ᠪᠢᠳᠠ ᠡᠷᠡᠰ ᠭᠤᠢᠪᠢᠰᠢ ᠦᠭᠡᠢ ᠪᠠᠷ ᠨᠢᠭᠡ ᠭᠤᠤᠯ ᠰᠢᠵᠢᠮ᠎ᠢ ᠲᠤᠭᠤᠰᠢᠳᠠᠢ ᠨᠠᠢᠳᠠᠪᠤᠷᠢᠵᠢᠭᠤᠯᠤᠨ᠎ᠠ
2026-03-06 16:36:37
ᠵᠣᠬᠢᠶᠠᠭ᠍ᠴᠢ᠄
ᠯᠢ ᠼᠦᠨ ᠱᠢᠶᠠ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠣᠯ ᠎ᠤ᠋ᠨ ᠦᠷᠭᠡᠨ ᠠᠭᠤᠳᠠᠮ ᠲᠠᠯ᠎ᠠ ᠨᠤᠳᠤᠭ ᠲᠡᠭᠡᠷ᠎ᠠ᠂ ᠦᠨᠳᠦᠰᠦᠲᠡᠨ᠎ᠨᠦᠭᠦᠳ ᠎ᠤ᠋ᠨ ᠬᠥᠪᠡᠭᠦᠳ ᠥᠬᠢᠳ ᠬᠠᠮᠲᠤ ᠪᠡᠷ ᠰᠠᠭᠤᠷᠢᠱᠢᠵᠤ ᠬᠠᠮᠲᠤ ᠪᠡᠷ ᠰᠤᠷᠤᠯᠴᠠᠵᠤ᠂ ᠬᠠᠮᠲᠤ ᠪᠡᠷ ᠪᠠᠢᠭᠤᠯᠵᠤ ᠬᠠᠮᠲᠤ ᠪᠡᠷ ᠡᠳ᠋ᠯᠡᠵᠦ᠍᠂ ᠬᠠᠮᠲᠤ ᠪᠡᠷ ᠠᠵᠢᠯᠯᠠᠵᠤ ᠬᠠᠮᠲᠤ ᠪᠡᠷ ᠵᠢᠷᠭᠠᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠪᠦᠯᠬᠦᠮᠳᠡᠨ ᠲᠡᠮᠡᠴᠡᠭ᠌ᠰᠡᠨ ᠰᠡᠳᠭᠢᠯ ᠬᠥᠳᠡᠯᠭᠡᠮ᠎ᠡ ᠵᠢᠷᠤᠭ᠎ᠢ᠋ ᠬᠠᠮᠲᠤ ᠪᠡᠷ ᠵᠢᠷᠤᠭ᠍ᠯᠠᠪᠠ᠃

ᠵᠠᠰᠠᠭ᠎ᠤᠨ ᠣᠷᠳᠣᠨ᠎ᠤ᠋ ᠠᠵᠢᠯ᠎ᠤᠨ ᠢᠯᠡᠳᠭᠡᠯ᠎ᠳᠦ᠂ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ ᠢ᠋ ᠪᠠᠲᠤ ᠴᠣᠭ᠍ᠴᠠᠯᠠᠬᠤ ᠪᠡᠷ ᠭᠣᠣᠯ ᠱᠢᠵᠢᠮ ᠪᠣᠯᠭᠠᠵᠤ᠂ ᠦᠨᠳᠦᠰᠦᠲᠡᠡ᠎ᠨᠦᠭᠦᠳ᠎ᠤ᠋ᠨ ᠥᠷᠭᠡᠨ ᠳᠡᠯᠭᠡᠷ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ᠋ ᠢᠳᠡᠪᠬᠢᠲᠡᠢ ᠠᠬᠢᠭᠤᠯᠵᠤ᠂ ᠦᠨᠳᠦᠰᠦᠲᠡᠨ᠎ᠦ ᠭᠠᠵᠠᠷ ᠣᠷᠣᠨ ᠤ᠋ ᠣᠳᠣᠬᠢᠴᠢᠯᠠᠬᠤ ᠪᠦᠳᠦᠭᠡᠨ ᠪᠠᠢᠭᠤᠯᠤᠯᠲᠠ ᠵᠢᠨ ᠠᠯᠬᠤᠮ᠎ᠢ ᠲᠦᠷᠭᠡᠳᠭᠡᠵᠦ᠍᠂ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠪᠠᠢᠭᠤᠯᠤᠯᠲᠠ ᠵᠢ ᠠᠬᠢᠭᠤᠯᠬᠤ ᠬᠡᠷᠡᠭ᠌ᠲᠡᠢ ᠭᠡᠵᠦ᠍ ᠳᠤᠷᠠᠳᠪᠠ᠃ ᠡᠨᠡ ᠬᠦ᠌ ᠭᠣᠣᠯ ᠰᠢᠵᠢᠮ᠎ᠳᠤ ᠠᠩᠬᠠᠷᠤᠯ ᠵᠢᠡᠨ ᠲᠥᠪᠯᠡᠷᠡᠭᠦᠯᠵᠦ᠍᠂ ᠥᠪᠥᠷ ᠮᠣᠩᠭᠣᠯ ᠰᠡᠳᠭᠢᠯ ᠨᠢᠭᠡᠳᠤᠨ ᠬᠦᠴᠦ᠍᠎ᠪᠡᠨ ᠬᠠᠮᠲᠤᠳᠭᠠᠵᠤ ᠠᠵᠤ ᠠᠬᠤᠢ ᠨᠡᠢᠭᠡᠮ᠎ᠤ᠋ᠨ ᠴᠢᠨᠠᠷ ᠰᠠᠢᠲᠠᠢ ᠬᠥᠭ᠌ᠵᠢᠯᠲᠡ ᠵᠢ ᠠᠬᠢᠭᠤᠯᠵᠤ᠂ ᠦᠨᠳᠦᠰᠦᠲᠡᠨ᠎ᠨᠦᠭᠦᠳ᠎ᠤ᠋ᠨ ᠤᠯᠠᠨ ᠲᠦᠮᠡᠨ ᠨᠢᠭᠡ ᠰᠡᠳᠭᠢᠯ ᠨᠢᠭᠡ ᠵᠣᠷᠢᠭ᠎ᠢᠶᠠᠷ᠂ ᠲᠤᠮᠤ ᠠᠯᠬᠤᠮ᠎ᠢᠶᠠᠷ ᠤᠷᠤᠭ᠍ᠰᠢᠯᠠᠵᠤ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠤ᠋ ᠡᠷᠬᠢᠮ ᠳᠡᠭᠡᠳᠦ ᠢᠷᠠᠭᠤ ᠠᠯᠳᠠᠷ᠎ᠢ ᠬᠠᠮᠲᠤ ᠪᠡᠷ ᠬᠠᠮᠠᠭᠠᠯᠠᠬᠤ ᠪᠠᠷ ᠬᠦᠴᠦᠯᠡᠵᠦ ᠪᠤᠢ᠃

