ᠦᠪᠤᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠰᠤᠶᠤᠯ ᠪᠠ ᠵᠢᠭᠤᠯᠴᠢᠯᠠᠯ ᠤ᠋ᠨ ᠲᠢᠩᠬᠢᠮ ᠡᠴᠡ ᠤᠢᠯᠠᠭᠠᠭᠰᠠᠨ ᠢ᠋ᠶ᠋ᠡᠷ᠂ ᠲᠤᠮᠤ ᠬᠡᠯᠪᠡᠷᠢ ᠶ᠋ᠢᠨ ᠮᠤᠷᠢᠨ ᠪᠥᠵᠢᠭ᠌ᠲᠦ ᠵᠦᠴᠦᠭᠡ 《ᠪᠤᠭᠤᠷᠤᠯ ᠲᠡᠥᠬᠡ ᠶ᠋ᠢᠨ ᠬᠦᠯᠦᠭ ᠤ᠋ᠨ ᠮᠠᠭᠳᠠᠭᠠᠯ》 ᠤ᠋ᠨ 2026 ᠣᠨ ᠤ᠋ ᠲᠣᠭ᠍ᠯᠠᠯᠲᠠ ᠶ᠋ᠢᠨ ᠤᠯᠠᠷᠢᠯ 5 ᠰᠠᠷ᠎ᠠ ᠶ᠋ᠢᠨ 1 ᠤ᠋ ᠡᠳᠦᠷ ᠡᠬᠢᠯᠡᠵᠦ᠍᠂ 10 ᠰᠠᠷ᠎ᠠ ᠶ᠋ᠢᠨ 7 ᠤ᠋ ᠡᠳᠦᠷ ᠪᠣᠯᠲᠠᠯ᠎ᠠ ᠦᠷᠭᠦᠯᠵᠢᠯᠡᠨ᠎ᠡ᠃
ᠡᠨᠡ ᠵᠢᠯ ᠤ᠋ᠨ ᠲᠣᠭ᠍ᠯᠠᠯᠲᠠ ᠵᠢ ᠦᠳᠡ ᠶ᠋ᠢᠨ ᠬᠣᠢᠨᠠᠬᠢ ᠲᠤᠭᠯᠠᠯᠳᠠ ᠪᠠ ᠦᠳᠡᠰᠢ ᠶ᠋ᠢᠨ ᠲᠤᠭᠯᠠᠯᠳᠠ ᠭᠡᠵᠦ᠍ ᠬᠤᠪᠢᠶᠠᠨ᠂ ᠪᠦᠬᠦᠢᠯᠡ ᠲᠣᠭ᠍ᠯᠠᠯᠲᠠ ᠶ᠋ᠢᠨ ᠤᠯᠠᠷᠢᠯ ᠳ᠋ᠤ 160 ᠲᠠᠯᠠᠪᠠᠶ ᠲᠣᠭ᠍ᠯᠠᠯᠲᠠ ᠲᠣᠬᠢᠷᠠᠭᠤᠯᠵᠠᠢ᠃ ᠡᠭᠦᠨ ᠳ᠋ᠦ ᠦᠳᠡᠰᠢ ᠶ᠋ᠢᠨ ᠲᠤᠭᠯᠠᠯᠳᠠ 95 ᠲᠠᠯᠠᠪᠠᠶ᠂ ᠦᠳᠡ ᠶ᠋ᠢᠨ ᠬᠣᠢᠨᠠᠬᠢ ᠲᠤᠭᠯᠠᠯᠳᠠ 65 ᠲᠠᠯᠠᠪᠠᠶ ᠪᠣᠶ᠃ ᠪᠦᠷᠢᠨ ᠦᠵᠡᠭ᠌ᠳᠡᠯᠲᠦ ᠲᠣᠮᠣ ᠬᠡᠯᠪᠡᠷᠢ ᠶ᠋ᠢᠨ ᠮᠤᠷᠢᠨ ᠪᠥᠵᠢᠭ᠌ᠲᠦ ᠵᠦᠴᠦᠭᠡ 《ᠪᠤᠭᠤᠷᠤᠯ ᠲᠡᠥᠬᠡ ᠶ᠋ᠢᠨ ᠬᠦᠯᠦᠭ ᠤ᠋ᠨ ᠮᠠᠭᠳᠠᠭᠠᠯ 》 ᠨᠢ ᠨᠢᠭᠡᠨ ᠮᠠᠯᠴᠢᠨ ᠤ᠋ ᠬᠥᠦ ᠵᠢᠨ ᠦᠰᠦᠨ ᠪᠣᠢᠵᠢᠭ᠍ᠰᠠᠨ ᠥᠯᠢᠭᠡᠷ ᠢ᠋ ᠶᠠᠷᠢᠬᠤ ᠪᠠᠷ ᠳᠠᠮᠵᠢᠨ ᠬᠥᠮᠦᠨ ᠬᠢᠭᠡᠳ ᠬᠦᠯᠦᠭ ᠤ᠋ᠨ ᠤᠴᠠᠷᠠᠯ᠂ ᠳᠠᠰᠤᠯᠴᠠᠯ᠂ ᠡᠭᠡᠨᠡᠭᠰᠢᠯ᠂ ᠥᠭᠦᠵᠦ᠍ ᠰᠡᠭᠡᠬᠦ᠌ ᠪᠡᠨ ᠬᠠᠮᠲᠤᠳᠭᠠᠭ᠍ᠰᠠᠨ ᠰᠡᠳᠭᠢᠯᠭᠡ ᠶ᠋ᠢᠨ ᠶᠠᠪᠤᠴᠠᠵᠢ ᠠᠮᠢᠳᠤᠯᠢᠭ ᠲᠤᠭᠯᠠᠵᠤ᠂ ᠬᠥᠮᠦᠨ ᠬᠢᠭᠡᠳ ᠠᠳᠤᠭᠤᠰᠤ᠂ ᠬᠥᠮᠦᠨ ᠬᠢᠭᠡᠳ ᠪᠠᠢᠭᠠᠯᠢ ᠵᠢᠨ ᠡᠶ᠎ᠡ ᠵᠣᠬᠢᠴᠠᠯ ᠲᠠᠶ ᠬᠠᠮᠲᠤ ᠣᠷᠣᠱᠢᠬᠤ᠂ ᠲᠦᠰᠢᠯᠴᠡᠨ ᠣᠷᠣᠱᠢᠬᠤ ᠰᠠᠢᠨ ᠰᠠᠢᠬᠠᠨ ᠠᠬᠤᠶ ᠪᠠᠢᠳᠠᠯ ᠢ᠋ ᠠᠮᠢᠳᠤᠯᠢᠭ ᠢ᠋ᠶ᠋ᠠᠷ ᠳᠡᠯᠭᠡᠨ ᠦᠵᠡᠭᠦᠯᠵᠦ᠍᠂ ᠰᠠᠬᠢᠨ ᠪᠡᠷᠡᠯᠡᠵᠦ᠍ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠨ ᠲᠡᠮᠡᠴᠡᠬᠦ᠌᠂ ᠱᠢᠨᠲᠠᠷᠠᠰᠢ ᠥᠬᠡᠶ ᠲᠡᠮᠡᠴᠡᠬᠦ᠌᠂ ᠨᠡᠭᠡᠭᠡᠯᠲᠡᠲᠡᠶ ᠪᠠᠭ᠍ᠲᠠᠭᠠᠮᠵᠢᠲᠠᠶ ᠬᠥᠮᠥᠯᠢᠭ ᠵᠣᠷᠢᠭ ᠰᠠᠨᠠᠭ᠎ᠠ ᠵᠢ ᠲᠤᠰᠭᠠᠵᠠᠢ᠃
ᠤᠢᠯᠠᠭᠠᠭᠰᠠᠨ ᠢ᠋ᠶ᠋ᠡᠷ᠂ ᠲᠤᠰ ᠵᠦᠴᠦᠭᠡ ᠨᠢ ᠮᠣᠷᠢᠨ ᠲᠣᠭ᠍ᠯᠠᠯᠲᠠ ᠪᠠᠷ ᠭᠣᠣᠯᠯᠠᠨ ᠳᠠᠭᠤᠤ᠂ ᠪᠥᠵᠢᠭ᠂ ᠬᠥᠭ᠌ᠵᠢᠮ᠂ ᠼᠢᠷᠺ ᠵᠡᠷᠭᠡ ᠤᠷᠠᠯᠢᠭ ᠤ᠋ᠨ ᠡᠯᠧᠮᠧᠨ᠋ᠲ ᠢ᠋ ᠶᠡᠷᠦᠩᠬᠡᠢᠯᠡᠨ ᠬᠡᠷᠡᠭ᠌ᠯᠡᠵᠦ᠍᠂ ᠥᠨᠳᠥᠷ ᠲᠣᠳᠣᠴᠠᠲᠤ ᠲᠤᠰᠭᠠᠯᠲᠠ᠂ ᠪᠦᠷᠢᠨ ᠦᠵᠡᠮᠵᠢ ᠶ᠋ᠢᠨ LED ᠵᠡᠷᠭᠡ ᠣᠳᠣ ᠦᠶ᠎ᠡ ᠶ᠋ᠢᠨ ᠳᠠᠢᠰᠠᠨᠤ ᠤᠷᠠᠨ ᠭᠤᠢᠳᠠ ᠮᠡᠷᠭᠡᠵᠢᠯ ᠢ᠋ ᠠᠭᠤᠰᠬᠠᠨ᠂ ᠮᠣᠩᠭᠣᠯ ᠮᠣᠷᠢ᠂ ᠠᠬᠠᠷᠵᠢᠶᠠᠵᠢᠨ ᠮᠤᠷᠢ᠂ ᠯᠦᠱᠢᠲ᠋ᠠᠨᠣ᠋᠂ ᠹᠷᠢᠰᠯᠠᠨᠳ᠋᠂ ᠠᠨᠳᠠᠯᠦᠱᠢᠶᠠ᠂ ᠠᠷᠠᠪ ᠮᠣᠷᠢ ᠵᠡᠷᠭᠡ ᠵᠠᠭᠤ 100 ᠭᠠᠷᠤᠢ ᠨᠠᠷᠠᠲᠤ ᠮᠣᠷᠢ ᠪᠤᠯᠤᠨ 100 ᠤᠨᠤᠭᠠᠴᠢ ᠪᠡᠷ ᠪᠦᠷᠢᠯᠳᠦᠭᠦᠯᠦᠭ᠌ᠰᠡᠨ ᠲᠣᠭ᠍ᠯᠠᠯᠲᠠ ᠨᠢ ᠲᠤᠢᠯ ᠤ᠋ᠨ ᠰᠦᠷ ᠵᠢᠪᠬᠤᠭ᠎ᠠ ᠲᠠᠢ ᠪᠠᠢᠵᠦ᠂ ᠣᠳᠣᠬᠠᠨ ᠪᠣᠯᠲᠠᠯᠠᠬᠢ 11 ᠵᠢᠯ ᠤ᠋ᠨ ᠬᠤᠭᠤᠴᠠᠭᠠᠨ ᠳ᠋ᠦ ᠨᠡᠢᠳᠡ 856 ᠲᠠᠯᠠᠪᠠᠢ ᠲᠣᠭ᠍ᠯᠠᠯᠲᠠ ᠭᠠᠷᠭᠠᠨ᠂ ᠳᠤᠮᠳᠠᠳᠤ᠂ ᠤᠷᠤᠰ᠂ ᠮᠣᠩᠭᠣᠯ᠂ ᠠᠮᠧᠷᠢᠺᠠ᠂ ᠭᠸᠷᠮᠠᠨ᠂ ᠺᠣᠷᠢᠶᠠ᠂ ᠱᠢᠩᠭᠠᠫᠣᠷ᠂ ᠡᠨᠡᠳᠭᠡᠭ᠂ ᠱᠢᠶᠠᠩᠭᠠᠩ ᠣᠣᠮᠧᠨ ᠲᠠᠢᠸᠠᠨ ᠵᠡᠷᠭᠡ 20 ᠭᠠᠷᠤᠢ ᠤᠯᠤᠰ ᠵᠢᠴᠢ ᠭᠠᠵᠠᠷ ᠣᠷᠣᠨ ᠤ᠋ ᠵᠢᠭᠤᠯᠴᠢᠯᠠᠭᠰᠠᠳ ᠪᠠ ᠦᠵᠡᠭ᠌ᠴᠢᠳ ᠢ᠋ 70 ᠲᠦᠮᠡ ᠭᠠᠷᠤᠢ ᠬᠥᠮᠦᠨ ᠤᠳᠠᠭ᠎ᠠ ᠬᠦᠯᠢᠶᠡᠨ ᠠᠪᠴᠠᠢ᠃
《ᠪᠤᠭᠤᠷᠤᠯ ᠲᠡᠥᠬᠡ ᠶ᠋ᠢᠨ ᠬᠦᠯᠦᠭ ᠤ᠋ᠨ ᠮᠠᠭᠳᠠᠭᠠᠯ 》 ᠤᠷᠢᠳ ᠬᠣᠵᠢᠳ ᠰᠣᠶᠣᠯ ᠵᠢᠭᠤᠯᠴᠢᠯᠠᠯ ᠤ᠋ᠨ ᠶᠠᠮᠤᠨ ᠤ᠋ 《 ᠵᠢᠭᠤᠯᠴᠢᠯᠠᠯ ᠤ᠋ᠨ ᠠᠵᠤ ᠦᠶ᠋ᠯᠡᠰ ᠤ᠋ᠨ ᠨᠥᠯᠥᠭᠡᠯᠡᠬᠦ᠌ ᠬᠦᠴᠦᠨᠪᠦᠬᠦᠢ ᠵᠢᠭᠤᠯᠴᠢᠯᠠᠯ ᠤ᠋ᠨ ᠲᠣᠭ᠍ᠯᠠᠯᠲᠠ ᠶ᠋ᠢᠨ ᠱᠠᠩᠨᠠᠯ 》᠂ ᠨᠠᠶ᠋ᠮᠠᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠵᠢᠭᠤᠯᠴᠢᠯᠠᠯ ᠤ᠋ᠨ ᠪᠠᠯᠠ ᠣᠷᠣᠭᠤᠯᠤᠯᠲᠠ ᠶ᠋ᠢᠨ 《 ITIA ᠠᠢ᠌ᠲ᠋ᠢᠶᠠ 》 ᠱᠠᠩᠨᠠᠯ᠂ ᠳᠤᠮᠳᠠᠳᠤ ᠤᠯᠤᠰ ᠤ᠋ᠨ ᠬᠠᠮᠤᠭ ᠤ᠋ᠨ ᠰᠠᠢᠨ ᠵᠢᠭᠤᠯᠴᠢᠯᠠᠯ ᠤ᠋ᠨ ᠲᠣᠭ᠍ᠯᠠᠯᠲᠠ ᠶ᠋ᠢᠨ ᠲᠥᠷᠥᠯ ᠵᠦᠶ᠋ᠯ ᠤ᠋ᠨ ᠠᠯᠲᠠᠨ ᠱᠠᠩᠨᠠᠯ᠂ ᠳᠤᠮᠳᠠᠳᠤ ᠤᠯᠤᠰ ᠤ᠋ᠨ ᠠᠳᠤᠭᠤᠨ ᠰᠣᠶᠣᠯ ᠢ᠋ ᠳᠡᠯᠭᠡᠷᠡᠭᠦᠯᠦᠭ᠌ᠰᠡᠨ ᠱᠠᠩᠨᠠᠯ᠂ ᠠᠩᠬᠠᠳᠤᠭᠠᠷ ᠬᠤᠭᠤᠴᠠᠭᠠᠨ ᠤ᠋ ᠥᠪᠥᠷ ᠮᠣᠩᠭᠣᠯ ᠤ᠋ᠨ ᠵᠢᠭᠤᠯᠴᠢᠯᠠᠯ ᠤ᠋ᠨ ᠦᠶ᠋ᠯᠡᠴᠢᠯᠡᠭᠡ ᠵᠢᠨ ᠪᠦᠲᠦᠭᠡᠯᠴᠢ ᠦᠢᠯᠡᠳᠬᠦᠨ ᠤ᠋ ᠱᠢᠯᠢᠳᠡᠭ ᠵᠢᠱ᠌ᠢᠶ᠎ᠡ᠂ 2019 ᠣᠨ ᠤ᠋ ᠪᠥᠬᠥ᠌ ᠣᠷᠣᠨ ᠤ᠋ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠤ᠋ᠨ ᠱᠢᠨ᠎ᠡ ᠵᠢ ᠡᠭᠦᠳᠦᠭ᠌ᠰᠡᠨ ᠵᠢᠱ᠌ᠢᠶ᠎ᠡ ᠵᠡᠷᠭᠡ ᠢᠷᠠᠭᠤ ᠠᠯᠳᠠᠷ ᠢ᠋ ᠭᠥᠷᠳᠡᠵᠦ᠍᠂ ᠡᠨᠡ ᠵᠢᠯ ᠤ᠋ᠨ ᠡᠬᠢ ᠪᠡᠷ ᠪᠠᠰᠠ ᠬᠣᠶᠠᠳᠤᠭᠠᠷ ᠪᠦᠯᠦᠭ ᠤ᠋ᠨ ᠪᠥᠬᠥ᠌ ᠤᠯᠤᠰ ᠤ᠋ᠨ ᠵᠢᠭᠤᠯᠴᠢᠯᠠᠯ ᠤ᠋ᠨ ᠲᠣᠭ᠍ᠯᠠᠯᠲᠠ ᠶ᠋ᠢᠨ ᠰᠣᠳᠣᠨ ᠪᠦᠲᠦᠭᠡᠯ ᠳ᠋ᠦ ᠰᠤᠩᠭᠤᠭᠳᠠᠪᠡ᠃