ᠪᠢᠴᠢᠯ ᠱᠢᠭᠦᠮᠵᠢ
2026-03-30 10:49:39
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

◆ ᠤᠯᠤᠰ᠎ᠤᠨ ᠬᠥᠭᠵᠢᠭᠦᠯᠦᠯᠲᠡ ᠥᠭᠡᠷᠡᠴᠢᠯᠡᠯᠲᠡ᠎ᠶᠢᠨ ᠵᠥᠪᠯᠡᠯ᠂ ᠲᠥᠷᠥ᠎ᠶᠢᠨ ᠶᠠᠪᠤᠳᠠᠯ᠎ᠤᠨ ᠬᠣᠷᠢᠶᠠᠨ᠎ᠤ ᠡᠮᠡᠭᠲᠡᠢᠴᠦᠳ ᠬᠡᠦᠬᠡᠳ᠎ᠦᠨ ᠠᠵᠢᠯ᠎ᠤᠨ ᠵᠥᠪᠯᠡᠯ᠎ᠦᠨ ᠠᠯᠪᠠᠨ ᠭᠡᠷ ᠲᠦᠷᠦᠭᠦᠬᠡᠨ 《ᠪᠦᠬᠦ ᠨᠡᠢᠭᠡᠮ᠎ᠵᠢᠡᠷ ᠵᠢᠡᠨ ᠬᠡᠦᠬᠡᠳ᠎ᠦᠳ᠎ᠲᠦ ᠨᠦᠬᠦᠷᠰᠡᠭ ᠪᠠᠢᠭᠤᠯᠤᠯᠲᠠ᠎ᠶᠢ ᠠᠬᠢᠭᠤᠯᠬᠤ ᠲᠤᠬᠠᠢ ᠰᠠᠨᠠᠯ》᠎ᠢ ᠨᠡᠢᠲᠡᠯᠡᠵᠦ᠂ ᠣᠯᠠᠨ ᠨᠡᠶ᠋ᠢᠲᠡ᠎ᠶᠢᠨ ᠦᠢᠯᠡᠴᠢᠯᠡᠭᠡᠨ᠎ᠦ ᠬᠠᠩᠭᠠᠯᠭ᠎ᠠ᠎ᠶᠢ ᠬᠡᠦᠬᠡᠳ᠎ᠲᠦ ᠤᠷᠢᠳ᠎ᠢᠶᠠᠷ ᠬᠠᠩᠭᠠᠬᠤ᠎ᠶᠢ ᠭᠦᠢᠴᠡᠳ ᠪᠠᠲᠤᠯᠠᠨ᠎ᠠ ᠭᠡᠵᠦ ᠳᠤᠷᠠᠳᠪᠠ᠃ ᠡᠭᠦᠨ᠎ᠳᠦ ᠬᠥᠮᠥᠨ᠎ᠦ ᠬᠥᠬᠥᠨᠴᠢᠷ ᠬᠠᠪᠤᠳᠠᠷ᠎ᠤᠨ ᠸᠢᠷᠦ᠋ᠰ᠎ᠦᠨ ᠸᠠᠺᠼᠢᠨ᠎ᠢ ᠤᠯᠤᠰ᠎ᠤᠨ ᠦᠯᠦ ᠬᠠᠯᠳᠠᠭᠠᠬᠣ ᠲᠥᠯᠦᠪᠵᠢᠭᠦᠯᠭᠡ᠎ᠳᠦ ᠣᠷᠣᠭᠤᠯᠵᠤ᠂ ᠪᠦᠬᠦᠯᠢ 13 ᠨᠠᠰᠤ ᠬᠦᠷᠦᠭᠰᠡᠨ ᠦᠬᠢᠳ᠎ᠲᠦ ᠰᠦᠢᠳᠬᠡᠯ ᠬᠤᠷᠢᠶᠠᠬᠤ ᠦᠭᠡᠢ᠎ᠪᠡᠷ ᠲᠠᠷᠢᠵᠤ ᠥᠭᠭᠦᠨ᠎ᠡ᠃ ᠬᠡᠦᠬᠡᠳ᠎ᠲᠦ ᠨᠥᠬᠥᠷᠰᠡᠭ ᠡᠮᠨᠡᠯᠭᠡ᠎ᠶᠢᠨ ᠬᠣᠷᠢᠶ᠎ᠠ᠎ᠶᠢᠨ ᠪᠠᠢᠭᠤᠯᠤᠯᠲᠠ᠎ᠶᠢ ᠬᠥᠲᠥᠯᠥᠨ ᠵᠢᠯᠣᠭᠣᠳᠣᠨ᠎ᠠ᠃ ᠡᠮᠴᠢᠯᠡᠭᠡ ᠡᠷᠡᠭᠦᠯ ᠬᠠᠮᠠᠭᠠᠯᠠᠯ᠎ᠤᠨ ᠪᠠᠢᠭᠤᠯᠤᠮᠵᠢ ᠨᠢ 0 — 3 ᠨᠠᠰᠤᠨ᠎ᠤ ᠬᠡᠦᠬᠡᠳ᠎ᠦᠨ ᠪᠠᠴᠢᠮ ᠲᠦᠭᠰᠢᠭᠦᠷᠢᠲᠡᠢ ᠬᠦᠨᠳᠦ ᠡᠪᠡᠳᠴᠢᠲᠡᠨ᠎ᠢ 24 ᠴᠠᠭ᠎ᠢᠶᠠᠷ ᠠᠪᠤᠷᠠᠨ ᠵᠠᠰᠠᠬᠤ ᠰᠠᠭᠠᠳ ᠦᠭᠡᠢ ᠨᠡᠪᠲᠡᠷᠡᠬᠦ ᠵᠠᠮ ᠪᠠᠶ᠋ᠢᠭᠤᠯᠬᠤ᠎ᠶᠢ ᠠᠬᠢᠭᠤᠯᠤᠨ᠎ᠠ᠃

ᠦᠨᠡᠯᠡᠯᠳᠠ᠄ ᠨᠡᠢᠭᠡᠮ᠎ᠨᠡᠢᠳᠡ ᠡᠴᠡ ᠬᠡᠣᠭᠡᠳ᠎ᠢ ᠣᠯᠠᠨ ᠲᠠᠯ᠎ᠠ ᠡᠴᠡ ᠠᠩᠬᠠᠷᠣᠨ ᠬᠠᠯᠠᠮᠵᠢᠯᠠᠵᠦ ᠪᠣᠢ᠃ ᠬᠡᠦᠬᠡᠳ᠎ᠲᠦ ᠨᠥᠬᠥᠷᠰᠡᠭ ᠪᠠᠢᠭᠤᠯᠤᠯᠳᠠ᠎ᠵᠢ ᠠᠬᠢᠭᠤᠯᠬᠤ᠎ᠳᠦ ᠬᠡᠣᠭᠡᠳ᠎ᠦᠳ ᠎ᠲᠦ ᠨᠢᠯᠬ᠎ᠠ ᠪᠠᠭ᠎ᠠ ᠡᠴᠡ ᠨᠢ ᠵᠣᠬᠢᠬᠣ ᠪᠠᠳᠣᠯᠠᠭ᠎ᠠ ᠬᠠᠩᠭᠠᠵᠦ ᠦᠭᠪᠡᠯ ᠵᠣᠬᠢᠨ᠎ᠠ᠃


◆ ᠬᠥᠮᠥᠨ᠎ᠦ ᠬᠦᠴᠦᠨ᠎ᠦ ᠡᠬᠢ ᠪᠠᠶᠠᠯᠢᠭ᠋ ᠪᠠ ᠨᠡᠢᠭᠡᠮ᠎ᠦᠨ ᠪᠠᠲᠤᠯᠠᠭ᠎ᠠ᠎ᠶᠢᠨ ᠶᠠᠮᠤᠨ᠂ ᠠᠵᠤ ᠦᠢᠯᠡᠳᠪᠦᠷᠢ ᠪᠠ ᠮᠡᠳᠡᠭᠡ ᠵᠠᠩᠭᠢᠴᠢᠯᠠᠯᠲᠠ᠎ᠶᠢᠨ ᠶᠠᠮᠤᠨ ᠵᠡᠷᠭᠡ ᠶᠢᠰᠦᠨ ᠰᠠᠯᠠᠭ᠎ᠠ ᠮᠥᠴᠢᠷ ᠣᠢᠷ᠎ᠠ᠎ᠳᠤ ᠬᠠᠮᠲᠤᠷᠠᠨ 《ᠠᠵᠢᠯ᠎ᠠᠴᠠ ᠪᠣᠯᠤᠭᠰᠠᠨ ᠭᠡᠮᠲᠦᠯ᠎ᠢ ᠤᠷᠢᠳᠴᠢᠯᠠᠨ ᠰᠡᠷᠭᠡᠢᠯᠡᠬᠦ ᠲᠠᠪᠤᠨ ᠵᠢᠯ᠎ᠦᠨ ᠠᠵᠢᠯᠯᠠᠭᠠᠨ᠎ᠤ ᠲᠥᠯᠥᠪᠯᠡᠭᠡ (2026 — 2030 ᠣᠨ)》 ᠶ᠋ᠢ ᠳᠠᠷᠤᠮᠠᠯᠯᠠᠨ ᠲᠠᠷᠬᠠᠭᠠᠵᠤ᠂ ᠠᠷᠪᠠᠨ ᠲᠠᠪᠤᠳᠤᠭᠠᠷ ᠲᠠᠪᠤᠨ ᠵᠢᠯ᠎ᠦᠨ ᠲᠥᠯᠦᠪᠵᠢᠭᠦᠯᠭᠡ᠎ᠶᠢᠨ ᠬᠤᠭᠤᠴᠠᠭᠠᠨ᠎ᠳᠠᠬᠢ ᠪᠥᠬᠥ ᠤᠯᠤᠰ᠎ᠤᠨ ᠠᠵᠢᠯ᠎ᠠᠴᠠ ᠪᠣᠯᠤᠭᠰᠠᠨ ᠭᠡᠮᠲᠦᠯ᠎ᠢ ᠤᠷᠢᠳᠴᠢᠯᠠᠨ ᠰᠡᠷᠭᠡᠢᠯᠡᠬᠦ ᠠᠵᠢᠯ᠎ᠢ ᠪᠠᠢᠷᠢᠯᠠᠭᠤᠯᠪᠠ᠃ ᠠᠵᠢᠯᠯᠠᠭᠠᠨ᠎ᠤ ᠲᠥᠯᠥᠪᠯᠡᠭᠡ᠎ᠳᠦ᠂ ᠠᠵᠢᠯ᠎ᠠᠴᠠ ᠪᠣᠯᠤᠭᠰᠠᠨ ᠭᠡᠮᠲᠦᠯ᠎ᠢ ᠤᠷᠢᠳᠴᠢᠯᠠᠨ ᠰᠡᠷᠭᠡᠢᠯᠡᠬᠦ᠎ᠶᠢ ᠠᠵᠢᠯ᠎ᠠᠴᠠ ᠪᠣᠯᠤᠭᠰᠠᠨ ᠭᠡᠮᠲᠦᠯ᠎ᠦᠨ ᠳᠠᠭᠠᠳᠬᠠᠯ᠎ᠤᠨ ᠲᠡᠷᠢᠭᠦᠨ ᠶᠠᠪᠤᠳᠠᠯ ᠪᠣᠯᠭᠠᠵᠤ᠂ ᠤᠷᠢᠳᠴᠢᠯᠠᠨ ᠰᠡᠷᠭᠡᠢᠯᠡᠬᠦ᠎ᠶᠢ ᠲᠡᠷᠢᠭᠦᠨ᠎ᠳᠦ ᠲᠠᠯᠪᠢᠬᠤ ᠣᠢᠯᠠᠭᠠᠭᠳᠠᠬᠤᠨ᠎ᠢ ᠪᠠᠲᠤ ᠪᠣᠶ ᠪᠣᠯᠭᠠᠵᠤ᠂ 5 ᠵᠢᠯ᠎ᠦᠨ ᠴᠢᠷᠮᠠᠢᠯᠭ᠎ᠠ᠎ᠪᠠᠷ ᠳᠡᠮᠵᠢᠨ᠂ ᠠᠵᠢᠯ᠎ᠠᠴᠠ ᠪᠣᠯᠤᠭᠰᠠᠨ ᠭᠡᠮᠲᠦᠯ᠎ᠦᠨ ᠡᠨᠳᠡᠯ ᠭᠠᠷᠬᠤ ᠨᠣᠷᠮ᠎ᠠ᠎ᠶᠢ ᠦᠷᠭᠦᠯᠵᠢᠯᠡᠨ ᠪᠠᠭᠤᠷᠠᠭᠤᠯᠵᠤ᠂ ᠭᠣᠣᠯᠳᠠᠯᠭ᠎ᠠ᠎ᠲᠠᠢ ᠠᠵᠢᠯ ᠲᠥᠷᠥᠯ᠎ᠢ 5 ᠵᠢᠯ᠎ᠳᠦ 10% ᠣᠷᠴᠢᠮ ᠪᠠᠭᠤᠷᠠᠭᠤᠯᠤᠨ᠎ᠠ; ᠠᠵᠢᠯ ᠣᠯᠭᠣᠯᠲᠠ᠎ᠶᠢᠨ ᠰᠢᠨ᠎ᠡ ᠬᠡᠯᠪᠡᠷᠢ᠎ᠶᠢᠨ ᠬᠥᠮᠥᠰ᠎ᠦᠨ ᠠᠵᠢᠯ ᠮᠡᠷᠭᠡᠵᠢᠯ᠎ᠦᠨ ᠭᠡᠮᠲᠦᠯ ᠭᠠᠷᠬᠤ ᠨᠣᠷᠮ᠎ᠠ᠎ᠶᠢ ᠠᠯᠬᠤᠮ ᠠᠯᠬᠤᠮ᠎ᠢᠶᠠᠷ ᠪᠠᠭᠤᠷᠠᠭᠤᠯᠵᠤ᠂ ᠭᠣᠣᠯᠳᠠᠯᠭ᠎ᠠ᠎ᠲᠠᠢ ᠲᠠᠪᠴᠠᠩ᠎ᠤᠨ ᠠᠵᠤ ᠠᠬᠤᠢᠯᠠᠯ᠎ᠢ 5 ᠵᠢᠯ᠎ᠳᠦ 10%᠎ᠡᠴᠡ ᠳᠡᠭᠡᠭᠰᠢ᠎ᠪᠡᠷ ᠪᠠᠭᠤᠷᠠᠭᠤᠯᠤᠨ᠎ᠠ᠃

ᠦᠨᠡᠯᠡᠯᠳᠡ᠄ ᠡᠨᠡ ᠬᠦ᠌ ᠭᠦᠢᠴᠡᠳᠬᠡᠯ ᠲᠣᠭ᠎ᠠ᠎ᠶᠢᠨ ᠠᠷᠤ᠎ᠳᠤ᠂ ᠵᠠᠰᠠᠯᠲᠠ᠎ᠶᠢᠨ ᠣᠢᠯᠠᠭᠠᠭᠳᠠᠬᠤᠨ ᠨᠢ 《ᠬᠣᠨᠢ᠎ᠪᠠᠨ ᠠᠯᠳᠠᠭᠠᠳ ᠬᠠᠰᠢᠶ᠎ᠠ ᠪᠡᠨ ᠵᠠᠰᠠᠬᠰᠠᠨ》 ᠎ᠡᠴᠡ ᠤᠷᠢᠳᠴᠢᠯᠠᠨ ᠪᠡᠯᠡᠳᠬᠡᠯ ᠬᠢᠬᠦ ᠲᠡᠢᠰᠢ ᠬᠣᠪᠢᠷᠠᠵᠦ ᠪᠠᠢᠭ᠎ᠠ ᠦᠨᠳᠦᠰᠦᠨ ᠴᠢᠨᠠᠷᠲᠠᠢ ᠳᠠᠪᠠᠯᠲᠠ ᠵᠢ ᠪᠡᠶᠡᠯᠡᠬᠦᠯᠦᠭᠰᠡᠨ᠎ᠢ ᠬᠠᠷᠠᠭᠤᠯᠵᠠᠢ᠃ ᠲᠦᠷᠭᠡᠨ ᠬᠦᠷᠭᠡᠭᠴᠢ᠂ ᠰᠦᠯᠵᠢᠶ᠎ᠡ᠎ᠪᠡᠷ ᠪᠣᠯᠵᠣᠬᠤ ᠮᠠᠰᠢᠨ ᠲᠡᠷᠭᠡᠨ᠎ᠦ ᠵᠢᠯᠣᠭᠣᠴᠢ᠎ᠶᠢ ᠬᠠᠮᠠᠭᠠᠯᠠᠬᠣ  ᠬᠡᠪᠴᠢᠶᠡᠨ᠎ᠳᠦ ᠣᠷᠣᠭᠣᠯᠵᠦ᠂ ᠠᠵᠢᠯ᠎ᠠᠴᠠ ᠪᠣᠯᠤᠭᠰᠠᠨ ᠭᠡᠮᠲᠦᠯ᠎ᠦᠨ ᠳᠠᠭᠠᠳᠬᠠᠯ᠎ᠦᠨ ᠬᠠᠮᠣᠷᠬᠣ ᠬᠦᠷᠢᠶ᠎ᠡ ᠵᠢ ᠣᠯᠠᠮ ᠦᠷᠭᠡᠳᠭᠡᠪᠡᠯ ᠵᠣᠬᠢᠨ᠎ᠠ᠃