ᠦᠨᠳᠦᠰᠦ ᠵᠢ ᠪᠡᠬᠢᠵᠢᠬᠦᠯᠵᠦ  ᠰᠣᠶᠣᠯ᠎ᠢᠶᠠᠷ ᠰᠡᠳᠭᠢᠯ᠎ᠢ ᠤᠮᠳᠠᠯᠠᠨ᠎ᠠ

ᠱᠢᠨ᠎ᠡ ᠰᠤᠷᠤᠯᠭ᠎ᠠ ᠵᠢᠨ ᠬᠤᠭᠤᠴᠠᠭ᠎ᠠ ᠡᠬᠢᠯᠡᠮᠡᠭ᠌ᠴᠡ᠂ ᠪᠦᠬᠦ᠌ ᠣᠷᠣᠨ᠎ᠤ᠋ ᠡᠯ᠎ᠡ ᠳᠤᠮᠳᠠᠳᠤ ᠪᠠᠭ᠎ᠠ ᠰᠤᠷᠭᠠᠭᠤᠯᠢ ᠬᠡᠯᠪᠡᠷᠢ ᠤᠯᠠᠨ ᠶᠠᠩᠵᠤ ᠵᠢᠨ᠂ ᠠᠭᠤᠯᠤᠭ᠍ᠳᠠᠬᠤᠨ ᠡᠯᠪᠡᠭ ᠪᠠᠶᠠᠯᠢᠭ 《ᠰᠤᠷᠭᠠᠭᠤᠯᠢ ᠡᠬᠢᠯᠡᠬᠦ᠌ ᠨᠢᠭᠡᠳᠦᠭᠡᠷ ᠬᠢᠴᠢᠶᠡᠯ》᠎ᠢ᠋ ᠵᠣᠬᠢᠶᠠᠨ ᠪᠠᠢᠭᠤᠯᠵᠤ᠂ ᠰᠤᠷᠤᠭ᠍ᠴᠢᠳ᠎ᠲᠤ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ ᠵᠡᠷᠭᠡ ᠭᠣᠣᠯ ᠰᠡᠳᠦᠪᠲᠦ ᠬᠢᠴᠢᠶᠡᠯ᠎ᠵᠢᠡᠷ  ᠤᠶᠤᠨ ᠤᠬᠠᠭᠠᠨ ᠪᠠ ᠬᠦᠴᠦᠨ ᠴᠢᠳᠠᠯ ᠣᠯᠭᠣᠪᠠ᠃

ᠤᠬᠠᠭᠤᠯᠭ᠎ᠠ ᠬᠥᠮᠦᠵᠢᠯ᠎ᠢ ᠪᠣᠳᠠᠲᠠᠢ ᠠᠳᠭᠤᠵᠤ᠂ ᠤᠨᠤᠯ ᠎ᠤ᠋ᠨ ᠰᠤᠳᠤᠯᠭᠠᠨ᠎ᠢ  ᠭᠦᠨᠵᠡᠭᠡᠢᠷᠡᠭᠦᠯᠵᠦ᠍᠂ ᠰᠣᠶᠣᠯ᠎ᠢᠶᠠᠷ ᠬᠥᠮᠦᠨ᠎ᠢ ᠤᠬᠠᠭᠠᠷᠠᠭᠤᠯᠬᠤ ᠵᠢ ᠪᠠᠷᠢᠮᠲᠠᠯᠠᠵᠤ᠂ ᠥᠪᠥᠷ ᠮᠣᠩᠭᠣᠯ ᠤᠯᠠᠨ ᠠᠷᠭ᠎ᠠ ᠬᠡᠮᠵᠢᠶ᠎ᠡ ᠵᠢ ᠵᠡᠷᠭᠡ᠎ᠪᠡᠷ ᠬᠡᠷᠡᠭ᠌ᠯᠡᠵᠦ᠍ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠤᠶᠤᠨ ᠰᠠᠨᠠᠭᠠᠨ᠎ᠤ᠋ ᠭᠡᠷ ᠣᠷᠣᠨ᠎ᠤ᠋ ᠪᠦᠳᠦᠭᠡᠨ ᠪᠠᠢᠭᠤᠯᠤᠯᠲᠠ ᠵᠢᠨ ᠰᠠᠭᠤᠷᠢ ᠵᠢ ᠪᠡᠬᠢᠵᠢᠭᠦᠯᠵᠤ ᠪᠤᠢ᠃

