ᠬᠥᠯᠥᠨ ᠪᠣᠢᠷ ᠬᠣᠲᠠ ᠪᠣᠢᠳᠠ ᠪᠦᠭ᠌ᠯᠡᠭᠦᠦ ᠮᠠᠯᠵᠢᠬᠤ ᠣᠷᠣᠨ᠎ᠤ ᠴᠠᠬᠢᠯᠭᠠᠨ ᠬᠡᠷᠡᠭᠯᠡᠬᠦ 《ᠡᠴᠦᠰ ᠎ᠤᠨ ᠨᠢᠭᠡ ᠺᠢᠯᠤᠮᠸᠲᠷ 》 ᠎ᠢ ᠨᠡᠪᠲᠡᠷᠡᠭᠦᠯᠪᠡ
2026-03-29 11:00:31
ᠵᠣᠬᠢᠶᠠᠭ᠍ᠴᠢ᠄
ᠯᠢ ᠱᠢᠨ ᠵᠢᠶᠦ᠋ᠨ
ᠣᠩᠱᠢᠭ᠍ᠰᠠᠨ ᠣᠳᠠᠭ᠎ᠠ᠄
★★★☆☆

3 ᠰᠠᠷ᠎ᠠ᠎ᠳᠦ᠂ ᠬᠥᠯᠥᠨ ᠪᠤᠢ᠌ᠷ ᠤ᠋ᠨ ᠲᠠᠯ᠎ᠠ ᠨᠤᠲᠤᠭ ᠮᠥᠰᠥ᠍ ᠴᠠᠰᠤᠨ ᠳ᠋ᠤ᠌ ᠬᠤᠴᠢᠬᠳᠠᠬᠰᠠᠨ ᠬᠡᠪ ᠵᠢᠡᠷ ᠵᠢᠡᠨ ᠪᠠᠢᠭᠰᠠᠨ᠎ᠴᠤ ᠱᠢᠨ᠎ᠡ ᠪᠠᠷᠭᠤ ᠵᠡᠭᠦᠨ ᠬᠣᠱᠢᠭᠤᠨ ᠤ᠋ ᠠᠮᠤᠭᠤᠯᠠᠩ ᠪᠠᠯᠭᠠᠰᠤᠨ ᠤ᠋ ᠪᠠᠶᠠᠨᠪᠤᠯᠠᠭ ᠭᠠᠴᠠᠭᠠᠨ ᠤ᠋ ᠮᠠᠯᠴᠢᠨ ᠬᠦᠰᠡᠯ ᠤ᠋ᠨ ᠬᠢᠨ᠎ᠤ ᠭᠡᠷ ᠤᠷᠤᠨ ᠨᠢ ᠬᠠᠷᠢᠨ ᠳᠤᠯᠠᠭᠠᠨ ᠳᠠᠪᠠᠳᠠᠢ ᠪᠠᠢᠯ᠎ᠠ᠃ ᠤᠯᠤᠰ ᠤ᠋ᠨ ᠴᠠᠬᠢᠯᠭᠠᠨ ᠲᠤᠤᠷ ᠤ᠋ᠨ ᠥᠪᠥᠷ ᠮᠣᠩᠭᠣᠯ ᠤ᠋ᠨ ᠵᠡᠭᠦᠨ ᠭᠡᠰᠡᠭ᠎ᠤᠨ ᠴᠠᠬᠢᠯᠭᠠᠨ ᠬᠦᠴᠦᠨ ᠤ᠋ ᠬᠢᠵᠠᠭᠠᠷᠳᠤ ᠺᠤᠮᠫᠠᠨᠢ ᠵᠠᠰᠠᠭ ᠵᠠᠬᠢᠷᠭᠠᠨ ᠤ᠋ ᠲᠣᠰᠭᠣᠨ (ᠭᠠᠴᠠᠭ᠎ᠠ) ᠤ᠋ ᠴᠠᠬᠢᠯᠭᠠᠨ ᠲᠤᠤᠷ ᠢ᠋ ᠤᠷᠳᠤᠳᠬᠠᠬᠤ ᠢᠨᠵᠧᠨᠧᠷᠢᠩ ᠢ᠋ ᠬᠡᠷᠡᠭᠵᠢᠬᠦᠯᠦᠭᠰᠡᠨ ᠡᠴᠡ ᠲᠠᠯ᠎ᠠ ᠵᠢᠨ ᠬᠦᠨ᠎ᠳᠦ ᠦᠶ᠎ᠡ ᠤᠯᠠᠷᠢᠨ ᠨᠤᠳᠤᠭᠰᠢᠭᠰᠠᠨ ᠬᠦᠰᠡᠯ ᠤ᠋ᠨ ᠬᠢᠨ 《ᠲᠩᠷᠢ ᠵᠢᠨ ᠴᠢᠷᠠᠢ ᠬᠠᠷᠠᠵᠤ ᠴᠠᠬᠢᠯᠭᠠᠨ ᠬᠡᠷᠡᠭ᠌ᠯᠡᠬᠦ᠌》 ᠲᠡᠦᠬᠡ᠎ᠪᠡᠨ ᠡᠴᠦᠰᠯᠡᠭᠦᠯᠵᠦ᠍᠂  ᠲᠤᠭᠳᠠᠪᠤᠷᠢᠳᠡᠢ ᠴᠠᠬᠢᠯᠭᠠᠨ ᠬᠡᠷᠡᠭᠯᠡᠬᠦ ᠪᠤᠯᠵᠡᠢ ᠃

