬᠤᠢ; ᠠᠭᠤᠯᠠ ᠬᠠᠢᠷᠬᠠᠨ ᠮᠦᠬᠦᠯᠢᠭ ᠰᠢᠷᠤᠢ ᠵᠢ ᠪᠠᠭᠲᠠᠭᠠᠬᠤ ᠵᠢᠨ ᠤᠴᠢᠷ᠎ᠠ᠂ ᠠᠰᠤᠷᠤ ᠦᠨᠳᠦᠷ ᠰᠦᠷᠯᠢᠭ ᠰᠠᠢᠬᠠᠨ ᠪᠤᠯᠵᠤᠬᠤᠢ》᠂  ᠰᠢ᠎ᠶᠢᠨ ᠫᠢᠩ ᠨᠥᠬᠥᠷ ᠡᠨᠡ ᠬᠦ᠌ ᠡᠷᠲᠡᠨ᠎ᠦ ᠦᠭᠡ ᠡᠴᠡ ᠡᠰᠢ ᠲᠠᠲᠠᠵᠤ ᠬᠦᠨᠵᠠᠬᠡᠢ ᠪᠣᠳᠣᠯᠬᠢᠯᠠᠵᠤ᠂ ᠱᠠᠩᠬᠠᠢ ᠨᠢ ᠨᠢᠭᠡᠨ ᠬᠥᠭᠵᠢᠭᠰᠡᠨ ᠭᠠᠵᠠᠷ ᠣᠷᠣᠨ ᠪᠣᠯᠤᠭᠰᠠᠨ᠎ᠤ ᠬᠤᠪᠢ᠎ᠳᠤ 《ᠨᠡᠩ ᠠᠭᠤᠳᠠᠮᠴᠢ ᠡᠶᠡᠯᠳᠡᠭ ᠳᠠᠷᠤᠤ ᠪᠠᠢᠬᠤ ᠬᠡᠷᠡᠭᠲᠡᠢ᠂ ᠭᠠᠭᠴᠠ ᠬᠦ᠌ ᠠᠭᠤᠳᠠᠮ ᠪᠠᠭᠲᠠᠭᠠᠮᠵᠢᠲᠠᠢ᠂ ᠪᠦᠬᠦ ᠤᠯᠤᠰ᠎ᠢᠶᠠᠷ᠎ᠢᠶᠠᠨ ᠨᠢᠭᠡᠨ ᠬᠥᠯᠭᠡ ᠰᠢᠲᠠᠷ᠎ᠠ  ᠪᠠᠢᠬᠤ ᠤᠬᠠᠮᠰᠠᠷ᠎ᠲᠠᠢ ᠪᠠᠢᠪᠠᠯ ᠰᠠᠶᠢ ᠪᠤᠰᠤᠳ ᠠᠭᠤᠯᠠ᠎ᠶᠢᠨ ᠴᠢᠯᠠᠭᠤ ᠵᠢ ᠬᠠᠰ ᠪᠤᠯᠭᠠᠨ ᠬᠤᠪᠢᠯᠭᠠᠵᠤ ᠴᠢᠳᠠᠨ᠎ᠠ》 ᠭᠡᠵᠦ ᠵᠢᠭᠠᠵᠤ ᠭᠠᠷᠭᠠᠵᠠᠢ᠃

ᠡᠢᠨ᠎ᠬᠦ᠂ ᠰᠢ ᠵᠢᠨ ᠫᠢᠩ ᠨᠥᠬᠥᠷ ᠱᠠᠩᠬᠠᠢ᠎ᠶ᠋ᠢᠨ ᠬᠥᠭ᠌ᠵᠢᠯᠲᠡ᠎ᠶ᠋ᠢᠨ ᠪᠠᠢᠷᠢᠱᠢᠯ᠎ᠢ ᠤᠯᠠᠮ ᠨᠢᠭᠡ ᠠᠯᠬᠤᠮ ᠲᠣᠳᠣᠷᠬᠠᠢᠯᠠᠪᠠ᠄《ᠱᠠᠩᠬᠠᠢ᠎ᠶ᠋ᠢᠨ ᠢᠷᠡᠭᠡᠳᠦᠢ᠎ᠶ᠋ᠢᠨ ᠬᠥᠭ᠌ᠵᠢᠯᠲᠡ᠎ᠶ᠋ᠢ ᠲᠥᠪ᠎ᠡᠴᠡ ᠱᠠᠩᠬᠠᠢ᠎ᠶ᠋ᠢᠨ ᠬᠥᠭ᠌ᠵᠢᠯᠲᠡ᠎ᠶ᠋ᠢᠨ ᠲᠤᠬᠠᠢ ᠪᠠᠢᠯᠳᠤᠬᠤ ᠪᠤᠳᠤᠯᠭ᠎ᠠ᠎ᠶ᠋ᠢᠨ ᠪᠠᠢᠷᠢ ᠲᠣᠭ᠍ᠲᠠᠭᠠᠯᠲᠠ ᠳᠡᠭᠡᠷ᠎ᠡ ᠲᠠᠯᠪᠢᠵᠤ᠂ ᠠᠵᠤ ᠠᠬᠤᠢ᠎ᠶ᠋ᠢᠨ ᠳᠡᠯᠡᠬᠡᠢᠵᠢᠯᠲᠡ᠎ᠶ᠋ᠢᠨ ᠶᠡᠬᠡ ᠬᠠᠨᠳᠤᠰᠢ ᠳᠣᠣᠷ᠎ᠠ ᠲᠠᠯᠪᠢᠵᠤ᠂ ᠪᠦᠬᠦ᠌ ᠤᠯᠤᠰ᠎ᠤᠨ ᠬᠥᠭ᠌ᠵᠢᠯᠲᠡ᠎ᠶ᠋ᠢᠨ ᠶᠡᠬᠡ ᠪᠠᠢᠷᠢᠱᠢᠯ ᠳᠤᠮᠳᠠ ᠲᠠᠯᠪᠢᠵᠤ᠂ ᠤᠯᠤᠰ ᠡᠴᠡ ᠬᠥᠬᠡᠮᠥ᠋ᠷᠡᠨ᠎ᠦ ᠭᠤᠷᠪᠠᠯᠵᠢᠨ ᠬᠣᠢᠭ᠎ᠤᠨ ᠣᠷᠣᠨ ᠪᠦᠰᠡ᠎ᠶ᠋ᠢᠨ ᠬᠥᠭ᠌ᠵᠢᠯᠲᠡ᠎ᠶ᠋ᠢᠨ ᠲᠤᠬᠠᠢ ᠶᠡᠷᠦᠩᠬᠡᠢ ᠪᠠᠢᠷᠢᠯᠠᠭᠤᠯᠤᠯᠲᠠ ᠳᠤᠮᠳᠠ ᠲᠠᠯᠪᠢᠵᠤ ᠪᠣᠳᠣᠯᠬᠢᠯᠠᠨ ᠲᠥᠯᠥᠪᠯᠡᠬᠦ ᠬᠡᠷᠡᠭᠳᠡᠢ》᠃

ᠬᠣᠲᠠ᠎ᠶ᠋ᠢᠨ ᠵᠣᠷᠢᠭ ᠰᠠᠨᠠᠭᠠᠨ᠎ᠤ ᠱᠢᠨᠡᠴᠢᠯᠡᠯᠲᠡ ᠪᠣᠯᠤᠨ ᠳᠡᠰ ᠳᠠᠪᠱᠢᠯᠲᠠ ᠨᠢ ᠱᠠᠩᠬᠠᠶ᠎ᠶ᠋ᠢᠨ ᠬᠥᠭ᠌ᠵᠢᠯᠲᠡ᠎ᠶ᠋ᠢ ᠨᠡᠩ ᠥᠨᠳᠥᠷ ᠲᠦᠪᠱᠢᠨ᠎ᠳᠦ ᠬᠦᠷᠭᠡᠵᠦ᠍᠂ ᠱᠠᠩᠬᠠᠶ᠎ᠶ᠋ᠢᠨ ᠡᠭᠦᠷᠭᠡᠯᠡᠵᠦ᠍ ᠪᠠᠢᠭ᠎ᠠ ᠴᠢᠬᠤᠯᠠ ᠶᠡᠬᠡ ᠲᠡᠦᠬᠡᠲᠦ ᠡᠭᠦᠷᠭᠡ᠎ᠶ᠋ᠢ ᠬᠥᠮᠦᠰ ᠤᠯᠠᠮ ᠭᠦᠨᠵᠡᠭᠡᠶ ᠲᠠᠨᠢᠪᠠ᠃ ᠶᠠᠭ ᠰᠢ ᠵᠢᠨ ᠫᠢᠩ ᠨᠥᠬᠥᠷ᠎ᠦᠨ ᠬᠡᠯᠡᠭ᠌ᠰᠡᠨᠴᠢᠯᠡᠨ᠄ 《ᠱᠠᠩᠬᠠᠶ ᠪᠣᠯ ᠪᠦᠬᠦ᠌ ᠤᠯᠤᠰ᠎ᠤᠨ ᠱᠠᠩᠬᠠᠶ ᠮᠥᠨ᠂ ᠱᠠᠩᠬᠠᠶ ᠨᠡᠩ ᠡᠷᠡᠰ ᠪᠠᠲᠤ᠎ᠪᠠᠷ ᠤᠯᠤᠰ᠎ᠤᠨ ᠪᠠᠢᠯᠳᠤᠬᠤ ᠪᠣᠳᠣᠯᠭ᠎ᠠ᠎ᠶ᠋ᠢᠨ ᠳᠣᠣᠷ᠎ᠠ  ᠪᠣᠳᠣᠯᠬᠢᠯᠠᠵᠤ ᠠᠵᠢᠯᠯᠠᠭ᠎ᠠ ᠠᠪᠬᠤ ᠬᠡᠷᠡᠭ᠌ᠲᠡᠶ᠂ ᠱᠠᠩᠬᠠᠢ᠎ᠶ᠋ᠢᠨ ᠬᠥᠭ᠌ᠵᠢᠯᠲᠡ ᠶᠠᠭᠠᠬᠢᠭ᠍ᠰᠠᠨ ᠴᠤ᠌ ᠬᠤᠪᠢ᠎ᠪᠠᠨ ᠪᠤᠳᠤᠭᠠᠳ ᠪᠤᠰᠤᠳ᠎ᠢ ᠬᠠᠢᠬᠤᠷᠬᠤ ᠦᠭᠡᠢ ᠪᠠᠢᠵᠤ ᠪᠣᠯᠬᠤ ᠦᠭᠡᠢ᠂ ᠱᠠᠩᠬᠠᠢ᠎ᠶ᠋ᠢᠨ ᠬᠥᠭ᠌ᠵᠢᠯᠲᠡ ᠶᠠᠭᠠᠬᠢᠭ᠍ᠰᠠᠨ ᠴᠤ᠌ ᠭᠠᠭ᠍ᠴᠠᠭᠠᠷ ᠠᠱᠢᠭ ᠬᠦᠷᠳᠡᠴᠢᠬᠡᠭᠡᠳ ᠯᠡ ᠪᠣᠯᠬᠤ ᠪᠢᠰᠢ 》 ᠃

ᠶᠡᠷᠦᠩᠬᠡᠶ ᠱᠦᠵᠢ ᠰᠢ ᠵᠢᠨ ᠫᠢᠩ᠎ᠦᠨ ᠣᠷᠣᠨ ᠨᠤᠲᠤᠭ᠎ᠲᠤ᠌ ᠵᠠᠰᠠᠭ ᠪᠠᠷᠢᠭ᠍ᠰᠠᠨ ᠦᠶ᠋ᠯᠡᠳᠦᠯᠭᠡ᠎ᠶ᠋ᠢ ᠡᠷᠭᠢᠴᠡᠭᠦᠯᠬᠦᠶ᠎ᠡ᠂ ᠡᠨᠡ ᠬᠦ᠌ ᠣᠷᠣᠨ ᠪᠦᠰᠡ᠎ᠡᠴᠡ ᠦᠰᠦᠷᠦᠨ ᠭᠠᠷᠴᠤ᠌ ᠪᠥᠬᠥ᠌ ᠲᠠᠯ᠎ᠠ᠎ᠶ᠋ᠢ ᠬᠠᠷᠠᠬᠤ ᠰᠡᠳᠭᠢᠬᠦᠶ ᠢᠮᠠᠭᠳᠠ ᠲᠤᠭᠤᠰᠢᠯᠠᠭᠳᠠᠵᠤ ᠢᠷᠡᠵᠡᠶ᠃

ᠹᠦᠵᠢᠶᠠᠨ᠎ᠤ ᠨᠢᠩᠳ᠋ᠸ ᠳ᠋ᠤ᠂ ᠤᠯᠤᠰ᠎ᠢ ᠨᠢᠭᠡ ᠬᠡᠰᠡᠭ ᠲᠣᠣᠷ᠎ᠢᠶᠠᠷ ᠵᠦᠢᠷᠯᠡᠵᠦ᠍᠂ 《ᠪᠦᠬᠦ᠌ ᠤᠯᠤᠰ᠎ᠤᠨ ᠭᠤᠷᠪᠠᠨ ᠮᠢᠩᠭ᠎ᠠ ᠭᠠᠷᠤᠢ ᠱᠢᠶᠠᠨ᠎ᠢ ᠡᠨᠡ ᠬᠡᠰᠡᠭ ᠳᠤᠤᠷ᠎ᠤᠨ ᠵᠠᠩᠭᠢᠶᠠᠰᠤ ᠨᠢᠬᠡ ᠪᠦᠷᠢ ᠲᠠᠢ ᠠᠳᠠᠯᠢ》᠂ 《ᠵᠠᠩᠭᠢᠶᠠᠰᠤ》 ᠪᠠᠲᠤ ᠪᠡᠬᠢ ᠪᠠᠢᠪᠠᠯ᠂ ᠤᠯᠤᠰ᠎ᠤᠨ ᠤᠯᠤᠰ ᠲᠦᠷᠦ᠍᠎ᠶ᠋ᠢᠨ ᠪᠠᠢᠳᠠᠯ ᠲᠣᠭ᠍ᠲᠠᠭᠤᠨ ᠪᠣᠯᠤᠨ᠎ᠠ ᠭᠡᠵᠦ ᠵᠢᠭᠠᠵᠤ ᠭᠠᠷᠭᠠᠪᠠ; ᠵᠧᠵᠢᠶᠠᠩ᠎ᠳᠤ᠂ ᠨᠠᠩ ᠶᠡᠬᠡ ᠣᠷᠣᠨ ᠵᠠᠶ᠎ᠶ᠋ᠢᠨ ᠳᠣᠲᠣᠷ᠎ᠠ ᠨᠠᠩ ᠶᠡᠬᠡ ᠬᠥᠭ᠌ᠵᠢᠯᠲᠡ᠎ᠶ᠋ᠢ ᠪᠡᠶᠡᠯᠡᠭᠦᠯᠬᠦ ᠵᠢ ᠳᠤᠷᠠᠳᠤᠨ ᠭᠠᠷᠭᠠᠵᠤ᠂ 《ᠠᠮᠲᠠᠲᠤ ᠲᠥᠮᠥᠰᠥ᠎ᠶ᠋ᠢᠨ ᠣᠨᠣᠯ》᠎ᠤ᠋ᠨ ᠤᠷᠠᠨ ᠵᠦᠢᠷᠯᠡᠯ᠎ᠢᠶᠡᠷ 《ᠡᠷᠬᠡᠪᠰᠢ ᠵᠧᠵᠢᠶᠠᠩ ᠡᠴᠡ ᠦᠰᠦᠷᠦᠨ ᠭᠠᠷᠴᠤ᠌ ᠵᠧᠵᠢᠶᠠᠩ᠎ᠢ ᠬᠥᠭ᠌ᠵᠢᠭᠦᠯᠬᠦ᠌ ᠬᠡᠷᠡᠭ᠌ᠲᠡᠶ》 ᠭᠡᠵᠦ ᠳᠤᠳᠤᠷᠬᠠᠢᠯᠠᠪᠠ  ᠁

ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢ᠂ ᠶᠡᠷᠦᠩᠬᠡᠢ ᠱᠦᠵᠢ ᠰᠢ ᠵᠢᠨ ᠫᠢᠩ ᠪᠦᠬᠦ᠌ ᠨᠠᠮ᠎ᠢ ᠬᠦᠳᠦᠯᠥᠨ ᠳᠠᠭᠠᠭᠤᠯᠵᠤ ᠪᠦᠬᠦ᠌ ᠲᠠᠯ᠎ᠠ᠎ᠶ᠋ᠢᠨ ᠰᠡᠳᠭᠢᠬᠦᠢ᠂ ᠪᠠᠢᠯᠳᠤᠬᠤ ᠪᠤᠳᠤᠯᠭ᠎ᠠ᠎ᠶ᠋ᠢᠨ ᠬᠠᠷᠠᠭᠠᠰᠤ ᠵᠢ ᠤᠯᠠᠮ ᠨᠢᠭᠡ ᠠᠯᠬᠤᠮ ᠪᠤᠢ ᠪᠣᠯᠭᠠᠵᠤ᠂ ᠤᠳᠤᠷᠢᠳᠭᠤ ᠺᠠᠳ᠋ᠷ᠎ᠢ ᠬᠡᠬᠦᠳᠡᠭ ᠴᠡᠭᠡᠵᠢᠨ᠎ᠳᠡᠭᠡᠨ 《ᠬᠣᠶᠠᠷ ᠶᠡᠬᠡ ᠲᠠᠯ᠎ᠠ》 ᠵᠢ ᠪᠠᠭ᠍ᠲᠠᠭᠠᠵᠤ᠂ ᠡᠯ᠎ᠡ ᠭᠠᠵᠠᠷ᠎ᠤᠨ ᠬᠢᠨ᠎ᠢ 《ᠤᠬᠠᠮᠰᠠᠷ ᠡᠴᠡ᠎ᠪᠠᠨ ᠥᠪᠡᠷ᠎ᠦᠨ ᠭᠡᠷ᠎ᠦᠨ᠎ᠢᠶᠡᠨ 〈ᠨᠢᠭᠡ ᠮᠦ᠍ ᠭᠤᠷᠪᠠᠨ ᠹᠦᠨ ᠭᠠᠵᠠᠷ〉 ᠤ᠋ᠨ ᠰᠡᠳᠭᠢᠬᠦᠢ᠎ᠶ᠋ᠢᠨ ᠲᠣᠭ᠍ᠲᠠᠮᠠᠯ ᠬᠡᠯᠪᠡᠷᠢ᠎ᠶ᠋ᠢ ᠡᠪᠳᠡᠵᠦ᠍᠂ ᠪᠦᠯᠬᠦᠮᠳᠡᠨ ᠨᠢᠭ᠍ᠲᠠᠷᠠᠵᠤ ᠦᠵᠦ᠍ ᠲᠥᠯᠥᠪᠯᠡᠭᠡ᠎ᠶᠢᠨ ᠬᠠᠷᠠᠯᠲᠠ ᠲᠡᠢᠰᠢ ᠬᠠᠮᠲᠤ᠎ᠪᠠᠷ ᠬᠢᠬᠦ᠌ ᠬᠡᠷᠡᠭ᠌ᠲᠡᠢ》 ᠭᠡᠵᠦ᠍ ᠵᠠᠬᠢᠪᠠ᠃

ᠭᠦᠶ᠋ᠵᠧᠦ᠎ᠳᠦ᠂ ᠲᠤᠬᠠᠶ᠎ᠶ᠋ᠢᠨ ᠭᠠᠵᠠᠷ᠎ᠤᠨ᠎ᠬᠢᠨ᠎ᠢ ᠪᠥᠬᠥ᠌ ᠤᠯᠤᠰ᠎ᠤᠨ ᠨᠢᠭᠡᠳᠦᠯᠲᠡᠶ ᠲᠣᠮᠣ ᠵᠠᠬ᠎ᠠ ᠳᠡᠯᠭᠡᠭᠦᠷ᠎ᠦᠨ ᠪᠥᠲᠥᠭᠡᠨ ᠪᠠᠢᠭᠤᠯᠤᠯᠲᠠ᠎ᠳᠤ ᠢᠳᠡᠪᠬᠢᠲᠡᠶ ᠠᠭᠤᠰᠤᠯᠴᠠᠵᠤ᠂ 《ᠣᠷᠣᠨ ᠨᠤᠲᠤᠭ᠎ᠤᠨ ᠬᠠᠮᠠᠭᠠᠯᠠᠯᠲᠠ᠂ ᠵᠠᠬ᠎ᠠ ᠳᠡᠯᠭᠡᠭᠦᠷ᠎ᠦᠨ ᠬᠡᠰᠡᠭ᠌ᠯᠡᠯ᠂ 〈ᠳᠣᠲᠣᠭᠠᠳᠤ᠎ᠶᠢᠨ ᠰᠢᠷᠦᠬᠦᠨ ᠦᠷᠢᠰᠦᠯᠳᠦᠭᠡᠨ〉᠎ᠤ᠋ ᠮᠠᠶᠢᠭ᠎ᠤᠨ ᠥᠷᠢᠰᠥᠯᠳᠦᠭᠡᠨ᠎ᠢ ᠡᠷᠡᠰ ᠠᠷᠢᠯᠭᠠᠬᠤ ᠬᠡᠷᠡᠭ᠌ᠲᠡᠶ》 ᠭᠡᠵᠦ᠍ ᠱᠠᠭᠠᠷᠳᠠᠪᠠ; ᠱᠢᠨᠵᠢᠶᠠᠩ᠎ᠤᠨ ᠬᠥᠭ᠌ᠵᠢᠯᠲᠡ᠎ᠳᠦ᠂ 《ᠱᠢᠨᠵᠢᠶᠠᠩ᠎ᠤᠨ ᠲᠣᠰ ᠪᠡᠶ᠎ᠡ᠎ᠶ᠋ᠢᠨ ᠣᠷᠣᠨ ᠪᠦᠰᠡ᠎ᠶ᠋ᠢᠨ ᠴᠢᠨᠠᠷᠲᠠᠶ ᠨᠡᠭᠡᠭᠡᠯᠲᠡ᠎ᠶ᠋ᠢᠨ ᠪᠠᠢᠯᠳᠤᠬᠤ ᠪᠣᠳᠣᠯᠭ᠎ᠠ᠎ᠶ᠋ᠢ ᠤᠯᠤᠰ᠎ᠤᠨ ᠪᠠᠷᠠᠭᠤᠨᠰᠢ ᠨᠡᠭᠡᠭᠡᠯᠲᠡ ᠬᠢᠬᠦ᠌ ᠶᠡᠷᠦᠩᠬᠡᠶ ᠪᠠᠢᠷᠢᠱᠢᠭᠤᠯᠤᠯᠲᠠ᠎ᠳᠤ ᠣᠷᠣᠭᠤᠯᠬᠤ ᠬᠡᠷᠡᠭ᠌ᠲᠡᠶ》 ᠭᠡᠵᠦ᠍ ᠵᠣᠷᠢᠭ᠍ᠵᠢᠭᠤᠯᠪᠠ; ᠬᠥᠬᠡᠨᠠᠭᠤᠷ᠎ᠤᠨ 《ᠬᠥᠬᠡᠨᠠᠭᠤᠷ ᠲᠥᠪᠡᠳ᠎ᠦᠨ ᠥᠨᠳᠥᠷᠯᠢᠭ᠎ᠢ ᠠᠮᠢ ᠠᠬᠤᠶ᠎ᠶ᠋ᠢᠨ ᠪᠣᠯᠪᠠᠰᠤᠨ᠎ᠤ ᠥᠨᠳᠥᠷᠯᠢᠭ ᠪᠣᠯᠭᠠᠨ ᠪᠦᠲᠦᠭᠡᠨ ᠪᠠᠢᠭᠤᠯᠬᠤ》 ᠠᠷᠭ᠎ᠠ ᠬᠢᠳᠡᠯ᠎ᠢ ᠨᠤᠲᠠᠯᠠᠵᠤ᠂ 《ᠡᠨᠡ ᠪᠣᠯ ᠳᠠᠷᠤᠶ ᠲᠠ᠎ᠨᠠᠷ᠎ᠤᠨ ᠬᠠᠮᠤᠭ᠎ᠤᠨ ᠶᠡᠬᠡ ᠬᠤᠪᠢ ᠨᠡᠮᠡᠷᠢ ᠮᠥᠨ》 ᠭᠡᠵᠦ᠍ ᠵᠢᠭᠠᠵᠤ ᠭᠠᠷᠭᠠᠪᠠ ᠁

ᠡᠳᠡᠭᠡᠷ ᠵᠢᠯ᠎ᠦᠨ ᠲᠤᠷᠰᠢ᠂ ᠮᠠᠨ᠎ᠤ ᠤᠯᠤᠰ᠎ᠤᠨ ᠣᠷᠣᠨ ᠪᠦᠰᠡ᠎ᠶ᠋ᠢᠨ ᠬᠥᠭ᠌ᠵᠢᠯᠲᠡ᠎ᠶ᠋ᠢᠨ ᠵᠣᠬᠢᠴᠠᠩᠭᠤᠢ ᠴᠢᠨᠠᠷ ᠲᠣᠭ᠍ᠲᠠᠭᠤᠨ᠎ᠢᠶᠠᠷ ᠴᠢᠩᠭᠠᠷᠠᠵᠤ᠂ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ᠎ᠳᠤ ᠬᠦᠴᠦᠷᠬᠡᠭ ᠶᠡᠬᠡ ᠬᠦᠴᠦᠨ ᠴᠢᠳᠠᠯ᠎ᠢ ᠬᠤᠷᠠᠮᠳᠤᠭᠤᠯᠪᠠ᠃ ᠡᠭᠦᠨ᠎ᠦ ᠠᠷᠤ᠎ᠳᠤ᠂ ᠡᠯ᠎ᠡ ᠭᠠᠵᠠᠷ ᠡᠯ᠎ᠡ ᠰᠠᠯᠠᠭ᠎ᠠ ᠮᠥᠴᠢᠷ᠎ᠦᠨ ᠬᠢᠨ 《ᠪᠦᠬᠦ᠌ ᠤᠯᠤᠰ᠎ᠢᠶᠠᠷ᠎ᠢᠶᠠᠨ ᠨᠢᠭᠡ ᠬᠥᠯᠭᠡ ᠱᠢᠳᠠᠷ᠎ᠠ ᠪᠠᠢᠬᠤ》 ᠳ᠋ᠤ ᠢᠳᠡᠪᠬᠢᠲᠡᠢ ᠦᠢᠯᠡᠴᠢᠯᠡᠬᠦ᠌ ᠪᠠ ᠠᠭᠤᠰᠤᠯᠴᠠᠵᠤ᠂ ᠬᠠᠷᠢᠴᠠᠭᠤᠯᠤᠭ᠍ᠰᠠᠨ ᠳᠠᠪᠠᠭᠤᠯᠢᠭ᠎ᠢᠶᠠᠨ ᠭᠦᠢᠴᠡᠳ ᠪᠠᠳᠠᠷᠠᠭᠤᠯᠤᠬᠰᠠᠨ ᠴᠢᠷᠮᠠᠢᠯᠭ᠎ᠠ ᠡᠴᠡ ᠰᠠᠯᠵᠤ ᠴᠢᠳᠠᠬᠤ ᠦᠭᠡᠢ ᠶᠤᠮ᠃

《ᠠᠷᠪᠠᠨ ᠲᠠᠪᠤᠳᠤᠭᠠᠷ ᠲᠠᠪᠤᠨ ᠵᠢᠯ》᠎ᠳ᠋ᠤ᠌ ᠣᠷᠣᠭᠠᠳ᠂ ᠡᠮᠦᠨᠡᠲᠦ ᠣᠷᠣᠨ᠎ᠤ ᠬᠠᠯᠠᠭᠤᠨ ᠬᠥᠷᠥᠰᠥᠨ᠎ᠡᠴᠡ ᠵᠡᠭᠦᠨ ᠬᠣᠢᠲᠤ ᠣᠷᠣᠨ᠎ᠤ ᠠᠮᠤ ᠪᠤᠳᠠᠭᠠᠨ᠎ᠤ ᠬᠥᠮᠥᠷᠭᠡ ᠬᠦᠷᠲᠡᠯ᠎ᠡ᠂ ᠥᠷᠭᠡᠨ ᠠᠭᠤᠳᠠᠮ ᠪᠠᠷᠠᠭᠤᠨ ᠬᠡᠰᠡᠭ᠎ᠡᠴᠡ ᠲᠠᠯᠠᠢ ᠳᠠᠭᠠᠤ᠎ᠶ᠋ᠢᠨ ᠭᠠᠷᠠᠮ ᠪᠤᠯᠤᠩ ᠬᠦᠷᠲᠡᠯ᠎ᠡ᠂ ᠳᠤᠮᠳᠠᠳᠤ ᠤᠯᠤᠰ᠎ᠤᠨ ᠠᠵᠤ ᠠᠬᠤᠢ᠎ᠶ᠋ᠢᠨ ᠭᠠᠵᠠᠷ᠎ᠤᠨ ᠵᠢᠷᠤᠭ ᠳᠡᠭᠡᠷᠡᠬᠢ ᠡᠯ᠎ᠡ ᠣᠷᠣᠨ ᠪᠦᠰᠡ ᠠᠵᠢᠯ᠎ᠢᠶᠠᠨ ᠵᠦᠢ ᠵᠣᠬᠢᠰᠲᠠᠢ ᠬᠤᠪᠢᠶᠠᠷᠢᠯᠠᠵᠤ᠂ ᠲᠤᠰ ᠲᠤᠰ᠎ᠤᠨ ᠳᠠᠪᠠᠭᠤᠯᠢᠭ᠎ᠢᠶᠠᠨ ᠪᠠᠳᠠᠷᠠᠭᠤᠯᠤᠨ᠂ ᠬᠠᠮᠵᠢᠯᠴᠠᠨ ᠬᠦᠴᠦᠯᠡᠵᠦ᠍᠂ ᠪᠦᠬᠦ᠌ ᠲᠠᠯ᠎ᠠ᠎ᠡᠴᠡ ᠪᠣᠳᠣᠯᠬᠢᠯᠠᠨ᠂ ᠪᠦᠬᠦ᠌ ᠲᠠᠯ᠎ᠠ ᠡᠴᠡ ᠡᠭᠦᠰᠴᠦ᠍᠂ ᠬᠥᠨᠳᠡᠯᠡᠨ ᠭᠤᠯᠳᠤ᠎ᠪᠠᠷ ᠬᠣᠯᠪᠣᠯᠳᠤᠨ ᠬᠥᠳᠡᠯᠦᠯᠴᠡᠭ᠌ᠰᠡᠨ ᠬᠥᠭ᠌ᠵᠢᠯᠲᠡ᠎ᠶ᠋ᠢᠨ ᠶᠡᠬᠡ ᠪᠠᠢᠷᠢᠯᠠᠭᠤᠯᠤᠯᠲᠠ ᠶᠠᠭ ᠥᠷᠨᠢᠨ ᠬᠥᠭ᠌ᠵᠢᠵᠦ᠍ ᠪᠠᠢᠨ᠎ᠠ᠃

ᠨᠢᠭᠡ ᠣᠷᠣᠨ ᠪᠦᠰᠠ᠎ᠳᠤ ᠬᠤᠪᠢ ᠨᠡᠮᠡᠷᠢ ᠦᠵᠡᠬᠦᠯᠬᠦ ᠪᠣᠯ ᠠᠵᠢᠯ᠎ᠤᠨ ᠬᠠᠷᠢᠭᠤᠴᠠᠯᠭ᠎ᠠ ᠪᠠᠨ ᠪᠠᠷᠢᠮᠳᠠᠯᠠᠬᠤ ᠰᠠᠭᠤᠷᠢ ᠴᠢᠯᠠᠭᠤ ᠪᠣᠯᠤᠨ᠎ᠠ; ᠪᠦᠬᠦ᠌ ᠲᠠᠯ᠎ᠠ᠎ᠳᠤ ᠬᠡᠷᠡᠯ ᠭᠢᠯᠪᠠᠭ᠎ᠠ ᠨᠡᠮᠡᠷᠢᠯᠡᠬᠦ᠌ ᠪᠣᠯ ᠬᠡᠬᠦᠳᠡᠭ ᠴᠡᠭᠡᠵᠢᠨ᠎ᠳᠡᠭᠡᠨ ᠶᠡᠬᠡ ᠳᠠᠯ᠎ᠠ ᠵᠢ ᠪᠠᠭᠳᠠᠭᠠᠬᠤ ᠠᠯᠤᠰ᠎ᠤᠨ ᠬᠠᠷᠠᠴᠠ ᠪᠣᠯᠤᠨ᠎ᠠ᠃ ᠵᠠᠰᠠᠭ ᠶᠠᠪᠤᠭᠤᠯᠤᠭ᠍ᠴᠢ ᠨᠢᠭᠡ ᠪᠦᠷᠢ ᠴᠥᠮ 《ᠦᠪᠡᠷ ᠪᠢ》 ᠪᠣᠯᠤᠨ 《ᠬᠠᠮᠳᠤ ᠴᠤᠬᠴᠠ》᠎ᠶ᠋ᠢᠨ ᠬᠠᠷᠢᠴᠠᠭ᠎ᠠ᠎ᠶ᠋ᠢ ᠰᠠᠢᠲᠤᠷ ᠡᠵᠡᠮᠳᠡᠵᠦ᠍᠂ 《ᠤᠯᠤᠰ᠎ᠤᠨ ᠶᠡᠬᠡ ᠲᠠᠯ᠎ᠠ》 ᠶ᠋ᠢᠨ ᠪᠠᠢᠯᠳᠤᠬᠤ ᠪᠣᠳᠣᠯᠭ᠎ᠠ᠎ᠪᠠᠷ ᠬᠡᠰᠡᠭ ᠲᠠᠯ᠎ᠠ ᠪᠣᠯᠤᠨ ᠪᠦᠬᠦᠯᠢ ᠴᠣᠭ᠍ᠴᠠ᠎ᠶ᠋ᠢ ᠰᠡᠷᠭᠡᠭ᠎ᠢᠶᠡᠷ ᠨᠢᠭᠡᠳᠦᠯᠲᠡᠢ ᠲᠥᠯᠥᠪᠵᠢᠬᠦᠯᠵᠤ᠂ ᠤᠯᠤᠰ᠎ᠤᠨ ᠪᠠᠢᠯᠳᠤᠬᠤ ᠪᠣᠳᠣᠯᠭ᠎ᠠ᠎ᠳᠤ ᠦᠢᠯᠡᠴᠢᠯᠡᠬᠦ᠌ ᠠᠤᠭ᠎ᠠ ᠶᠡᠬᠡ ᠪᠠᠢᠷᠢᠱᠢᠯ᠎ᠤᠨ ᠳᠤᠮᠳᠠ ᠪᠠᠢᠷᠢ ᠲᠣᠭ᠍ᠲᠠᠭᠠᠯᠲᠠ᠎ᠪᠠᠨ ᠣᠨᠣᠪᠴᠢᠲᠠᠢ ᠣᠯᠵᠤ᠂ ᠦᠢᠯᠡᠳᠦᠯᠭᠡ᠂ ᠠᠷᠠᠳ ᠲᠦᠮᠡᠨ᠂ ᠲᠡᠦᠬᠡ᠎ᠶ᠋ᠢᠨ ᠱᠢᠯᠭᠠᠯᠲᠠ᠎ᠶ᠋ᠢ ᠳᠠᠭᠠᠭᠠᠵᠤ ᠴᠢᠳᠠᠬᠤ ᠪᠣᠳᠠᠲᠤ ᠠᠮᠵᠢᠯᠲᠠ᠎ᠶ᠋ᠢ ᠡᠭᠦᠳᠬᠦ᠌ ᠬᠡᠷᠡᠭ᠌ᠲᠡᠢ᠃

(ᠰᠢᠨᠬᠤᠸᠠ ᠬᠣᠷᠢᠶ᠎ᠡ ᠵᠢᠨ ᠪᠡᠭᠡᠵᠢᠩ᠎ᠦᠨ 3 ᠰᠠᠷ᠎ᠠ᠎ᠶᠢᠨ 21᠎ᠤ᠋ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号