ᠹᠢᠯᠢᠫᠢᠨᠦ ᠴᠢᠮᠡᠭᠡᠯᠡᠯ᠎ᠦᠨ ᠬᠤᠷᠢᠶ᠎ᠠ ᠵᠢᠨ 27 ᠤ᠋ ᠡᠳᠦᠷ ᠮᠡᠳᠡᠭᠡᠯᠡᠭ᠌ᠰᠡᠨᠢᠶᠡᠷ᠂ ᠹᠢᠯᠢᠫᠢᠨᠦ ᠶᠡᠷᠦᠩᠬᠡᠢᠯᠡᠭ᠌ᠴᠢ ᠮᠠᠺᠸᠰ ᠲᠤᠰ ᠡᠳᠦᠷ᠂ 48 ᠳ᠋ᠤᠭᠠᠷ ᠬᠤᠭᠤᠴᠠᠭᠠᠨ᠎ᠤ ᠵᠡᠭᠦᠨ ᠡᠮᠦᠨᠡᠲᠦ ᠠᠽᠢᠶ᠎ᠠ᠎ᠶ᠋ᠢᠨ ᠤᠯᠤᠰ᠎ᠤᠳ᠎ᠤᠨ ᠬᠣᠯᠪᠣᠭ᠎ᠠ᠎ᠶ᠋ᠢᠨ ᠲᠦᠷᠦᠭᠦᠴᠦᠳ᠎ᠦᠨ ᠬᠤᠷᠠᠯ ᠵᠢᠴᠢ ᠱᠢᠷᠢᠰ ᠬᠤᠷᠠᠯ 5 ᠰᠠᠷ᠎ᠠ᠎ᠶ᠋ᠢᠨ 8 ᠡᠴᠡ 9 ᠤ᠋ ᠡᠳᠦᠷ ᠪᠣᠯᠲᠠᠯ᠎ᠠ ᠹᠢᠯᠢᠫᠢᠨᠦ ᠳᠤᠮᠳᠠ ᠬᠡᠰᠡᠭ᠎ᠦᠨ ᠰᠣ᠌ ᠡᠸ᠋ ᠮᠤᠵᠢ᠎ᠳᠤ ᠶᠠᠪᠤᠭ᠍ᠳᠠᠨ᠎ᠠ ᠭᠡᠪᠡ᠃
ᠮᠠᠺᠸᠰ ᠲᠤᠰ ᠡᠳᠦᠷ ᠵᠢᠶᠠᠮᠢᠳᠢ ᠮᠤᠵᠢ᠎ᠶ᠋ᠢᠨ ᠱᠢᠯᠠᠩ ᠬᠣᠲᠠ᠎ᠳᠤ ᠵᠠᠭᠤᠴᠢᠯᠠᠭᠤᠷ᠎ᠤᠨ ᠰᠤᠷᠪᠤᠯᠵᠢᠯᠠᠭ᠎ᠠ᠎ᠶ᠋ᠢ ᠬᠦᠯᠢᠶᠡᠬᠦ᠌᠎ᠳᠡᠭᠡᠨ᠂ ᠬᠡᠳᠦᠢᠪᠡᠷ ᠳᠤᠮᠳᠠᠳᠤ ᠳᠣᠷᠣᠨᠠᠲᠤ᠎ᠶ᠋ᠢᠨ ᠳᠠᠢᠨ᠎ᠲᠡᠶ ᠬᠣᠯᠪᠣᠭ᠍ᠳᠠᠬᠤ ᠴᠢᠯᠠᠭᠤᠨ ᠲᠣᠰᠣᠨ᠎ᠤ ᠬᠢᠮᠤᠷᠠᠯ ᠮᠥᠨ ᠬᠦ᠌ ᠦᠷᠭᠦᠯᠵᠢᠯᠡᠵᠦ᠍ ᠪᠠᠢᠭ᠎ᠠ ᠪᠣᠯᠪᠠᠴᠤ᠌ ᠵᠡᠭᠦᠨ ᠡᠮᠦᠨᠡᠲᠦ ᠠᠽᠢᠶ᠎ᠠ᠎ᠶ᠋ᠢᠨ ᠪᠤᠰᠤᠳ ᠤᠯᠤᠰ᠎ᠤᠨ ᠤᠳᠤᠷᠢᠳᠭᠤ ᠬᠥᠮᠦᠰ᠎ᠲᠡᠶ ᠵᠥᠪᠳᠡᠯᠴᠡᠭ᠌ᠰᠡᠨᠦ ᠳᠠᠷᠠᠭ᠎ᠠ᠂ ᠵᠡᠭᠦᠨ ᠡᠮᠦᠨᠡᠲᠦ ᠠᠽᠢᠶ᠎ᠠ᠎ᠶ᠋ᠢᠨ ᠤᠯᠤᠰ᠎ᠤᠳ᠎ᠤᠨ ᠬᠣᠯᠪᠣᠭ᠎ᠠ᠎ᠶ᠋ᠢᠨ ᠲᠦᠷᠦᠭᠦᠴᠦᠳ᠎ᠦᠨ ᠬᠤᠷᠠᠯ᠎ᠢ ᠲᠣᠭ᠍ᠲᠠᠭ᠍ᠰᠠᠨ ᠬᠤᠭᠤᠴᠠᠭᠠᠨ᠎ᠳᠤ ᠬᠤᠷᠠᠯᠳᠤᠭᠤᠯᠬᠤ᠎ᠪᠠᠷ ᠲᠣᠭ᠍ᠲᠠᠪᠠ ᠭᠡᠵᠡᠶ᠃
ᠲᠡᠷᠡ᠂ ᠲᠤᠰ ᠤᠳᠠᠭ᠎ᠠ᠎ᠶ᠋ᠢᠨ ᠵᠡᠭᠦᠨ ᠡᠮᠦᠨᠡᠲᠦ ᠠᠽᠢᠶ᠎ᠠ᠎ᠶ᠋ᠢᠨ ᠤᠯᠤᠰ᠎ᠤᠳ᠎ᠤᠨ ᠬᠣᠯᠪᠣᠭ᠎ᠠ᠎ᠶ᠋ᠢᠨ ᠲᠦᠷᠦᠭᠦᠴᠦᠳ᠎ᠦᠨ ᠬᠤᠷᠠᠯ ᠵᠢᠴᠢ ᠱᠢᠷᠢᠰ ᠬᠤᠷᠠᠯ ᠨᠢ ᠬᠡᠪᠴᠢᠢ᠎ᠡ᠎ᠪᠡᠨ ᠪᠠᠭᠠᠰᠭᠠᠵᠤ᠂ ᠣᠳᠣᠬᠠᠨ᠎ᠤ ᠥᠷᠢᠰᠥᠯᠳᠦᠭᠡᠨ ᠪᠣᠯᠤᠨ ᠬᠠᠮᠲᠤ᠎ᠪᠠᠷ ᠠᠷᠭᠠᠴᠠᠭᠠᠬᠤ ᠠᠷᠭ᠎ᠠ ᠬᠡᠮᠵᠢᠢ᠎ᠡ᠎ᠶ᠋ᠢ ᠶᠠᠷᠢᠯᠴᠠᠨ᠎ᠠ᠂ ᠭᠣᠣᠯ ᠵᠥᠪᠯᠡᠬᠦ᠌ ᠰᠡᠳᠦᠪᠲᠦ ᠴᠢᠯᠠᠭᠤᠨ ᠲᠤᠰᠤ ᠪᠣᠯᠤᠨ ᠴᠢᠯᠠᠭᠤᠨ ᠲᠤᠰᠤᠨ᠎ᠤ ᠦᠢᠯᠡᠳᠬᠦᠨ᠎ᠦ ᠬᠠᠩᠭᠠᠯᠭ᠎ᠠ᠂ ᠢᠳᠡᠭᠡᠨ᠎ᠦ ᠬᠠᠩᠭᠠᠯᠭ᠎ᠠ ᠪᠣᠯᠤᠨ ᠦᠨ᠎ᠡ ᠬᠠᠩᠰᠢ᠂ ᠨᠡᠭᠦᠳᠡᠯ ᠬᠥᠯᠥᠰᠥᠨ ᠠᠵᠢᠯᠴᠢᠨ ᠵᠡᠷᠭᠡ ᠪᠠᠭ᠍ᠲᠠᠨ᠎ᠠ᠃
2026 ᠣᠨ᠎ᠳᠤ᠂ ᠹᠢᠯᠢᠫᠢᠨ ᠵᠡᠭᠦᠨ ᠡᠮᠦᠨᠡᠲᠦ ᠠᠽᠢᠶ᠎ᠠ᠎ᠶ᠋ᠢᠨ ᠤᠯᠤᠰ᠎ᠤᠳ᠎ᠤᠨ ᠬᠣᠯᠪᠣᠭ᠎ᠠ᠎ᠶ᠋ᠢᠨ ᠵᠢᠵᠢᠭᠦᠷ ᠲᠡᠷᠢᠭᠦᠯᠡᠭ᠌ᠴᠢ ᠤᠯᠤᠰ᠎ᠤᠨ ᠲᠤᠰᠢᠶᠠᠯ᠎ᠢ ᠬᠠᠷᠢᠭᠤᠴᠠᠪᠠ᠃