《ᠲᠤᠭᠳᠠᠪᠤᠷᠢᠳᠡᠢ ᠴᠠᠬᠢᠯᠭᠠᠨ ᠨᠡᠪᠲᠡᠷᠡᠭ᠌ᠰᠡᠨ ᠳ᠋ᠤ᠌ ᠮᠠᠰᠢ ᠪᠠᠶᠠᠷᠯᠠᠵᠤ ᠪᠠᠢᠨ᠎ᠠ᠂ ᠮᠠᠯᠴᠢᠳ ᠵᠣᠭᠣᠰ ᠲᠤᠰᠢᠶᠠᠬᠤ ᠦᠭᠡᠢ ᠪᠡᠷ ᠡᠭᠦᠳᠡᠨ ᠳᠡᠭᠡᠷ᠎ᠠ ᠲᠤᠭᠳᠠᠪᠤᠷᠢᠳᠡᠢ ᠴᠠᠬᠢᠯᠭᠠᠨ ᠨᠡᠪᠲᠡᠷᠡᠨ᠎ᠠ ᠭᠡᠵᠦ᠍ ᠵᠡᠭᠦᠳᠦᠨ᠎ᠳᠦ ᠴᠦ᠍ ᠪᠠᠢᠭ᠍ᠰᠠᠨ ᠦᠭᠡᠢ!》 ᠬᠡᠵᠤ ᠲᠣᠭ᠍ᠲᠠᠭᠤᠨ ᠠᠵᠢᠯᠯᠠᠵᠤ ᠪᠠᠢᠭ᠎ᠠ ᠴᠠᠬᠢᠯᠭᠠᠨ ᠲᠤᠯᠠᠭᠠᠯᠠᠭᠤᠷ ᠪᠣᠯᠤᠨ ᠬᠥᠯᠳᠡᠭᠡᠭᠦᠷ ᠢ᠋ᠢᠡᠨ ᠬᠠᠷᠠᠭᠠᠳ ᠬᠦᠰᠡᠯ ᠮᠠᠰᠢ ᠰᠡᠳᠭᠢᠯ ᠳᠣᠭ᠍ᠳᠣᠯᠵᠤ ᠴᠠᠬᠢᠯᠭᠠᠨ ᠬᠦᠴᠦ᠍ ᠪᠣᠯ ᠮᠠᠯ ᠠᠵᠤ ᠠᠬᠤᠶ ᠢ᠋ᠢᠨ ᠦᠶ᠋ᠯᠡᠳᠪᠦᠷᠢᠯᠡᠯ ᠤ᠋ᠨ ᠭᠤᠤᠯ ᠪᠠᠲᠤᠯᠠᠭ᠎ᠠ ᠪᠤᠯᠬᠤ ᠶᠤᠮ᠂ ᠬᠣᠷᠢᠵᠤ ᠲᠡᠵᠢᠬᠡᠬᠦ ᠡᠴᠡ ᠮᠠᠯ ᠣᠨᠣᠭ᠎ᠠ ᠤᠰᠤᠯᠠᠬᠤ ᠬᠦᠷᠳᠡᠯ᠎ᠡ᠂ ᠳᠠᠬᠢᠭᠠᠳ ᠣᠳᠣᠬᠢᠴᠢᠯᠠᠭ᠍ᠰᠠᠨ ᠲᠠᠷᠢᠶᠠᠯᠠᠩ ᠤ᠋ᠨ ᠮᠠᠱᠢᠨ ᠢ᠋ ᠠᠵᠢᠯᠯᠠᠭᠤᠯᠬᠤ ᠬᠦᠷᠳᠡᠯ᠎ᠡ ᠴᠥᠮ ᠪᠠᠲᠤ ᠪᠠᠬᠢ ᠡᠨᠧᠷᠭᠢ ᠢ᠋ᠢᠨ ᠪᠠᠳᠤᠯᠠᠭ᠎ᠠ ᠲᠠᠢ ᠪᠤᠯᠵᠡᠢ᠃ ᠡᠨᠡ ᠨᠢ ᠬᠡᠷ ᠣᠷᠣᠨ ᠢ᠋ ᠳᠤᠯᠠᠭᠠᠴᠠᠭᠤᠯᠤᠭ᠍ᠰᠠᠨ ᠢ᠋ᠢᠡᠷ ᠪᠠᠷᠠᠬᠤ ᠥᠬᠡᠶ᠂ ᠱᠢᠨᠵᠢᠯᠡᠬᠦ᠌ ᠤᠬᠠᠭᠠᠨᠴᠢ ᠪᠡᠷ ᠲᠡᠵᠢᠭᠡᠨ ᠦᠷᠡᠵᠢᠭᠦᠯᠬᠦ᠌᠂  ᠠᠵᠤ ᠦᠶ᠋ᠯᠡᠰ ᠢ᠋ ᠲᠠᠰ ᠳᠡᠪᠱᠢᠭᠦᠯᠬᠦ᠌ ᠪᠠᠶᠠᠵᠢᠯ ᠤ᠋ᠨ ᠵᠠᠮ ᠢ᠋ ᠬᠡᠷᠡᠯᠳᠦᠬᠦᠯᠵᠡᠢ ᠰᠤᠷᠪᠤᠯᠵᠢᠯᠠᠭ᠍ᠴᠢ ᠳ᠋ᠤ᠌ ᠬᠡᠯᠡᠯ᠎ᠡ᠃

