ᠦᠨᠳᠦᠰᠦᠨ ᠱᠠᠲᠤᠨ ᠎ᠤ ᠡᠮᠴᠢ ᠬᠠᠮᠤᠭ᠎ᠤᠨ ᠣᠷᠳᠣ᠎ᠳᠠᠭᠠᠨ 12 ᠭᠠᠷᠠᠭ᠎ᠤᠨ ᠡᠮ ᠬᠡᠷᠡᠭ᠌ᠯᠡᠬᠦ᠌ ᠵᠣᠷ ᠪᠢᠴᠢᠨ ᠦᠭᠴᠦ ᠪᠤᠯᠤᠨ᠎ᠠ
2026-03-27 16:17:28
ᠵᠣᠬᠢᠶᠠᠭ᠍ᠴᠢ᠄
ᠪᠤᠤ ᠢᠤᠢ ᠶᠢᠡᠭ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭ᠍ᠴᠢ ᠥᠪᠡᠷᠲᠡᠭᠡᠨ ᠵᠠᠰᠠᠬᠤ ᠣᠷᠣᠨ ᠎ᠤ ᠡᠮᠴᠢᠯᠡᠭᠡᠨ᠎ᠦ ᠪᠠᠲᠤᠯᠠᠭ᠎ᠠ᠎ᠶ᠋ᠢᠨ ᠲᠣᠪᠴᠢᠶ᠎ᠠ ᠡᠴᠡ  ᠣᠢᠯᠠᠭᠠᠭ᠍ᠰᠠᠨ᠎ᠢᠶᠠᠷ᠂ ᠲᠦᠷᠦᠭᠦᠬᠡᠨ᠂ ᠤᠯᠤᠰ ᠎ᠤᠨ ᠡᠮᠴᠢᠯᠡᠭᠡᠨ᠎ᠦ ᠪᠠᠲᠤᠯᠠᠭ᠎ᠠ ᠎ᠶ᠋ᠢᠨ ᠲᠣᠪᠴᠢᠶ᠎ᠠ᠂ ᠤᠯᠤᠰ ᠎ᠤᠨ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ᠂ ᠤᠯᠤᠰ ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍ ᠎ᠶ᠋ᠢᠨ ᠵᠥᠪᠯᠡᠯ ᠬᠠᠮᠲᠤᠷᠠᠨ《ᠦᠨᠲᠤᠰᠤᠨ ᠡᠮ ᠡᠮᠨᠡᠯᠬᠡ ᠵᠢᠨ ᠳᠠᠭᠠᠳᠭᠠᠯ ᠎ᠢᠶᠠᠷ ᠦᠨᠳᠦᠰᠦᠨ ᠱᠠᠲᠤᠨ ᠎ᠤ ᠡᠮᠴᠢᠯᠡᠭᠡ ᠡᠷᠡᠭᠦᠯ ᠬᠠᠮᠠᠭᠠᠯᠠᠯ ᠎ᠤᠨ ᠦᠶ᠋ᠯᠡᠴᠢᠯᠡᠭᠡᠨ ᠎ᠦ ᠬᠥᠭ᠌ᠵᠢᠯᠲᠡ᠎ᠶ᠋ᠢ ᠳᠡᠮᠵᠢᠬᠦ᠌ ᠲᠤᠬᠠᠶ ᠵᠢᠯᠣᠭᠣᠳᠭᠤ ᠰᠠᠨᠠᠯ》 ᠢ᠋ ᠳᠠᠷᠤᠮᠠᠯᠯᠠᠨ ᠲᠠᠷᠬᠠᠭᠠᠵᠤ᠂ ᠦᠨᠳᠦᠰᠦᠨ ᠱᠠᠲᠤᠨ᠎ᠤ ᠡᠮᠴᠢ ᠡᠴᠡ  ᠬᠠᠭᠤᠴᠢᠨ ᠠᠷᠬᠠᠭ ᠲᠠᠢ ᠬᠦᠮᠦᠰ᠎ᠲᠦ ᠬᠠᠮᠤᠭ ᠎ᠤᠨ ᠣᠷᠳᠣ᠎ᠳᠠᠭᠠᠨ 12 ᠭᠠᠷᠠᠭ᠎ᠤᠨ ᠡᠮ ᠬᠡᠷᠡᠭ᠌ᠯᠡᠬᠦ᠌  ᠵᠣᠷ ᠪᠢᠴᠢᠨ ᠦᠭᠬᠦ᠎ᠶ᠋ᠢ ᠵᠥᠪᠱᠢᠶᠡᠷᠡᠪᠡ᠃

ᠲᠣᠰ ᠤᠳᠠᠭᠠᠨ᠎ᠤ 《ᠵᠢᠯᠣᠭᠣᠳᠭᠤ ᠰᠠᠨᠠᠯ》 ᠳ᠋ᠤ ᠬᠠᠭᠤᠴᠢᠨ ᠠᠷᠬᠠᠭ ᠲᠠᠢ ᠬᠦᠮᠦᠰ᠎ᠲᠦ ᠦᠭᠬᠦ ᠣᠷᠳᠣ ᠬᠤᠭᠤᠴᠠᠭᠠᠨ᠎ᠤ ᠡᠮ ᠤ᠋ᠨ ᠵᠣᠷ᠎ᠢ ᠡᠭᠦᠳᠡᠨ ᠡᠮᠨᠡᠯᠭᠡ᠎ᠶ᠋ᠢᠨ ᠤᠳᠠᠭ᠎ᠠ ᠪᠦᠷᠢ᠎ᠶ᠋ᠢᠨ ᠳᠤᠮᠳᠠᠴᠢ ᠤᠨᠤᠰᠢᠯᠠᠨ ᠡᠮᠨᠡᠬᠦ ᠵᠠᠷᠤᠳᠠᠯ᠂ ᠤᠳᠠᠭ᠎ᠠ ᠪᠦᠷᠢ᠎ᠶ᠋ᠢᠨ ᠳᠤᠮᠳᠠᠴᠢ ᠡᠮ ᠤ᠋ᠨ ᠵᠠᠷᠤᠳᠠᠯ᠎ᠤᠨ ᠬᠢᠨᠠᠨ ᠱᠢᠯᠭᠠᠬᠤ ᠬᠦᠢᠴᠡᠳᠬᠡᠯ ᠲᠤᠭ᠎ᠠ ᠳ᠋ᠤ ᠪᠤᠲᠤᠵᠤ ᠣᠷᠣᠭᠤᠯᠬᠤ ᠥᠬᠡᠶ ᠬᠡᠵᠦ ᠳᠤᠳᠤᠷᠬᠠᠢᠯᠠᠬᠰᠠᠨ ᠪᠦᠬᠡᠳ ᠦᠨᠳᠦᠰᠦᠨ ᠱᠠᠲᠤᠨ ᠎ᠤ ᠡᠮᠴᠢ ᠨᠠᠷ ᠡᠪᠡᠳᠴᠢᠲᠡᠨ᠎ᠦ ᠡᠪᠡᠳᠴᠢᠨ᠎ᠦ ᠪᠠᠢᠳᠠᠯ ᠎ᠢ ᠦᠨᠳᠦᠰᠦᠯᠡᠨ ᠵᠦᠶ ᠵᠣᠬᠢᠰᠲᠠᠶ ᠣᠨᠣᠱᠢᠯᠠᠨ ᠡᠮᠨᠡᠬᠦ᠌ ᠲᠥᠰᠦᠯ ᠲᠣᠭ᠍ᠲᠠᠭᠠᠬᠤ ᠵᠢ ᠵᠦᠪᠰᠢᠶᠡᠷᠡᠭᠰᠡᠨ ᠵᠢᠡᠷ ᠡᠪᠡᠳᠴᠢᠲᠡᠨ ᠎ᠦ ᠡᠮᠨᠡᠯᠭᠡ ᠎ᠳᠦ ᠪᠠᠢᠨ ᠳᠠᠬᠢᠨ ᠣᠴᠢᠵᠤ ᠡᠮ ᠠᠪᠬᠤ᠎ᠡᠴᠡ ᠪᠣᠯᠤᠭ᠍ᠰᠠᠨ ᠵᠠᠷᠤᠳᠠᠯ᠎ᠤᠨ ᠳᠠᠷᠤᠭᠠᠰᠤ᠎ᠶ᠋ᠢ ᠬᠥᠩᠭᠡᠷᠡᠭᠦᠯᠵᠠᠢ᠃