ᠤᠬᠠᠭᠤᠯᠭ᠎ᠠ ᠬᠥᠮᠦᠵᠢᠯ ᠎ᠢ  ᠪᠠᠢᠩᠭᠤᠵᠢᠭᠤᠯᠬᠤ ᠲᠣᠭ᠍ᠲᠠᠴᠠ ᠵᠢ ᠦᠷᠭᠦᠯᠵᠢᠯᠡᠨ ᠲᠡᠭᠦᠯᠳᠡᠷᠵᠢᠭᠦᠯᠵᠦ᠍᠂ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ ᠵᠢ ᠺᠠᠳ᠋ᠷ᠎ᠤᠨ ᠬᠥᠮᠦᠵᠢᠯ᠂ ᠨᠠᠮ᠎ᠤᠨ ᠭᠡᠱᠢᠭᠦᠨ᠎ᠦ ᠬᠥᠮᠦᠵᠢᠯ᠂ ᠤᠯᠤᠰ ᠠᠷᠠᠳ᠎ᠤᠨ ᠬᠥᠮᠦᠵᠢᠯ᠂ ᠨᠡᠢᠭᠡᠮ᠎ᠤ᠋ᠨ ᠬᠥᠮᠦᠵᠢᠯ᠎ᠳᠦ ᠤᠷᠤᠭᠤᠯᠪᠠ; 《ᠭᠤᠷᠪᠠᠨ ᠰᠠᠯᠵᠤ ᠴᠢᠳᠠᠬᠤ ᠥᠬᠡᠶ》᠂ 《ᠳᠥᠷᠪᠡ ᠵᠢ ᠬᠠᠮᠲᠤ ᠪᠡᠷ ᠡᠳ᠋ᠯᠡᠬᠦ᠌》᠂ 《ᠲᠠᠪᠤᠨ ᠬᠠᠮᠳᠤ ᠵᠢᠨ ᠲᠠᠨᠢᠯᠳᠠ᠌》 ᠵᠡᠷᠭᠡ ᠣᠢᠯᠠᠭᠠᠭ᠍ᠳᠠᠬᠤᠨ᠎ᠤ᠋ ᠬᠥᠮᠦᠵᠢᠯ ᠪᠠ 《ᠨᠠᠮ᠎ᠤᠨ ᠠᠴᠢ᠎ᠳᠤ ᠲᠠᠯᠠᠷᠬᠠᠬᠤ᠂ ᠨᠠᠮ᠎ᠤᠨ ᠦᠭᠡ ᠵᠢ ᠰᠣᠨᠣᠰᠭᠤ᠂ ᠨᠠᠮ᠎ᠢᠶᠠᠨ ᠳᠠᠭᠠᠨ ᠤᠷᠤᠬᠰᠢᠯᠠᠬᠤ》 ᠣᠯᠠᠨ ᠲᠦᠮᠡᠨ᠎ᠦ ᠬᠥᠮᠦᠵᠢᠯ᠎ᠢ ᠥᠷᠭᠡᠨ᠎ᠢᠶᠡᠷ ᠦᠷᠨᠢᠬᠦᠯᠪᠡ; ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠤᠨ ᠰᠤᠳᠤᠯᠭᠠᠨ᠎ᠤ᠋ ᠢᠨᠵᠧᠨᠧᠷᠢᠩ᠎ᠢ ᠬᠡᠷᠡᠭ᠌ᠵᠢᠭᠦᠯᠵᠦ᠍᠂ 《ᠰᠤᠳᠤᠯᠭᠠᠨ᠎ᠤ᠋ ᠲᠥᠪ + ᠰᠠᠭᠤᠷᠢᠨ᠎ᠤ ᠬᠣᠯᠪᠣᠭ᠎ᠠ + ᠰᠤᠳᠤᠯᠭᠠᠨ ᠎ᠤ᠋  ᠰᠠᠭᠤᠷᠢᠨ》 ᠎ᠤ᠋ ᠠᠵᠢᠯ᠎ᠤᠨ ᠲᠣᠭ᠍ᠲᠠᠴᠠ ᠵᠢ ᠪᠠᠢᠭᠤᠯᠪᠠ; ᠶᠠᠷᠢᠶᠠᠲᠤ ᠵᠦᠴᠦᠭᠡ 《ᠮᠣᠩᠭᠣᠯ ᠲᠥᠪᠡᠳ᠎ᠤ᠋ᠨ ᠰᠤᠷᠭᠠᠭᠤᠯᠢ》᠂ ᠳᠠᠭᠤᠯᠠᠯᠲᠤ ᠪᠦᠵᠢᠭᠳᠤ ᠵᠦᠴᠦᠭᠡ 《ᠡᠷᠳᠡ ᠬᠠᠪᠤᠷ》 ᠵᠡᠷᠭᠡ ᠤᠳᠭ᠎ᠠ ᠤᠷᠠᠯᠢᠭ᠎ᠤᠨ ᠰᠣᠳᠣᠨ ᠪᠦᠲᠦᠭᠡᠯ᠎ᠢ ᠵᠣᠬᠢᠶᠠᠨ ᠪᠦᠲᠦᠭᠡᠵᠦ᠍᠂ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ ᠲᠡᠦᠬᠡ ᠵᠢᠨ ᠳᠤᠷᠠᠰᠭᠠᠯᠲᠤ ᠵᠦᠢᠯᠡᠰ ᠎ᠤ᠋ᠨ ᠰᠣᠳᠣᠨ ᠪᠦᠲᠦᠭᠡᠯ᠎ᠤ᠋ᠨ ᠦᠵᠡᠰᠬᠦᠯᠡᠡᠭ ᠵᠡᠷᠭᠡ ᠦᠵᠡᠭᠦᠯᠭᠡ ᠦᠵᠡᠰᠬᠦᠯᠡᠡᠭ ᠭᠠᠷᠭᠠᠵᠤ᠂ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ ᠵᠢ ᠰᠣᠶᠣᠯ᠎ᠤᠨ ᠦᠢᠯᠡᠰ ᠪᠠ ᠰᠣᠶᠣᠯ᠎ᠤᠨ ᠠᠵᠤ ᠦᠢᠯᠡᠰ᠎ᠲᠦ ᠲᠠᠰᠤᠷᠠᠯᠲᠠ ᠦᠭᠡᠢ ᠠᠭᠤᠰᠤᠯᠴᠠᠭᠤᠯᠪᠠ; ᠪᠦᠬᠦ᠌ ᠣᠷᠣᠨ᠎ᠤ᠋ 75 ᠤᠯᠠᠭᠠᠨᠮᠥ᠋ᠴᠢᠷ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ ᠪᠡᠷ ᠭᠣᠣᠯ ᠱᠢᠵᠢᠮ ᠪᠣᠯᠭᠠᠵᠤ᠂ ᠦᠨᠳᠦᠰᠦᠨ ᠱᠠᠲᠤᠨ᠎ᠳᠤ ᠭᠦᠨᠵᠡᠭᠡᠢᠷᠡᠵᠦ᠍᠂ ᠤᠳᠭ᠎ᠠ ᠤᠷᠠᠯᠢᠭ᠎ᠢᠶᠠᠷ ᠨᠠᠮ᠎ᠤᠨ ᠳᠠᠭᠤᠨ᠎ᠢ ᠳᠠᠮᠵᠢᠭᠤᠯᠵᠤ᠂ ᠦᠨᠳᠦᠰᠦᠲᠡᠨ᠎ᠦ ᠪᠦᠯᠬᠦᠮᠳᠡᠯ ᠎ᠤ᠋ᠨ ᠦᠯᠢᠭᠡᠷ᠎ᠢ ᠰᠠᠢᠲᠤᠷ ᠶᠠᠷᠢᠪᠠ᠃

ᠪᠥᠬᠥ᠌ ᠤᠯᠤᠰ᠎ᠤᠨ ᠤᠯᠤᠰ ᠲᠥᠷᠥ ᠵᠢᠨ ᠵᠥᠪᠯᠡᠯᠭᠡᠨ᠎ᠦ ᠭᠡᠱᠢᠭᠦᠨ᠂ ᠱᠢᠯᠢ ᠵᠢᠨ ᠭᠤᠤᠯ ᠠᠢᠮᠠᠭ᠎ᠤᠨ ᠰᠥᠨᠢᠳ ᠵᠡᠭᠦᠨ ᠬᠣᠱᠢᠭᠤᠨ᠎ᠤ᠋ ᠤᠯᠠᠭᠠᠨᠮᠥ᠋ᠴᠢᠷ᠎ᠤ᠋ᠨ ᠳᠠᠷᠤᠭ᠎ᠠ ᠠᠯᠲᠠᠨᠳᠠᠯᠠᠢ᠄ 《ᠲᠠᠯ᠎ᠠ ᠨᠤᠲᠤᠭ᠎ᠤᠨ 〈ᠬᠤᠪᠢᠰᠭᠠᠯᠲᠤ ᠤᠳᠭ᠎ᠠ ᠤᠷᠠᠯᠢᠭ᠎ᠤᠨ ᠬᠥᠩᠭᠡᠨ ᠮᠣᠷᠢᠲᠤ ᠴᠡᠷᠢᠭ〉 ᠪᠣᠯᠤᠭ᠍ᠰᠠᠨ᠎ᠤ᠋ ᠬᠤᠪᠢ᠎ᠳᠤ᠂ ᠤᠯᠠᠭᠠᠨᠮᠥ᠋ᠴᠢᠷ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ ᠵᠢ ᠵᠣᠬᠢᠶᠠᠨ ᠪᠦᠲᠦᠭᠡᠬᠦ᠌᠂ ᠲᠣᠭ᠍ᠯᠠᠯᠲᠠ ᠭᠠᠷᠭᠠᠬᠤ᠂ ᠦᠶ᠋ᠯᠡᠴᠢᠯᠡᠬᠦ᠌ ᠪᠥᠬᠥ᠌ ᠶᠠᠪᠤᠴᠠ᠎ᠳᠤ ᠲᠤᠭᠤᠱᠢᠯᠠᠭᠤᠯᠵᠤ᠂ ᠦᠨᠳᠦᠰᠦᠲᠡᠨ᠎ᠦ ᠪᠦᠯᠬᠦᠮᠳᠡᠯ᠂ ᠤᠯᠤᠰ ᠬᠡᠷ ᠎ᠤ᠋ᠨ ᠬᠠᠢᠷ᠎ᠠ ᠰᠡᠳᠭᠢᠯᠭᠡ ᠵᠢ ᠢᠯᠡᠷᠡᠭᠦᠯᠦᠭ᠌ᠰᠡᠨ ᠨᠠᠩ ᠣᠯᠠᠨ ᠱᠢᠯᠢᠳᠡᠭ ᠪᠦᠲᠦᠭᠡᠯ᠎ᠢ ᠵᠣᠬᠢᠶᠠᠨ ᠪᠦᠲᠦᠭᠡᠵᠦ᠍᠂ ᠣᠯᠠᠨ ᠲᠦᠮᠡᠨ᠎ᠦ ᠦᠵᠡᠵᠦ᠍ ᠰᠣᠨᠢᠷᠬᠠᠬᠤ ᠳᠤᠷᠠᠲᠠᠶ ᠬᠡᠯᠪᠡᠷᠢ᠎ᠪᠡᠷ ᠨᠠᠮ᠎ᠤᠨ ᠲᠠᠭᠤᠨ᠎ᠢ ᠳᠠᠮᠵᠢᠭᠤᠯᠵᠤ᠂ ᠦᠨᠳᠦᠰᠦᠲᠡᠨ᠎ᠦ ᠪᠦᠯᠬᠦᠮᠳᠡᠯ᠎ᠤ᠋ᠨ ᠥᠯᠢᠭᠡᠷ᠎ᠢ ᠰᠠᠢᠲᠤᠷ ᠶᠠᠷᠢᠨ᠎ᠠ》 ᠬᠡᠵᠠᠢ᠃

ᠤᠷᠢᠬᠠᠨ ᠰᠠᠯᠬᠢ ᠡᠭᠡ ᠭᠠᠵᠠᠷ᠎ᠢ ᠢᠯᠪᠢᠬᠦᠶ᠎ᠠ ᠲᠦᠮᠡᠨ ᠪᠣᠳᠠᠰ᠎ᠲᠦ᠋ᠯᠵᠢᠨ ᠠᠮᠢᠯᠠᠨ᠎ᠠ᠂ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ ᠨᠢᠭᠡᠨᠲᠡ ᠥᠪᠥᠷ ᠮᠣᠩᠭᠣᠯ᠎ᠤᠨ ᠦᠨᠳᠦᠰᠦᠲᠡᠨ᠎ᠨᠦᠭᠦᠳ ᠎ᠤ᠋ᠨ ᠤᠯᠠᠨ ᠲᠦᠮᠡᠨ᠎ᠦ ᠴᠢᠰᠤ ᠮᠢᠬᠠᠨ᠎ᠳᠤ ᠭᠦᠨ ᠰᠢᠡᠭᠭᠡᠪᠡ᠃

ᠠᠭᠤᠰᠤᠯᠴᠠᠭᠤᠯᠤᠨ ᠰᠢᠬᠢᠳᠭᠡᠵᠤ  ᠡᠶ᠎ᠠ  ᠵᠤᠬᠢᠴᠠᠡᠭᠭᠤᠢ ᠠᠮᠢᠳᠤᠷᠠᠯ ᠎ᠢ ᠬᠠᠮᠳᠤ ᠪᠡᠷ ᠡᠳ᠋ᠯᠡᠨ᠎ᠠ

ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠪᠣᠯ ᠦᠨᠳᠦᠰᠦᠲᠡᠨ᠎ᠦ ᠪᠦᠯᠬᠦᠮᠳᠡᠯ᠎ᠢ ᠴᠢᠩᠭᠠᠳᠭᠠᠬᠤ᠂ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ᠂ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠪᠠᠢᠭᠤᠯᠤᠯᠲᠠ ᠵᠢ ᠠᠬᠢᠭᠤᠯᠬᠤ᠎ᠳᠤ ᠵᠠᠢᠯᠠᠰᠢ ᠦᠭᠡᠢ ᠵᠠᠮᠨᠠᠬᠤ ᠵᠠᠮ ᠮᠥᠨ᠃