ᠣᠢᠷ᠎ᠠ ᠢ᠋ᠢᠨ ᠵᠢᠯ ᠡᠴᠡ ᠨᠠᠭᠠᠰᠢ᠂ ᠮᠠᠯᠴᠢᠳ ᠤ᠋ᠨ ᠠᠮᠢᠳᠤᠷᠠᠯ ᠤ᠋ᠨ ᠲᠦᠪᠱᠢᠨ᠎ᠰᠠᠢᠵᠢᠷᠠᠬᠤ ᠶ᠋ᠢ ᠳᠠᠭᠠᠯᠳᠤᠨ᠂ ᠬᠦᠯᠳᠡᠬᠡᠬᠦᠷ᠂  ᠴᠠᠬᠢᠯᠭᠠᠨ ᠲᠤᠯᠠᠭᠠᠯᠠᠭᠤᠷ ᠪᠥᠬᠥ᠌ ᠲᠠᠯ᠎ᠠ ᠪᠡᠷ ᠲᠦᠭᠡᠮᠡᠯᠵᠢᠵᠦ᠍᠂ ᠮᠠᠯ ᠠᠵᠤ ᠠᠬᠤᠶ ᠲᠠᠷᠢᠶᠠᠯᠠᠨᠭ᠌ ᠤ᠋ᠨ ᠮᠠᠱᠢᠨᠴᠢᠯᠠᠯᠲᠠ ᠢ᠋ᠢᠨ ᠬᠡᠮᠵᠢᠶ᠎ᠡ ᠲᠠᠰᠤᠷᠠᠯᠲᠠ ᠥᠬᠡᠶ ᠨᠡᠮᠡᠭᠳᠡᠵᠤ᠂  ᠴᠠᠬᠢᠯᠭᠠᠨ ᠬᠡᠷᠡᠭ᠌ᠯᠡᠬᠦ᠌ ᠬᠡᠷᠡᠭ᠌ᠴᠡᠭᠡ ᠱᠠᠭᠠᠷᠳᠠᠯᠭ᠎ᠠ ᠤᠯᠠᠮ ᠲᠤᠯᠭᠠᠮ ᠪᠤᠯᠪᠠ᠃  ᠬᠡᠪᠡᠴᠤ ᠱᠢᠨ᠎ᠡ ᠪᠠᠷᠭᠤ ᠵᠡᠭᠦᠨ ᠬᠣᠱᠢᠭᠤᠨ ᠤ᠋ ᠲᠠᠯ᠎ᠠ ᠨᠤᠲᠤᠭ ᠥᠷᠭᠡᠨ ᠠᠭᠤᠳᠠᠮ᠂ ᠮᠠᠯᠴᠢᠳ ᠲᠠᠷᠠᠬᠠᠶ ᠪᠤᠲᠠᠷᠬᠠᠶ ᠰᠠᠭᠤᠷᠢᠱᠢᠵᠤ᠂ ᠣᠯᠠᠩᠬᠢ ᠮᠠᠯᠵᠢᠬᠤ ᠡᠷᠦᠬᠡ ᠪᠣᠢᠳᠠ ᠪᠦᠭ᠌ᠯᠡᠭᠦᠦ ᠭᠠᠵᠠᠷ ᠲᠦ᠍ ᠪᠠᠢᠷᠢᠯᠠᠵᠤ ᠪᠠᠢᠭ᠎ᠠ ᠪᠤᠯᠬᠤᠷ ᠴᠠᠬᠢᠯᠭᠠᠨ ᠬᠦᠴᠦᠨ ᠤ᠋ ᠬᠠᠩᠭᠠᠯᠭ᠎ᠠ ᠨᠢ ᠨᠢᠭᠡ ᠦᠶ᠎ᠡ ᠬᠥᠭ᠌ᠵᠢᠯᠲᠡ ᠢ᠋ᠢ ᠬᠢᠵᠠᠭᠠᠷᠯᠠᠬᠤ 《ᠪᠣᠭᠣᠮᠢ》 ᠪᠣᠯᠤᠭ᠍ᠰᠠᠨ ᠪᠠᠢᠨ᠎ᠠ᠃

ᠱᠢᠨᠡᠪᠤᠯᠠᠭ ᠰᠤᠮᠤ ᠢ᠋ᠢᠨ ᠠᠯᠲᠠᠲᠤ ᠭᠠᠴᠠᠭᠠᠨ ᠤ᠋ ᠮᠠᠯᠴᠢᠨ ᠭᠦᠸᠧ᠎ᠲᠡᠶ ᠶᠢᠩ ᠡᠬᠦᠨ ᠤ᠋ ᠲᠤᠬᠠᠢ ᠡᠷᠬᠢᠴᠡᠬᠦᠯᠦᠨ ᠶᠠᠷᠢᠬᠤ ᠳ᠋ᠠᠭᠠᠨ᠄ 《ᠥᠩᠭᠡᠷᠡᠭ᠌ᠰᠡᠨ᠎ᠳᠦ ᠪᠠᠭ᠎ᠠ ᠬᠡᠯᠪᠡᠷᠢ ᠢ᠋ᠢᠨ ᠰᠠᠯᠬᠢᠨ ᠬᠦᠴᠦᠨ ᠤ᠋ ᠴᠠᠬᠢᠯᠭᠠᠨ ᠡᠬᠦᠰᠬᠡᠬᠦᠷ᠎ᠲᠤ ᠲᠦᠱᠢᠭ᠌ᠯᠡᠵᠦ᠍ ᠴᠠᠬᠢᠯᠭᠠᠨ ᠭᠠᠷᠭᠠᠵᠤ ᠪᠠᠢᠭᠰᠠᠨ ᠡᠴᠡ ᠶᠡᠷᠦ᠍ ᠨᠢ ᠰᠡᠳᠬᠢᠯ ᠠᠮᠤᠷ ᠦᠬᠡᠢ ᠪᠠᠢᠵᠡᠢ᠃ ᠰᠥᠨᠢ ᠳᠦᠯᠢ ᠪᠡᠷ ᠴᠢᠨᠣ᠎ᠠ ᠢ᠋ᠢ ᠰᠡᠷᠭᠡᠢᠯᠡᠬᠦ᠌ ᠬᠠᠢᠭᠤᠯ ᠳ᠋ᠧᠩ ᠦᠷᠭᠦᠯᠵᠢ ᠴᠠᠬᠢᠯᠭᠠᠨ ᠲᠠᠰᠤᠷᠠᠳᠠᠭ᠂ ᠪᠠᠰᠠ  ᠴᠠᠬᠢᠯᠭᠠᠨ ᠭᠠᠨᠭᠨᠠᠭᠤᠷ ᠢ᠋ᠢᠡᠷ ᠲᠠᠷᠢᠶᠠᠯᠠᠩ ᠤ᠋ᠨ ᠮᠠᠱᠢᠨ ᠵᠠᠰᠠᠬᠤ ᠪᠤᠶᠤ ᠲᠥᠬᠥᠭᠡᠷᠦᠮᠵᠢ᠎ᠳᠦ ᠴᠠᠬᠢᠯᠭᠠᠨ ᠴᠡᠨᠡᠭ᠌ᠯᠡᠬᠦ᠌᠎ᠳᠦ ᠵᠠᠪᠠᠯ ᠮᠠᠰᠢᠨ ᠲᠡᠷᠬᠡ ᠪᠡᠷ 50 ᠺᠢᠯᠤᠮᠸᠲᠷ ᠠᠶᠠᠯᠠᠵᠤ ᠰᠤᠮᠤ ᠤᠷᠤᠳᠠᠭ᠂ ᠡᠪᠦᠯ ᠤ᠋ᠨ ᠤᠯᠠᠷᠢᠯ ᠳ᠋ᠤ᠌ ᠶᠡᠬᠡ ᠴᠠᠰᠤ ᠤᠷᠤᠵᠤ ᠵᠠᠮ ᠬᠠᠭᠠᠭᠳᠠᠪᠠᠯ ᠦᠢᠯᠡᠳᠪᠦᠷᠢᠯᠡᠯ ᠠᠮᠢᠳᠤᠷᠠᠯ ᠳ᠋ᠤ᠌ ᠨᠡᠩ ᠴᠤ᠌ ᠬᠦᠴᠢᠷ ᠪᠡᠷᠬᠡᠱᠢᠶᠡᠯ᠎ᠲᠤᠯᠭᠠᠷᠠᠳᠠᠭ᠃ ᠣᠳᠣᠬᠠᠨ ᠳ᠋ᠤ᠌ ᠴᠠᠬᠢᠯᠭᠠᠨ ᠬᠠᠨᠭᠭᠠᠯᠭ᠎ᠠ ᠪᠠᠳᠤᠯᠠᠭ᠎ᠠ ᠲᠠᠢ ᠪᠤᠯᠤᠬᠰᠠᠨ ᠵᠢᠡᠷ ᠬᠠᠢᠭᠤᠯ ᠳ᠋ᠧᠩ ᠰᠥᠨᠢᠵᠢᠨ ᠭᠡᠷᠡᠯᠲᠦᠵᠦ᠍᠂ ᠬᠤᠳᠬᠤᠭᠤᠷ ᠮᠠᠰᠢᠨ ᠬᠡᠵᠢᠶ᠎ᠡ ᠡᠪᠳᠡᠷᠡᠪᠡᠯ ᠲᠡᠷᠡ ᠲᠠᠷᠤᠢ ᠳ᠋ᠤᠨᠢ ᠵᠠᠰᠠᠵᠤ᠂ ᠣᠳᠣᠬᠢᠴᠢᠯᠠᠭ᠍ᠰᠠᠨ ᠦᠢᠯᠡᠳᠪᠦᠷᠢᠯᠡᠯ ᠤ᠋ᠨ ᠲᠥᠬᠥᠭᠡᠷᠦᠮᠵᠢ ᠢ᠋ᠢ ᠭᠡᠷ ᠤ᠋ᠨ ᠡᠭᠦᠳᠡᠨ᠎ᠳᠡᠭᠡᠨ ᠬᠡᠷᠡᠭᠯᠡᠵᠤ ᠲᠡᠢᠯᠬᠦ ᠪᠣᠯᠪᠠ》 ᠬᠡᠯ᠎ᠡ ᠃

ᠪᠣᠢᠳᠠ ᠪᠦᠭ᠌ᠯᠡᠭᠦᠦ ᠮᠠᠯᠵᠢᠬᠤ ᠣᠷᠣᠨ ᠤ᠋ ᠴᠠᠬᠢᠯᠭᠠᠨ ᠬᠡᠷᠡᠭ᠌ᠯᠡᠬᠦ᠌ ᠬᠦᠴᠢᠷᠳᠡᠯ ᠢ᠋ ᠲᠤᠢᠯᠪᠤᠷᠢᠲᠠᠶ ᠱᠢᠶ᠋ᠳᠪᠦᠷᠢᠯᠡᠵᠦ᠍᠂ ᠴᠠᠬᠢᠯᠭᠠᠨ ᠬᠦᠴᠦᠨ ᠢ᠋ᠢᠡᠷ ᠠᠷᠠᠳ᠎ᠲᠤ ᠠᠱᠢᠭ ᠬᠦᠷᠲᠡᠭᠡᠬᠦ᠌《ᠡᠴᠦᠰ ᠤ᠋ᠨ ᠨᠢᠭᠡ ᠺᠢᠯᠣᠮᠧᠲ᠋ᠷ》  ᠢ᠋ ᠨᠡᠪᠲᠡᠷᠡᠭᠦᠯᠬᠦ᠌ ᠢ᠋ᠢᠨ ᠲᠥᠯᠥᠭᠡ ᠂ ᠱᠢᠨ᠎ᠡ ᠪᠠᠷᠭᠤ ᠵᠡᠭᠦᠨ ᠬᠣᠱᠢᠭᠤ᠎ᠵᠢᠨ ᠬᠢᠨ ᠴᠠᠬᠢᠯᠭᠠᠨ ᠲᠤᠤᠷ ᠢ᠋ ᠤᠷᠲᠤᠳᠭᠠᠬᠤ ᠢᠨᠵᠧᠨᠧᠷᠢᠩ ᠢ᠋ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠢ᠋ᠢ ᠠᠬᠢᠭᠤᠯᠬᠤ ᠰᠠᠭᠤᠷᠢ ᠴᠢᠨᠠᠷᠲᠠᠶ ᠪᠠᠲᠤᠯᠠᠭ᠎ᠠ ᠪᠣᠯᠭᠠᠪᠠ᠃ ᠲᠣᠰ ᠤᠳᠠᠭᠠᠨ ᠤ᠋ ᠢᠨᠵᠧᠨᠧᠷᠢᠩ ᠢ᠋ ᠤᠯᠤᠰ ᠤ᠋ᠨ ᠴᠠᠬᠢᠯᠭᠠᠨ ᠲᠤᠤᠷ ᠤ᠋ᠨ ᠥᠪᠥᠷ ᠮᠣᠩᠭᠣᠯ ᠤ᠋ᠨ ᠵᠡᠭᠦᠨ ᠭᠡᠰᠡᠭ᠎ᠤᠨ ᠴᠠᠬᠢᠯᠭᠠᠨ ᠬᠦᠴᠦᠨ ᠤ᠋ ᠬᠢᠵᠠᠭᠠᠷᠳᠤ ᠺᠤᠮᠫᠠᠨᠢ ᠡᠴᠡ ᠨᠢᠭᠡᠳᠦᠯᠲᠡᠶ ᠵᠣᠬᠢᠶᠠᠨ ᠪᠠᠢᠭᠤᠯᠤᠨ ᠬᠡᠷᠡᠭ᠌ᠵᠢᠭᠦᠯᠵᠦ᠍᠂ ᠪᠥᠬᠥ᠌ ᠬᠣᠱᠢᠭᠤᠨ ᠤ᠋ 3 ᠰᠤᠮᠤ ᠂ 13 ᠭᠠᠴᠠᠭᠠᠨ ᠤ᠋ ᠠᠵᠢᠯᠯᠠᠬᠤ ᠲᠠᠯᠠᠪᠤᠷ ᠭᠠᠵᠠᠷ᠂ ᠰᠣᠶᠣᠯ ᠤ᠋ᠨ ᠬᠥᠳᠡᠯᠭᠡᠭᠡᠨ ᠤ᠋ ᠲᠠᠰᠤᠭ ᠵᠢᠴᠢ ᠡᠷᠬᠢᠨ ᠲᠣᠭᠣᠷᠢᠨ ᠤ᠋ ᠮᠠᠯᠵᠢᠬᠤ ᠡᠷᠦᠬᠡ ᠢ᠋ᠢ ᠬᠠᠮᠤᠷᠴᠡᠢ᠃

ᠱᠢᠨ᠎ᠡ ᠪᠠᠷᠭᠤ ᠵᠡᠭᠦᠨ ᠬᠣᠱᠢᠭᠤᠨ ᠤ᠋ ᠴᠠᠬᠢᠯᠭᠠᠨ ᠬᠠᠩᠭᠠᠬᠤ ᠺᠣᠮᠫᠠᠨᠢ ᠢ᠋ᠢᠨ ᠴᠠᠬᠢᠯᠭᠠᠨ ᠲᠣᠣᠷ ᠠᠵᠢᠯᠯᠠᠭᠤᠯᠵᠤ ᠬᠠᠮᠠᠭᠠᠯᠠᠵᠤ ᠪᠠᠢᠴᠠᠭᠠᠬᠤ ᠬᠡᠯᠲᠡᠰ ᠤ᠋ᠨ ᠬᠠᠷᠢᠭᠤᠴᠠᠯᠭᠠᠲᠠᠨ ᠸᠠᠩ ᠯᠢ ᠲᠤᠤ᠂ ᠢᠨᠵᠧᠨᠧᠷᠢᠩ ᠨᠡᠢᠲᠡ 10 ᠺᠢᠯᠤᠸᠤᠯᠲ ᠤ᠋ᠨ ᠱᠤᠭᠤᠮ ᠢ᠋ 171 ᠺᠢᠯᠣᠮᠧᠲ᠋ᠷ ᠰᠢᠨ᠎ᠡ ᠪᠡᠷ ᠪᠠᠢᠭᠤᠯᠵᠤ᠂ 3647 ᠰᠠᠭᠤᠷᠢ ᠴᠠᠬᠢᠯᠭᠠᠨ ᠪᠠᠭᠠᠨ᠎ᠠ ᠪᠤᠰᠬᠠᠵᠤ᠂ ᠬᠦᠴᠦᠳᠡᠯ ᠥᠭᠡᠷᠡᠴᠢᠯᠡᠭ᠌ᠴᠢ ᠢ᠋ᠢ 65 ᠰᠠᠭᠤᠷᠢ ᠤᠭ᠍ᠰᠠᠷᠠᠵᠤ᠂ ᠶᠡᠷᠦᠩᠬᠡᠶ ᠪᠠᠭ᠍ᠲᠠᠭᠠᠮᠵᠢ ᠨᠢ 3250 ᠺᠢᠯᠦᠸᠤᠯᠲ ᠠᠮᠫᠸᠷ ᠲᠦ᠍ ᠬᠦᠷᠴᠡᠢ᠃ ᠨᠤᠲᠤᠭ ᠪᠡᠯᠴᠢᠭᠡᠷ ᠤ᠋ᠨ ᠨᠠᠷᠢᠨ ᠪᠤᠳᠤᠯᠢᠶᠠᠨᠲᠠᠶ ᠭᠠᠵᠠᠷ ᠵᠦᠶ ᠢ᠋ᠢᠨ ᠣᠷᠴᠢᠨ ᠲᠣᠭᠣᠷᠢᠨ ᠪᠠ ᠬᠠᠬᠢᠷ ᠬᠦᠶ᠋ᠲᠡᠨ ᠠᠭᠤᠷ ᠠᠮᠢᠰᠭᠤᠯ ᠤ᠋ᠨ ᠡᠮᠦᠨ᠎ᠡ᠂ ᠪᠥᠲᠥᠭᠡᠨ ᠪᠠᠢᠭᠤᠯᠤᠯᠲᠠ ᠳ᠋ᠤ᠌ ᠣᠷᠣᠯᠴᠠᠭ᠍ᠰᠠᠨ ᠪᠥᠬᠥ᠌ ᠬᠥᠮᠦᠰ ᠬᠦᠴᠢᠷ ᠢ᠋ ᠳᠤᠭᠤᠯᠤᠨ ᠪᠡᠷᠬᠡ ᠢ᠋ᠢ ᠳᠠᠪᠠᠵᠤ᠂ ᠨᠦᠬᠡ ᠮᠠᠯᠲᠠᠵᠤ ᠪᠠᠭᠠᠨ᠎ᠠ ᠪᠤᠰᠭᠠᠬᠤ ᠡᠴᠡ ᠠᠪᠤᠭᠠᠳ ᠵᠠᠮ ᠱᠤᠭᠤᠮ ᠲᠠᠲᠠᠬᠤ ᠬᠦᠷᠲᠡᠯ᠎ᠡ᠂ ᠠᠵᠢᠯ ᠤ᠋ᠨ ᠳᠠᠷᠠᠭᠠᠯᠠᠯ ᠨᠢᠭᠡᠪᠦᠷᠢ ᠢ᠋ᠢ ᠴᠢᠩᠭ᠎ᠠ ᠡᠵᠡᠮᠳᠡᠵᠦ᠍᠂ ᠢᠨᠵᠧᠨᠧᠷᠢᠩ ᠤ᠋ᠨ ᠴᠢᠨᠠᠷ ᠰᠠᠢᠲᠠᠶ ᠪᠡᠷ ᠪᠠᠷᠢᠯᠭ᠎ᠠ ᠳᠠᠭᠤᠰᠭᠤ ᠢ᠋ᠢ ᠪᠥᠬᠥ᠌ ᠬᠦᠴᠦᠨ ᠢ᠋ᠢᠡᠨ ᠢ᠋ᠢᠨᠨ ᠪᠠᠲᠤᠯᠠᠬᠰᠠᠨ ᠭᠡᠵᠤ ᠲᠠᠨᠢᠯᠴᠠᠭᠤᠯᠵᠤ ᠭᠠᠷᠤᠯ᠎ᠠ᠃

ᠠᠷᠠᠳ᠎ᠲᠤ ᠠᠱᠢᠭ ᠬᠦᠷᠲᠡᠭᠡᠬᠦ᠌ ᠲᠥᠷᠥ ᠢ᠋ᠢᠨ ᠪᠣᠳᠣᠯᠭ᠎ᠠ ᠢ᠋ᠢ ᠨᠠᠷᠢᠯᠢᠭ ᠣᠨᠣᠴᠠᠲᠠᠶ ᠨᠠᠢᠳᠠᠪᠤᠷᠢᠵᠢᠭᠤᠯᠬᠤ ᠢ᠋ᠢᠨ ᠲᠥᠯᠥᠭᠡ᠂ ᠲᠥᠷᠥᠯ ᠵᠦᠶ᠋ᠯ᠎ᠤᠨ ᠭᠤᠤᠯ ᠱᠤᠭᠤᠮ ᠤ᠋ᠨ 600 ᠮᠧᠲ᠋ᠷ ᠤ᠋ᠨ ᠬᠡᠪᠴᠢᠶᠡᠨ᠎ᠳ᠋ᠡᠬᠢ ᠪᠠᠢᠨᠭᠭᠤ ᠢ᠋ᠢᠨ ᠣᠷᠣᠨ ᠰᠠᠭᠤᠴᠠ ᠲᠠᠢ ᠬᠡᠷᠡᠭ᠌ᠯᠡᠭ᠌ᠴᠢ ᠴᠠᠬᠢᠯᠭᠠᠨ ᠨᠡᠪᠳᠡᠷᠡᠬᠦᠯᠬᠦ ᠪᠡᠷ ᠭᠤᠶᠤᠴᠢᠯᠠᠵᠤ ᠪᠣᠯᠬᠤ ᠪᠤᠯᠭᠠᠵᠠᠢ᠃ ᠴᠠᠬᠢᠯᠭᠠᠨ ᠬᠦᠴᠦᠨ ᠤ᠋ ᠰᠠᠯᠠᠭ᠎ᠠ ᠮᠥᠴᠢᠷ᠎ᠤᠨ ᠬᠢᠨ ᠡᠷᠦᠬᠡ ᠳᠠᠷᠠᠭᠠᠯᠠᠨ ᠬᠠᠢᠨ ᠬᠡᠮᠵᠢᠵᠦ᠍᠂ ᠱᠢᠨᠵᠢᠯᠡᠬᠦ᠌ ᠤᠬᠠᠭᠠᠨᠴᠢ ᠪᠡᠷ ᠲᠥᠰᠦᠯ ᠢ᠋ᠢᠡᠨ ᠱᠢᠯᠢᠳᠡᠭ᠌ᠵᠢᠭᠦᠯᠵᠦ᠍᠂ ᠭᠠᠭ᠍ᠴᠠ ᠡᠷᠦᠬᠡ ᠢ᠋ᠢᠨ 20 ᠲᠦᠮᠡᠨ ᠲᠥᠭᠥᠷᠢᠭ ᠤ᠋ᠨ ᠪᠠᠯᠠ ᠣᠷᠣᠭᠤᠯᠤᠯᠲᠠ ᠢ᠋ᠢᠨ ᠪᠠᠷᠢᠮᠵᠢᠶ᠎ᠠ ᠶᠣᠰᠣᠭᠠᠷ᠂ ᠬᠥᠷᠰᠢ ᠵᠡᠷᠭᠡᠯᠡᠳᠡᠭᠡ ᠮᠠᠯᠵᠢᠬᠤ ᠡᠷᠦᠬᠡ᠎ᠳᠦ ᠨᠡᠢᠯᠡᠭᠦᠯᠦᠨ ᠲᠣᠭᠠᠴᠠᠭ᠎ᠠ ᠬᠢᠬᠦ᠌ ᠵᠠᠭ᠍ᠪᠤᠷ ᠢ᠋ ᠬᠡᠷᠡᠭ᠌ᠵᠢᠭᠦᠯᠵᠦ᠍᠂ ᠳᠠᠪᠬᠤᠷᠳᠠᠭᠤᠯᠤᠨ ᠪᠥᠲᠥᠭᠡᠨ ᠪᠠᠢᠭᠤᠯᠬᠤ ᠡᠴᠡ ᠪᠦᠲᠦᠮᠵᠢᠲᠡᠶ ᠵᠠᠢᠯᠠᠰᠭᠢᠵᠦ᠍᠂ ᠪᠣᠢᠳᠠ ᠪᠦᠭ᠌ᠯᠡᠭᠦᠦ 78 ᠮᠠᠯᠵᠢᠬᠤ ᠡᠷᠤᠬᠡ (ᠡᠭᠦᠨ᠎ᠳᠦ ᠠᠮᠤᠭᠤᠯᠠᠩ ᠪᠠᠯᠭᠠᠰᠤᠨ ᠤ᠋ 29 ᠡᠷᠦᠬᠡ ᠪᠠᠭ᠍ᠲᠠᠨ᠎ᠠ) ᠎ᠳ᠋ᠤ ᠬᠠᠮᠤᠭ ᠤ᠋ᠨ ᠲᠦᠷᠦᠬᠦᠨ᠎ᠳᠦ ᠴᠠᠬᠢᠯᠭᠠᠨ ᠲᠤᠤᠷ ᠤ᠋ᠨ ᠤᠷᠲᠤᠳᠭᠠᠭ᠍ᠰᠠᠨ ᠠᠱᠢᠭ ᠢ᠋ ᠬᠦᠷᠳᠡᠬᠡᠵᠡᠢ᠃

ᠲᠤᠭᠳᠠᠪᠤᠷᠢᠳᠡᠢ ᠴᠠᠬᠢᠯᠭᠠᠨ ᠭᠦᠶᠦᠳᠡᠯ ᠨᠢ ᠤᠰᠤ ᠬᠠᠯᠠᠭᠠᠭᠤᠷ᠂ ᠬᠥᠯᠳᠡᠭᠡᠭᠦᠷ ᠵᠡᠷᠭᠡ ᠬᠡᠷ ᠤ᠋ᠨ ᠴᠠᠬᠢᠯᠭᠠᠨ ᠬᠡᠷᠡᠭ᠌ᠰᠡᠯ ᠢ᠋ ᠪᠣᠢᠳᠠ ᠪᠦᠭ᠌ᠯᠡᠭᠦᠦ ᠮᠠᠯᠵᠢᠬᠤ ᠡᠷᠦᠬᠡ᠎ᠳᠦ ᠣᠷᠣᠭᠤᠯᠵᠤ᠂ ᠨᠠᠩ ᠴᠤ᠌ ᠡᠪᠡᠰᠦ ᠬᠡᠷᠴᠢᠬᠦ᠌ ᠮᠠᠱᠢᠨ᠂ ᠲᠡᠵᠢᠭᠡᠯ ᠪᠣᠷᠳᠣᠭ᠎ᠠ ᠵᠢᠭᠤᠷᠠᠬᠤ ᠮᠠᠱᠢᠨ ᠵᠡᠷᠭᠡ ᠣᠳᠣᠬᠢᠴᠢᠯᠠᠭ᠍ᠰᠠᠨ ᠲᠥᠬᠥᠭᠡᠷᠦᠮᠵᠢ ᠢ᠋ᠢ ᠥᠨᠳᠥᠷ ᠪᠦᠲᠦᠮᠵᠢᠲᠡᠶ ᠪᠡᠷ ᠠᠵᠢᠯᠯᠠᠭᠤᠯᠤᠭᠰᠠᠨ ᠪᠠᠢᠨ᠎ᠡ ᠃

