ᠬᠥᠬᠡᠬᠣᠲᠠ ᠪᠦᠬᠦ ᠤᠯᠤᠰ ᠤ᠋ᠨ ᠴᠠᠭᠠᠨ ᠰᠠᠷ᠎ᠠ ᠶ᠋ᠢᠨ ᠵᠢᠭᠤᠯᠴᠢᠯᠠᠯ ᠤ᠋ᠨ 10 ᠵᠤᠷᠢᠯᠳᠠᠳᠦ ᠭᠠᠵᠠᠷ ᠤ᠋ᠨ ᠨᠢᠭᠡ ᠪᠤᠯᠵᠠᠢ
2026-03-04 10:26:43
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

ᠬᠥᠬᠡᠬᠣᠲᠠ ᠶ᠋ᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠤ᠋ᠨ ᠲᠣᠪᠴᠢᠶ᠎ᠠ ᠡᠴᠡ ᠣᠢᠯᠠᠭᠠᠭ᠍ᠰᠠᠨ ᠢ᠋ᠶ᠋ᠠᠷ᠂ ᠡᠨᠡ ᠵᠢᠯ ᠤ᠋ᠨ ᠴᠠᠭᠠᠨ ᠰᠠᠷ᠎ᠠ ᠳ᠋ᠤ ᠬᠥᠬᠡᠬᠣᠲᠠ ᠳ᠋ᠤ ᠢᠷᠡᠭᠰᠡᠨ ᠤᠯᠤᠰ ᠤ᠋ᠨ ᠲᠤᠳᠤᠭᠠᠳᠤ ᠭᠠᠳᠠᠭᠠᠳᠤ ᠵᠢᠨ ᠵᠢᠭᠤᠯᠴᠢᠯᠠᠭᠴᠢ ᠢᠯᠡᠷᠬᠡᠢ ᠨᠡᠮᠡᠭᠳᠡᠵᠤ᠂ ᠰᠢᠶᠧ ᠴᠧᠩ ᠰᠦᠯᠵᠢᠶ᠎ᠠ ᠶ᠋ᠢᠨ ᠮᠡᠳᠡᠬᠦᠯᠦᠯᠳᠡ ᠵᠢ ᠦᠨᠳᠦᠰᠦᠯᠡᠪᠡᠯ ᠬᠥᠬᠡᠬᠣᠲᠠ ᠨᠢᠬᠡᠨᠳᠡ ᠪᠦᠬᠦ ᠤᠯᠤᠰ ᠤ᠋ᠨ ᠤᠯᠠᠭᠠᠨ ᠮᠣᠷᠢᠨ ᠵᠢᠯ ᠤ᠋ᠨ ᠴᠠᠭᠠᠨ ᠰᠠᠷ᠎ᠠ ᠶ᠋ᠢᠨ ᠵᠢᠭᠤᠯᠴᠢᠯᠠᠯ ᠤ᠋ᠨ 10 ᠵᠤᠷᠢᠯᠳᠠᠳᠦ ᠭᠠᠵᠠᠷ ᠤ᠋ᠨ ᠨᠢᠭᠡ ᠪᠤᠯᠵᠠᠢ᠃

ᠬᠦᠬᠡᠬᠤᠳᠠ ᠡᠨᠡ ᠵᠢᠯ ᠤ᠋ᠨ ᠴᠠᠭᠠᠨ ᠰᠠᠷ᠎ᠠ ᠳ᠋ᠦ 《ᠬᠥᠬᠡᠬᠣᠲᠠ ᠳ᠋ᠦ ᠢᠷᠡᠵᠦ᠍ ᠱᠢᠨᠡᠯᠡᠬᠦ᠌》 ᠪᠠᠷ ᠭᠤᠤᠯ ᠰᠡᠳᠦᠪ ᠪᠣᠯᠭᠠᠨ 《3 + 9 + N》 ᠪᠥᠬᠥ᠌ ᠣᠷᠣᠨ ᠪᠦᠰᠡ ᠵᠢᠨ ᠬᠣᠯᠪᠣᠭᠠᠯᠠᠨ ᠬᠥᠳᠡᠯᠦᠯᠴᠡᠬᠦ᠌ ᠱᠢᠰᠲ᠋ᠧᠮ ᠢ᠋ ᠪᠠᠢᠭᠤᠯᠵᠤ᠂ ᠮᠥᠰᠥ᠍ ᠴᠠᠰᠤᠨ ᠤ᠋ ᠲᠠᠮᠢᠷ ᠤ᠋ᠨ ᠬᠥᠳᠡᠯᠭᠡᠭᠡᠨ ᠳ᠋ᠤ ᠤᠷᠤᠯᠴᠠᠬᠤ᠂ ᠪᠣᠳᠠᠰ ᠤ᠋ᠨ ᠪᠤᠰᠤ ᠰᠣᠶᠣᠯ ᠤ᠋ᠨ ᠥᠪ ᠢ᠋ ᠪᠡᠶᠡᠴᠢᠯᠡᠨ ᠣᠢᠯᠠᠭᠠᠬᠤ᠂ ᠣᠲᠣ ᠦᠶ᠎ᠡ ᠶ᠋ᠢᠨ ᠤᠷᠤᠰᠭᠠᠯ ᠢ᠋ ᠭᠦᠨᠵᠡᠭᠡᠶ ᠠᠭᠤᠰᠤᠯᠴᠠᠭᠤᠯᠬᠤ ᠪᠡᠷ ᠲᠠᠮᠵᠢᠨ ᠰᠤᠶᠤᠯ ᠵᠢᠭᠤᠯᠴᠢᠯᠠᠯ ᠤ᠋ᠨ ᠬᠠᠯᠠᠭᠤᠨ ᠥᠷᠨᠢᠯᠲᠡ ᠵᠢ ᠪᠣᠶ ᠪᠣᠯᠭᠠᠪᠠ᠃ ᠪᠣᠭᠣᠮᠲᠠ ᠶ᠋ᠢᠨ ᠬᠠᠭᠤᠴᠢᠨ ᠵᠡᠭᠡᠯᠢ ᠶ᠋ᠢᠨ ᠰᠦᠮ᠎ᠡ ᠶ᠋ᠢᠨ ᠴᠤᠭ᠍ᠯᠠᠭᠠᠨ ᠳᠡᠭᠡᠷ᠎ᠡ ᠭᠤᠸᠠᠩᠳᠦ᠋ᠩ ᠤ᠋ᠨ ᠳᠠᠭᠤᠤ ᠪᠥᠵᠢᠭ ᠪᠠ ᠠᠷᠰᠯᠠᠨ ᠲᠤᠭᠯᠠᠭᠤᠯᠬᠤ ᠲᠤᠭᠯᠠᠯᠳᠠ ᠵᠢ ᠬᠦᠬᠡᠬᠤᠳᠠ ᠤᠷᠤᠨ ᠤ᠋ ᠮᠤᠳᠤᠨ ᠬᠥᠯᠲᠦ᠂ ᠶᠠᠩᠭᠠᠷ ᠲᠠᠶ ᠬᠠᠮᠲᠤ ᠲᠤᠭᠯᠠᠭᠤᠯᠵᠦ᠂ ᠤᠯᠠᠨ ᠤ᠋ ᠪᠠᠬᠠᠷᠬᠠᠯ ᠳ᠋ᠤ ᠬᠦᠷᠬᠡᠪᠡ; ᠮᠤᠨᠢ ᠠᠭᠤᠯᠠ ᠶ᠋ᠢᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠵᠢᠵᠢᠭ ᠪᠠᠯᠭᠠᠰᠤᠨ ᠳ᠋ᠦ ᠮᠣᠩᠭᠣᠯ ᠦᠨᠳᠦᠰᠦᠲᠡᠨ ᠤ᠋ ᠠᠷᠠᠰᠤᠨ ᠤᠷᠠᠯᠠᠯ᠂ ᠤᠯᠠᠮᠵᠢᠯᠠᠯᠲᠤ ᠴᠠᠭᠠᠰᠤᠨ ᠬᠠᠢᠴᠢᠯᠠᠮᠠᠯ ᠢ᠋ ᠳᠡᠯᠭᠡᠨ ᠦᠵᠡᠭᠦᠯᠵᠦ᠍᠂ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠱᠢᠨ᠎ᠡ ᠲᠦᠷᠢ ᠲᠦᠷᠬᠦ ᠵᠢ ᠢᠯᠡᠷᠡᠬᠦᠯᠪᠡ; ᠬᠦᠬᠡᠬᠤᠳᠠ ᠶ᠋ᠢᠨ ᠺᠤᠧᠠᠨ ᠰᠢᠶᠠᠩ ᠭᠤᠳᠤᠮᠵᠢ ᠶ᠋ᠢᠨ ᠠᠮᠲᠠᠲᠤ ᠢᠳᠡᠭᠡᠨ ᠤ᠋ ᠵᠠᠬ᠎ᠠ ᠳᠡᠯᠭᠡᠭᠦᠷ ᠲᠦ᠍ ᠱᠢᠷᠠᠭ᠍ᠰᠠᠨ ᠮᠢᠬ᠎ᠠ᠂ ᠲᠠᠪᠤᠨ ᠴᠤᠯᠤ ᠵᠢᠨ ᠱᠦᠯᠦ ᠵᠢ ᠵᠢᠭᠤᠯᠴᠢᠯᠠᠭ᠍ᠰᠠᠳ ᠲᠦ᠍ ᠠᠮᠳᠠᠯᠠᠭᠤᠯᠵᠤ᠂ ᠴᠠᠭᠠᠨ ᠰᠠᠷ᠎ᠠ ᠶ᠋ᠢᠨ ᠰᠤᠳᠤᠨ ᠰᠠᠢᠬᠠᠨ ᠢ᠋ ᠮᠡᠳᠡᠷᠡᠭᠦᠯᠵᠠᠢ ᠁

ᠤᠢᠯᠠᠭᠠᠭᠰᠠᠨ ᠵᠢᠡᠷ᠂ ᠡᠨᠡ ᠵᠢᠯ ᠤ᠋ᠨ ᠴᠠᠭᠠᠨ ᠰᠠᠷ᠎ᠠ ᠳ᠋ᠦ ᠭᠠᠳᠠᠭᠠᠳᠤ ᠵᠢᠨ ᠵᠢᠭᠤᠯᠴᠢᠯᠠᠭᠰᠠᠳ ᠤ᠋ᠨ ᠬᠦᠬᠡᠬᠤᠳᠠ ᠳ᠋ᠤ ᠢᠷᠡᠬᠦ ᠨᠢᠰᠭᠡᠯ ᠤ᠋ᠨ ᠪᠢᠯᠧᠲ ᠢ᠋ ᠵᠠᠬᠢᠶᠠᠯᠠᠭᠰᠠᠨ ᠬᠡᠮᠵᠢᠶ᠎ᠡ ᠨᠢᠳᠤᠨᠤᠨ ᠤ᠋ ᠴᠠᠭᠠᠨ ᠰᠠᠷ᠎ᠠ ᠵᠢᠨ ᠬᠤᠭᠤᠴᠠᠭᠠᠨ ᠤ᠋ ᠬᠢ ᠡᠴᠡ 1.8 ᠳᠠᠬᠢᠨ ᠨᠡᠮᠡᠭᠳᠡᠪᠡ᠃ ᠪᠦᠷᠢᠳᠭᠡᠯ ᠢ᠋ ᠦᠨᠳᠦᠰᠦᠯᠡᠪᠡᠯ᠂ 2026 ᠣᠨ ᠤ᠋ 1 ᠰᠠᠷ᠎ᠠ ᠡᠴᠡ  ᠬᠥᠬᠡᠬᠣᠲᠠ ᠶ᠋ᠢᠨ ᠴᠠᠭᠠᠨ ᠰᠤᠪᠤᠷᠭ᠎ᠠ ᠣᠯᠠᠨ ᠤᠯᠤᠰ ᠤ᠋ᠨ ᠨᠢᠰᠭᠡᠯ ᠤ᠋ᠨ ᠪᠠᠭᠤᠳᠠᠯ ᠡᠴᠡ ᠭᠠᠷᠠᠭ ᠪᠦᠷᠢ 14 ᠡᠭᠡᠯᠵᠢ ᠵᠢᠨ ᠤᠯᠠᠨ ᠤᠯᠤᠰ ᠤ᠋ᠨ ᠠᠶᠠᠨᠴᠢᠨ ᠤ᠋ ᠨᠢᠰᠬᠡᠯ ᠨᠢᠰᠴᠦ᠍᠂ ᠭᠧᠷᠮᠠᠨ᠂ ᠺᠠᠽᠠᠭ᠍ᠰᠲ᠋ᠠᠨ᠂ ᠢᠨᠳᠦᠨ᠋ᠧᠱᠢᠶ᠎ᠠ᠂ ᠮᠠᠯᠠᠢᠱᠢᠶ᠎ᠠ᠂ ᠮᠣᠩᠭᠣᠯ ᠤᠯᠤᠰ ᠵᠡᠷᠭᠡ ᠤᠯᠤᠰ ᠪᠠ ᠭᠠᠵᠠᠷ ᠣᠷᠣᠨ ᠢ᠋ ᠪᠦᠷᠬᠦᠪᠠ᠃ ᠬᠢᠯᠢ ᠪᠡᠷ ᠣᠷᠣᠵᠤ ᠢᠷᠡᠬᠦ᠌ ᠵᠢᠭᠤᠯᠴᠢᠯᠠᠭᠴᠢ ᠨᠡᠮᠡᠭ᠌ᠳᠡᠭᠰᠡᠨ ᠪᠠᠢᠳᠠᠯ ᠳ᠋ᠤ ᠴᠢᠭᠯᠡᠬᠦᠯᠵᠤ᠂ ᠬᠥᠬᠡᠬᠣᠲᠠ ᠶ᠋ᠢᠨ ᠬᠢᠯᠢ ᠪᠡᠷ ᠤᠷᠤᠵᠤ ᠭᠠᠷᠬᠤ ᠬᠢᠯᠢ ᠵᠢᠨ ᠬᠠᠮᠠᠭᠠᠯᠠᠯᠳᠠ ᠵᠢᠨ ᠪᠠᠢᠴᠠᠭᠠᠯᠳᠠ ᠵᠢᠨ ᠥᠷᠲᠡᠭᠡ ᠠᠵᠢᠯ ᠤ᠋ᠨ ᠴᠤᠪᠤᠷᠠᠯ ᠢ᠋ᠶ᠋ᠠᠨ ᠱᠢᠯᠢᠳᠡᠭ᠌ᠵᠢᠭᠦᠯᠵᠦ᠍᠂ ᠬᠥᠮᠦᠨ ᠤ᠋ ᠬᠦᠴᠦ᠍ ᠪᠡᠷ ᠪᠠᠢᠴᠠᠭᠠᠨ ᠱᠢᠯᠭᠠᠬᠤ ᠨᠡᠪᠲᠡᠷᠡᠯ ᠵᠠᠮ ᠢ᠋ 6 ᠵᠤᠷᠪᠤᠰ᠂ ᠲᠦᠷᠭᠡᠨ ᠤ᠋ ᠨᠡᠪᠲᠡᠷᠡᠯ ᠵᠠᠮ ᠢ᠋ 3 ᠵᠤᠷᠪᠤᠰ ᠭᠠᠷᠭᠠᠭ᠍ᠰᠠᠨ ᠪᠥᠭᠡᠳ ᠲᠤᠬᠠᠶ ᠶ᠋ᠢᠨ ᠲᠠᠯᠠᠪᠠᠶ ᠳ᠋ᠦ ᠣᠷᠴᠢᠭᠤᠯᠭ᠎ᠠ ᠶ᠋ᠢᠨ ᠲᠥᠬᠥᠭᠡᠷᠦᠮᠵᠢ ᠲᠣᠬᠢᠷᠠᠭᠤᠯᠵᠤ᠂ ᠣᠯᠠᠨ ᠬᠡᠯᠡ ᠪᠡᠷ ᠬᠥᠲᠥᠯᠥᠨ ᠵᠢᠯᠣᠭᠣᠳᠭᠤ ᠦᠶ᠋ᠯᠡᠴᠢᠯᠡᠭᠡ ᠵᠢ ᠴᠢᠩᠭᠠᠳᠭᠠᠨ᠂ ᠠᠶᠠᠨᠴᠢᠳ ᠤ᠋ᠨ ᠪᠣᠭᠣᠮᠲᠠ ᠥᠩᠭᠡᠷᠡᠬᠦ᠌ ᠴᠠᠭ ᠢ᠋ 20% ᠪᠠᠷ ᠠᠷᠪᠢᠯᠠᠵᠦ᠂ 《ᠬᠡᠵᠢᠶ᠎ᠡ ᠢᠷᠡᠪᠡᠯ ᠲᠡᠳᠦᠢ ᠳ᠋ᠦ ᠪᠠᠢᠴᠠᠭᠠᠬᠤ᠂ ᠰᠠᠭᠠᠳ ᠥᠬᠡᠶ ᠨᠡᠪᠲᠡᠷᠡᠬᠦ᠌ ᠬᠢᠯᠢ ᠶ᠋ᠢᠨ ᠪᠣᠭᠣᠮᠲᠠ》 ᠶ᠋ᠢ ᠦᠨᠳᠦᠰᠦᠨ ᠳ᠋ᠡᠭᠡᠨ ᠪᠡᠶᠡᠯᠡᠭᠦᠯᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号