《ᠠᠷᠪᠠᠨ ᠳᠥᠷᠪᠡᠳᠦᠭᠡᠷ ᠲᠠᠪᠤᠨ ᠵᠢᠯ》 ᠎ᠤ᠋ᠨ ᠬᠤᠭᠤᠴᠠᠭᠠᠨ᠎ᠳᠤ᠂ ᠥᠪᠥᠷ ᠮᠣᠩᠭᠣᠯ ᠦᠨᠳᠦᠰᠦᠲᠡᠨ᠎ᠨᠦᠭᠦᠳ᠎ᠤ᠋ᠨ ᠣᠯᠠᠨ ᠲᠦᠮᠡᠨ᠎ᠦ ᠬᠠᠷᠢᠯᠴᠠᠨ ᠱᠢᠭᠢᠳᠭᠡᠬᠦ᠌ ᠮᠠᠶᠢᠭ᠎ᠤᠨ ᠬᠥᠭ᠌ᠵᠢᠯᠲᠡ ᠵᠢᠨ ᠲᠥᠯᠥᠪᠯᠡᠭᠡ᠂ ᠦᠨᠳᠦᠰᠦᠲᠡᠨ᠎ᠨᠦᠭᠦᠳ᠎ᠤ᠋ᠨ ᠵᠠᠯᠠᠭᠤᠴᠤᠳ ᠪᠠᠭᠠᠴᠤᠳ᠎ᠤᠨ ᠰᠣᠯᠢᠯᠴᠠᠭᠠᠨ᠎ᠤ᠋ ᠲᠥᠯᠥᠪᠯᠡᠭᠡ᠂ ᠵᠢᠭᠤᠯᠴᠢᠯᠠᠯ᠎ᠢᠶᠠᠷ ᠦᠨᠳᠦᠰᠦᠲᠡᠨ᠎ᠨᠦᠭᠦᠳ᠎ᠤ᠋ᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠬᠤ ᠲᠥᠯᠥᠪᠯᠡᠭᠡ ᠵᠢ ᠭᠦᠨᠵᠡᠭᠡᠶ ᠬᠡᠷᠡᠭ᠌ᠵᠢᠭᠦᠯᠵᠦ᠍᠂ ᠢᠯᠡᠳᠲᠡ ᠦᠷ᠎ᠡ ᠪᠦᠲᠦᠮᠵᠢ ᠤᠯᠪᠠ᠃

ᠬᠠᠷᠢᠯᠴᠠᠨ ᠱᠢᠭᠢᠳᠭᠡᠬᠦ ᠬᠥᠭ᠌ᠵᠢᠯᠳᠡ ᠵᠢᠨ ᠪᠦᠳᠤᠭᠡᠨ ᠪᠠᠢᠭᠤᠯᠤᠯᠲᠠ ᠬᠢᠭᠡᠳ ᠦᠨᠳᠦᠰᠦᠨ ᠱᠠᠲᠤᠨ᠎ᠤ᠋ ᠴᠢᠳᠠᠪᠤᠷᠢ ᠵᠢ ᠳᠡᠭᠡᠭ᠌ᠰᠢᠯᠡᠭᠦᠯᠬᠦ᠌ ᠠᠵᠢᠯᠯᠠᠭ᠎ᠠ ᠵᠢ ᠠᠬᠢᠭᠤᠯᠵᠤ᠂ 364 ᠨᠡᠢᠲᠡᠯᠢᠭ ᠵᠢᠱ᠌ᠢᠶ᠎ᠡ ᠵᠢ ᠪᠤᠢᠵᠢᠭᠤᠯᠵᠤ᠂ 2057 ᠠᠴᠢᠶᠠᠯᠠᠪᠤᠷᠢ ᠵᠢᠨ ᠲᠠᠪᠴᠠᠩ᠎ᠢ ᠪᠣᠶ ᠪᠣᠯᠭᠠᠪᠠ; ᠡᠯ᠎ᠡ ᠭᠠᠵᠠᠷ᠎ᠤᠨ ᠡᠯ᠎ᠡ ᠲᠥᠷᠥᠯ᠎ᠤ᠋ᠨ ᠰᠤᠷᠭᠠᠭᠤᠯᠢ ᠵᠢᠨ ᠣᠷᠣᠨ ᠪᠦᠰᠡ ᠠᠯᠤᠰᠯᠠᠨ ᠰᠤᠳᠤᠯᠤᠨ ᠰᠤᠷᠤᠯᠴᠠᠬᠤ ᠲᠣᠭ᠍ᠲᠠᠴᠠ ᠪᠠᠢᠭᠤᠯᠬᠤ ᠵᠢ ᠠᠬᠢᠭᠤᠯᠵᠤ᠂ 290 ᠭᠠᠷᠤᠶ ᠵᠦᠶ᠋ᠯ ᠎ᠤ᠋ᠨ ᠬᠠᠮᠳᠤ ᠪᠡᠷ ᠪᠦᠳᠤᠭᠡᠨ ᠪᠠᠢᠭᠤᠯᠬᠤ ᠬᠡᠯᠡᠯᠴᠡᠭᠡᠷ ᠲᠣᠭ᠍ᠲᠠᠵᠤ᠂ ᠨᠢᠭᠡ ᠪᠦᠯᠦᠭ ᠣᠷᠣᠯᠴᠠᠬᠤ ᠬᠡᠮᠵᠢᠶ᠎ᠡ᠎ᠪᠡᠷ ᠥᠨᠳᠥᠷ᠂ ᠪᠡᠶᠡᠴᠢᠯᠡᠨ ᠣᠢᠯᠠᠭᠠᠬᠤ ᠰᠡᠳᠭᠢᠯᠭᠡ᠎ᠪᠡᠷ ᠴᠢᠩᠭ᠎ᠠ᠂ ᠨᠥᠯᠥᠭᠡᠯᠡᠬᠦ᠌ ᠬᠦᠴᠦᠨ᠎ᠢᠶᠡᠷ ᠥᠷᠭᠡᠨ ᠵᠠᠯᠠᠭᠤᠴᠤᠳ ᠪᠠᠭᠠᠴᠤᠳ᠎ᠤᠨ ᠠᠵᠢᠯᠯᠠᠭ᠎ᠠ ᠵᠢᠨ ᠲᠦᠷᠦᠯ ᠲᠡᠮᠳᠡᠭ᠎ᠢ ᠪᠣᠶ ᠪᠣᠯᠭᠠᠵᠤ᠂ ᠪᠥᠬᠥ᠌ ᠣᠷᠣᠨ᠎ᠳᠤ ᠵᠠᠯᠠᠭᠤᠴᠤᠳ ᠪᠠᠭᠠᠴᠤᠳ᠎ᠤᠨ ᠠᠵᠢᠯᠯᠠᠭ᠎ᠠ ᠵᠢ 1.2 ᠲᠦᠮᠡᠨ ᠲᠠᠯᠠᠪᠠᠶ (ᠤᠳᠠᠭ᠎ᠠ) ᠵᠣᠬᠢᠶᠠᠨ ᠪᠠᠢᠭᠤᠯᠤᠨ ᠥᠷᠨᠢᠭᠦᠯᠪᠡ; ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ ᠎ᠢ  ᠪᠠᠲᠤ ᠴᠣᠭ᠍ᠴᠠᠯᠠᠬᠤ ᠵᠢᠨ ᠥᠷᠲᠡᠭ᠎ᠢᠶᠡᠷ ᠬᠥᠲᠥᠯᠥᠨ ᠳᠠᠭᠠᠭᠤᠯᠬᠤ᠂ ᠭᠤᠤᠯᠯᠠᠬᠤ ᠬᠦᠴᠦᠨ᠎ᠢ ᠪᠣᠯᠪᠠᠰᠤᠷᠠᠭᠤᠯᠬᠤ᠂ ᠲᠠᠢᠯᠪᠤᠷᠢᠯᠠᠬᠤ ᠵᠢ ᠵᠢᠷᠤᠮᠵᠢᠭᠤᠯᠬᠤ᠂ ᠣᠨᠴᠠᠯᠢᠭ᠍ᠲᠤ ᠡᠬᠢ ᠪᠠᠶᠠᠯᠢᠭ᠎ᠢ ᠨᠡᠭᠡᠭᠡᠨ ᠬᠥᠭ᠌ᠵᠢᠭᠦᠯᠬᠦ᠌᠂ ᠲᠤᠷᠱᠢᠯᠲᠠ ᠬᠢᠵᠦ᠍ ᠵᠢᠱ᠌ᠢᠶ᠎ᠡ ᠦᠵᠡᠭᠦᠯᠬᠦ᠌ ᠵᠡᠷᠭᠡ 6 ᠵᠦᠶ᠋ᠯ ᠎ᠤ᠋ᠨ ᠠᠵᠢᠯᠯᠠᠭ᠎ᠠ ᠵᠢ ᠥᠷᠨᠢᠭᠦᠯᠵᠦ᠍᠂ ᠰᠣᠶᠣᠯ ᠵᠢᠭᠤᠯᠴᠢᠯᠠᠯ᠎ᠤᠨ ᠬᠥᠭ᠌ᠵᠢᠯᠲᠡ ᠵᠢᠨ ᠳᠤᠮᠳᠠ ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠣᠢᠯᠠᠭᠠᠭ᠍ᠳᠠᠬᠤᠨ᠎ᠢ ᠬᠦᠨᠵᠡᠭᠡᠢᠷᠡᠬᠦᠯᠪᠡ᠃

