ᠤᠯᠠᠭᠠᠨ ᠮᠤᠷᠢᠨ ᠵᠢᠯ ᠵᠢᠡᠨ ᠤᠬᠳᠤᠵᠤ᠂ ᠤᠯᠠᠭᠠᠨᠬᠠᠳᠠ ᠬᠤᠲᠠ ᠵᠢᠨ ᠬᠡᠰᠢᠭᠳᠡᠨ ᠬᠤᠰᠢᠭᠤᠨ᠎ᠤ ᠤᠯᠠᠭᠠᠨᠪᠤᠳᠤᠩ ᠲᠠᠯ᠎ᠠ ᠨᠤᠲᠤᠭ ᠨᠢ ᠬᠦᠭᠰᠡᠨ ᠲᠤᠭᠳᠤᠯᠤᠭᠰᠠᠨ ᠰᠡᠳᠬᠢᠯ ᠵᠢᠡᠷ ᠨᠠᠢ᠍ᠮᠠᠨ ᠵᠤᠪᠬᠢᠰ᠎ᠤᠨ ᠭᠡᠢᠴᠢᠨ ᠵᠢᠭᠤᠯᠴᠢᠯᠠᠭᠰᠠᠳ ᠵᠢᠡᠨ ᠰᠠᠢᠨ᠎ᠤ ᠢᠷᠦᠭᠡᠯ ᠲᠠᠢ ᠤᠬᠳᠤᠨ ᠠᠪᠴᠤ᠂ 《ᠮᠦᠨᠭᠭᠦᠨ ᠡᠪᠦᠯ᠎ᠤᠨ ᠴᠠᠰᠤ ᠮᠦᠰᠦᠨ᠎ᠤ ᠮᠤᠨᠭᠭᠤᠯ ᠠᠳᠤᠭᠤᠨ ᠰᠤᠶᠤᠯ᠎ᠤᠨ ᠨᠠᠭᠠᠳᠤᠮ》 ᠵᠢᠡᠨ ᠬᠦᠷ ᠨᠠᠷᠭᠢᠶᠠᠨ ᠲᠠᠢ ᠶᠠᠪᠤᠭᠳᠠᠭᠤᠯᠤᠯ᠎ᠠ᠃

ᠴᠠᠰᠤᠲᠤ ᠲᠠᠯ᠎ᠠ᠎ᠳᠤ ᠲᠠᠪᠬᠢᠭ᠎ᠠ ᠠᠳᠤᠭᠤᠨ ᠰᠦᠷᠦᠭ

ᠮᠠᠨᠲᠤᠬᠤ ᠨᠠᠷᠠᠨ
ᠡᠪᠦᠯ᠎ᠤᠨ ᠤᠯᠠᠷᠢᠯ᠎ᠤᠨ ᠢᠳᠡ ᠬᠦᠢᠳᠡᠨ ᠴᠠᠭ ᠵᠢᠡᠷ ᠶᠠᠪᠤᠭᠳᠠᠭᠰᠠᠨ ᠡᠨᠡᠬᠦ ᠠᠶᠠᠯᠠᠯ ᠵᠢᠭᠤᠯᠴᠢᠯᠠᠯ᠎ᠤᠨ ᠠᠵᠢᠯᠯᠠᠭ᠎ᠠ ᠨᠢ᠂ ᠤᠯᠤᠰ᠎ᠤᠨ ᠲᠤᠳᠤᠭᠠᠳᠤ ᠭᠠᠳᠠᠭᠠᠳᠤ ᠵᠢᠨ ᠵᠢᠭᠤᠯᠴᠢᠯᠠᠭᠰᠠᠳ ᠪᠤᠯᠤᠨ ᠭᠡᠷᠡᠯ ᠵᠢᠷᠤᠭ᠎ᠤᠨ ᠪᠠᠬᠠᠳᠠᠳ᠎ᠤᠨ ᠪᠠᠬᠠᠷᠬᠠᠯ᠎ᠢ ᠲᠠᠳᠠᠭᠰᠠᠨ ᠵᠢᠡᠷ ᠪᠠᠷᠠᠬᠤ ᠦᠭᠡᠢ᠂ ᠬᠤᠯᠠ ᠤᠢᠷ᠎ᠠ ᠵᠢᠨ ᠵᠤᠴᠢᠳ᠎ᠲᠤ ᠲᠠᠯ᠎ᠠ ᠨᠤᠲᠤᠭ᠎ᠤᠨ ᠬᠦᠮᠦᠨ ᠠᠷᠠᠳ᠎ᠤᠨ ᠭᠠᠯ ᠬᠠᠯᠠᠭᠤᠨ ᠰᠡᠳᠬᠢᠯ᠎ᠢ ᠮᠡᠳᠡᠷᠡᠭᠦᠯᠦᠯ᠎ᠡ᠃

ᠵᠢᠭᠤᠯᠴᠢᠨᠤ ᠵᠤᠭ᠎ᠠ

ᠲᠠᠪᠬᠢᠭ᠎ᠠ ᠮᠤᠷᠢᠳ

ᠤᠯᠠᠭᠠᠨᠪᠤᠳᠤᠩ᠎ᠤᠨ ᠲᠠᠯ᠎ᠠ ᠦᠦᠷ᠎ᠤᠨ ᠲᠤᠶᠠᠭ᠎ᠠ ᠵᠢ ᠤᠭᠳᠤᠨ᠎ᠠ

ᠠᠳᠤᠭᠤᠴᠢᠨ᠎ᠤ ᠵᠢᠪᠬᠤᠭ᠎ᠠ

ᠠᠮᠤᠭᠤᠯᠠᠩ ᠲᠠᠢᠪᠤᠩ ᠲᠠᠯ᠎ᠠ ᠨᠤᠲᠤᠭ
ᠲᠠᠪᠬᠢᠨ ᠲᠤᠪᠳᠤᠯᠬᠤ ᠠᠳᠤᠭᠤᠳ᠎ᠤᠨ ᠲᠦᠪᠡᠷᠭᠡᠨ ᠮᠦᠰᠦ ᠴᠠᠰᠤᠨ᠎ᠳᠤ ᠬᠤᠴᠢᠭᠳᠠᠭᠰᠠᠨ ᠮᠦᠨᠭᠭᠦᠨ ᠴᠠᠭᠠᠨ ᠲᠡᠯᠡᠭᠡᠢ ᠵᠢ ᠠᠮᠢᠯᠠᠯ᠎ᠤᠨ ᠠᠶᠠᠯᠭᠤ ᠪᠡᠷ ᠴᠢᠪᠬᠠᠳᠠᠵᠤ᠂ ᠨᠠᠮ ᠬᠦᠮᠤᠨ ᠲᠤᠮᠳᠠ ᠦᠷᠭᠡᠯᠡᠵᠦ ᠪᠠᠢᠭᠰᠠᠨ ᠤᠯᠠᠭᠠᠨᠪᠤᠳᠤᠩ᠎ᠤᠨ ᠲᠠᠯ᠎ᠠ ᠨᠤᠲᠤᠭ᠎ᠢ ᠪᠠᠢᠭᠠᠯᠢ ᠳᠡᠯᠡᠭᠡᠢ᠂ ᠠᠳᠤᠭᠤ ᠮᠠᠯ᠂ ᠬᠦᠮᠦᠨ ᠠᠷᠠᠳ ᠬᠠᠷᠢᠯᠴᠠᠨ ᠬᠦᠭᠯᠡᠷᠡᠨ ᠵᠤᠬᠢᠴᠠᠯᠳᠤᠭᠰᠠᠨ ᠦᠪᠡᠳᠡᠭᠰᠢ ᠴᠤᠭᠯᠠᠭᠠᠨ ᠲᠤᠮᠳᠠ ᠪᠢᠯᠬᠠᠭᠤᠯᠤᠯ᠎ᠠ᠃ ᠡᠨᠡ ᠤᠳᠠᠭᠠᠨ᠎ᠤ ᠠᠵᠢᠯᠯᠠᠭ᠎ᠠ ᠨᠢ ᠰᠢᠨ᠎ᠡ ᠵᠢᠯ᠎ᠳᠡᠭᠡᠨ ᠤᠭᠳᠤᠯᠭ᠎ᠠ ᠲᠠᠯᠪᠢᠭᠰᠠᠨ ᠨᠠᠢᠷ ᠨᠠᠭᠠᠳᠤᠮ ᠲᠡᠳᠤᠢ ᠦᠭᠡᠢ᠂ᠤᠷᠤᠨ ᠨᠤᠲᠤᠭ᠎ᠤᠨ ᠰᠤᠶᠤᠯ ᠤᠷᠠᠯᠢᠭ ᠵᠢᠡᠨ ᠤᠯᠠᠨ ᠲᠦᠮᠡᠨ ᠳᠤ ᠲᠠᠨᠢᠭᠤᠯᠬᠤ᠂ ᠮᠤᠨᠭᠭᠤᠯ ᠮᠤᠷᠢᠨ᠎ᠤ ᠴᠤᠴᠠᠰᠢ ᠦᠭᠡᠢ ᠵᠤᠷᠢᠭ ᠰᠠᠨᠠᠭ᠎ᠠ ᠵᠢ ᠪᠠᠳᠠᠷᠠᠭᠤᠯᠬᠤ᠂ ᠲᠡᠷᠡᠴᠢᠯᠡᠨ ᠤᠯᠠᠭᠠᠨᠬᠠᠳᠠ ᠬᠤᠳᠠ ᠵᠢᠨ ᠰᠤᠶᠤᠯ ᠵᠢᠭᠤᠯᠴᠢᠯᠠᠯ᠎ᠤᠨ ᠦᠢᠯᠡᠰ᠎ᠢ ᠤᠬᠠᠭᠤᠯᠤᠨ ᠬᠦᠭᠵᠢᠬᠦᠯᠬᠦ ᠵᠢ ᠢᠳᠡ ᠬᠦᠴᠦᠳᠠᠢ ᠠᠬᠢᠭᠤᠯᠬᠤ ᠴᠢᠬᠤᠯᠠ ᠠᠴᠢ ᠬᠤᠯᠪᠤᠭᠳᠠᠯ ᠪᠦᠬᠦᠢ ᠤᠷᠤᠨ ᠨᠤᠲᠤᠭ᠎ᠤᠨ ᠦᠢᠯᠡᠳᠦᠯᠭᠡ ᠪᠤᠯᠤᠭᠰᠠᠨ ᠶᠤᠮ᠃