ᠥᠪᠥᠷ ᠮᠣᠩᠭᠣᠯ ᠥᠨᠳᠥᠷ ᠲᠦᠪᠰᠢᠨ ᠪᠦᠬᠦᠢ ᠰᠤᠷᠭᠠᠨ ᠬᠥᠮᠦᠵᠢᠯ᠎ᠦᠨ ᠭᠠᠳᠠᠭᠠᠳᠤ ᠨᠡᠭᠡᠭᠡᠯᠲᠡ᠎ᠶᠢ ᠦᠷᠬᠦᠯᠵᠢᠯᠡᠨ ᠠᠬᠢᠭᠤᠯᠤᠨ᠎ᠠ
2026-03-30 10:06:18
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ 3 ᠰᠠᠷ᠎ᠠ᠎ᠶᠢᠨ 26 ᠎ᠤ᠋ ᠡᠳᠦᠷ ᠬᠤᠷᠠᠯᠳᠤᠭᠰᠠᠨ 2026 ᠣᠨ᠎ᠤ ᠪᠦᠬᠦ ᠣᠷᠣᠨ ᠎ᠤ ᠰᠤᠷᠭᠠᠨ ᠬᠥᠮᠦᠵᠢᠯ᠎ᠦᠨ ᠭᠠᠳᠠᠭᠠᠳᠤ ᠶᠠᠪᠤᠳᠠᠯ᠎ᠤᠨ ᠠᠵᠢᠯ᠎ᠤᠨ ᠰᠣᠯᠢᠯᠴᠠᠭᠠᠨ᠎ᠤ ᠬᠤᠷᠠᠯ ᠵᠢᠴᠢ ᠰᠤᠷᠭᠠᠨ ᠬᠥᠮᠦᠵᠢᠯ᠎ᠦᠨ ᠰᠢᠰᠲᠧᠮ᠎ᠦᠨ ᠭᠠᠳᠠᠭᠠᠳᠤ ᠶᠠᠪᠤᠳᠠᠯ᠂ ᠰᠢᠶᠠᠩᠭᠠᠩ ᠣᠣᠮᠧᠨ ᠲᠠᠢᠸᠠᠨ᠎ᠤ ᠠᠵᠢᠯ ᠎ᠤᠨ ᠪᠣᠯᠪᠠᠰᠤᠷᠠᠯ ᠎ᠤᠨ ᠠᠩᠭᠢ᠎ᠠᠴᠠ ᠣᠢᠯᠠᠭᠠᠭᠰᠠᠨ ᠵᠢᠡᠷ᠂ ᠡᠨᠡ ᠵᠢᠯ ᠥᠪᠥᠷ ᠮᠣᠩᠭᠣᠯ ᠥᠨᠳᠥᠷ ᠲᠦᠪᠰᠢᠨ ᠪᠦᠬᠦᠢ ᠰᠤᠷᠭᠠᠨ ᠬᠥᠮᠦᠵᠢᠯ ᠎ᠦᠨ ᠭᠠᠳᠠᠭᠠᠳᠤ ᠨᠡᠭᠡᠭᠡᠯᠲᠡ᠎ᠶᠢ ᠦᠷᠭᠦᠯᠵᠢᠯᠡᠨ ᠠᠬᠢᠭᠤᠯᠵᠤ᠂ ᠰᠤᠷᠭᠠᠨ ᠬᠥᠮᠦᠵᠢᠯ ᠎ᠢᠶᠡᠷ ᠣᠷᠣᠨ᠎ᠢᠶᠠᠨ ᠬᠦᠴᠦᠷᠬᠡᠭᠵᠢᠭᠦᠯᠬᠦ ᠪᠠᠢᠭᠤᠯᠤᠯᠲᠠ᠎ᠳᠤ ᠬᠦᠴᠦᠲᠡᠢ ᠲᠤᠯᠭᠠᠭᠤᠷᠢᠯᠠᠯ ᠬᠠᠩᠭᠠᠵᠤ᠂ ᠮᠠᠨ᠎ᠤ ᠤᠯᠤᠰ᠎ᠤᠨ ᠤᠮᠠᠷᠠᠰᠢ ᠨᠡᠭᠡᠭᠡᠯᠲᠡ ᠬᠢᠬᠦ ᠴᠢᠬᠤᠯᠠ ᠪᠡᠬᠢᠯᠡᠯᠲᠡ᠎ᠶᠢ ᠪᠠᠶ᠋ᠢᠭᠤᠯᠬᠤ᠎ᠳᠤ ᠦᠪᠡᠷᠮᠢᠴᠡ ᠬᠦᠴᠦᠨ ᠵᠢᠡᠨ ᠨᠡᠮᠡᠷᠢᠯᠡᠬᠦ ᠪᠤᠯᠤᠨ᠎ᠠ᠃

ᠬᠤᠷᠠᠯ ᠠ᠋ᠴᠠ᠂ ᠪᠥᠬᠥ ᠣᠷᠣᠨ ᠎ᠤ ᠡᠯ᠎ᠡ ᠭᠠᠵᠠᠷ ᠡᠯ᠎ᠡ ᠶᠡᠭᠡ ᠳᠡᠭᠡᠳᠦ ᠰᠤᠷᠭᠠᠭᠤᠯᠢ᠎ᠨᠤᠭᠤᠳ ᠲᠣᠰ ᠲᠣᠰ᠎ᠤᠨ ᠳᠠᠪᠠᠭᠤᠯᠢᠭ᠋ ᠣᠨᠴᠠᠯᠢᠭ᠋᠎ᠲᠠᠢ᠎ᠪᠠᠨ ᠤᠶᠠᠯᠳᠤᠭᠤᠯᠤᠨ᠂ ᠠᠵᠢᠯ᠎ᠤᠨ ᠲᠣᠭᠲᠠᠴᠠ ᠪᠠᠨ ᠪᠠᠢᠭᠤᠯᠤᠨ ᠪᠦᠷᠢᠨᠰᠢᠭᠦᠯᠵᠦ᠂ ᠡᠬᠢ ᠪᠠᠶᠠᠯᠢᠭ᠋᠎ᠤᠨ ᠪᠠᠲᠤᠯᠠᠭ᠎ᠠ ᠪᠠᠨ ᠴᠢᠩᠭᠠᠳᠬᠠᠨ᠂ ᠬᠥᠭᠵᠢᠯᠲᠡ᠎ᠶᠢᠨ ᠰᠡᠳᠬᠢᠴᠡ᠎ᠪᠡᠨ ᠥᠷᠭᠡᠳᠬᠡᠵᠦ᠂ ᠡᠯ᠎ᠡ ᠵᠦᠢᠯ᠎ᠦᠨ ᠰᠤᠷᠭᠠᠨ ᠬᠥᠮᠦᠵᠢᠯ᠎ᠦᠨ ᠭᠠᠳᠠᠭᠠᠳᠤ ᠨᠡᠭᠡᠭᠡᠯᠲᠡ᠎ᠶᠢᠨ ᠠᠵᠢᠯ ᠎ᠢ ᠰᠠᠢᠲᠤᠷ ᠬᠢᠬᠦ ᠬᠡᠷᠡᠭᠲᠡᠢ᠃ ᠦᠨᠳᠦᠷ ᠵᠤᠭᠰᠤᠴᠠ ᠡᠴᠡ ᠤᠯᠤᠰ᠎ᠤᠨ ᠶᠡᠷᠦᠩᠬᠡᠢ ᠭᠠᠳᠠᠭᠠᠳᠤ ᠬᠠᠷᠢᠯᠴᠠᠭᠠᠨ᠎ᠤ ᠶᠡᠬᠡ ᠲᠠᠯ᠎ᠠ᠎ᠳᠤ ᠦᠢᠯᠡᠴᠢᠯᠡᠵᠦ᠂《ᠳᠤᠮᠳᠠᠳᠤ ᠤᠷᠤᠰ᠎ᠤᠨ ᠰᠤᠷᠭᠠᠨ ᠬᠥᠮᠦᠵᠢᠯ᠎ᠦᠨ ᠣᠨ》 ᠤ᠋ ᠰᠠᠨᠠᠭᠠᠴᠢᠯᠠᠭ᠎ᠠ᠎ᠶᠢ ᠢᠳᠡᠪᠬᠢᠲᠡᠢ ᠴᠤᠤᠷᠢᠶᠠᠲᠤᠨ᠂ ᠤᠷᠤᠰ ᠯᠤᠭ᠎ᠠ᠎ᠶᠢᠨ ᠰᠤᠷᠭᠠᠨ ᠬᠥᠮᠦᠵᠢᠯ᠎ᠦᠨ ᠰᠣᠯᠢᠯᠴᠠᠭᠠᠨ᠎ᠤ ᠠᠵᠢᠯᠯᠠᠭ᠎ᠠ᠎ᠶᠢ ᠨᠠᠷᠢᠨ ᠨᠢᠮᠪᠠᠢ ᠵᠣᠬᠢᠶᠠᠨ ᠪᠠᠢᠭᠤᠯᠵᠦ ᠥᠷᠨᠢᠭᠦᠯᠬᠦ᠎ᠶᠢᠨ ᠬᠠᠮᠲᠤ᠂  ᠭᠠᠳᠠᠭᠠᠳᠤ᠎ᠶᠢᠨ ᠰᠢᠯᠢᠳᠡᠭ ᠵᠠᠯᠠᠭᠤᠴᠤᠳ ᠪᠠᠭᠠᠴᠤᠳ ᠎ᠤᠨ ᠥᠪᠥᠷ ᠮᠣᠩᠭᠣᠯ᠎ᠳᠤ ᠢᠷᠡᠵᠦ ᠰᠤᠷᠤᠯᠴᠠᠨ ᠰᠤᠯᠢᠯᠴᠠᠬᠤ ᠵᠢ ᠠᠬᠢᠭᠤᠯᠬᠤ ᠬᠡᠷᠡᠭᠲᠡᠢ᠃ 《ᠳᠤᠮᠳᠠᠳᠤ ᠤᠯᠤᠰ ᠲᠤ᠌ ᠰᠤᠷᠤᠯᠴᠠᠬᠤ ᠪᠡᠷ ᠢᠷᠡᠬᠡᠳ ᠥᠪᠥᠷ ᠮᠣᠩᠭᠣᠯ᠎ᠳᠤ ᠰᠤᠷᠤᠯᠴᠠᠬᠤ》 ᠲᠦᠷᠦᠯ ᠲᠡᠮᠳᠡᠭ᠎ᠦᠨ ᠪᠠᠢᠭᠤᠯᠤᠯᠲᠠ᠎ᠶᠢ ᠥᠷᠨᠢᠭᠦᠯᠵᠦ᠂ ᠳᠤᠮᠳᠠᠳᠤ ᠤᠯᠤᠰ᠎ᠲᠤ ᠰᠤᠷᠤᠯᠴᠠᠬᠤ᠎ᠪᠠᠷ ᠢᠷᠡᠬᠦ ᠰᠤᠷᠤᠭ᠍ᠴᠢᠳ᠎ᠤᠨ ᠬᠡᠪᠴᠢᠶ᠎ᠡ᠎ᠶᠢ ᠥᠷᠭᠡᠳᠬᠡᠵᠦ᠂ ᠬᠥᠮᠥᠵᠢᠭᠦᠯᠬᠦ ᠶᠠᠰᠤ ᠴᠢᠨᠠᠷ᠎ᠢ ᠳᠡᠭᠡᠭᠰᠢᠯᠡᠭᠦᠯᠬᠦ ᠬᠡᠷᠡᠭᠲᠡᠢ᠃ ᠳᠤᠮᠳᠠᠳᠤ ᠭᠠᠳᠠᠭᠠᠳᠤ ᠬᠠᠮᠲᠤᠷᠠᠨ ᠰᠤᠷᠭᠠᠭᠤᠯᠢ ᠡᠷᠬᠢᠯᠡᠬᠦ᠎ᠶᠢ ᠴᠢᠨᠠᠷ ᠰᠠᠢᠲᠠᠢ ᠥᠷᠨᠢᠭᠦᠯᠵᠦ᠂  ᠳᠤᠮᠳᠠᠳᠤ ᠭᠠᠳᠠᠭᠠᠳᠤ  ᠬᠠᠮᠲᠤᠷᠠᠨ ᠰᠤᠷᠭᠠᠭᠤᠯᠢ ᠡᠷᠬᠢᠯᠡᠬᠦ ᠪᠠᠢᠭᠤᠯᠤᠮᠵᠢ᠎ᠬᠠᠷᠠᠬᠠᠨ ᠦᠭᠡᠢ ᠪᠠᠢᠬᠤ ᠪᠠᠢᠳᠠᠯ ᠳ᠋ᠤ ᠰᠢᠪᠲᠤᠯᠤᠯᠲᠠ ᠭᠠᠷᠭᠠᠬᠤ᠎ᠪᠡᠷ ᠴᠢᠷᠮᠠᠢᠬᠤ ᠬᠡᠷᠡᠭᠲᠡᠢ᠃ ᠠᠯᠪᠠᠨ᠎ᠠᠴᠠ ᠲᠣᠮᠢᠯᠠᠵᠤ ᠭᠠᠳᠠᠭᠠᠳᠤ᠎ᠳᠤ ᠰᠤᠷᠤᠯᠴᠠᠭᠤᠯᠬᠤ ᠠᠵᠢᠯ᠎ᠤᠨ ᠶᠠᠰᠤ ᠴᠢᠨᠠᠷ᠎ᠢ ᠳᠡᠭᠡᠭᠰᠢᠯᠡᠭᠦᠯᠦᠨ ᠦᠷ᠎ᠡ ᠠᠰᠢᠭ᠋᠎ᠢ ᠨᠡᠮᠡᠭᠳᠡᠭᠦᠯᠵᠦ᠂ 《ᠠᠮᠤᠷ ᠲᠦᠪᠰᠢᠨ ᠵᠢᠡᠷ ᠭᠠᠳᠠᠭᠠᠳᠤ᠎ᠳᠤ ᠰᠤᠷᠤᠯᠴᠠᠬᠤ》 ᠲᠦᠷᠦᠯ ᠲᠡᠮᠳᠡᠭ᠎ᠢ ᠡᠭᠦᠳᠴᠦ᠂ ᠭᠠᠳᠠᠭᠠᠳᠤ᠎ᠳᠤ ᠰᠤᠷᠤᠯᠴᠠᠭᠠᠳ ᠤᠯᠤᠰ᠎ᠲᠠᠭᠠᠨ ᠪᠤᠴᠠᠵᠤ ᠢᠷᠡᠭᠰᠡᠳ᠎ᠦᠨ ᠦᠢᠯᠡᠳᠦᠯ᠎ᠢᠶᠡᠨ ᠪᠠᠳᠠᠷᠠᠭᠤᠯᠬᠤ ᠎ᠶᠢ ᠵᠣᠷᠢᠭ᠍ᠵᠢᠭᠤᠯᠬᠤ ᠬᠡᠷᠡᠭᠲᠡᠢ᠃ ᠤᠯᠠᠨ ᠤᠯᠤᠰ᠎ᠤᠨ ᠠᠵᠤ ᠦᠢᠯᠡᠰ ᠵᠢᠭᠠᠨ ᠰᠤᠷᠭᠠᠯᠳᠠ ᠰᠤᠳᠤᠯᠭᠠᠨ ᠬᠡᠷᠡᠭᠯᠡᠬᠡᠨ᠎ᠤ ᠬᠠᠮᠲᠤᠷᠠᠯᠴᠠᠭᠠᠨ᠎ᠤ ᠲᠠᠪᠴᠠᠩ᠎ᠢ ᠰᠠᠢᠲᠤᠷ ᠬᠡᠷᠡᠭᠯᠡᠵᠦ᠂ ᠤᠯᠠᠨ ᠤᠯᠤᠰ᠎ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠦᠷ᠎ᠡ ᠪᠦᠲᠦᠭᠡᠯ᠎ᠢ ᠤᠯᠠᠷᠢᠭᠤᠯᠬᠤ᠎ᠶᠢ ᠠᠬᠢᠭᠤᠯᠬᠤ ᠬᠡᠷᠡᠭᠲᠡᠢ᠃ ᠭᠠᠳᠠᠭᠠᠳᠤ᠎ᠳᠤ ᠰᠤᠷᠭᠠᠭᠤᠯᠢ ᠡᠷᠬᠢᠯᠡᠬᠦ ᠤᠯᠠᠨ ᠡᠰᠢᠳᠦ ᠬᠡᠯᠪᠡᠷᠢ᠎ᠶᠢ ᠥᠷᠭᠡᠳᠬᠡᠵᠦ᠂ ᠤᠯᠠᠨ ᠤᠯᠤᠰ ᠎ᠤᠨ ᠬᠢᠲᠠᠳ ᠬᠡᠯᠡᠨ᠎ᠦ ᠰᠤᠷᠭᠠᠨ ᠬᠥᠮᠦᠵᠢᠯ᠎ᠦᠨ ᠬᠦᠷᠢᠶᠡᠨ ᠳ᠋ᠤ ᠬᠠᠮᠲᠤᠷᠠᠨ ᠰᠤᠷᠭᠠᠭᠤᠯᠢ ᠡᠷᠬᠢᠯᠡᠬᠦ ᠎ᠪᠡᠨ ᠦᠷᠭᠦᠯᠵᠢᠯᠡᠨ ᠴᠢᠩᠭᠠᠳᠬᠠᠵᠤ᠂ ᠭᠠᠳᠠᠭᠠᠳᠤ᠎ᠶᠢᠨ ᠬᠢᠲᠠᠳ ᠬᠡᠯᠡᠨ᠎ᠦ ᠠᠩᠭᠢ᠂ ᠺᠦᠩᠽᠢ ᠎ᠶᠢᠨ ᠳᠡᠭᠡᠳᠦ ᠰᠤᠷᠭᠠᠭᠤᠯᠢ᠂ ᠺᠦᠩᠽᠢ᠎ᠶᠢᠨ ᠬᠢᠴᠢᠶᠡᠯ ᠎ᠦᠨ ᠲᠠᠩᠬᠢᠮ᠂ ᠬᠢᠲᠠᠳ ᠬᠡᠯᠡᠨ ᠎ᠦ ᠦᠢᠯᠡᠳᠬᠡᠯ᠎ᠦᠨ ᠭᠠᠵᠠᠷ᠎ᠤᠨ ᠪᠠᠢᠭᠤᠯᠤᠯᠲᠠ ᠵᠡᠷᠭᠡ ᠎ᠶᠢ ᠦᠷᠭᠦᠯᠵᠢᠯᠡᠨ ᠴᠢᠩᠭᠠᠳᠬᠠᠬᠤ ᠬᠡᠷᠡᠭᠲᠡᠢ᠃ ᠰᠢᠶᠠᠩᠭᠠᠩ ᠣᠣᠮᠧᠨ ᠲᠠᠢᠸᠠᠨ᠎ᠯᠤᠭ᠎ᠠ ᠰᠤᠷᠭᠠᠨ ᠬᠥᠮᠦᠵᠢᠯ᠎ᠤᠨ  ᠬᠠᠮᠲᠤᠷᠠᠯᠴᠠᠭ᠎ᠠ ᠰᠣᠯᠢᠯᠴᠠᠭ᠎ᠠ᠎ᠪᠠᠨ ᠭᠦᠨᠵᠡᠭᠡᠢᠷᠡᠭᠦᠯᠵᠦ᠂ ᠡᠯ᠎ᠡ ᠶᠡᠬᠡ ᠳᠡᠭᠡᠳᠦ ᠰᠤᠷᠭᠠᠭᠤᠯᠢ᠂ ᠡᠯ᠎ᠡ ᠭᠠᠵᠠᠷ᠎ᠤᠨ ᠳᠤᠮᠳᠠᠳᠤ ᠪᠠᠭ᠎ᠠ ᠰᠤᠷᠭᠠᠭᠤᠯᠢ᠎ᠨᠤᠭᠤᠳ ᠤᠯᠠᠨ ᠤᠯᠤᠰ᠎ᠤᠨ ᠵᠤᠨ ᠎ᠤ ᠠᠮᠠᠷᠠᠯᠲᠠ᠎ᠶᠢᠨ ᠬᠤᠭᠤᠴᠠᠭᠠᠨ᠎ᠤ ᠰᠤᠷᠭᠠᠭᠤᠯᠢ᠎ᠶᠢᠨ ᠰᠤᠳᠤᠯᠤᠨ ᠰᠤᠷᠤᠯᠴᠠᠬᠤ ᠲᠦᠷᠦᠯ ᠵᠦᠢᠯ᠂ 《ᠡᠭᠡᠴᠢ ᠳᠡᠭᠦᠦ ᠰᠤᠷᠭᠠᠭᠤᠯᠢ》 ᠵᠡᠷᠭᠡ ᠲᠠᠪᠴᠠᠩ᠎ᠢ ᠰᠠᠢᠲᠤᠷ ᠠᠰᠢᠭ᠍ᠯᠠᠵᠤ᠂ ᠰᠢᠶᠠᠩᠭᠠᠩ ᠣᠣᠮᠧᠨ ᠲᠠᠢᠸᠠᠨ᠎ᠤ ᠰᠤᠷᠭᠠᠭᠤᠯᠢ ᠯᠤᠭ᠎ᠠ ᠪᠠᠭᠰᠢ ᠰᠤᠷᠤᠭᠴᠢᠳ᠎ᠤᠨ ᠰᠣᠯᠢᠯᠴᠠᠭ᠎ᠠ ᠥᠷᠨᠢᠭᠦᠯᠬᠦ ᠬᠡᠷᠡᠭᠲᠡᠢ ᠬᠡᠵᠦ ᠱᠠᠭᠠᠷᠳᠠᠪᠠ᠃

ᠬᠤᠷᠠᠯ᠎ᠢ ᠥᠪᠡᠷᠲᠡᠭᠡᠨ ᠵᠠᠰᠠᠬᠤ ᠣᠷᠣᠨ ᠎ᠤ ᠰᠤᠷᠭᠠᠨ ᠬᠥᠮᠦᠵᠢᠯ᠎ᠦᠨ ᠲᠢᠩᠬᠢᠮ᠎ᠡᠴᠡ ᠥᠪᠥᠷ ᠮᠣᠩᠭᠣᠯ᠎ᠤᠨ ᠠᠨᠠᠭᠠᠬᠤ ᠤᠬᠠᠭᠠᠨ ᠎ᠤ ᠶᠡᠬᠡ ᠰᠤᠷᠭᠠᠭᠤᠯᠢ ᠪᠣᠯᠣᠨ ᠳᠤᠮᠳᠠᠳᠤ ᠤᠯᠤᠰ ᠎ᠤᠨ ᠰᠤᠷᠭᠠᠨ ᠬᠥᠮᠦᠵᠢᠯ᠎ᠦᠨ ᠤᠯᠠᠨ ᠤᠯᠤᠰ ᠎ᠤᠨ ᠰᠣᠯᠢᠯᠴᠠᠭᠠᠨ᠎ᠤ ᠰᠤᠳᠤᠯᠤᠨ ᠰᠤᠷᠤᠯᠴᠠᠬᠤ ᠳᠡᠭᠡᠳᠦ ᠰᠤᠷᠭᠠᠭᠤᠯᠢ᠎ᠳᠤ ᠨᠠᠢᠳᠠᠵᠤ ᠡᠷᠬᠢᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号