ᠣᠳᠣᠬᠠᠨ ᠳ᠋ᠤ᠌᠂ ᠳᠦᠭᠦᠷᠡᠩ ᠴᠠᠬᠢᠯᠭᠠᠨ ᠬᠦᠴᠦᠨ ᠤ᠋ ᠠᠵᠢᠯᠯᠠᠭᠠᠨ ᠨᠢ ᠮᠠᠯᠴᠢᠳ ᠤ᠋ᠨ ᠬᠥᠳᠡᠯᠮᠦᠷᠢ ᠢ᠋ᠢᠨ ᠡᠷᠴᠢᠮ ᠢ᠋ ᠶᠡᠬᠡ ᠪᠡᠷ ᠪᠠᠭᠤᠷᠠᠭᠤᠯᠵᠤ᠂ ᠲᠡᠵᠢᠭᠡᠨ ᠦᠷᠡᠵᠢᠭᠦᠯᠬᠦ᠌ ᠦᠷ᠎ᠡ ᠠᠱᠢᠭ ᠢ᠋ ᠨᠡᠮᠡᠭᠳᠡᠬᠦᠯᠦᠭᠰᠡᠨ ᠢ᠋ᠢᠡᠷ ᠪᠠᠷᠠᠬᠤ ᠥᠬᠡᠶ᠂ ᠨᠠᠩ ᠴᠤ᠌ ᠥᠪᠥᠷ ᠮᠣᠩᠭᠣᠯ ᠤ᠋ᠨ ᠮᠠᠯᠵᠢᠬᠤ ᠣᠷᠣᠨ ᠤ᠋ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠴᠠᠬᠢᠯᠭᠠᠨ ᠬᠦᠴᠦᠨ ᠤ᠋ ᠰᠠᠭᠤᠷᠢ ᠢ᠋ᠢ ᠪᠡᠬᠢᠵᠢᠭᠦᠯᠵᠡᠢ᠃ 《ᠴᠠᠬᠢᠯᠭᠠᠨ ᠬᠡᠷᠡᠭᠯᠡᠵᠤ ᠲᠡᠢᠯᠬᠦ》 ᠪᠠᠢᠭᠰᠠᠨ ᠡᠴᠡ 《ᠴᠠᠬᠢᠯᠭᠠᠨ ᠢ᠋ ᠰᠠᠢᠲᠤᠷ ᠬᠡᠷᠡᠭ᠌ᠯᠡᠬᠦ᠌》 ᠲᠡᠢᠰᠢ ᠠᠬᠢᠬᠤ ᠬᠦᠷᠲᠡᠯ᠎ᠡ᠂ ᠬᠥᠯᠥᠨ ᠪᠤᠢ᠌ᠷ ᠤ᠋ᠨ ᠲᠠᠯ᠎ᠠ ᠨᠤᠲᠤᠭ ᠤ᠋ᠨ ᠮᠠᠯᠴᠢᠳ ᠶᠠᠭ ᠴᠠᠬᠢᠯᠭᠠᠨ ᠬᠦᠴᠦᠨ ᠤ᠋ ᠬᠦᠭᠵᠢᠯᠳᠡ ᠢ᠋ᠢᠨ  ᠠᠰᠢᠬ ᠳᠤᠰᠠ ᠵᠢ ᠬᠦᠷᠳᠡᠵᠦ᠂ ᠬᠡᠪᠴᠢᠶᠡᠵᠢᠭ᠌ᠰᠡᠨ᠂ ᠪᠠᠷᠢᠮᠵᠢᠶᠠᠵᠢᠭ᠍ᠰᠠᠨ ᠤᠳᠤ ᠦᠶ᠎ᠡ ᠢ᠋ᠢᠨ ᠮᠠᠯᠵᠢᠯ ᠤ᠋ᠨ ᠲᠠᠯᠠᠪᠠᠢ ᠢ᠋ᠢ ᠪᠦᠳᠦᠭᠡᠨ ᠪᠠᠢᠭᠤᠯᠬᠤ ᠵᠠᠮ ᠨᠢ ᠶᠠᠪᠤᠬᠤ ᠲᠤᠳᠤᠮ ᠰᠠᠷᠠᠭᠤᠯᠵᠢᠵᠤ᠂  ᠠᠮᠢᠳᠤᠷᠠᠯ ᠨᠢ ᠶᠠᠪᠤᠬᠤ ᠲᠤᠳᠤᠮ ᠥᠭᠡᠳᠡᠯᠡᠵᠦ᠍ ᠪᠠᠢᠨ᠎ᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号