◆ ᠣᠢᠷ᠎ᠠ᠎ᠳᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠶᠡᠷᠦᠩᠬᠡᠢ ᠲᠣᠪᠴᠢᠶ᠎ᠠ 《ᠵᠠᠷ ᠮᠡᠳᠡᠭᠡ᠎ᠳᠡᠬᠢ ᠰᠠᠨᠠᠭᠤᠯᠤᠮᠵᠢ ᠵᠢᠨ ᠴᠢᠨᠠᠷᠲᠠᠢ ᠦᠭᠡ ᠬᠡᠯᠡᠨ᠎ᠦ ᠬᠢᠨᠠᠯᠲᠠ ᠬᠠᠮᠢᠶᠠᠷᠤᠯᠲᠠ᠎ᠶᠢᠨ ᠠᠵᠢᠯ᠎ᠢ ᠴᠢᠩᠭᠠᠳᠬᠠᠬᠤ ᠲᠤᠬᠠᠢ ᠮᠡᠳᠡᠭᠳᠡᠯ》᠎ᠢ ᠳᠠᠷᠤᠮᠠᠯᠯᠠᠨ ᠲᠠᠷᠬᠠᠭᠠᠵᠤ᠂ ᠬᠠᠮᠢᠶ᠎ᠠ ᠪᠦᠬᠦᠢ ᠵᠠᠷ᠎ᠤᠨ ᠡᠮᠬᠢ ᠵᠠᠮᠪᠠᠷᠠᠭ᠎ᠠ ᠦᠬᠡᠢ ᠦᠵᠡᠭᠳᠡᠯ᠎ᠢ ᠬᠠᠭᠠᠰ ᠵᠢᠯ᠎ᠦᠨ ᠬᠤᠭᠤᠴᠠᠭ᠎ᠠ ᠲᠠᠢ ᠴᠡᠪᠡᠷᠯᠡᠨ ᠴᠡᠭᠴᠡᠯᠡᠬᠦ ᠠᠵᠢᠯ᠎ᠢ ᠪᠠᠢᠷᠢᠯᠠᠭᠤᠯᠪᠠ᠃ 《ᠲᠦᠬᠡᠷᠢᠭᠳᠡᠬᠦᠯᠬᠦ ᠴᠢᠨᠠᠷᠲᠠᠢ ᠶᠡᠬᠡ ᠪᠠᠭ᠎ᠠ ᠦᠰᠦᠭ》᠎ᠦᠨ ᠵᠠᠷ ᠮᠡᠳᠡᠭᠡ᠎ᠶᠢ ᠴᠡᠭᠴᠡᠯᠡᠨ ᠵᠠᠰᠠᠬᠤ ᠵᠡᠷᠭᠡ ᠵᠢᠷᠭᠤᠭᠠᠨ ᠲᠠᠯ᠎ᠠ᠎ᠶᠢᠨ ᠭᠣᠣᠯᠳᠠᠯᠭ᠎ᠠ᠎ᠲᠠᠢ ᠡᠭᠦᠷᠭᠡ᠎ᠶᠢ ᠲᠣᠭᠲᠠᠭᠠᠵᠤ᠂ ᠡᠯ᠎ᠡ ᠱᠠᠲᠤᠨ᠎ᠤ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠰᠠᠯᠠᠭ᠎ᠠ ᠮᠥᠴᠢᠷ ᠎ᠦᠨ ᠬᠢᠨ  《ᠲᠣᠮᠣ᠌ ᠦᠰᠦᠭ᠎ᠢᠶᠡᠷ ᠠᠩᠬᠠᠷᠣᠯ᠎ᠢ ᠲᠠᠳᠠᠬᠣ᠂ ᠪᠠᠭ᠎ᠠ ᠦᠰᠦᠭ᠎ᠢᠶᠡᠷ ᠬᠠᠷᠢᠭᠤᠴᠠᠯᠭ᠎ᠠ᠎ᠠᠴᠠ ᠬᠡᠯᠲᠦᠷᠢᠭᠦᠯᠬᠦ》 ᠵᠡᠷᠭᠡ ᠡᠵᠡᠩᠨᠡᠨ ᠪᠣᠷᠣᠯᠠᠭᠤᠯᠬᠤ ᠡᠮᠬᠢ ᠵᠠᠮᠪᠠᠷᠠᠭ᠎ᠠ ᠦᠭᠡᠢ ᠦᠵᠡᠭᠳᠡᠯ᠎ᠢ ᠵᠠᠰᠠᠨ ᠴᠡᠭᠴᠡᠯᠡᠬᠦ ᠡᠷᠴᠢᠮ᠎ᠢᠶᠡᠨ ᠦᠨᠡᠨ᠎ᠬᠦ ᠴᠢᠩᠭᠠᠷᠠᠭᠤᠯᠬᠤ ᠬᠡᠷᠡᠭᠲᠡᠢ ᠭᠡᠵᠦ ᠱᠠᠭᠠᠷᠳᠠᠪᠠ᠃

ᠦᠨᠡᠯᠡᠯᠳᠠ᠄ 《ᠲᠣᠮᠣ᠌ ᠥᠰᠥᠭ᠎ᠢᠶᠡᠷ ᠠᠩᠬᠠᠷᠣᠯ ᠲᠠᠳᠠᠬᠣ》 ᠠᠮᠠᠯᠠᠯᠲᠠ ᠪᠣᠯᠣᠨ 《ᠪᠠᠭ᠎ᠠ ᠥᠰᠥᠭ᠎ᠢᠶᠡᠷ ᠬᠠᠷᠢᠭᠤᠴᠠᠯᠭ᠎ᠠ᠎ᠠᠴᠠ ᠬᠡᠯᠲᠦᠷᠢᠭᠦᠯᠬᠦ》 ᠠᠷᠭ᠎ᠠ ᠮᠡᠬᠡ ᠵᠡᠷᠭᠡ᠎ᠪᠡᠷ ᠣᠷᠣᠰᠢᠵᠤ᠂ ᠬᠡᠷᠡᠭᠯᠡᠭᠴᠢᠳ ᠮᠡᠳᠡᠭᠡ ᠵᠠᠩᠭᠢ ᠵᠢ ᠪᠦᠷᠢᠨ ᠣᠢᠯᠠᠭᠠᠵᠦ ᠲᠡᠢᠯᠬᠦ ᠦᠬᠡᠢ ᠡᠴᠡ ᠪᠣᠯᠵᠦ ᠬᠤᠬᠢᠷᠠᠯ ᠠᠮᠰᠠᠳᠠᠭ᠃ ᠲᠣᠰ ᠤᠳᠠᠭᠠᠨ᠎ᠤ ᠵᠠᠰᠠᠨ ᠴᠡᠭᠴᠡᠯᠡᠯᠳᠠ ᠨᠢ ᠵᠠᠷ᠎ᠤᠨ ᠬᠡᠯᠪᠡᠷᠢ᠎ᠶᠢᠨ ᠬᠡᠯᠪᠡᠢᠭᠦᠦ ᠲᠠᠯ᠎ᠠ᠎ᠶᠢ ᠵᠠᠯᠠᠷᠠᠭᠤᠯᠵᠦ ᠬᠡᠪ᠎ᠦᠨ ᠪᠣᠰᠣ ᠡᠵᠡᠩᠨᠡᠯᠳᠡ ᠵᠢ ᠴᠡᠭᠴᠡᠯᠡᠵᠦ ᠪᠠᠢᠭ᠎ᠠ ᠶᠠᠪᠣᠳᠠᠯ ᠪᠣᠯᠬᠣ ᠶᠣᠮ᠃

— 《ᠠᠷᠠᠳ᠎ᠤᠨ ᠤᠯᠤᠰ ᠲᠦᠷᠦ᠎ᠶᠢᠨ ᠵᠥᠪᠯᠡᠯᠭᠡᠨ᠎ᠦ ᠰᠣᠨᠢᠨ》 ᠡᠴᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号