ᠤᠢᠷᠠᠶᠢᠨ ᠵᠢᠯ᠂ ᠬᠦᠬᠡᠬᠣᠲᠠ ᠵᠢᠨ ᠠᠵᠤ ᠦᠶ᠋ᠯᠡᠳᠪᠦᠷᠢ ᠵᠢᠨ ᠤᠰᠤ ᠬᠡᠷᠡᠭ᠌ᠯᠡᠬᠰᠡᠨ ᠦᠷ᠎ᠡ ᠪᠦᠲᠦᠮᠵᠢ ᠪᠠ ᠤᠰᠤ ᠠᠷᠪᠢᠯᠠᠬᠰᠠᠨ ᠬᠢᠷᠢ ᠲᠦᠪᠱᠢᠨ ᠦᠷᠭᠦᠯᠵᠢᠯᠡᠨ ᠳᠡᠭᠡᠭ᠌ᠰᠢᠯᠡᠵᠠᠢ᠃ ᠣᠳᠣᠬᠠᠨ ᠳ᠋ᠤ᠂ ᠬᠦᠬᠡᠬᠤᠳᠡ ᠵᠢᠨ ᠠᠵᠤ ᠦᠶ᠋ᠯᠡᠳᠪᠦᠷᠢ ᠵᠢᠨ ᠤᠰᠤ ᠬᠡᠷᠡᠭ᠌ᠯᠡᠬᠰᠡᠨ ᠬᠡᠮᠵᠢᠶ᠎ᠡ ᠨᠢ ᠪᠥᠬᠥ᠌ ᠬᠣᠲᠠ ᠵᠢᠨ ᠵᠢᠯ ᠤ᠋ᠨ ᠤᠰᠤ ᠬᠡᠷᠡᠭ᠌ᠯᠡᠬᠰᠡᠨ ᠶᠡᠷᠦᠩᠬᠡᠶ ᠬᠡᠮᠵᠢᠶ᠎ᠡ ᠵᠢᠨ 11% ᠣᠷᠴᠢᠮ ᠢ᠋ ᠡᠵᠡᠯᠡᠵᠦ᠍᠂ ᠳᠠᠬᠢᠯᠲᠠ ᠤᠰᠤᠨ ᠤ᠋ ᠠᠱᠢᠭ᠍ᠯᠠᠯᠲᠠ ᠵᠢᠨ ᠨᠣᠷᠮ᠎ᠠ ᠨᠢ ᠪᠠᠷᠤᠭ 32% ᠲᠦ᠍ ᠬᠦᠷᠴᠤ᠂ ᠵᠢᠱ᠌ᠢᠯᠲᠡ ᠪᠡᠷ 2025 ᠣᠨ ᠳ᠋ᠤ ᠪᠥᠬᠥ᠌ ᠬᠣᠲᠠ ᠵᠢᠨ ᠳᠠᠬᠢᠯᠲᠠ ᠤᠰᠤᠨ ᠤ᠋ ᠠᠱᠢᠭ᠍ᠯᠠᠯᠲᠠ ᠵᠢᠨ ᠨᠦᠭᠡᠴᠡ ᠬᠦᠴᠦᠨ 7726.5 ᠲᠦᠮᠡᠨ ᠪᠣᠰᠣᠭ᠎ᠠ ᠳᠥᠷᠪᠡᠯᠵᠢᠨ ᠮᠧᠲ᠋ᠷ ᠲᠦ᠍ ᠬᠦᠷᠴᠤ᠂ ᠡᠭᠦᠨ ᠳ᠋ᠦ ᠠᠵᠤ ᠦᠶ᠋ᠯᠡᠳᠪᠦᠷᠢ ᠵᠢᠨ ᠤᠰᠤ ᠬᠡᠷᠡᠭ᠌ᠯᠡᠬᠰᠡᠨ ᠬᠡᠷᠡᠭ᠌ᠴᠡᠭᠡ ᠱᠠᠭᠠᠷᠳᠠᠯᠭᠠᠨᠢ ᠪᠠᠷᠤᠭ ᠵᠢᠯ ᠪᠦᠷᠢ 3124 ᠲᠦᠮᠡᠨ ᠪᠣᠰᠣᠭ᠎ᠠ ᠳᠥᠷᠪᠡᠯᠵᠢᠨ ᠮᠧᠲ᠋ᠷ ᠲᠦ᠍ ᠬᠦᠷᠴᠠᠢ᠃
2025 ᠣᠨ ᠳ᠋ᠤ 《ᠬᠥᠬᠡᠬᠣᠲᠠ ᠵᠢᠨ ᠤᠰᠤ ᠠᠷᠪᠢᠯᠠᠬᠤ ᠠᠵᠢᠯᠯᠠᠭ᠎ᠠ ᠵᠢᠨ ᠬᠡᠷᠡᠭ᠌ᠵᠢᠭᠦᠯᠬᠦ᠌ ᠲᠥᠰᠦᠯ》 ᠢ᠋ ᠨᠠᠢᠳᠠᠪᠤᠷᠢᠵᠢᠭᠤᠯᠵᠤ᠂ ᠤᠰᠤ ᠶᠡᠬᠡ ᠬᠣᠷᠣᠭ᠍ᠳᠠᠭᠤᠯᠬᠤ ᠠᠵᠢᠯ ᠲᠥᠷᠥᠯ ᠤ᠋ᠨ ᠲᠣᠭᠣᠷᠢᠨ ᠳ᠋ᠤ ᠤᠰᠤ ᠠᠷᠪᠢᠯᠠᠬᠤ ᠲᠡᠷᠢᠭᠦᠨ ᠤ᠋ ᠬᠡᠷᠡᠭ᠌ᠯᠡᠭᠡᠨ ᠤ᠋ ᠮᠡᠷᠭᠡᠵᠢᠯ ᠢ᠋ 25 ᠵᠦᠶ᠋ᠯ ᠳᠡᠯᠭᠡᠷᠡᠭᠦᠯᠵᠤ᠂ 73 ᠠᠵᠤ ᠠᠬᠤᠢᠯᠠᠯ ᠳ᠋ᠤ ᠲᠤᠰᠭᠠᠶ ᠤᠰᠤ ᠠᠷᠪᠢᠯᠠᠬᠤ ᠣᠨᠣᠱᠢᠯᠠᠯᠲᠠ ᠬᠢᠵᠦ᠍᠂ 33 ᠪᠣᠯᠤᠮᠵᠢᠲᠤ ᠥᠭᠡᠷᠡᠴᠢᠯᠡᠨ ᠰᠠᠢᠵᠢᠷᠠᠭᠤᠯᠬᠤ ᠲᠥᠰᠦᠯ ᠢ᠋ ᠪᠦᠷᠢᠯᠳᠦᠭᠦᠯᠵᠠᠢ᠃ ᠤᠰᠤ ᠠᠷᠪᠢᠯᠠᠬᠤ ᠬᠡᠯᠪᠡᠷᠢ ᠵᠢᠨ ᠠᠵᠤ ᠠᠬᠤᠢᠯᠠᠯ ᠢ᠋ ᠡᠭᠦᠳᠦᠨ ᠪᠠᠢᠭᠤᠯᠬᠤ ᠪᠠ ᠲᠥᠷᠥ ᠵᠢᠨ ᠪᠣᠳᠣᠯᠭ᠎ᠠ ᠪᠠᠷ ᠤᠷᠮᠠᠱᠢᠭᠤᠯᠬᠤ ᠲᠠᠯ᠎ᠠ ᠪᠠᠷ᠂ ᠬᠣᠲᠠ ᠵᠢᠨ ᠲᠠᠰ ᠡᠴᠡ ᠳᠡᠭᠡᠭ᠌ᠰᠢᠬᠢ ᠤᠰᠤ ᠠᠷᠪᠢᠯᠠᠬᠤ ᠬᠡᠯᠪᠡᠷᠢ ᠵᠢᠨ 71 ᠠᠵᠤ ᠠᠬᠤᠢᠯᠠᠯ᠂ ᠤᠰᠤ ᠠᠷᠪᠢᠯᠠᠬᠤ ᠬᠡᠯᠪᠡᠷᠢ ᠵᠢᠨ 6 ᠬᠦᠷᠢᠶᠡᠯᠡᠩ ᠲᠣᠭᠣᠷᠢᠭ᠂ ᠥᠪᠡᠷᠲᠡᠭᠡᠨ ᠵᠠᠰᠠᠬᠤ ᠣᠷᠣᠨ ᠤ᠋ ᠤᠰᠤ ᠠᠷᠪᠢᠯᠠᠬᠤ ᠬᠡᠪ ᠳᠠᠭᠤᠷᠢᠶᠠᠯ ᠦᠵᠡᠬᠦᠯᠬᠦ 7 ᠠᠵᠦ ᠠᠬᠤᠢᠯᠠᠯ ᠢ᠋ ᠡᠭᠦᠳᠦᠨ ᠪᠠᠢᠭᠤᠯᠪᠡ᠃ ᠥᠪᠡᠷᠲᠡᠭᠡᠨ ᠵᠠᠰᠠᠬᠤ ᠣᠷᠣᠨ ᠪᠤᠯᠤᠨ 《ᠬᠥᠬᠡᠬᠣᠲᠠ ᠵᠢᠨ ᠱᠢᠨ᠎ᠡ ᠬᠡᠯᠪᠡᠷᠢ ᠵᠢᠨ ᠠᠵᠤ ᠦᠶ᠋ᠯᠡᠳᠪᠦᠷᠢᠵᠢᠯᠲᠡ ᠵᠢᠨ ᠬᠥᠭ᠌ᠵᠢᠯᠲᠡ ᠵᠢ ᠠᠬᠢᠭᠤᠯᠬᠤ ᠠᠷᠪᠠᠨ ᠵᠤᠷᠪᠤᠰ ᠲᠥᠷᠥ ᠵᠢᠨ ᠪᠣᠳᠣᠯᠭ᠎ᠠ ᠵᠢᠨ ᠠᠷᠭ᠎ᠠ ᠬᠡᠮᠵᠢᠶ᠎ᠡ》 ᠶ᠋ᠢᠨ ᠬᠣᠶᠠᠷ ᠱᠠᠲᠤᠨ ᠤ᠋ ᠱᠠᠩᠨᠠᠵᠤ ᠨᠥᠬᠥᠪᠥᠷᠢᠯᠡᠬᠦ᠌ ᠲᠥᠷᠥ ᠵᠢᠨ ᠪᠣᠳᠣᠯᠭ᠎ᠠ ᠵᠢ ᠪᠥᠬᠥ᠌ ᠲᠠᠯ᠎ᠠ ᠪᠠᠷ ᠨᠠᠢᠳᠠᠪᠤᠷᠢᠵᠢᠭᠤᠯᠪᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号