ᠥᠪᠡᠷᠲᠡᠭᠡᠨ ᠵᠠᠰᠠᠬᠤ ᠣᠷᠣᠨ᠎ᠤ ᠡᠮᠴᠢᠯᠡᠭᠡᠨ᠎ᠦ ᠪᠠᠲᠤᠯᠠᠭ᠎ᠠ ᠵᠢᠨ ᠲᠤᠪᠴᠢᠶ᠎ᠠ᠎ᠶ᠋ᠢᠨ ᠡᠮ ᠡᠮᠨᠡᠯᠭᠡ᠎ᠶ᠋ᠢᠨ ᠦᠶ᠋ᠯᠡᠴᠢᠯᠡᠭᠡᠨ ᠎ᠦ ᠬᠠᠮᠢᠶᠠᠷᠤᠯᠲᠠ᠎ᠶ᠋ᠢᠨ ᠭᠠᠵᠠᠷ᠎ᠤᠨ ᠳᠠᠷᠤᠭ᠎ᠠ ᠵᠠᠩ ᠶᠠᠨ ᠶᠠᠨ ᠢᠯᠡᠷᠬᠡᠢᠯᠡᠬᠦ᠌᠎ᠳᠡᠭᠡᠨ᠂  ᠤᠷᠳᠤ ᠬᠤᠭᠤᠴᠠᠭᠠᠨ᠎ᠤ ᠵᠣᠷ᠎ᠢ ᠡᠮᠴᠢᠯᠡᠭᠡᠨ᠎ᠦ ᠣᠨᠣᠱᠢᠯᠠᠯᠲᠠ ᠨᠢ ᠲᠣᠳᠣᠷᠬᠠᠢ᠂ ᠡᠮ ᠬᠡᠷᠡᠭ᠌ᠯᠡᠬᠦ᠌ ᠲᠥᠰᠦᠯ ᠨᠢ ᠲᠣᠭ᠍ᠲᠠᠪᠤᠷᠢᠲᠠᠢ᠂ ᠡᠪᠡᠳᠴᠢᠨ ᠎ᠦ ᠪᠠᠢᠳᠠᠯ᠎ᠢ ᠯᠠᠪᠳᠠᠭᠤᠨ ᠡᠵᠡᠮᠳᠡᠵᠦ ᠳᠡᠢᠯᠬᠦ  ᠬᠠᠭᠤᠴᠢᠨ ᠠᠷᠬᠠᠭ ᠲᠠᠢ ᠡᠪᠡᠳᠴᠢᠲᠡᠨ᠎ᠳᠦ ᠪᠢᠴᠢᠵᠦ ᠦᠭᠪᠡᠯ ᠵᠤᠬᠢᠨ᠎ᠠ᠂ ᠮᠢᠨᠴᠦᠭᠦᠷᠡᠭᠦᠯᠬᠦ᠌ ᠡᠮ᠂ ᠮᠡᠳᠡᠷᠡᠯ᠎ᠦᠨ ᠡᠮ ᠵᠡᠷᠭᠡ ᠣᠨᠴᠠᠭᠠᠢ ᠲᠥᠷᠥᠯ᠎ᠤᠨ ᠡᠮ ᠬᠡᠷᠡᠭ᠌ᠯᠡᠬᠦ᠌᠎ᠶ᠋ᠢ ᠴᠢᠩᠭ᠎ᠠ ᠴᠠᠭᠠᠵᠠᠯᠠᠨ᠎ᠠ᠃ ᠦᠨᠳᠦᠰᠦᠨ ᠱᠠᠲᠤᠨ᠎ᠤ ᠡᠮᠴᠢ᠎ᠨᠡᠷ ᠡᠪᠡᠳᠴᠢᠲᠡᠨ᠎ᠦ ᠡᠪᠡᠳᠴᠢᠨ᠎ᠦ ᠪᠠᠢᠳᠠᠯ᠂ ᠡᠮ᠎ᠦᠨ ᠵᠦᠶ᠋ᠯ ᠎ᠦᠨ ᠨᠥᠭᠡᠴᠡ ᠵᠡᠷᠭᠡ ᠶᠡᠷᠦᠩᠬᠡᠢᠯᠡᠭ᠌ᠰᠡᠨ ᠡᠯᠸᠮᠸᠨ᠋ᠲ᠎ᠢ ᠦᠨᠳᠦᠰᠦᠯᠡᠨ᠂ ᠲᠣᠬᠢᠷᠠᠮᠵᠢᠲᠠᠶ ᠵᠣᠷ ᠭᠠᠷᠭᠠᠵᠤ᠂ ᠬᠠᠷᠢᠶ᠎ᠠ ᠣᠷᠣᠨ ᠎ᠤ ᠰᠠᠭᠤᠭᠠᠯᠢ ᠠᠷᠠᠳ᠎ᠤᠨ ᠡᠮ ᠬᠡᠷᠡᠭ᠌ᠯᠡᠬᠦ᠌ ᠬᠡᠷᠡᠭ᠌ᠴᠡᠭᠡ ᠱᠠᠭᠠᠷᠳᠠᠯᠭ᠎ᠠ᠎ᠶ᠋ᠢ ᠪᠠᠲᠤᠯᠠᠨ᠎ᠠ᠃

ᠲᠥᠷᠥ᠎ᠶ᠋ᠢᠨ ᠪᠣᠳᠣᠯᠭ᠎ᠠ ᠎ᠶ᠋ᠢ ᠨᠠᠢᠳᠠᠪᠤᠷᠢᠵᠢᠭᠤᠯᠤᠨ ᠦᠷ᠎ᠡ ᠪᠦᠲᠦᠮᠵᠢ ᠤᠯᠬᠤ᠎ᠶ᠋ᠢ ᠦᠨᠡᠨ ᠬᠦ᠌ ᠪᠠᠲᠤᠯᠠᠬᠤ᠎ᠶ᠋ᠢᠨ ᠲᠥᠯᠥᠭᠡ᠂ ᠥᠪᠥᠷ ᠮᠣᠩᠭᠣᠯ ᠪᠠᠰᠠ ᠱᠢᠶᠠᠨ᠎ᠤ ᠬᠡᠪᠴᠢᠶᠡᠨ᠎ᠦ ᠡᠮᠴᠢᠯᠡᠬᠡᠨ ᠤ᠋ ᠬᠠᠮᠲᠤ᠎ᠶ᠋ᠢᠨ ᠴᠣᠭ᠍ᠴᠠ᠎ᠶ᠋ᠢᠨ《ᠭᠤᠤᠯ ᠡᠮ᠎ᠦᠨ ᠦᠷᠤᠬᠡ》 ᠪᠠ ᠬᠣᠲᠠ᠎ᠶ᠋ᠢᠨ ᠲᠣᠭᠣᠷᠢᠭ᠎ᠤᠨ《ᠡᠮ ᠡᠮᠨᠡᠯᠭᠡ᠎ᠶ᠋ᠢᠨ ᠳᠠᠭᠠᠳᠭᠠᠯ ᠎ᠤᠨ ᠡᠭᠦᠯᠡᠨ ᠡᠮ ᠎ᠦᠨ ᠦᠷᠤᠬᠡ》 ᠶ᠋ᠢᠨ ᠪᠥᠲᠥᠭᠡᠨ ᠪᠠᠢᠭᠤᠯᠤᠯᠲᠠ᠎ᠶ᠋ᠢ ᠳᠥᠯᠭᠢᠨ ᠠᠬᠢᠭᠤᠯᠵᠤ᠂  ᠲᠥᠷᠥ᠎ᠶ᠋ᠢᠨ ᠪᠣᠳᠣᠯᠭ᠎ᠠ᠎ᠶ᠋ᠢᠨ ᠠᠱᠢᠭ ᠲᠤᠰᠠ᠎ᠶ᠋ᠢ ᠨᠥᠬᠥᠴᠡᠯ᠎ᠳᠦ ᠨᠡᠢᠴᠡᠬᠦ᠌  ᠬᠠᠭᠤᠴᠢᠨ ᠠᠷᠬᠠᠭ ᠲᠠᠢ ᠡᠪᠡᠳᠴᠢᠲᠡᠨ ᠨᠢᠭᠡᠪᠦᠷᠢ᠎ᠳᠦ ᠦᠨᠡᠨ ᠬᠦ᠌ ᠬᠦᠷᠲᠡᠭᠡᠨ᠎ᠡ ᠭᠡᠵᠦ᠍ ᠲᠣᠳᠣᠷᠬᠠᠶ ᠲᠣᠭ᠍ᠲᠠᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号