ᠦᠪᠦᠷ ᠮᠤᠩᠭᠤᠯ᠎ᠦᠨ ᠰᠢᠨ᠎ᠠ ᠨᠢᠬᠡ ᠵᠢᠯ ᠤ᠋ᠨ ᠭᠠᠵᠠᠷ ᠰᠢᠷᠤᠢ ᠶ᠋ᠢᠨ ᠡᠵᠡᠩᠨᠡᠯᠳᠡ ᠶ᠋ᠢᠨ ᠡᠷᠬᠡ ᠶ᠋ᠢᠨ ᠠᠷᠠᠯᠵᠢᠶ᠎ᠠ ᠡᠬᠢᠯᠡᠪᠡ
2026-03-27 15:48:56
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠰᠢᠨ᠎ᠠ ᠨᠢᠬᠡᠨ ᠬᠠᠪᠤᠷ ᠰᠠᠭᠠᠳᠠᠬᠤ ᠶ᠋ᠢ ᠳᠠᠭᠠᠯᠳᠤᠨ ᠬᠢᠩᠭᠠᠨ ᠠᠢᠮᠠᠭ ᠤ᠋ᠨ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ᠋ ᠲᠤᠷᠰᠢᠯᠳᠠ ᠶ᠋ᠢᠨ ᠴᠡᠭ ᠤ᠋ᠨ ᠲᠦᠷᠦᠯ ᠵᠦᠢᠯ ᠤ᠋ᠨ ᠦᠨ᠎ᠠ ᠬᠠᠶᠠᠯᠴᠠᠭᠠᠨ ᠬᠦᠷ ᠬᠦᠭᠵᠢᠶᠡᠨ ᠲᠠᠢ ᠶᠠᠪᠤᠭᠳᠠᠵᠤ᠂ ᠬᠦᠯᠦᠨ ᠪᠤᠢᠷ ᠬᠤᠳᠠ ᠶ᠋ᠢᠨ ᠤᠷᠴᠤᠨ ᠤ᠋ ᠦᠪᠡᠷᠳᠡᠭᠡᠨ ᠵᠠᠰᠠᠬᠤ ᠬᠤᠰᠢᠭᠤᠨ ᠤ᠋ ᠲᠤᠮᠤ ᠬᠡᠪᠴᠢᠶᠠᠨ ᠤ᠋ ᠤᠢ ᠰᠢᠭᠤᠢ ᠶ᠋ᠢᠨ ᠲᠤᠰᠠᠯᠠᠬᠤ ᠬᠡᠷᠡᠭᠴᠡᠭᠡᠨ ᠤ᠋ ᠭᠠᠵᠠᠷ ᠲᠠᠷᠢᠶ᠎ᠠ ᠶ᠋ᠢ ᠳᠦᠷᠢᠶᠡᠰᠦᠯᠡᠬᠦ ᠲᠦᠷᠦᠯ ᠵᠦᠢᠯ ᠴᠤ᠌ ᠦᠨᠳᠦᠷ ᠦᠨ᠎ᠠ ᠪᠡᠷ ᠠᠷᠠᠯᠵᠢᠶ᠎ᠠ ᠪᠦᠲᠦᠪᠡ ᠁ ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠰᠢᠨ᠎ᠠ ᠨᠢᠬᠡ ᠵᠢᠯ ᠤ᠋ᠨ ᠪᠦᠬᠦ ᠤᠷᠤᠨ ᠤ᠋ ᠭᠠᠵᠠᠷ ᠰᠢᠷᠤᠢ ᠶ᠋ᠢᠨ ᠡᠵᠡᠩᠨᠡᠯᠳᠡ ᠶ᠋ᠢᠨ ᠡᠷᠬᠡ ᠶ᠋ᠢᠨ ᠠᠷᠠᠯᠵᠢᠶ᠎ᠠ ᠶ᠋ᠢ ᠦᠨᠳᠦᠷ ᠠᠮᠵᠢᠯᠳᠠ ᠲᠠᠢ ᠡᠬᠢᠯᠡᠭᠦᠯᠵᠦ᠂ ᠬᠦᠳᠡᠭᠡ ᠲᠤᠰᠬᠤᠨ ᠤ᠋ ᠬᠦᠭᠵᠢᠯ ᠮᠠᠨᠳᠤᠯ ᠳ᠋ᠤ ᠡᠷᠴᠢᠮᠳᠠᠢ ᠬᠦᠳᠡᠯᠭᠡᠬᠦ ᠬᠦᠴᠦᠨ ᠨᠡᠮᠡᠷᠢᠯᠡᠵᠠᠢ᠃

ᠬᠦᠳᠡᠭᠡ ᠲᠤᠰᠬᠤᠨ ᠤ᠋ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠬᠡᠪ ᠳᠠᠭᠤᠷᠢᠶᠠᠯ ᠤ᠋ᠨ ᠲᠤᠷᠰᠢᠯᠳᠠ ᠶ᠋ᠢᠨ ᠴᠡᠭ ᠪᠤᠯᠤᠭᠰᠠᠨ ᠤ᠋ ᠬᠤᠪᠢ ᠳ᠋ᠤ᠂ ᠬᠢᠩᠭᠠᠨ ᠠᠢᠮᠠᠭ ᠤ᠋ᠨ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ᠋ ᠮᠠᠨᠵᠤᠲ᠋ᠦ᠋ᠨ ᠤ᠋ ᠲᠡᠮᠡᠭᠡᠨ ᠭᠠᠴᠠᠭ᠎ᠠ ᠶ᠋ᠢᠨ ᠭᠠᠵᠠᠷ ᠰᠢᠷᠤᠢ ᠶ᠋ᠢᠨ ᠡᠵᠡᠩᠨᠡᠯᠳᠡ ᠶ᠋ᠢᠨ ᠡᠷᠬᠡ ᠶ᠋ᠢ ᠳᠦᠷᠢᠶᠡᠰᠦᠯᠡᠭᠦᠯᠬᠦ ᠲᠦᠷᠦᠯ ᠵᠦᠢᠯ ᠨᠢ ᠮᠠᠨ ᠤ᠋ ᠤᠷᠤᠨ ᠤ᠋ ᠰᠢᠨ᠎ᠠ ᠨᠢᠬᠡ ᠵᠢᠯ ᠤ᠋ᠨ ᠭᠠᠵᠠᠷ ᠰᠢᠷᠤᠢ ᠵᠢᠨ ᠡᠵᠡᠩᠨᠡᠯᠳᠡ ᠵᠢᠨ ᠡᠷᠬᠡ ᠵᠢᠨ ᠠᠷᠠᠯᠵᠢᠶᠠᠨ ᠤ᠋ ᠵᠠᠬ᠎ᠠ ᠳᠡᠯᠭᠡᠭᠦᠷ ᠤ᠋ᠨ ᠬᠠᠯᠠᠮᠰᠢᠯ ᠴᠡᠭ ᠪᠤᠯᠵᠠᠢ᠃ ᠲᠤᠰ ᠲᠦᠷᠦᠯ ᠵᠦᠢᠯ ᠤ᠋ᠨ 15 ᠲᠦᠮᠡᠨ ᠲᠦᠭᠦᠷᠢᠭ ᠤ᠋ᠨ ᠨᠠᠭᠠᠳᠤ ᠵᠠᠬ᠎ᠠ ᠶ᠋ᠢᠨ ᠦᠨ᠎ᠠ ᠬᠠᠳᠠᠭᠰᠠᠨ 3000 ᠮᠤ᠌ ᠶ᠋ᠢᠨ ᠴᠢᠨᠠᠷ ᠰᠠᠢᠳᠠᠢ ᠪᠡᠯᠴᠢᠭᠡᠷ ᠢ᠋ ᠳᠦᠷᠢᠶᠡᠰᠦᠯᠡᠭᠦᠯᠬᠦ ᠲᠦᠷᠦᠯ ᠵᠦᠢᠯ ᠨᠢ ᠤᠯᠠᠨ ᠡᠭᠡᠯᠵᠢ ᠶ᠋ᠢᠨ ᠦᠨ᠎ᠠ ᠬᠠᠶᠠᠯᠴᠠᠭᠠᠨ ᠶ᠋ᠢᠡᠷ ᠳᠠᠮᠵᠢᠨ ᠡᠴᠤᠰ ᠲᠡᠭᠡᠨ 22.7 ᠲᠦᠮᠡᠨ ᠲᠦᠭᠦᠷᠢᠭ ᠶ᠋ᠢᠡᠷ ᠭᠡᠷ᠎ᠠ ᠳᠤᠭᠳᠠᠵᠤ᠂ ᠠᠳᠠᠯᠢ ᠬᠤᠭᠤᠴᠠᠭᠠᠨ ᠤ᠋ ᠠᠳᠠᠯᠢ ᠲᠦᠷᠦᠯ ᠵᠦᠢᠯ ᠤ᠋ᠨ ᠬᠠᠮᠤᠭ ᠤ᠋ᠨ ᠶᠡᠬᠡ ᠦᠷᠳᠡᠭ ᠨᠡᠮᠡᠭᠳᠡᠯ ᠢ᠋ ᠡᠭᠦᠳᠪᠠ; ᠮᠤ᠌ ᠪᠦᠷᠢ ᠳ᠋ᠡᠭᠡᠨ ᠨᠠᠭᠠᠳᠤ ᠵᠠᠬ᠎ᠠ ᠳ᠋ᠠᠭᠠᠨ 400 ᠲᠦᠭᠦᠷᠢᠭ ᠶ᠋ᠢᠡᠷ ᠦᠨ᠎ᠠ ᠬᠠᠳᠠᠭᠰᠠᠨ 6864 ᠮᠤ᠌ ᠶ᠋ᠢᠨ ᠲᠠᠷᠢᠶᠠᠨ ᠭᠠᠵᠠᠷ ᠢ᠋ ᠳᠦᠷᠢᠶᠡᠰᠦᠯᠡᠭᠦᠯᠬᠦ ᠲᠦᠷᠦᠯ ᠵᠦᠢᠯ ᠨᠢ ᠤᠯᠠᠨ ᠡᠭᠡᠯᠵᠢ ᠶ᠋ᠢᠨ ᠬᠤᠷᠴᠠ ᠰᠢᠷᠦᠭᠦᠨ ᠦᠨ᠎ᠠ ᠬᠠᠶᠠᠯᠴᠠᠭᠠᠨ ᠶ᠋ᠢᠡᠷ ᠳᠠᠮᠵᠢᠨ 156 ᠮᠤ᠌ ᠨᠢ ᠮᠤ᠌ ᠪᠦᠷᠢ ᠳ᠋ᠡᠭᠡᠨ 585 ᠲᠦᠭᠦᠷᠢᠭ ᠶ᠋ᠢᠡᠷ ᠭᠡᠷ᠎ᠠ ᠳᠤᠬᠢᠷᠠᠯᠴᠠᠵᠤ᠂ 5660 ᠮᠤ᠌ ᠨᠢ ᠮᠤ᠌ ᠪᠦᠷᠢ ᠳ᠋ᠡᠭᠡᠨ 455 ᠲᠦᠭᠦᠷᠢᠭ ᠶ᠋ᠢᠡᠷ ᠭᠡᠷ᠎ᠠ ᠳᠤᠭᠳᠠᠪᠠ᠃

ᠬᠢᠩᠭᠠᠨ ᠠᠢᠮᠠᠭ ᠤ᠋ᠨ ᠲᠤᠷᠰᠢᠯᠳᠠ ᠶ᠋ᠢᠨ ᠴᠡᠭ ᠤ᠋ᠨ ᠲᠦᠷᠦᠯ ᠵᠦᠢᠯ ᠭᠡᠷ᠎ᠠ ᠳᠤᠭᠳᠠᠬᠤ ᠶ᠋ᠢᠨ ᠵᠡᠷᠭᠡ ᠪᠡᠷ ᠬᠦᠯᠦᠨ ᠪᠤᠢᠷ ᠬᠤᠳᠠ ᠶ᠋ᠢᠨ ᠤᠷᠴᠤᠨ ᠤ᠋ ᠦᠪᠡᠷᠳᠡᠭᠡᠨ ᠵᠠᠰᠠᠬᠤ ᠬᠤᠰᠢᠭᠤᠨ ᠳ᠋ᠡᠬᠢ ᠦᠪᠦᠷ ᠮᠤᠩᠭᠤᠯ ᠤ᠋ᠨ ᠳ᠋ᠠ ᠶᠠᠩ ᠱᠤ᠌ ᠤᠢ ᠰᠢᠭᠤᠢ ᠶ᠋ᠢᠨ ᠦᠢᠯᠡᠰ ᠤ᠋ᠨ ᠬᠢᠵᠠᠭᠠᠷᠳᠦ ᠺᠤᠮᠫᠠᠨᠢ ᠶ᠋ᠢᠨ 95240.19 ᠮᠤ᠌ ᠶ᠋ᠢᠨ ᠤᠢ ᠰᠢᠭᠤᠢ ᠶ᠋ᠢᠨ ᠲᠤᠰᠠᠯᠠᠬᠤ ᠬᠡᠷᠡᠭᠴᠡᠭᠡᠨ ᠤ᠋ ᠭᠠᠵᠠᠷ ᠲᠠᠷᠢᠶ᠎ᠠ ᠶ᠋ᠢᠨ ᠡᠵᠡᠩᠨᠡᠯᠳᠡ ᠶ᠋ᠢᠨ ᠡᠷᠭᠡ ᠶ᠋ᠢ ᠳᠦᠷᠢᠶᠡᠰᠦᠯᠡᠭᠦᠯᠬᠦ ᠲᠦᠷᠦᠯ ᠵᠦᠢᠯ ᠴᠤ᠌ 6541.35 ᠲᠦᠮᠡᠨ ᠲᠦᠭᠦᠷᠢᠭ ᠶ᠋ᠢᠡᠷ ᠭᠡᠷ᠎ᠠ ᠳᠤᠬᠢᠷᠠᠯᠴᠠᠵᠤ᠂ ᠵᠢᠱ᠌ᠢᠯᠳᠡ ᠡᠴᠡ ᠪᠠᠨ 835.6 ᠲᠦᠮᠡᠨ ᠲᠦᠭᠦᠷᠢᠭ ᠶ᠋ᠢᠡᠷ ᠦᠨ᠎ᠠ ᠦᠰᠴᠤ᠂ ᠨᠢᠭᠡ ᠬᠡᠰᠡᠭ ᠭᠠᠵᠠᠷ ᠨᠢ 32% ᠶ᠋ᠢᠡᠷ ᠦᠨ᠎ᠠ ᠦᠰᠦᠭᠰᠡᠨ ᠪᠠᠢᠨ᠎ᠠ᠃

ᠡᠨᠡ ᠬᠦ᠌ ᠠᠮᠵᠢᠯᠳᠠ ᠪᠦᠲᠦᠮᠵᠢ ᠪᠤᠯ ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠨᠢᠭᠡᠳᠦᠯᠳᠠᠢ ᠶᠡᠬᠡ ᠵᠠᠬ᠎ᠠ ᠳᠡᠯᠭᠡᠭᠦᠷ ᠤ᠋ᠨ ᠪᠠᠢᠭᠤᠯᠤᠯᠳᠠ ᠶ᠋ᠢᠨ ᠱᠠᠭᠠᠷᠳᠠᠯᠭ᠎ᠠ ᠶ᠋ᠢ ᠴᠢᠩᠭ᠎ᠠ ᠵᠢᠷᠦᠮᠯᠠᠵᠤ᠂ 《ᠢᠯᠡ ᠲᠤᠳᠤ᠂ ᠡᠷᠬᠡ ᠲᠡᠭᠰᠢ᠂ ᠲᠦᠪ ᠭᠤᠤᠯᠴᠢ》ᠪᠠᠢᠬᠤ ᠵᠠᠷᠴᠢᠮ ᠢ᠋ ᠪᠠᠷᠢᠮᠳᠠᠯᠠᠨ᠂ ᠪᠦᠬᠦ ᠶᠠᠪᠤᠴᠠ ᠶ᠋ᠢᠨ ᠲᠤᠰᠬᠠᠢ ᠮᠡᠷᠭᠡᠵᠢᠯ ᠤ᠋ᠨ ᠦᠢᠯᠡᠴᠢᠯᠡᠭᠡ ᠬᠠᠩᠭᠠᠵᠤ᠂ ᠪᠦᠬᠦ ᠤᠯᠤᠰ ᠤ᠋ᠨ ᠴᠢᠨᠠᠷᠳᠠᠢ ᠳᠠᠪᠴᠠᠩ ᠬᠢᠭᠡᠳ ᠤᠷᠤᠨ ᠪᠦᠰᠡ ᠶ᠋ᠢᠨ ᠨᠢᠭᠡᠳᠦᠯᠳᠠᠢ ᠶᠡᠬᠡ ᠵᠠᠬ᠎ᠠ ᠳᠡᠯᠭᠡᠭᠦᠷ ᠢ᠋ ᠬᠠᠮᠵᠢᠯᠴᠠᠭᠤᠯᠤᠨ ᠠᠵᠢᠯᠯᠠᠭᠤᠯᠤᠭᠰᠠᠨ ᠤ᠋ ᠦᠷ᠎ᠠ ᠳ᠋ᠦᠩ ᠪᠤᠯᠤᠨ᠎ᠠ᠃ ᠡᠳᠡᠭᠡᠷ ᠠᠷᠠᠯᠵᠢᠶ᠎ᠠ ᠶ᠋ᠢ ᠪᠦᠲᠦᠭᠡᠬᠦ ᠶ᠋ᠢᠨ ᠲᠦᠯᠦᠭᠡ᠂ ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠳᠦᠷᠢᠶᠡᠰᠦᠯᠡᠭᠦᠯᠬᠦ ᠡᠳᠡᠭᠡᠳ ᠲᠤ᠌ ᠬᠠᠮᠵᠢᠨ ᠲᠤᠰᠬᠠᠢ ᠲᠦᠰᠦᠯ ᠳᠤᠭᠳᠠᠭᠠᠬᠤ᠂ ᠭᠠᠵᠠᠷ ᠲᠠᠷᠢᠶ᠎ᠠ ᠶ᠋ᠢᠨ ᠮᠡᠳᠡᠭᠡ ᠵᠠᠩᠬᠢ ᠶ᠋ᠢ ᠡᠮᠬᠢᠯᠡᠬᠦ ᠵᠡᠷᠭᠡ ᠠᠵᠢᠯ ᠢ᠋ ᠭᠦᠢᠴᠡᠳᠭᠡᠨ᠂ ᠰᠦᠯᠵᠢᠶᠠᠨ ᠳᠡᠭᠡᠷᠡᠬᠢ ᠪᠦᠬᠦ ᠤᠯᠤᠰ ᠤ᠋ᠨ ᠴᠢᠨᠠᠷᠳᠠᠢ ᠠᠷᠠᠯᠵᠢᠶᠠᠨ ᠤ᠋ ᠠᠷᠭ᠎ᠠ ᠵᠠᠮ ᠬᠢᠭᠡᠳ ᠪᠤᠳᠠᠳᠤ ᠲᠠᠯᠠᠪᠤᠷ ᠤ᠋ᠨ ᠤᠷᠤᠨ ᠪᠦᠰᠡ ᠬᠠᠮᠵᠢᠯᠴᠠᠭᠰᠠᠨ ᠲᠠᠨᠢᠯᠴᠠᠭᠤᠯᠭ᠎ᠠ ᠶ᠋ᠢᠨ ᠳᠠᠪᠴᠠᠩ ᠶ᠋ᠢᠡᠷ ᠪᠦᠬᠦ ᠤᠯᠤᠰ ᠤ᠋ᠨ ᠬᠡᠪᠴᠢᠶᠠᠨ ᠤ᠋ ᠳᠠᠯᠳᠠ ᠬᠦᠴᠦᠨ ᠪᠦᠬᠦᠢ ᠪᠡᠯᠡ ᠤᠷᠤᠭᠤᠯᠤᠭᠴᠢ ᠶ᠋ᠢᠨ ᠠᠩᠬᠠᠷᠤᠯ ᠢ᠋ ᠬᠠᠮᠤᠭ ᠤ᠋ᠨ ᠶᠡᠬᠡ ᠬᠡᠮᠵᠢᠶ᠎ᠠ ᠪᠡᠷ ᠳᠠᠳᠠᠬᠤ ᠶ᠋ᠢᠨ ᠬᠠᠮᠳᠤ᠂ ᠰᠢᠨᠵᠢᠯᠡᠬᠦ ᠤᠬᠠᠭᠠᠨᠴᠢ ᠪᠡᠷ ᠦᠨ᠎ᠠ ᠦᠰᠭᠡᠬᠦ ᠬᠢᠭᠡᠳ ᠦᠨ᠎ᠠ ᠬᠠᠶᠠᠯᠴᠠᠭᠠᠨ ᠤ᠋ ᠴᠠᠭ ᠢ᠋ ᠤᠷᠳᠤᠳᠬᠠᠬᠤ ᠳᠤᠭᠳᠠᠴᠠ ᠵᠢ ᠪᠠᠢᠭᠤᠯᠪᠠ᠃ ᠡᠭᠦᠨ ᠤ᠋ ᠬᠠᠮᠳᠤ ᠠᠬᠤᠢ ᠲᠠᠯᠠᠪᠠᠢ ᠶ᠋ᠢᠨ ᠪᠠᠢᠴᠠᠭᠠᠯᠳᠠ ᠬᠢᠬᠦ᠂ ᠬᠢᠷᠢ ᠭᠡᠮ ᠢ᠋ ᠬᠢᠨᠡᠨ ᠬᠠᠷᠭᠤᠭᠤᠯᠬᠤ ᠠᠵᠢᠯ ᠢ᠋ ᠴᠢᠩᠭ᠎ᠠ ᠨᠢᠮᠪᠠᠢ ᠭᠦᠢᠴᠡᠳᠭᠡᠵᠦ᠂ ᠠᠷᠠᠯᠵᠢᠶᠠᠯᠠᠬᠤ ᠭᠤᠤᠯ ᠴᠤᠭᠴᠠ ᠳᠦᠷᠢᠮ ᠳᠤᠭᠳᠠᠭᠠᠯ ᠳ᠋ᠤ ᠨᠡᠢᠴᠡᠬᠦ᠂ ᠠᠷᠠᠯᠵᠢᠶᠠᠨ ᠤ᠋ ᠶᠠᠪᠤᠴᠠ ᠢᠯᠡ ᠲᠤᠳᠤ ᠪᠠᠢᠬᠤ ᠶ᠋ᠢ ᠪᠠᠳᠤᠯᠠᠬᠤ ᠶ᠋ᠢᠨ ᠵᠡᠷᠭᠡ ᠪᠡᠷ ᠭᠡᠷ᠎ᠠ ᠶ᠋ᠢᠨ ᠪᠢᠴᠢᠭ ᠬᠠᠩᠭᠠᠬᠤ᠂ ᠳᠠᠩᠰᠠ ᠲᠤᠭᠠᠴᠠᠭ᠎ᠠ ᠬᠢᠬᠦ᠂ ᠭᠡᠷ᠎ᠠ ᠶᠤᠰᠤᠭᠠᠷ ᠡᠵᠡᠩᠨᠡᠯᠳᠡ ᠶ᠋ᠢᠨ ᠡᠷᠬᠡ ᠶ᠋ᠢ ᠰᠢᠯᠵᠢᠭᠦᠯᠦᠨ ᠲᠤᠰᠢᠶᠠᠬᠤ ᠵᠡᠷᠭᠡ ᠪᠦᠬᠦ ᠶᠠᠪᠤᠴᠠ ᠶ᠋ᠢᠨ ᠢᠵᠢ ᠪᠦᠷᠢᠳᠦᠭᠦᠯᠦᠭᠰᠡᠨ ᠪᠠᠷᠢᠮᠵᠢᠶᠠᠵᠢᠭᠰᠠᠨ ᠦᠢᠯᠡᠴᠢᠯᠡᠭᠡ ᠬᠠᠩᠭᠠᠵᠤ᠂ ᠭᠠᠵᠠᠷ ᠰᠢᠷᠤᠢ ᠶ᠋ᠢᠨ ᠡᠵᠡᠩᠨᠡᠯᠳᠡ ᠶ᠋ᠢᠨ ᠡᠷᠬᠡ ᠶ᠋ᠢᠨ ᠠᠷᠠᠯᠵᠢᠶ᠎ᠠ ᠶ᠋ᠢ ᠨᠡᠩ ᠦᠨᠳᠦᠷ ᠪᠦᠲᠦᠮᠵᠢᠳᠠᠢ᠂ ᠨᠡᠩ ᠳᠦᠭᠦᠮ ᠳᠦᠳᠡ ᠪᠤᠯᠭᠠᠭᠰᠠᠨ ᠪᠠᠢᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号