ᠱᠢᠨ᠎ᠡ ᠭᠠᠷᠤᠭ᠎ᠠ᠎ᠳᠤ ᠰᠠᠭᠤᠷᠢᠯᠠᠵᠤ᠂ ᠥᠪᠥᠷ ᠮᠣᠩᠭᠣᠯ ᠬᠠᠷᠢᠯᠴᠠᠨ ᠱᠢᠭᠢᠳᠭᠡᠨ ᠰᠠᠭᠤᠷᠢᠱᠢᠬᠤ ᠵᠢ ᠦᠷᠭᠦᠯᠵᠢᠯᠡᠨ ᠭᠦᠨᠵᠡᠭᠡᠢᠷᠡᠭᠦᠯᠵᠦ᠍᠂ ᠱᠢᠨ᠎ᠡ ᠬᠡᠯᠪᠡᠷᠢ ᠵᠢᠨ ᠬᠤᠳᠠ ᠪᠠᠯᠭᠠᠰᠤᠵᠢᠯᠳᠠ ᠪᠣᠯᠤᠨ ᠬᠤᠳᠠ ᠵᠢᠨ ᠱᠢᠨᠡᠴᠢᠯᠡᠯᠲᠡ ᠵᠢ ᠲᠤᠭᠤᠱᠢᠯᠠᠭᠤᠯᠵᠤ ᠪᠤᠢ; ᠦᠨᠳᠦᠰᠦᠲᠡᠨ᠎ᠦ ᠪᠦᠯᠬᠦᠮᠳᠡᠯ ᠳᠠᠪᠱᠢᠯᠲᠠ ᠵᠢᠨ ᠡᠬᠦᠳᠤᠨ ᠪᠠᠢᠭᠤᠯᠤᠬᠰᠠᠨ 《8 + N》 ᠵᠢᠯᠣᠭᠣᠳᠤᠮᠵᠢ ᠵᠢ ᠲᠣᠭ᠍ᠲᠠᠭᠠᠵᠤ᠂ ᠠᠷᠪᠠᠨ ᠭᠤᠷᠪᠠᠳᠤᠭᠠᠷ ᠪᠦᠯᠦᠭ᠎ᠤ᠋ᠨ ᠪᠥᠬᠥ᠌ ᠤᠯᠤᠰ᠎ᠤᠨ ᠵᠢᠱ᠌ᠢᠶ᠎ᠡ ᠦᠵᠡᠭᠦᠯᠵᠦ᠍ ᠡᠭᠦᠳᠦᠨ ᠪᠠᠢᠭᠤᠯᠬᠤ ᠡᠲᠡᠭᠡᠳ᠎ᠢ ᠰᠣᠩᠭᠣᠬᠤ ᠪᠠ ᠪᠣᠢᠵᠢᠭᠤᠯᠬᠤ ᠠᠵᠢᠯ᠎ᠢ ᠰᠠᠢᠲᠤᠷ ᠠᠳᠭᠤᠨ᠎ᠠ; 《ᠭᠤᠷᠪᠠᠨ ᠵᠦᠢᠯ ᠎ᠤ᠋ᠨ ᠲᠥᠯᠥᠪᠯᠡᠭᠡ》  ᠵᠢᠨ ᠬᠡᠷᠡᠭ᠌ᠵᠢᠭᠦᠯᠦᠯᠲᠡ ᠵᠢ ᠭᠦᠨᠵᠡᠭᠡᠢᠷᠡᠭᠦᠯᠵᠦ᠍᠂ ᠨᠡᠢᠲᠡᠯᠢᠭ ᠵᠢᠱ᠌ᠢᠶ᠎ᠡ᠎ᠪᠡᠷ ᠵᠢᠱ᠌ᠢᠶ᠎ᠡ ᠦᠵᠡᠭᠦᠯᠦᠨ ᠬᠥᠲᠥᠯᠥᠨ ᠳᠠᠭᠠᠭᠤᠯᠬᠤ ᠠᠵᠢᠯᠯᠠᠭ᠎ᠠ ᠵᠢ ᠥᠷᠨᠢᠭᠦᠯᠦᠨ᠂ ᠵᠠᠭᠤᠨ ᠱᠢᠯᠢᠳᠡᠭ ᠲᠤᠷᠱᠢᠯᠲᠠ ᠵᠢᠨ ᠲᠥᠷᠥᠯ ᠵᠦᠢᠯ᠂ ᠵᠠᠭᠤᠨ ᠦᠨᠳᠦᠰᠦᠲᠡᠨ ᠨᠤᠬᠥᠳ᠎ᠤ᠋ᠨ ᠬᠠᠷᠢᠯᠴᠠᠨ ᠰᠢᠬᠢᠳᠭᠡᠬᠦ ᠬᠥᠭ᠌ᠵᠢᠯᠲᠡ ᠵᠢ ᠠᠬᠢᠭᠤᠯᠬᠤ ᠵᠢᠱ᠌ᠢᠶ᠎ᠡ᠂ ᠵᠠᠭᠤᠨ ᠵᠢᠭᠤᠯᠴᠢᠯᠠᠯ᠎ᠢᠶᠠᠷ 《ᠭᠤᠷᠪᠠᠨ ᠠᠷᠠᠯᠵᠢᠶ᠎ᠠ》 ᠵᠢ ᠠᠬᠢᠭᠤᠯᠬᠤ ᠲᠥᠷᠥᠯ ᠲᠡᠮᠳᠡᠭ᠎ᠢ ᠪᠣᠢ ᠪᠣᠯᠭᠠᠨ᠎ᠠ᠃

ᠥᠪᠥᠷ ᠮᠣᠩᠭᠣᠯ ᠶᠠᠭ ᠨᠠᠩ ᠪᠣᠳᠠᠲᠠᠶ ᠵᠢ ᠡᠷᠬᠢᠮᠯᠡᠭ᠌ᠰᠡᠨ ᠠᠷᠭ᠎ᠠ ᠬᠡᠮᠵᠢᠶ᠎ᠡ᠂ ᠨᠠᠩ ᠣᠯᠠᠨ ᠠᠷᠭ᠎ᠠ ᠬᠡᠯᠪᠡᠷᠢ᠎ᠪᠡᠷ ᠦᠨᠳᠦᠰᠦᠲᠡᠨ ᠨᠤᠭᠦᠳ᠎ᠤᠨ ᠠᠨᠠᠷ᠎ᠤᠨ ᠦᠷ᠎ᠡ ᠱᠢᠭ ᠨᠢᠭ᠍ᠲᠠᠷᠠᠨ ᠪᠦᠯᠬᠦᠮᠳᠡᠬᠦ᠌ ᠵᠢ ᠠᠬᠢᠭᠤᠯᠵᠤ ᠪᠣᠶ᠃

ᠪᠦᠯᠬᠦᠮᠳᠡᠨ ᠲᠡᠮᠡᠴᠡᠵᠦ᠍  ᠱᠢᠨ᠎ᠡ ᠬᠠᠭᠤᠳᠠᠰᠤ ᠵᠢ ᠬᠠᠮᠲᠤ ᠪᠠᠷ ᠪᠢᠴᠢᠭᠯᠡᠨ᠎ᠠ

ᠪᠥᠬᠥ᠌ ᠤᠯᠤᠰ᠎ᠤᠨ ᠠᠷᠠᠳ᠎ᠤᠨ ᠲᠦᠯᠤᠭᠡᠯᠡᠭᠴᠢᠳ᠎ᠤᠨ ᠶᠡᠭᠡ ᠬᠤᠷᠠᠯ᠎ᠤᠨ  ᠲᠥᠯᠥᠭᠡᠯᠡᠭ᠌ᠴᠢ᠂ ᠬᠢᠩᠭᠠᠨ ᠠᠢᠮᠠᠭ᠎ᠤᠨ ᠵᠠᠯᠠᠢᠳ ᠬᠣᠱᠢᠭᠤᠨ᠎ᠤ᠋ ᠦ᠋ ᠳ᠋ᠤᠤ ᠾᠧ ᠽᠢ ᠲᠠᠷᠢᠶᠠᠯᠠᠩ ᠮᠠᠯ ᠠᠵᠤ ᠠᠬᠤᠶ ᠵᠢᠨ ᠲᠤᠰᠭᠠᠶ ᠬᠣᠷᠱᠢᠶ᠎ᠠ ᠵᠢᠨ ᠬᠡᠷᠡᠭ ᠡᠷᠬᠢᠯᠡᠭ᠌ᠴᠢᠳ ᠎ᠤ᠋ᠨ ᠳᠠᠷᠤᠭ᠎ᠠ ᠳ᠋ᠦ᠋ ᠭᠠᠩ᠄ 《ᠡᠨᠡ ᠵᠢᠯ  ᠲᠠᠷᠢᠶ᠎ᠠ ᠪᠡᠨ ᠰᠠᠢᠨ ᠲᠠᠷᠢᠵᠤ᠂ ᠬᠣᠷᠱᠢᠶ᠎ᠠ᠎ᠪᠡᠨ ᠰᠠᠢᠲᠤᠷ ᠡᠷᠭᠢᠯᠡᠭ᠌ᠰᠡᠨ ᠰᠠᠭᠤᠷᠢᠨ ᠳᠡᠭᠡᠷ᠎ᠡ᠂ ᠪᠢᠳᠡ ᠪᠠᠰᠠ ᠠᠵᠤ ᠦᠶ᠋ᠯᠡᠰ ᠎ᠤ᠋ᠨ ᠬᠡᠯᠬᠢᠶ᠎ᠡ ᠵᠢ ᠤᠷᠲᠤᠳᠭᠠᠬᠤ᠂ ᠪᠣᠬᠢᠷᠲᠤᠯ ᠥᠬᠡᠶ ᠲᠥᠷᠥᠯ ᠲᠡᠮᠳᠡᠭ᠎ᠢ ᠴᠣᠭ᠍ᠴᠠᠯᠠᠬᠤ ᠳᠡᠭᠡᠷ᠎ᠡ ᠶᠡᠬᠡ ᠬᠦᠴᠦ᠍ ᠣᠷᠣᠭᠤᠯᠵᠤ᠂ ᠨᠤᠲᠤᠭ᠎ᠤᠨ ᠵᠢᠡᠨ ᠦᠨᠳᠦᠰᠦᠲᠡᠨ᠎ᠨᠦᠭᠦᠳ᠎ᠤ᠋ᠨ ᠠᠬ᠎ᠠ ᠳᠡᠭᠦᠦ᠍᠎ᠨᠡᠷ᠎ᠢ ᠦᠷᠭᠦᠯᠵᠢᠯᠡᠨ ᠳᠠᠢᠴᠢᠯᠠᠵᠤ ᠣᠷᠣᠯᠭ᠎ᠠ᠎ᠶ᠋ᠢ᠎ᠨᠢ ᠨᠡᠮᠡᠭ᠌ᠳᠡᠭᠦᠯᠦᠨ᠎ᠡ》 ᠬᠡᠵᠠᠢ᠃

ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ ᠪᠡᠷ ᠭᠣᠣᠯ ᠱᠢᠵᠢᠮ ᠪᠣᠯᠭᠠᠵᠤ᠂ ᠥᠪᠥᠷ ᠮᠣᠩᠭᠣᠯ ᠦᠨᠳᠦᠰᠦᠲᠡᠨ᠎ᠨᠦᠭᠦᠳ ᠎ᠤ᠋ᠨ ᠬᠠᠮᠲᠤ ᠪᠡᠷ ᠪᠦᠯᠬᠦᠮᠳᠡᠨ ᠲᠡᠮᠡᠴᠡᠬᠦ᠌᠂ ᠬᠠᠮᠲᠤ ᠪᠡᠷ ᠴᠡᠴᠡᠭ᠌ᠯᠡᠨ ᠬᠥᠭ᠌ᠵᠢᠬᠦ᠌ ᠵᠢ ᠶᠡᠬᠡ᠎ᠪᠡᠷ ᠠᠬᠢᠭᠤᠯᠵᠤ᠂ ᠦᠨᠳᠦᠰᠦᠲᠡᠨ᠎ᠨᠦᠭᠦᠳ᠎ᠤ᠋ᠨ ᠬᠠᠮᠲᠤ ᠪᠡᠷ ᠨᠡᠢᠭᠡᠮ ᠵᠢᠷᠤᠮ᠎ᠤᠨ ᠣᠳᠣᠬᠢᠴᠢᠯᠠᠯᠲᠠ ᠲᠡᠢᠰᠢ ᠤᠷᠤᠭ᠍ᠰᠢᠯᠠᠬᠤ ᠵᠢ ᠯᠠᠪᠳᠠᠭᠤᠨ ᠪᠠᠲᠤᠲᠠᠢ ᠠᠬᠢᠭᠤᠯᠪᠠ᠃

ᠪᠥᠬᠥ᠌ ᠤᠯᠤᠰ᠎ᠤᠨ ᠬᠣᠶᠠᠷ ᠬᠤᠷᠠᠯ ᠳᠡᠭᠡᠷ᠎ᠡ᠂ ᠪᠥᠬᠥ᠌ ᠤᠯᠤᠰ᠎ᠤᠨ ᠠᠷᠠᠳ᠎ᠤᠨ ᠲᠦᠯᠤᠭᠡᠯᠡᠭᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠂ ᠪᠥᠬᠥ᠌ ᠤᠯᠤᠰ᠎ᠤᠨ ᠤᠯᠤᠰ ᠲᠥᠷᠥ ᠵᠢᠨ ᠵᠥᠪᠯᠡᠯᠭᠡᠨ᠎ᠦ ᠭᠡᠱᠢᠭᠦᠨ᠂ ᠠᠵᠤ ᠦᠶ᠋ᠯᠡᠰ᠎ᠤ᠋ᠨ ᠬᠥᠭ᠌ᠵᠢᠯᠲᠡ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠤ᠋ᠨ ᠱᠢᠨ᠎ᠡ ᠡᠭᠦᠳᠦᠯᠲᠡ᠂ ᠠᠷᠠᠳ᠎ᠤᠨ ᠠᠮᠢᠳᠤᠷᠠᠯ᠎ᠤᠨ ᠪᠠᠲᠤᠯᠠᠭ᠎ᠠ ᠵᠡᠷᠭᠡ ᠡᠯ᠎ᠡ ᠲᠠᠯ᠎ᠠ ᠵᠢᠨ ᠲᠣᠭᠣᠷᠢᠨ᠎ᠳᠤ ᠪᠣᠳᠠᠲᠠᠶ ᠠᠷᠭ᠎ᠠ ᠬᠡᠮᠵᠢᠶ᠎ᠡ ᠠᠪᠴᠤ᠌᠂ ᠰᠠᠢᠨ ᠠᠷᠭ᠎ᠠ ᠪᠣᠳᠣᠯᠭ᠎ᠠ ᠰᠦᠪᠡᠭ᠌ᠴᠢᠯᠡᠨ᠂ ᠥᠪᠥᠷ ᠮᠣᠩᠭᠣᠯ᠎ᠤᠨ ᠠᠵᠤ ᠠᠬᠤᠶ ᠨᠡᠢᠭᠡᠮ᠎ᠤ᠋ᠨ ᠴᠢᠨᠠᠷ ᠰᠠᠢᠲᠠᠶ ᠬᠥᠭ᠌ᠵᠢᠯᠲᠡ᠎ᠳᠦ ᠦᠷᠭᠦᠯᠵᠢᠯᠡᠨ ᠣᠶᠤᠨ ᠤᠬᠠᠭᠠᠨ ᠬᠥᠳᠡᠯᠭᠡᠬᠦ᠌ ᠡᠨᠧᠷᠭᠢ ᠨᠡᠮᠡᠷᠢᠯᠡᠵᠦ᠍᠂ ᠪᠠᠲᠤ ᠴᠢᠩᠭ᠎ᠠ ᠬᠦᠴᠦᠨ ᠨᠡᠮᠡᠷᠢᠯᠡᠪᠡ᠃

ᠳᠤᠮᠳᠠᠳᠤ ᠵᠢᠨ ᠦᠨᠳᠦᠰᠦᠲᠡᠨ᠎ᠦ ᠬᠠᠮᠲᠤ ᠵᠢᠨ ᠴᠣᠭ᠍ᠴᠠ ᠵᠢᠨ ᠤᠬᠠᠮᠰᠠᠷ᠎ᠢ ᠪᠠᠲᠤ ᠴᠣᠭ᠍ᠴᠠᠯᠠᠬᠤ ᠪᠡᠷ ᠭᠣᠣᠯ ᠱᠢᠵᠢᠮ ᠪᠣᠯᠭᠠᠵᠤ᠂ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠤ᠋ᠨ ᠤᠯᠠᠨ ᠲᠦᠮᠡᠨ ᠮᠤᠷᠢᠨ᠎ᠳᠠᠭᠠᠨ ᠮᠤᠷᠳᠠᠵᠤ᠂ ᠬᠠᠡᠭᠬᠢᠨᠠᠳᠠᠯ᠎ᠠ ᠲᠠᠭᠤᠯᠠᠵᠤ᠂ ᠴᠦᠬᠦᠷᠡᠰᠢ ᠦᠭᠡᠢ ᠤᠷᠤᠭ᠍ᠰᠢᠯᠠᠬᠤ ᠡᠷᠴᠢ ᠵᠣᠷᠢᠭ᠎ᠢᠶᠠᠷ ᠨᠡᠩ ᠰᠦᠷᠯᠢᠭ ᠰᠠᠢᠬᠠᠨ ᠴᠠᠭ ᠦᠶ᠎ᠡ ᠵᠢᠨ ᠬᠠᠭᠤᠳᠠᠰᠤ ᠵᠢ ᠬᠠᠮᠲᠤ ᠪᠡᠷ ᠵᠢᠷᠤᠭ᠍ᠯᠠᠬᠤ ᠪᠣᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号