ᠥᠪᠥᠷ ᠮᠣᠩᠭᠣᠯ᠎ᠤᠨ ᠲᠥᠯᠥᠭᠡᠯᠡᠭ᠌ᠴᠢᠳ᠎ᠦᠨ ᠪᠦᠯᠬᠦᠮ ᠪᠦᠯᠬᠦᠮ ᠳᠤᠭᠤᠢᠯᠠᠩ᠎ᠤᠨ ᠨᠡᠭᠡᠭᠡᠯᠳᠠ ᠬᠢᠬᠦ ᠠᠵᠢᠯᠯᠠᠭ᠎ᠠ ᠥᠷᠨᠢᠭᠦᠯᠪᠡ
2026-03-07 11:00:48
ᠵᠣᠬᠢᠶᠠᠭ᠍ᠴᠢ᠄
ᠯᠢ ᠬᠠᠨ ᠵᠠᠩ ᠺᠦᠢ
ᠣᠩᠱᠢᠭ᠍ᠰᠠᠨ ᠣᠳᠠᠭ᠎ᠠ᠄
★★★☆☆

ᠸᠠᠩ ᠸᠧᠢ ᠵᠦᠩ ᠪᠦᠦ ᠭᠠᠩ ᠵᠠᠭᠤᠴᠢᠯᠠᠭᠤᠷ ᠎ᠤᠨ ᠰᠤᠷᠪᠤᠯᠵᠢᠯᠠᠭ᠍ᠴᠢᠤᠨ᠎ᠤᠨ ᠠᠰᠠᠭᠤᠯᠳᠠ ᠵᠢ ᠬᠠᠷᠢᠭᠤᠯᠵᠠᠢ


3 ᠰᠠᠷ᠎ᠠ᠎ᠶ᠋ᠢᠨ 6 ᠤ᠋ ᠦᠳᠡ᠎ᠶ᠋ᠢᠨ ᠬᠣᠢᠨ᠎ᠠ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠳᠥᠷᠪᠡᠳᠦᠭᠡᠷ ᠬᠤᠷᠠᠯ᠎ᠤᠨ ᠥᠪᠥᠷ ᠮᠣᠩᠭᠣᠯ᠎ᠤᠨ ᠲᠥᠯᠥᠭᠡᠯᠡᠭ᠌ᠴᠢᠳ᠎ᠦᠨ ᠪᠦᠯᠬᠦᠮ ᠰᠠᠭᠤᠭ᠎ᠠ ᠭᠠᠵᠠᠷ᠎ᠲᠠᠭᠠᠨ ᠪᠦᠭᠦᠳᠡ ᠬᠤᠷᠠᠯ ᠬᠢᠵᠦ᠍᠂ ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠢ ᠦᠷᠭᠦᠯᠵᠢᠯᠡᠨ ᠬᠢᠨᠠᠨ ᠵᠥᠪᠯᠡᠵᠦ᠍᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠲᠥᠯᠥᠪᠵᠢᠭᠦᠯᠭᠡ᠎ᠶ᠋ᠢᠨ ᠬᠥᠲᠥᠯᠪᠦᠷᠢ᠎ᠶ᠋ᠢᠨ ᠲᠥᠰᠦᠯ᠎ᠢ ᠬᠢᠨᠠᠨ ᠪᠠᠢᠴᠠᠭᠠᠪᠠ᠃ ᠲᠣᠰ ᠤᠳᠠᠭ᠎ᠠ ᠵᠢᠨ ᠪᠥᠬᠥᠳᠡ ᠬᠤᠷᠠᠯ᠎ᠨᠢ ᠪᠥᠬᠥ᠌ ᠤᠯᠤᠰ᠎ᠤᠨ ᠬᠣᠶᠠᠷ ᠬᠤᠷᠠᠯ᠎ᠤᠨ ᠮᠡᠳᠡᠭᠡᠯᠡᠯ᠎ᠳᠦ ᠣᠷᠣᠯᠴᠠᠵᠤ ᠪᠠᠢᠭ᠎ᠠ ᠲᠤᠮᠳᠠᠳᠤ ᠭᠠᠳᠠᠭᠠᠳᠤ ᠵᠢᠨ ᠵᠠᠭᠤᠴᠢᠯᠠᠭᠤᠷ᠎ᠲᠤ ᠨᠡᠭᠡᠭᠡᠯᠳᠠ ᠬᠢᠪᠠ᠃

ᠲᠥᠯᠥᠭᠡᠯᠡᠭ᠌ᠴᠢᠳ᠎ᠦᠨ ᠪᠦᠯᠬᠦᠮ᠎ᠦᠨ ᠳᠠᠷᠤᠭ᠎ᠠ ᠸᠠᠩ ᠸᠧᠢ ᠵᠦᠩ ᠬᠢᠨᠠᠨ ᠵᠥᠪᠯᠡᠬᠦ᠌᠎ᠳᠦ ᠣᠷᠣᠯᠴᠠᠵᠤ᠂ ᠲᠥᠯᠥᠭᠡᠯᠡᠭ᠌ᠴᠢᠳ᠎ᠦᠨ ᠪᠦᠯᠬᠦᠮ᠎ᠦᠨ ᠳᠡᠳ᠋ ᠳᠠᠷᠤᠭ᠎ᠠ ᠪᠦᠦ ᠭᠠᠩ ᠬᠤᠷᠠᠯ᠎ᠢ ᠡᠷᠬᠢᠯᠡᠪᠡ᠃ ᠲᠦᠷᠦ᠍᠎ᠶ᠋ᠢᠨ ᠶᠠᠪᠤᠳᠠᠯ᠎ᠤᠨ ᠬᠣᠷᠢᠶ᠎ᠠ ᠵᠢᠨ ᠠᠯᠪᠠᠨ ᠲᠢᠩᠬᠢᠮ᠂ ᠤᠯᠤᠰ᠎ᠤᠨ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ᠂ ᠡᠳ᠋᠎ᠦᠨ ᠵᠠᠰᠠᠭ᠎ᠤᠨ ᠶᠠᠮᠤᠨ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠡᠳ᠋᠎ᠦᠨ ᠵᠠᠰᠠᠭ ᠠᠵᠤ ᠠᠬᠤᠢ᠎ᠶ᠋ᠢᠨ ᠵᠥᠪᠯᠡᠯ᠂ ᠶᠡᠬᠡ ᠬᠤᠷᠠᠯ᠎ᠤᠨ ᠲᠣᠪᠴᠢ ᠮᠡᠳᠡᠭᠡ᠎ᠶ᠋ᠢᠨ ᠳᠤᠭᠤᠢᠯᠠᠩ᠎ᠤᠨ ᠬᠤᠯᠪᠤᠬᠳᠠᠯ ᠪᠦᠬᠦᠢ ᠨᠥᠬᠥᠳ ᠬᠤᠷᠠᠯ᠎ᠳᠤ ᠣᠷᠣᠯᠴᠠᠵᠤ ᠬᠢᠨᠠᠨ ᠵᠥᠪᠯᠡᠭ᠌ᠰᠡᠨ ᠰᠠᠨᠠᠯ᠎ᠢ ᠰᠣᠨᠣᠰᠴᠠᠢ᠃

ᠥᠪᠥᠷ ᠮᠣᠩᠭᠣᠯ᠎ᠤᠨ ᠲᠥᠯᠥᠭᠡᠯᠡᠭ᠌ᠴᠢᠳ᠎ᠦᠨ ᠪᠦᠯᠬᠦᠮ᠎ᠦᠨ ᠪᠦᠯᠬᠦᠮ ᠲᠤᠭᠤᠢᠯᠠᠩ ᠤ᠋ᠨ ᠨᠡᠭᠡᠭᠡᠯᠳᠠ ᠬᠢᠬᠦ ᠠᠵᠢᠯᠯᠠᠭ᠎ᠠ᠎ᠨᠢ ᠵᠠᠭᠤᠴᠢᠯᠠᠭᠤᠷ᠎ᠤᠨ ᠳᠡᠭᠡᠳᠦ ᠬᠡᠮᠵᠢᠶᠡᠨ᠎ᠦ ᠠᠩᠬᠠᠷᠤᠯ᠎ᠢ ᠲᠠᠲᠠᠯ᠎ᠠ᠃ ᠱᠢᠨᠬᠤᠸᠠ ᠬᠣᠷᠢᠶ᠎ᠠ᠂ ᠠᠷᠠᠳ᠎ᠤᠨ ᠡᠳᠦᠷ᠎ᠦᠨ ᠰᠣᠨᠢᠨ᠎ᠤ ᠬᠣᠷᠢᠶ᠎ᠠ᠂ ᠠᠷᠠᠳ᠎ᠤᠨ ᠰᠦᠯᠵᠢᠶ᠎ᠡ᠂ ᠭᠤᠸᠠᠩᠮᠢᠩ ᠡᠳᠦᠷ᠎ᠦᠨ ᠰᠣᠨᠢᠨ᠂ ᠫᠸᠩᠪᠦᠸᠸ ᠰᠣᠨᠢᠨ ᠮᠡᠳᠡᠭᠡᠨ᠎ᠦ ᠬᠣᠷᠢᠶ᠎ᠠ᠂ ᠮᠥᠩᠭᠥᠨ ᠭᠦᠢᠯᠭᠡᠭᠡᠨ᠎ᠦ ᠴᠠᠭ ᠰᠣᠨᠢᠨ᠂ ᠱᠢᠩᠭᠠᠫᠣᠷ᠎ᠤᠨ ᠬᠠᠮᠲᠤᠷᠠᠭ᠍ᠰᠠᠨ ᠥᠷᠯᠥᠭᠡ᠎ᠶ᠋ᠢᠨ ᠰᠣᠨᠢᠨ ᠵᠡᠷᠭᠡ ᠲᠤᠮᠳᠠᠳᠤ ᠭᠠᠳᠠᠭᠠᠳᠤ ᠵᠢᠨ 46 ᠵᠠᠭᠤᠴᠢᠯᠠᠭᠤᠷ᠎ᠤᠨ 88 ᠰᠤᠷᠪᠤᠯᠵᠢᠯᠠᠭ᠍ᠴᠢ ᠠᠯᠢ ᠡᠷᠲᠡ ᠬᠤᠷᠠᠯ᠎ᠤᠨ ᠲᠠᠯᠠᠪᠠᠢ᠎ᠳᠤ ᠬᠦᠷᠴᠦ᠍᠂ ᠰᠤᠷᠪᠤᠯᠵᠢᠯᠠᠭ᠍ᠴᠢ᠎ᠶ᠋ᠢᠨ ᠲᠣᠭᠣᠷᠢᠭ᠎ᠲᠤ ᠲᠦᠭᠦᠷᠡᠲᠡᠯ᠎ᠡ ᠰᠠᠭᠤᠯᠴᠠᠵᠠᠢ᠃

ᠬᠢᠨᠠᠨ ᠵᠥᠪᠯᠡᠬᠦ᠌ ᠳᠤᠮᠳᠠ᠂ ᠭᠦᠩ ᠮᠢᠩ ᠵᠦ᠍᠂ ᠵᠢᠤᠢ ᠱᠣ᠌ ᠸᠸᠨ᠂ ᠳ᠋ᠦ᠋ ᠬᠤᠢ ᠯᠢᠶᠠᠩ᠂ ᠱᠢᠤᠸᠠᠢ ᡁᠢ ᠯᠦᠩ᠂ ᠸᠠᠩ ᠸᠠᠩ ᠱᠧᠩ᠂ ᠵᠤᠸᠠᠩ ᠾᠧ᠂ ᠶᠠᠨ ᠬᠣᠩ ᠸᠧᠢ᠂ ᠮᠸᠩ ᠳ᠋ᠠ ᠶᠢᠩ᠂ ᠸᠠᠩ ᠼᠠᠢ ᠶᠦᠨ᠂ ᠦ᠋ ᠬᠠᠢ ᠵᠢᠶᠦ᠋ᠨ᠂ ᠯᠢᠦ ᠶᠠᠨ ᠪᠢᠩ᠂ ᠴᠧᠨ ᠠᠢ ᠱᠢᠤᠸᠠᠢ ᠵᠡᠷᠭᠡ ᠲᠥᠯᠥᠭᠡᠯᠡᠭ᠌ᠴᠢ ᠤᠷᠢᠳ ᠬᠣᠵᠢᠳ ᠦᠭᠡ ᠬᠡᠯᠡᠵᠦ᠍᠂ ᠰᠠᠨᠠᠯ ᠰᠠᠨᠠᠭᠤᠯᠭ᠎ᠠ ᠳᠤᠷᠠᠳᠪᠠ᠃

ᠬᠢᠨᠠᠨ ᠵᠥᠪᠯᠡᠵᠦ᠍ ᠳᠠᠭᠤᠰᠤᠭ᠍ᠰᠠᠨ᠎ᠤ ᠳᠠᠷᠠᠭ᠎ᠠ᠂ ᠲᠥᠯᠥᠭᠡᠯᠡᠭ᠌ᠴᠢᠳ᠎ᠦᠨ ᠪᠦᠯᠬᠦᠮ ᠬᠠᠮᠲᠤ᠎ᠶ᠋ᠢᠨ ᠰᠤᠷᠪᠤᠯᠵᠢᠯᠠᠬᠤ ᠠᠵᠢᠯᠯᠠᠭ᠎ᠠ ᠶᠠᠪᠤᠬᠳᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠪᠠᠢᠩᠭᠤ᠎ᠶ᠋ᠢᠨ ᠭᠡᠱᠢᠭᠦᠨ᠂ ᠤᠬᠠᠭᠤᠯᠬᠤ ᠬᠡᠯᠲᠡᠰ᠎ᠦᠨ ᠳᠠᠷᠤᠭ᠎ᠠ ᠪᠦᠦ ᠱᠢᠶᠠᠨ ᠬᠤᠸᠠ ᠬᠤᠷᠠᠯ᠎ᠢ ᠡᠷᠭᠢᠯᠡᠵᠠᠢ᠃

16 ᠴᠠᠭ 25 ᠮᠢᠨᠦ᠋ᠲ᠎ᠲᠦ᠂ ᠲᠥᠪᠯᠡᠷᠡᠭᠦᠯᠦᠨ ᠰᠤᠷᠪᠤᠯᠵᠢᠯᠠᠬᠤ ᠠᠵᠢᠯᠯᠠᠭ᠎ᠠ ᠡᠬᠢᠯᠡᠪᠡ᠃ 《ᠠᠷᠪᠡᠨ ᠲᠠᠪᠤᠳᠤᠭᠠᠷ ᠲᠠᠪᠤᠨ ᠵᠢᠯ》 ᠤ᠋ᠨ ᠬᠤᠭᠤᠴᠠᠭ᠎ᠠ ᠪᠣᠯ ᠮᠠᠨ᠎ᠤ ᠤᠯᠤᠰ ᠨᠡᠢᠭᠡᠮ ᠵᠢᠷᠤᠮᠳᠤ ᠣᠳᠣᠬᠢᠴᠢᠯᠠᠯᠲᠠ᠎ᠶ᠋ᠢ ᠦᠨᠳᠦᠰᠦᠨ᠎ᠳᠡᠭᠡᠨ ᠪᠡᠶᠡᠯᠡᠭᠦᠯᠬᠦ᠌᠎ᠶ᠋ᠢᠨ ᠰᠠᠭᠤᠷᠢ᠎ᠶ᠋ᠢ ᠪᠡᠬᠢᠵᠢᠭᠦᠯᠵᠦ᠍᠂ ᠪᠥᠬᠥ᠌ ᠲᠠᠯ᠎ᠠ᠎ᠪᠠᠷ ᠬᠦᠴᠦᠯᠡᠬᠦ᠌ ᠵᠠᠩᠭᠢᠯᠠᠭ᠎ᠠ᠎ᠶ᠋ᠢᠨ ᠬᠤᠭᠤᠴᠠᠭ᠎ᠠ ᠪᠣᠯᠤᠨ᠎ᠠ᠂ ᠪᠠᠰᠠ ᠴᠤ᠌ ᠥᠪᠥᠷ ᠮᠣᠩᠭᠣᠯ᠎ᠤᠨ ᠴᠢᠨᠠᠷ ᠰᠠᠢᠲᠠᠶ ᠬᠥᠭ᠌ᠵᠢᠯᠲᠡ᠂ ᠱᠢᠨ᠎ᠡ ᠵᠠᠮ᠎ᠢ ᠲᠦᠷᠭᠡᠳᠭᠡᠨ ᠨᠡᠭᠡᠭᠡᠬᠦ᠌ ᠵᠠᠩᠭᠢᠯᠠᠭ᠎ᠠ᠎ᠶ᠋ᠢᠨ ᠬᠤᠭᠤᠴᠠᠭ᠎ᠠ ᠪᠣᠯᠤᠨ᠎ᠠ᠃ ᠳᠤᠮᠳᠠᠳᠤ ᠭᠠᠳᠠᠭᠠᠳᠤ᠎ᠶ᠋ᠢᠨ ᠵᠠᠭᠤᠴᠢᠯᠠᠭᠤᠷ᠎ᠤᠨ ᠬᠢᠨ ᠥᠪᠥᠷ ᠮᠣᠩᠭᠣᠯ᠎ᠤᠨ ᠬᠣᠢᠱᠢᠳᠠ᠎ᠶ᠋ᠢᠨ ᠭᠡᠰᠡᠭ ᠬᠤᠭᠤᠴᠠᠭᠠᠨ᠎ᠤ ᠬᠥᠭ᠌ᠵᠢᠯᠲᠡ᠎ᠶ᠋ᠢ ᠳᠡᠭᠡᠳᠦ ᠬᠡᠮᠵᠢᠶ᠎ᠡ᠎ᠪᠡᠷ ᠠᠩᠬᠠᠷᠴᠤ᠌ ᠪᠠᠢᠯ᠎ᠠ ᠃ ᠠᠷᠠᠳ᠎ᠤᠨ ᠡᠳᠦᠷ᠎ᠦᠨ ᠰᠣᠨᠢᠨ᠎ᠤ ᠰᠤᠷᠪᠤᠯᠵᠢᠯᠠᠭ᠍ᠴᠢ ᠡᠭᠦᠨ᠎ᠦ ᠲᠤᠬᠠᠢ᠄ 《ᠠᠷᠪᠡᠨ ᠲᠠᠪᠤᠳᠤᠭᠠᠷ ᠲᠠᠪᠤᠨ ᠵᠢᠯ》 ᠤ᠋ᠨ ᠬᠤᠭᠤᠴᠠᠭᠠᠨ᠎ᠳᠡᠬᠢ ᠥᠪᠥᠷ ᠮᠣᠩᠭᠣᠯ᠎ᠤᠨ ᠬᠥᠭ᠌ᠵᠢᠯᠲᠡ᠎ᠶ᠋ᠢᠨ ᠶᠡᠷᠦᠩᠬᠡᠶ ᠪᠣᠳᠣᠯᠬᠢᠯᠠᠯ ᠨᠢ ᠶᠠᠭᠤ ᠪᠤᠶ? ᠭᠡᠰᠡᠨ ᠠᠰᠠᠭᠤᠯᠳᠠ ᠠᠰᠠᠭᠤᠪᠠ᠃ ᠸᠠᠩ ᠸᠧᠢ ᠵᠦᠩ ᠥᠷᠭᠡᠨ ᠤᠯᠠᠨ ᠵᠠᠭᠤᠴᠢᠯᠠᠭᠤᠷ᠎ᠤᠨ ᠨᠠᠢᠵᠠ᠎ᠨᠠᠷ᠎ᠤᠨ ᠤᠷᠳᠤ ᠬᠤᠭᠤᠴᠠᠭᠠᠨ᠎ᠤ ᠲᠤᠷᠰᠢ ᠥᠪᠥᠷ ᠮᠣᠩᠭᠣᠯ᠎ᠢ ᠠᠩᠬᠠᠷᠴᠤ᠌᠂ ᠥᠪᠥᠷ ᠮᠣᠩᠭᠣᠯ᠎ᠢ ᠳᠡᠮᠵᠢᠵᠤ᠂ ᠪᠦᠬᠦ᠌ ᠤᠯᠤᠰ᠎ᠤᠨ ᠬᠣᠶᠠᠷ ᠬᠤᠷᠠᠯ᠎ᠤᠨ ᠬᠤᠭᠤᠴᠠᠭᠠᠨ᠎ᠳᠤ ᠥᠪᠥᠷ ᠮᠣᠩᠭᠣᠯ᠎ᠢ ᠦᠨᠡᠨ ᠰᠡᠳᠭᠢᠯ᠎ᠡᠴᠡ᠎ᠪᠡᠨ ᠮᠡᠳᠡᠭᠡᠯᠡᠵᠦ᠍᠂ ᠥᠪᠥᠷ ᠮᠣᠩᠭᠣᠯ᠎ᠢ ᠤᠬᠠᠭᠤᠯᠤᠭ᠍ᠰᠠᠨ᠎ᠳᠤ ᠲᠠᠯᠠᠷᠬᠠᠵᠤ ᠪᠠᠢᠬᠤ᠎ᠪᠠᠨ ᠢᠯᠡᠳᠭᠡᠭ᠌ᠰᠡᠨ ᠪᠥᠭᠡᠳ ᠰᠤᠷᠪᠤᠯᠵᠢᠯᠠᠭ᠍ᠴᠢ᠎ᠶ᠋ᠢᠨ ᠠᠰᠠᠭᠤᠯᠲᠠ᠎ᠶ᠋ᠢ ᠬᠠᠷᠢᠭᠤᠯᠪᠠ᠃ ᠲᠡᠷᠡ᠂ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠣᠷᠢᠶ᠎ᠠ ᠵᠢᠨ ᠳᠥᠷᠪᠡᠳᠦᠭᠡᠷ ᠪᠥᠬᠥᠳᠡ ᠬᠤᠷᠠᠯ᠎ᠤᠨ ᠳᠠᠷᠠᠭ᠎ᠠ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠥᠬᠥᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠲᠤᠭᠤᠱᠢᠯᠠᠭᠤᠯᠵᠤ᠂ ᠶᠡᠷᠦᠩᠬᠡᠶ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠤᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠲᠠᠶ ᠪᠥᠬᠥ᠌ ᠲᠠᠯ᠎ᠠ᠎ᠪᠠᠷ ᠪᠠᠷᠢᠮᠵᠢᠶᠠᠯᠠᠨ ᠬᠠᠷᠭᠤᠭᠤᠯᠵᠤ᠂ ᠥᠪᠥᠷ ᠮᠣᠩᠭᠣᠯ᠎ᠤᠨ ᠬᠥᠭ᠌ᠵᠢᠯᠲᠡ᠎ᠶ᠋ᠢᠨ ᠱᠠᠲᠤᠴᠢ ᠴᠢᠨᠠᠷᠲᠠᠶ ᠣᠨᠴᠠᠯᠢᠭ᠎ᠢ ᠨᠠᠷᠢᠨ ᠬᠢᠨᠠᠮᠠᠭᠠᠶ ᠵᠠᠳᠠᠯᠵᠤ᠂ 《1571》 ᠠᠵᠢᠯ᠎ᠤᠨ ᠪᠠᠢᠷᠢᠯᠠᠭᠤᠯᠤᠯᠲᠠ᠎ᠶ᠋ᠢ ᠪᠣᠯᠪᠠᠰᠤᠷᠠᠭᠤᠯᠤᠨ ᠪᠦᠷᠢᠯᠳᠦᠭᠦᠯᠪᠡ᠃ ᠪᠢᠳᠡ ᠡᠭᠦᠨ᠎ᠢᠶᠡᠷ ᠶᠡᠷᠦᠩᠬᠡᠢ ᠭᠠᠷᠳᠠᠴᠠ ᠪᠣᠯᠭᠠᠨ ᠡᠯ᠎ᠡ ᠵᠦᠢᠯ᠎ᠦᠨ ᠠᠵᠢᠯ᠎ᠢᠶᠠᠨ ᠰᠠᠢᠲᠤᠷ ᠬᠢᠵᠦ᠍᠂ ᠪᠦᠬᠦ᠌ ᠤᠯᠤᠰ᠎ᠲᠠᠶ ᠬᠠᠮᠲᠤ᠎ᠪᠠᠷ ᠨᠡᠢᠭᠡᠮ ᠵᠢᠷᠤᠮᠲᠤ ᠣᠳᠣᠬᠢᠴᠢᠯᠠᠯᠲᠠ᠎ᠶ᠋ᠢ ᠦᠨᠳᠦᠰᠦᠨ᠎ᠳᠡᠭᠡᠨ ᠪᠡᠶᠡᠯᠡᠭᠦᠯᠬᠦ᠌ ᠲᠠᠯ᠎ᠠ᠎ᠪᠠᠷ ᠱᠢᠢᠳᠪᠦᠷᠢᠯᠡᠭ᠌ᠴᠢ ᠴᠢᠨᠠᠷᠲᠠᠢ ᠠᠬᠢᠯᠳᠠ᠎ᠲᠠᠶ ᠪᠣᠯᠬᠤ᠎ᠪᠠᠷ ᠴᠢᠷᠮᠠᠢᠨ᠎ᠠ᠃ ᠡᠳᠡᠭᠡᠷ ᠬᠠᠷᠠᠯᠲᠠ ᠡᠭᠦᠷᠭᠡ᠎ᠶ᠋ᠢ ᠳᠤᠷᠠᠳᠤᠭ᠍ᠰᠠᠨ ᠪᠥᠭᠡᠳ ᠪᠡᠶᠡᠯᠡᠭᠦᠯᠬᠦ᠌᠎ᠳᠦ᠂ ᠥᠪᠥᠷ ᠮᠣᠩᠭᠣᠯ ᠡᠬᠢ ᠪᠠᠶᠠᠯᠢᠭ ᠡᠯᠪᠡᠭ ᠲᠡᠯᠪᠡᠭ᠂ ᠠᠵᠤ ᠦᠢᠯᠡᠰ᠎ᠦᠨ ᠲᠤᠯᠭᠠᠭᠤᠷᠢᠯᠠᠯ ᠬᠦᠴᠦᠲᠡᠢ᠂ ᠱᠢᠨ᠎ᠡ᠎ᠶ᠋ᠢ ᠡᠭᠦᠳᠬᠦ᠌ ᠬᠠᠨᠳᠤᠰᠢ ᠴᠢᠩᠭ᠎ᠠ ᠵᠡᠷᠭᠡ ᠮᠠᠰᠢ ᠤᠯᠠᠨ ᠠᠱᠢᠭ᠍ᠲᠠᠢ ᠨᠥᠬᠥᠴᠡᠯ᠎ᠢ ᠪᠦᠷᠢᠯᠳᠦᠭᠦᠯᠪᠠ; ᠪᠠᠷᠠᠭᠤᠨ ᠣᠷᠣᠨ᠎ᠢ ᠶᠡᠬᠡ᠎ᠪᠡᠷ ᠨᠡᠭᠡᠭᠡᠨ ᠬᠥᠭ᠌ᠵᠢᠭᠦᠯᠬᠦ᠌᠂ ᠵᠡᠭᠦᠨ ᠬᠣᠢᠲᠤ ᠣᠷᠣᠨ᠎ᠢ ᠪᠥᠬᠥ᠌ ᠲᠠᠯ᠎ᠠ᠎ᠪᠠᠷ ᠬᠥᠭ᠌ᠵᠢᠭᠦᠯᠦᠨ ᠮᠠᠨᠳᠤᠭᠤᠯᠬᠤ᠂ ᠬᠠᠲᠤᠨ ᠭᠤᠤᠯ᠎ᠤᠨ ᠰᠠᠪᠠ ᠭᠠᠵᠠᠷ᠎ᠤᠨ ᠠᠮᠢ ᠠᠬᠤᠶ᠎ᠶ᠋ᠢᠨ ᠬᠠᠮᠠᠭᠠᠯᠠᠯᠲᠠ ᠪᠠ ᠴᠢᠨᠠᠷ ᠰᠠᠢᠲᠠᠶ ᠬᠥᠭ᠌ᠵᠢᠯᠲᠡ ᠵᠡᠷᠭᠡ ᠤᠯᠤᠰ᠎ᠤᠨ ᠴᠢᠬᠤᠯᠠ ᠶᠡᠬᠡ ᠪᠠᠢᠯᠳᠤᠬᠤ ᠪᠣᠳᠣᠯᠭ᠎ᠠ᠎ᠶ᠋ᠢᠨ ᠳᠡᠮᠵᠢᠯᠭᠡ᠎ᠶ᠋ᠢ ᠳᠠᠪᠬᠤᠴᠠᠭᠤᠯᠵᠤ᠂ 2023 ᠣᠨ᠎ᠳᠤ ᠲᠥᠷᠥ᠎ᠶ᠋ᠢᠨ ᠶᠠᠪᠤᠳᠠᠯ᠎ᠤᠨ ᠬᠣᠷᠢᠶ᠎ᠠ ᠲᠤᠰᠭᠠᠢᠯᠠᠨ ᠪᠢᠴᠢᠭ ᠮᠠᠲ᠋ᠧᠷᠢᠶᠠᠯ ᠨᠡᠢᠲᠡᠯᠡᠵᠦ᠍ ᠥᠪᠥᠷ ᠮᠣᠩᠭᠣᠯ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠳᠡᠮᠵᠢᠪᠡ; ᠦᠨᠳᠦᠰᠦᠲᠡᠨ᠎ᠨᠦᠭᠦᠳ᠎ᠦᠨ ᠠᠷᠠᠳ ᠲᠦᠮᠡᠨ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠪᠦᠯᠬᠦᠮᠳᠡᠨ ᠡᠶ᠎ᠡ ᠵᠣᠬᠢᠴᠠᠩᠭᠤᠢ ᠪᠠᠢᠵᠤ᠂ ᠨᠠᠮ᠎ᠤᠨ ᠭᠡᠱᠢᠭᠦᠨ ᠺᠠᠳ᠋ᠷᠴᠤᠳ ᠮᠣᠩᠭᠣᠯ ᠮᠤᠷᠢᠨ᠎ᠤ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠣᠷᠣᠨ ᠳᠠᠶᠠᠭᠠᠷ᠎ᠤᠨ ᠡᠷᠴᠢ ᠵᠣᠷᠢᠭ ᠭᠦᠢᠴᠡᠳ᠂ ᠨᠡᠩ ᠶᠡᠬᠡ ᠬᠥᠭ᠌ᠵᠢᠯᠲᠡ᠎ᠶ᠋ᠢ ᠪᠡᠶᠡᠯᠡᠭᠦᠯᠬᠦ᠌ ᠢᠲᠡᠭᠡᠯ ᠪᠦᠷᠢᠨ ᠪᠠᠢᠨ᠎ᠠ ᠭᠡᠪᠡ᠃

ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶᠢᠨ 《ᠠᠷᠪᠠᠨ ᠲᠠᠪᠤᠳᠤᠭᠠᠷ ᠲᠠᠪᠤᠨ ᠵᠢᠯ》 ᠤ᠋ᠨ ᠲᠥᠯᠥᠪᠵᠢᠭᠦᠯᠭᠡ᠎ᠶ᠋ᠢᠨ 《ᠰᠠᠨᠠᠭᠤᠯᠭ᠎ᠠ》 ᠳ᠋ᠤ᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠬᠤᠭᠤᠴᠠᠭᠠᠨ᠎ᠳᠤ ᠬᠥᠮᠦᠨ ᠳᠤᠮᠳᠠᠴᠢ᠎ᠶ᠋ᠢᠨ ᠭᠠᠵᠠᠷ ᠣᠷᠣᠨ᠎ᠤ ᠦᠢᠯᠡᠳᠪᠦᠷᠢᠯᠡᠯ᠎ᠦᠨ ᠶᠡᠷᠦᠩᠬᠡᠢ ᠦᠷᠳᠡᠭ᠂ ᠰᠠᠭᠤᠭᠠᠯᠢ ᠠᠷᠠᠳ᠎ᠤᠨ ᠣᠷᠣᠯᠭ᠎ᠠ ᠵᠢ ᠪᠦᠬᠦ᠌ ᠤᠯᠤᠰ᠎ᠤᠨ ᠳᠡᠭᠡᠳᠦ ᠲᠦᠪᠰᠢᠨ᠎ᠳᠤ ᠳᠤᠭᠳᠠᠪᠤᠷᠢᠵᠢᠭᠤᠯᠬᠤ ᠵᠢ ᠪᠡᠶᠡᠯᠡᠭᠦᠯᠵᠦ᠍᠂ 2035 ᠣᠨ ᠪᠣᠯᠬᠤ᠎ᠳᠤ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠪᠠᠢᠭᠤᠯᠤᠯᠲᠠ᠂ ᠬᠢᠯᠢ ᠬᠢᠵᠠᠭᠠᠷ᠎ᠤᠨ ᠦᠨᠳᠦᠰᠦᠲᠡᠨ᠎ᠦ ᠣᠷᠣᠨ᠎ᠤ ᠬᠠᠮᠲᠤ᠎ᠶ᠋ᠢᠨ ᠴᠢᠨᠡᠭᠡᠯᠢᠭ᠌ᠵᠢᠯ᠎ᠢ ᠠᠬᠢᠭᠤᠯᠬᠤ ᠲᠠᠯ᠎ᠠ᠎ᠪᠠᠷ ᠦᠷᠭᠦᠯᠵᠢᠯᠡᠨ ᠡᠮᠦᠨ᠎ᠡ ᠡᠩᠨᠡᠭᠡᠨ᠎ᠳᠦ ᠤᠷᠤᠵᠦ᠂ ᠤᠯᠤᠰ᠎ᠤᠨ ᠠᠮᠢ ᠠᠬᠤᠢ᠎ᠶ᠋ᠢᠨ ᠠᠮᠤᠷ ᠲᠦᠪᠱᠢᠨ᠎ᠦ ᠬᠠᠯᠬᠠᠪᠴᠢ᠂ ᠠᠮᠤᠷ ᠲᠦᠪᠱᠢᠨ ᠲᠣᠭ᠍ᠲᠠᠭᠤᠨ᠎ᠤ ᠬᠠᠯᠬᠠᠪᠴᠢ᠎ᠶ᠋ᠢ ᠪᠠᠢᠭᠤᠯᠬᠤ ᠲᠠᠯ᠎ᠠ᠎ᠪᠠᠷ ᠦᠷᠭᠦᠯᠵᠢᠯᠡᠨ ᠡᠮᠦᠨ᠎ᠡ ᠡᠩᠨᠡᠭᠡᠨ᠎ᠳᠦ ᠶᠠᠪᠤᠨ᠎ᠠ ᠭᠡᠵᠦ᠍ ᠳᠤᠷᠠᠳᠴᠠᠢ᠂ ᠲᠤᠬᠠᠢᠯᠠᠪᠠᠯ 《ᠬᠣᠶᠠᠷ ᠲᠠᠯ᠎ᠠ ᠪᠡᠷ ᠪᠦᠬᠦ ᠤᠯᠤᠰ᠎ᠤᠨ ᠲᠡᠭᠡᠳᠦ ᠲᠦᠪᠰᠢᠨ᠎ᠳᠦ ᠳᠤᠬᠳᠠᠭᠤᠨ ᠪᠠᠢᠬᠤ᠎ᠶᠢ ᠪᠠᠳᠤᠯᠠᠵᠤ》᠂ 《ᠬᠣᠶᠠᠷ ᠳᠠᠯ᠎ᠡ ᠪᠡᠷ ᠦᠷᠬᠦᠯᠵᠢᠯᠡᠨ ᠪᠦᠬᠦ ᠤᠯᠤᠰ᠎ᠤᠨ ᠡᠮᠦᠨ᠎ᠡ ᠡᠩᠨᠡᠭᠡᠨ᠎ᠳᠦ ᠶᠠᠪᠤᠬᠤ》 ᠬᠠᠷᠠᠯᠲᠠ ᠪᠣᠯᠤᠨ᠎ᠠ᠃ ᠳᠤᠮᠳᠠᠳᠤ ᠤᠯᠤᠰ᠎ᠤᠨ ᠰᠣᠨᠢᠨ ᠮᠡᠳᠡᠭᠡᠨ᠎ᠦ ᠬᠣᠷᠢᠶ᠎ᠠ᠎ᠶ᠋ᠢᠨ ᠰᠤᠷᠪᠤᠯᠵᠢᠯᠠᠭ᠍ᠴᠢ ᠡᠭᠦᠨ᠎ᠦ ᠲᠤᠬᠠᠢ᠄ ᠥᠪᠥᠷ ᠮᠣᠩᠭᠣᠯ᠎ᠤᠨ ᠡᠨᠡ ᠬᠦ᠌ ᠬᠠᠷᠠᠯᠲᠠ᠎ᠶ᠋ᠢ ᠳᠤᠷᠠᠳᠤᠭ᠍ᠰᠠᠨ ᠭᠤᠤᠯ ᠪᠣᠳᠣᠯᠬᠢᠯᠠᠯ ᠨᠢ ᠶᠠᠭᠤ ᠪᠣᠶ᠂ ᠬᠡᠷᠬᠢᠨ ᠪᠡᠶᠡᠯᠡᠭᠦᠯᠬᠦ᠌ ᠪᠣᠶ? ᠭᠡᠵᠦ ᠠᠰᠠᠭᠤᠪᠠ᠂ ᠡᠭᠦᠨ᠎ᠳᠦ ᠸᠠᠩ ᠸᠧᠶ ᠵᠥᠩ᠂ ᠬᠥᠮᠦᠨ ᠳᠤᠮᠳᠠᠴᠢ᠎ᠶ᠋ᠢᠨ ᠭᠠᠵᠠᠷ ᠣᠷᠣᠨ᠎ᠤ ᠦᠶ᠋ᠯᠡᠳᠪᠦᠷᠢᠯᠡᠯ᠎ᠦᠨ ᠪᠥᠬᠥ᠌ ᠥᠷᠲᠡᠭ ᠪᠠ ᠰᠠᠭᠤᠭᠠᠯᠢ ᠠᠷᠠᠳ᠎ᠤᠨ ᠬᠥᠮᠦᠨ ᠳᠤᠮᠳᠠᠴᠢ᠎ᠶ᠋ᠢᠨ ᠡᠵᠡᠮᠳᠡᠵᠦ᠍ ᠪᠣᠯᠬᠤ ᠣᠷᠣᠯᠭ᠎ᠠ ᠪᠣᠯ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠬᠢᠷᠢ ᠲᠦᠪᠱᠢᠨ᠎ᠢ ᠬᠡᠮᠵᠢᠬᠦ᠌ ᠴᠢᠬᠤᠯᠠ ᠵᠢᠭᠠᠯᠳᠠ ᠲᠣᠭ᠎ᠠ ᠮᠥᠨ᠃ ᠪᠢᠳᠡ ᠠᠵᠤ ᠠᠬᠤᠢ᠎ᠶ᠋ᠢᠨ ᠶᠡᠷᠦᠩᠬᠡᠢ ᠬᠡᠮᠵᠢᠶ᠎ᠡ᠎ᠶ᠋ᠢ ᠪᠤᠵᠠᠭᠠᠢᠷᠠᠭᠤᠯᠬᠤ᠎ᠶ᠋ᠢᠨ ᠬᠠᠮᠲᠤ ᠬᠥᠭ᠌ᠵᠢᠯᠲᠡ᠎ᠶ᠋ᠢᠨ ᠶᠠᠰᠤ ᠴᠢᠨᠠᠷ ᠪᠠ ᠦᠷ᠎ᠡ ᠠᠱᠢᠭ᠎ᠢ ᠳᠡᠭᠡᠭ᠌ᠰᠢᠯᠡᠭᠦᠯᠬᠦ᠌᠎ᠶ᠋ᠢ ᠨᠡᠩ ᠴᠢᠬᠤᠯᠠᠴᠢᠯᠠᠵᠤ᠂ ᠬᠥᠮᠦᠨ ᠳᠤᠮᠳᠠᠴᠢ᠎ᠶ᠋ᠢᠨ ᠬᠥᠭ᠌ᠵᠢᠯᠲᠡ᠎ᠶ᠋ᠢᠨ ᠲᠦᠪᠱᠢᠨ᠎ᠢ ᠳᠡᠭᠡᠭ᠌ᠰᠢᠯᠡᠭᠦᠯᠬᠦ᠌᠎ᠶ᠋ᠢ ᠨᠡᠩ ᠴᠢᠬᠤᠯᠠᠴᠢᠯᠠᠵᠤ᠂ ᠬᠥᠮᠦᠨ ᠳᠤᠮᠳᠠᠴᠢ᠎ᠶ᠋ᠢᠨ ᠭᠠᠵᠠᠷ ᠣᠷᠣᠨ᠎ᠤ ᠦᠢᠯᠡᠳᠪᠦᠷᠢᠯᠡᠯ᠎ᠦᠨ ᠶᠡᠷᠦᠩᠬᠡᠢ ᠦᠷᠳᠡᠭ ᠪᠠ ᠰᠠᠭᠤᠭᠠᠯᠢ ᠠᠷᠠᠳ᠎ᠤᠨ ᠣᠷᠣᠯᠭ᠎ᠠ ᠵᠢ ᠪᠦᠬᠦ᠌ ᠤᠯᠤᠰ᠎ᠤᠨ ᠳᠡᠭᠡᠳᠦ ᠲᠦᠪᠰᠢᠨ᠎ᠳᠦ ᠳᠤᠭᠳᠠᠪᠤᠷᠢᠵᠢᠭᠤᠯᠬᠤ᠎ᠶ᠋ᠢ ᠦᠨᠡᠨ ᠬᠦ᠌ ᠪᠠᠲᠤᠯᠠᠨ᠎ᠠ᠃ 《ᠬᠣᠶᠠᠷ ᠳᠠᠯ᠎ᠡ ᠪᠡᠷ ᠦᠷᠬᠦᠯᠵᠢᠯᠡᠨ ᠡᠮᠦᠨ᠎ᠡ ᠡᠩᠨᠡᠭᠡᠨ᠎ᠳᠦ ᠶᠠᠪᠤᠬᠤ》 ᠪᠣᠯ ᠥᠪᠥᠷ ᠮᠣᠩᠭᠣᠯ᠎ᠤᠨ ᠪᠥᠬᠥ᠌ ᠤᠯᠤᠰ᠎ᠤᠨ ᠶᠡᠬᠡ ᠲᠠᠯ᠎ᠠ᠎ᠳᠤ ᠦᠶ᠋ᠯᠡᠴᠢᠯᠡᠬᠦ᠌ ᠬᠠᠷᠢᠭᠤᠴᠠᠯᠭ᠎ᠠ ᠪᠣᠯᠬᠤ ᠪᠥᠭᠡᠳ ᠴᠢᠨᠠᠷ ᠰᠠᠢᠲᠠᠶ ᠬᠥᠭ᠌ᠵᠢᠯᠲᠡ᠎ᠶ᠋ᠢ ᠪᠡᠶᠡᠯᠡᠭᠦᠯᠬᠦ᠌᠎ᠶ᠋ᠢᠨ ᠵᠠᠢᠯᠠᠰᠢ ᠥᠬᠡᠶ ᠱᠠᠭᠠᠷᠳᠠᠯᠭ᠎ᠠ ᠪᠣᠯᠤᠨ᠎ᠠ᠃ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》 ᠪᠣᠯᠤᠭ᠍ᠰᠠᠨ᠎ᠤ ᠬᠤᠪᠢ᠎ᠳᠤ᠂ ᠪᠢᠳᠡ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠨᠢᠳᠦᠨ᠎ᠳᠦ ᠦᠵᠡᠭᠳᠡᠮ᠎ᠡ᠂ ᠰᠡᠳᠬᠢᠯ᠎ᠳᠦ ᠰᠠᠭᠤᠭᠳᠠᠮ᠎ᠠ᠂ ᠭᠠᠷ᠎ᠲᠦ ᠪᠠᠷᠢᠭᠳᠠᠮ᠎ᠠ ᠪᠠᠲᠤ ᠴᠣᠭ᠍ᠴᠠᠯᠠᠵᠤ᠂ ᠵᠢᠷᠭᠠᠯ ᠵᠣᠪᠠᠯᠠᠩ᠎ᠢᠶᠠᠨ ᠬᠠᠮᠲᠤᠳᠭᠠᠬᠤ᠂ ᠠᠯᠳᠠᠷ ᠭᠤᠳᠤᠮᠰᠢᠭ᠎ᠢᠶᠠᠨ ᠬᠠᠮᠲᠤᠳᠭᠠᠬᠤ᠂ ᠦᠬᠦᠵᠦ᠍ ᠰᠡᠭᠡᠬᠦ᠌᠎ᠪᠡᠨ ᠬᠠᠮᠲᠤᠳᠭᠠᠬᠤ᠂ ᠬᠤᠪᠢ ᠵᠠᠶᠠᠭ᠎ᠠ᠎ᠪᠠᠨ ᠬᠠᠮᠲᠤᠳᠭᠠᠬᠤ ᠣᠢᠯᠠᠭᠠᠭ᠍ᠳᠠᠬᠤᠨ᠎ᠢ ᠬᠥᠮᠦᠰ᠎ᠦᠨ ᠰᠡᠳᠭᠢᠯ᠎ᠳᠦ ᠬᠠᠳᠠᠩᠱᠢᠭᠤᠯᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ ᠤ᠋ ᠬᠠᠮᠲᠤ᠎ᠪᠠᠷ ᠪᠦᠯᠬᠦᠮᠳᠡᠨ ᠲᠡᠮᠡᠴᠡᠵᠦ᠍᠂ ᠬᠠᠮᠲᠤ᠎ᠪᠠᠷ ᠴᠡᠴᠡᠭ᠌ᠯᠡᠨ ᠬᠥᠭ᠌ᠵᠢᠬᠦ᠌᠎ᠶ᠋ᠢ ᠬᠦᠳᠦᠯᠦᠨ ᠳᠠᠭᠠᠭᠤᠯᠤᠨ᠎ᠠ᠃ ᠥᠪᠥᠷ ᠮᠣᠩᠭᠣᠯ ᠪᠣᠯ ᠮᠠᠨ᠎ᠤ ᠤᠯᠤᠰ᠎ᠤᠨ ᠤᠮᠠᠷᠠᠲᠤ᠎ᠶ᠋ᠢᠨ ᠲᠠᠯᠠᠪᠠᠶ᠎ᠪᠠᠷ ᠬᠠᠮᠤᠭ᠎ᠤᠨ ᠶᠡᠬᠡ᠂ ᠲᠥᠷᠥᠯ ᠵᠦᠶ᠋ᠯ᠎ᠢᠶᠡᠷ ᠬᠠᠮᠤᠭ᠎ᠤᠨ ᠪᠦᠷᠢᠨ ᠠᠮᠢ ᠠᠬᠤᠶ᠎ᠶ᠋ᠢᠨ ᠴᠢᠳᠠᠮᠵᠢᠳᠤ ᠣᠷᠣᠨ ᠪᠣᠯᠬᠤ ᠪᠥᠭᠡᠳ ᠪᠠᠰᠠ ᠴᠤ᠌ ᠡᠬᠡ ᠤᠯᠤᠰ᠎ᠤᠨ 《ᠤᠮᠠᠷᠠᠲᠤ᠎ᠶ᠋ᠢᠨ ᠬᠠᠭᠠᠯᠭ᠎ᠠ》᠂ ᠨᠡᠢᠰᠯᠡᠯ᠎ᠦᠨ 《ᠬᠠᠮᠠᠭᠠᠯᠠᠯᠳᠠ ᠵᠢᠨ ᠭᠤᠤᠯ》 ᠪᠣᠯᠤᠨ᠎ᠠ᠂ ᠪᠢᠳᠡ 《ᠤᠮᠠᠷᠠᠲᠤ᠎ᠶ᠋ᠢᠨ ᠭᠤᠷᠪᠠᠨ ᠣᠷᠣᠨ》᠎ᠤ᠋ ᠢᠨᠵᠧᠨᠧᠷᠢᠩ᠎ᠦᠨ ᠪᠣᠭᠣᠮᠲᠠ ᠱᠢᠪᠲᠤᠯᠬᠤ ᠳᠠᠢᠯᠠᠯᠳᠤᠭᠠᠨ ᠪᠣᠯᠤᠨ ᠬᠥᠬᠡ ᠣᠭ᠍ᠲᠠᠷᠭᠤᠶ᠂ ᠬᠥᠬᠡᠮᠳᠦᠭ ᠤᠰᠤ᠂ ᠴᠡᠪᠡᠷ ᠬᠥᠷᠥᠰᠥ᠎ᠶ᠋ᠢ ᠬᠠᠮᠠᠭᠠᠯᠠᠬᠤ ᠳᠠᠢᠯᠠᠯᠳᠤᠭᠠᠨ᠎ᠢ ᠪᠥᠬᠥ᠌ ᠬᠦᠴᠦᠨ᠎ᠢᠶᠡᠷ᠎ᠢᠶᠡᠨ ᠰᠠᠢᠲᠤᠷ ᠬᠢᠵᠦ᠍᠂ ᠤᠮᠠᠷᠠᠲᠤ ᠬᠢᠯᠢ᠎ᠶ᠋ᠢᠨ ᠬᠠᠯᠬᠠᠪᠴᠢ᠎ᠶ᠋ᠢᠨ ᠤᠯᠤᠰ᠎ᠤᠨ ᠠᠮᠤᠷ ᠲᠦᠪᠱᠢᠨ ᠤ᠋ ᠪᠠᠲᠤᠯᠠᠭ᠎ᠠ᠎ᠶ᠋ᠢᠨ ᠴᠢᠳᠠᠪᠤᠷᠢ᠎ᠶ᠋ᠢ ᠨᠢᠭᠡ ᠴᠣᠭ᠍ᠴᠠᠵᠢᠭᠤᠯᠤᠨ ᠳᠡᠭᠡᠭ᠌ᠰᠢᠯᠡᠭᠦᠯᠬᠦ᠌ ᠢᠨᠵᠧᠨᠧᠷᠢᠩ᠎ᠢ ᠰᠠᠢᠲᠤᠷ ᠬᠡᠷᠡᠭ᠌ᠵᠢᠭᠦᠯᠵᠦ᠍᠂ ᠤᠮᠠᠷᠠᠲᠤ ᠬᠢᠯᠢ᠎ᠶ᠋ᠢᠨ ᠲᠦᠮᠡᠨ ᠭᠠᠵᠠᠷ᠎ᠤᠨ ᠨᠣᠮᠢᠨ ᠨᠣᠭᠣᠭᠠᠨ ᠣᠷᠳᠣ ᠴᠠᠭᠠᠨ ᠬᠡᠷᠡᠮ ᠪᠣᠯᠤᠨ ᠠᠮᠤᠷ ᠲᠦᠪᠱᠢᠨ ᠲᠣᠭ᠍ᠲᠠᠭᠤᠨ ᠤ᠋ ᠪᠠᠳᠤ ᠪᠡᠬᠢ ᠪᠤᠯᠤᠳ ᠬᠡᠷᠡᠮ᠎ᠢ ᠪᠠᠲᠤ ᠴᠣᠭ᠍ᠴᠠᠯᠠᠨ᠎ᠠ ᠭᠡᠵᠦ ᠢᠯᠡᠳᠬᠡᠪᠡ᠃

《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ᠎ᠳᠤ᠂ ᠥᠪᠥᠷ ᠮᠣᠩᠭᠣᠯ᠎ᠤᠨ ᠡᠯ᠎ᠡ ᠵᠦᠶ᠋ᠯ᠎ᠦᠨ ᠠᠵᠢᠯ ᠦᠶ᠋ᠯᠡᠰ᠎ᠦᠨ ᠬᠥᠭ᠌ᠵᠢᠯᠲᠡ ᠱᠢᠨ᠎ᠡ ᠳᠡᠭ᠌ᠲᠡᠷ᠎ᠲᠦ ᠭᠠᠷᠪᠠ᠃ ᠱᠢᠨᠬᠤᠸᠠ ᠬᠤᠷᠢᠶ᠎ᠠ᠎ᠶᠢᠨ ᠰᠤᠷᠪᠤᠯᠵᠢᠯᠠᠭ᠍ᠴᠢ ᠡᠭᠦᠨ᠎ᠦ ᠲᠤᠬᠠᠶ᠄ ᠥᠪᠥᠷ ᠮᠣᠩᠭᠣᠯ 《ᠠᠷᠪᠠᠨ ᠳᠥᠷᠪᠡᠳᠦᠭᠡᠷ ᠲᠠᠪᠤᠨ ᠵᠢᠯ》᠎ᠤ᠋ᠨ ᠬᠤᠭᠤᠴᠠᠭᠠᠨ᠎ᠳᠤ ᠶᠠᠮᠠᠷ ᠶᠠᠮᠠᠷ ᠭᠤᠤᠯ ᠠᠮᠵᠢᠯᠲᠠ ᠪᠦᠲᠦᠮᠵᠢ ᠣᠯᠤᠭ᠍ᠰᠠᠨ ᠪᠣᠶ? ᠶᠠᠮᠠᠷ ᠪᠡᠯᠭᠡ ᠲᠡᠮᠳᠡᠭ ᠤ᠋ᠨ ᠴᠢᠨᠠᠷᠲᠠᠶ ᠦᠷ᠎ᠡ ᠪᠦᠲᠦᠭᠡᠯ ᠪᠠᠢᠬᠤ ᠪᠣᠢ? ᠭᠡᠵᠦ ᠠᠰᠠᠭᠤᠪᠠ᠃ ᠪᠦᠦ ᠭᠠᠩ᠂ ᠨᠠᠮ᠎ᠤᠨ ᠲᠥᠪ ᠬᠣᠷᠢᠶ᠎ᠠ ᠪᠣᠯᠤᠨ ᠶᠡᠷᠦᠩᠬᠡᠶ ᠱᠦᠵᠢ ᠰᠢ ᠵᠢᠨ ᠫᠢᠩ᠎ᠦᠨ ᠳᠣᠲᠣᠨᠣ ᠬᠠᠯᠠᠮᠵᠢᠯᠠᠯ ᠳᠤᠤᠷ᠎ᠠ 《ᠠᠷᠪᠠᠨ ᠳᠥᠷᠪᠡᠳᠦᠭᠡᠷ ᠲᠠᠪᠤᠨ ᠵᠢᠯ》᠎ᠤ᠋ᠨ  ᠬᠤᠭᠤᠴᠠᠭᠠᠨ᠎ᠳᠤ ᠥᠪᠥᠷ ᠮᠣᠩᠭᠣᠯ᠎ᠤᠨ ᠬᠥᠭ᠌ᠵᠢᠯᠲᠡ ᠢᠯᠡᠳᠲᠡ ᠦᠷ᠎ᠡ ᠪᠦᠲᠦᠮᠵᠢ ᠤᠯᠪᠠ᠃ ᠨᠢᠭᠡ᠎ᠳᠦ᠂ ᠴᠢᠨᠠᠷ ᠰᠠᠢᠲᠠᠶ ᠬᠥᠭ᠌ᠵᠢᠯᠲᠡ ᠯᠠᠪᠳᠠᠭᠤᠨ᠎ᠢᠶᠠᠷ ᠠᠭᠢᠵᠤ᠂ ᠠᠵᠤ ᠠᠬᠤᠶ᠎ᠶ᠋ᠢᠨ ᠶᠡᠷᠦᠩᠬᠡᠶ ᠬᠡᠮᠵᠢᠶ᠎ᠡ ᠪᠥᠬᠥ᠌ ᠤᠯᠤᠰ᠎ᠤᠨ 20 ᠳ᠋ᠤᠭᠠᠷ᠎ᠲᠤ ᠣᠷᠣᠵᠤ᠂ ᠬᠥᠮᠦᠨ ᠳᠤᠮᠳᠠᠴᠢ᠎ᠶ᠋ᠢᠨ GDP ᠪᠥᠬᠥ᠌ ᠤᠯᠤᠰ᠎ᠲᠤ 8 ᠳ᠋ᠤᠭᠠᠷ᠎ᠲᠤ ᠣᠷᠣᠵᠤ᠂ ᠴᠠᠭᠠᠨ ᠢᠳᠡᠭᠡ᠂ ᠬᠣᠪᠣᠷ ᠱᠢᠷᠣᠶ᠎ᠶ᠋ᠢᠨ ᠱᠢᠨ᠎ᠡ ᠮᠠᠲ᠋ᠧᠷᠢᠶᠠᠯ᠂ ᠣᠲᠣ ᠦᠶ᠎ᠡ᠎ᠶ᠋ᠢᠨ ᠨᠡᠭᠦᠷᠡᠰᠦ ᠬᠢᠮᠢ᠎ᠶ᠋ᠢᠨ ᠠᠵᠤ ᠦᠶ᠋ᠯᠡᠳᠪᠦᠷᠢ ᠤᠯᠤᠰ᠎ᠤᠨ ᠲᠡᠷᠢᠭᠦᠨ᠎ᠦ ᠦᠶ᠋ᠯᠡᠳᠬᠦ᠌ ᠦᠶ᠋ᠯᠡᠰ᠎ᠦᠨ ᠪᠦᠯᠦᠭ᠌ᠵᠢᠯ᠎ᠳᠦ ᠰᠣᠩᠭᠣᠭ᠍ᠳᠠᠨ ᠣᠷᠣᠵᠤ᠂ 80 ᠭᠠᠷᠤᠶ ᠵᠦᠶ᠋ᠯ᠎ᠦᠨ ᠦᠶ᠋ᠯᠡᠳᠬᠦᠨ᠎ᠦ ᠦᠶ᠋ᠯᠡᠳᠪᠦᠷᠢᠯᠡᠬᠦ᠌ ᠴᠢᠳᠠᠪᠤᠷᠢ ᠪᠥᠬᠥ᠌ ᠤᠯᠤᠰ᠎ᠲᠤ ᠨᠢᠭᠡᠳᠦᠭᠡᠷ᠎ᠲᠦ ᠣᠷᠣᠪᠠ᠃ ᠬᠣᠶᠠᠷ᠎ᠲᠤ᠂ ᠤᠯᠤᠰ᠎ᠤᠨ ᠶᠡᠬᠡ ᠲᠠᠯ᠎ᠠ᠎ᠳᠤ ᠦᠶ᠋ᠯᠡᠴᠢᠯᠡᠬᠦ᠌ ᠴᠢᠳᠠᠪᠤᠷᠢ ᠲᠠᠰᠤᠷᠠᠯᠲᠠ ᠥᠬᠡᠶ ᠴᠢᠩᠭᠠᠷᠠᠵᠤ᠂ 29 ᠮᠤᠵᠢ ᠣᠷᠣᠨ᠎ᠳᠤ 35 ᠳ᠋ᠦᠩᠱᠢᠭᠤᠷ ᠲᠣᠨ ᠨᠡᠭᠦᠷᠡᠰᠦ ᠬᠠᠩᠭᠠᠬᠤ᠎ᠶ᠋ᠢ ᠪᠠᠲᠤᠯᠠᠵᠤ᠂ ᠴᠠᠬᠢᠯᠭᠠᠨ ᠬᠦᠴᠦᠨ᠎ᠦ ᠭᠠᠳᠠᠭ᠍ᠰᠢ ᠬᠦᠷᠭᠡᠬᠦ᠌ ᠬᠡᠮᠵᠢᠶ᠎ᠡ 21 ᠵᠢᠯ ᠳᠠᠷᠠᠭᠠᠯᠠᠨ ᠪᠥᠬᠥ᠌ ᠤᠯᠤᠰ᠎ᠤᠨ ᠲᠡᠷᠢᠭᠦᠨ᠎ᠳᠦ ᠣᠷᠣᠵᠤ᠂ ᠠᠮᠤ ᠪᠤᠳᠠᠭᠠᠨ᠎ᠤ ᠵᠢᠯ᠎ᠦᠨ ᠬᠠᠮᠤᠭ᠎ᠤᠨ ᠥᠨᠳᠥᠷ ᠤᠨᠠᠯᠲᠠ 840 ᠳ᠋ᠦᠩᠱᠢᠭᠤᠷ ᠵᠢᠩ᠎ᠳᠦ ᠬᠦᠷᠴᠦ᠍᠂ ᠪᠥᠬᠥ᠌ ᠤᠯᠤᠰ᠎ᠲᠦ ᠲᠠᠪᠤᠳᠤᠭᠠᠷ᠎ᠲᠤ ᠣᠷᠣᠵᠤ᠂ ᠦᠨᠢᠶᠡᠨ ᠰᠦ᠂ ᠦᠬᠡᠷ᠎ᠦᠨ ᠮᠢᠬ᠎ᠠ᠂ ᠬᠣᠨᠢᠨ ᠮᠢᠬ᠎ᠠ᠂ ᠲᠡᠵᠢᠭᠡᠯ ᠡᠪᠡᠰᠦ ᠵᠡᠷᠭᠡ᠎ᠶ᠋ᠢᠨ ᠭᠠᠷᠤᠯᠲᠠ ᠪᠥᠬᠥ᠌ ᠤᠯᠤᠰ᠎ᠤᠨ ᠲᠡᠷᠢᠭᠦᠨ᠎ᠳᠦ ᠣᠷᠣᠵᠤ᠂ ᠣᠶᠤᠨᠴᠢ ᠪᠤᠳᠤᠯᠲᠠ᠎ᠶᠢᠨ ᠬᠡᠪᠴᠢᠶ᠎ᠡ 22 ᠲᠦᠮᠡᠨ P᠎ᠳ᠋ᠤ ᠬᠦᠷᠴᠦ᠍᠂ ᠪᠤᠬᠢᠷᠲᠤᠯ ᠦᠭᠡᠢ ᠴᠠᠬᠢᠯᠭᠠᠨ᠎ᠤ ᠬᠡᠷᠡᠭ᠌ᠯᠡᠭᠡᠨ᠎ᠦ ᠬᠠᠷᠢᠴᠠᠯ 82%᠎ᠡᠴᠡ ᠳᠡᠭᠡᠭ᠌ᠰᠢ ᠪᠣᠯᠪᠠ᠃ ᠭᠤᠷᠪᠠ᠎ᠳᠤ᠂ ᠠᠮᠢ ᠠᠬᠤᠢ᠎ᠶ᠋ᠢᠨ ᠠᠮᠤᠷ ᠲᠦᠪᠱᠢᠨ᠎ᠦ ᠬᠠᠯᠬᠠᠪᠴᠢ᠎ᠶ᠋ᠢ ᠤᠯᠠᠮ ᠨᠢᠭᠡ ᠠᠯᠬᠤᠮ ᠪᠡᠬᠢᠵᠢᠭᠦᠯᠵᠦ᠍᠂ 《ᠤᠮᠠᠷᠠᠲᠤ᠎ᠶ᠋ᠢᠨ ᠭᠤᠷᠪᠠᠨ ᠣᠷᠣᠨ》 ᠤ᠋ ᠢᠨᠵᠧᠨᠧᠷᠢᠩ᠎ᠦᠨ ᠪᠣᠭᠣᠮᠲᠠ ᠱᠢᠪᠲᠤᠯᠬᠤ ᠳᠠᠢᠯᠠᠯᠳᠤᠭᠠᠨ 6688 ᠲᠦᠮᠡᠨ ᠮᠦ᠍᠎ᠡᠯᠡᠰᠦᠷᠬᠡᠭ᠌ᠵᠢᠯ᠎ᠢ ᠰᠡᠷᠭᠡᠢᠯᠡᠨ ᠡᠯᠡᠰᠦ᠎ᠶ᠋ᠢ ᠵᠠᠰᠠᠬᠤ ᠶ᠋ᠢ ᠪᠡᠶᠡᠯᠡᠭᠦᠯᠵᠦ᠍᠂ 《ᠬᠦᠯᠦᠨ ᠨᠠᠭᠤᠷ ᠤᠯᠠᠭᠠᠨᠰᠤᠬᠠᠢ ᠳᠠᠭ᠎ᠠ᠎ᠶᠢᠨ ᠨᠠᠭᠤᠷ》 ᠵᠢᠴᠢ ᠴᠠᠭᠠᠨᠨᠠᠭᠤᠷ᠎ᠤᠨ ᠵᠠᠰᠠᠯᠲᠠ ᠨᠢ 《ᠨᠠᠭᠤᠷ ᠴᠥᠭᠥᠷᠥᠮ᠎ᠢ ᠵᠠᠰᠠᠬᠤ》 ᠡᠴᠡ 《ᠰᠠᠪᠠ ᠭᠠᠵᠠᠷ᠎ᠢ ᠵᠠᠰᠠᠬᠤ》 ᠲᠡᠢᠰᠢ ᠬᠤᠪᠢᠷᠠᠵᠤ᠂ ᠱᠢᠯᠢᠳᠡᠭ ᠰᠠᠢ᠌ᠨ ᠡᠳᠦᠷ᠎ᠦᠨ ᠲᠣᠭ᠎ᠠ᠎ᠶ᠋ᠢᠨ ᠬᠠᠷᠢᠴᠠᠯ᠎ᠢ 90% ᠡᠴᠡ ᠳᠡᠭᠡᠭ᠌ᠰᠢ ᠪᠠᠢᠯᠭᠠᠬᠤ᠎ᠶ᠋ᠢ ᠪᠠᠲᠤᠯᠠᠪᠠ᠃ ᠲᠦᠷᠪᠡ᠎ᠳᠦ᠂ ᠠᠷᠠᠳ᠎ᠤᠨ ᠠᠮᠢᠳᠤᠷᠠᠯ᠎ᠤᠨ ᠠᠵᠠ ᠵᠢᠷᠭᠠᠯ ᠲᠠᠰᠤᠷᠠᠯᠳᠠ ᠦᠭᠡᠢ ᠨᠡᠮᠡᠭ᠌ᠳᠡᠵᠦ᠍᠂ ᠰᠠᠭᠤᠭᠠᠯᠢ ᠠᠷᠠᠳ᠎ᠤᠨ ᠬᠥᠮᠦᠨ ᠳᠤᠮᠳᠠᠴᠢ᠎ᠶ᠋ᠢᠨ ᠡᠵᠡᠮᠳᠡᠵᠦ᠍ ᠪᠣᠯᠬᠤ ᠣᠷᠣᠯᠭ᠎ᠠ ᠪᠦᠬᠦ᠌ ᠤᠯᠤᠰ᠎ᠲᠤ ᠶᠢᠰᠦᠳᠦᠭᠡᠷ᠎ᠲᠦ ᠣᠷᠣᠵᠤ᠂ ᠠᠷᠠᠳ᠎ᠤᠨ ᠠᠮᠢᠳᠤᠷᠠᠯ᠎ᠤᠨ ᠦᠨᠳᠦᠰᠦᠨ ᠪᠠᠲᠤᠯᠠᠭ᠎ᠠ ᠪᠦᠬᠦ᠌ ᠤᠯᠤᠰ᠎ᠤᠨ ᠳᠤᠮᠳᠠᠴᠢ ᠲᠦᠪᠱᠢᠨ᠎ᠳᠦ ᠬᠦᠷᠦᠭ᠌ᠰᠡᠨ ᠪᠤᠶᠤ ᠲᠡᠭᠦᠨ᠎ᠡᠴᠡ ᠳᠠᠪᠠᠪᠠ᠃ ᠲᠠᠪᠤ᠎ᠳᠤ᠂ ᠦᠨᠳᠦᠰᠦᠲᠡᠨ᠎ᠦ ᠪᠦᠯᠬᠦᠮᠳᠡᠯ᠎ᠦᠨ ᠪᠠᠢᠳᠠᠯ ᠦᠷᠭᠦᠯᠵᠢᠯᠡᠨ ᠪᠡᠬᠢᠵᠢᠵᠦ᠍᠂ ᠪᠦᠬᠦ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ 65 ᠵᠢᠱ᠌ᠢᠶ᠎ᠡ ᠦᠵᠡᠭᠦᠯᠬᠦ᠌ ᠨᠡᠢᠲᠡᠯᠢᠭ ᠵᠢᠱ᠌ᠢᠶ᠎ᠡ᠎ᠶ᠋ᠢ ᠠᠮᠵᠢᠯᠲᠠ᠎ᠲᠠᠶ ᠡᠭᠦᠳᠦᠨ ᠪᠠᠢᠭᠤᠯᠵᠤ᠂ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠨᠡᠩ ᠨᠢᠭ᠍ᠲᠠᠷᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠬᠥᠮᠦᠰ᠎ᠦᠨ ᠰᠡᠳᠭᠢᠯ᠎ᠳᠦ ᠨᠡᠩ ᠬᠠᠳᠠᠩᠱᠢᠭᠤᠯᠵᠠᠢ ᠭᠡᠪᠡ᠃

《ᠠᠷᠪᠠᠨ ᠳᠥᠷᠪᠡᠳᠦᠭᠡᠷ ᠲᠠᠪᠤᠨ ᠵᠢᠯ》᠎ᠤ᠋ᠨ ᠲᠥᠯᠥᠪᠵᠢᠭᠦᠯᠭᠡ᠎ᠶ᠋ᠢᠨ ᠬᠤᠭᠤᠴᠠᠭᠠᠨ᠎ᠳᠤ᠂ ᠥᠪᠥᠷ ᠮᠣᠩᠭᠣᠯ᠎ᠤᠨ ᠠᠷᠠᠳ᠎ᠤᠨ ᠠᠮᠢᠳᠤᠷᠠᠯ᠎ᠤᠨ ᠠᠵᠠ ᠵᠢᠷᠭᠠᠯ ᠲᠠᠰᠤᠷᠠᠯᠲᠠ ᠥᠬᠡᠶ ᠨᠡᠮᠡᠭ᠌ᠳᠡᠵᠦ᠍᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠠᠰᠠ ᠡᠨᠡ ᠵᠢᠯ 《ᠠᠷᠠᠳ᠎ᠤᠨ ᠠᠮᠢᠳᠤᠷᠠᠯ᠎ᠤᠨ ᠠᠷᠪᠠᠨ ᠶᠡᠬᠡ ᠢᠨᠵᠧᠨᠧᠷᠢᠩ》 ᠢ᠋ ᠬᠡᠷᠡᠭ᠌ᠵᠢᠭᠦᠯᠦᠨ᠎ᠡ ᠭᠡᠵᠦ᠍ ᠳᠤᠷᠠᠳᠪᠠ᠃ ᠳᠤᠮᠳᠠᠳᠤ ᠤᠯᠤᠰ᠎ᠤᠨ ᠡᠳᠦᠷ᠎ᠦᠨ ᠰᠣᠨᠢᠨ᠎ᠤ ᠰᠤᠷᠪᠤᠯᠵᠢᠯᠠᠭ᠍ᠴᠢ ᠡᠭᠦᠨ᠎ᠦ ᠲᠤᠬᠠᠶ ᠥᠪᠥᠷ ᠮᠣᠩᠭᠣᠯ᠎ᠤᠨ ᠠᠷᠠᠳ᠎ᠤᠨ ᠠᠮᠢᠳᠤᠷᠠᠯ᠎ᠤᠨ ᠲᠠᠯ᠎ᠠ᠎ᠪᠠᠷ᠎ᠬᠢ ᠡᠲᠡᠭᠡᠷ ᠵᠢᠯ᠎ᠦᠨ ᠪᠠᠢᠳᠠᠯ᠎ᠢ ᠲᠠᠨᠢᠯᠴᠠᠭᠤᠯᠬᠤ᠎ᠵᠢ ᠬᠦᠰᠡᠪᠡ᠃ ᠪᠦᠦ ᠭᠠᠩ᠂ 《ᠠᠷᠪᠠᠨ ᠳᠥᠷᠪᠡᠳᠦᠭᠡᠷ ᠲᠠᠪᠤᠨ ᠵᠢᠯ》᠎ᠤ᠋ᠨ ᠲᠥᠯᠥᠪᠵᠢᠭᠦᠯᠭᠡ᠎ᠶ᠋ᠢᠨ ᠬᠤᠭᠤᠴᠠᠭᠠᠨ᠎ᠳᠤ᠂ ᠥᠪᠥᠷ ᠮᠣᠩᠭᠣᠯ ᠠᠷᠠᠳ ᠲᠦᠮᠡᠨ᠎ᠢᠶᠡᠷ ᠭᠤᠤᠯ ᠪᠣᠯᠭᠠᠬᠤ ᠬᠥᠭ᠌ᠵᠢᠯᠲᠡ᠎ᠶ᠋ᠢᠨ ᠦᠵᠡᠯ ᠰᠠᠨᠠᠭ᠎ᠠ᠎ᠶ᠋ᠢ ᠭᠦᠨᠵᠡᠭᠡᠶ ᠲᠤᠭᠤᠱᠢᠯᠠᠭᠤᠯᠵᠤ᠂ ᠠᠷᠠᠳ᠎ᠤᠨ ᠠᠮᠢᠳᠤᠷᠠᠯ᠎ᠢ ᠪᠠᠲᠤᠯᠠᠨ ᠰᠠᠢᠵᠢᠷᠠᠭᠤᠯᠬᠤ ᠡᠷᠴᠢᠮ᠎ᠢᠶᠡᠨ ᠦᠷᠭᠦᠯᠵᠢᠯᠡᠨ ᠴᠢᠩᠭᠠᠷᠠᠭᠤᠯᠪᠠ᠃ ᠬᠣᠲᠠ ᠪᠠᠯᠭᠠᠰᠤᠨ᠎ᠤ 106 ᠲᠦᠮᠡᠨ ᠬᠥᠮᠦᠨ᠎ᠳᠦ ᠱᠢᠨ᠎ᠡ᠎ᠪᠡᠷ ᠠᠵᠢᠯ ᠣᠯᠭᠣᠵᠤ᠂ ᠰᠠᠭᠤᠭᠠᠯᠢ ᠠᠷᠠᠳ᠎ᠤᠨ ᠬᠥᠮᠦᠨ ᠳᠤᠮᠳᠠᠴᠢ᠎ᠶ᠋ᠢᠨ ᠡᠵᠡᠮᠳᠡᠵᠦ᠍ ᠪᠣᠯᠬᠤ ᠣᠷᠣᠯᠭ᠎ᠠ 4 ᠲᠦᠮᠡᠨ ᠲᠥᠭᠥᠷᠢᠭ᠎ᠢ ᠳᠠᠪᠠᠪᠠ᠃ ᠰᠤᠷᠭᠠᠭᠤᠯᠢ᠎ᠶᠢᠨ ᠨᠠᠰᠤᠨ᠎ᠡᠴᠡ ᠡᠮᠦᠨᠡᠬᠢ ᠰᠤᠷᠭᠠᠨ ᠬᠥᠮᠦᠵᠢᠯ᠎ᠦᠨ ᠴᠡᠴᠡᠷᠯᠢᠭ᠎ᠲᠦ ᠤᠷᠤᠭ᠍ᠰᠠᠨ ᠪᠦᠬᠦ᠌ ᠨᠤᠷᠮ᠎ᠠ᠂ ᠶᠢᠰᠦᠨ ᠵᠢᠯ᠎ᠦᠨ ᠠᠯᠪᠠᠨ ᠵᠢᠷᠤᠮ᠎ᠤᠨ ᠰᠤᠷᠭᠠᠨ ᠬᠥᠮᠦᠵᠢᠯ᠎ᠢ ᠪᠡᠬᠢᠵᠢᠭᠦᠯᠦᠭ᠌ᠰᠡᠨ ᠨᠤᠷᠮ᠎ᠠ᠂ ᠥᠨᠳᠥᠷ ᠵᠡᠷᠭᠡ᠎ᠶ᠋ᠢᠨ ᠳᠤᠮᠳᠠᠳᠤ ᠰᠤᠷᠭᠠᠭᠤᠯᠢ᠎ᠶ᠋ᠢᠨ ᠱᠠᠲᠤᠨ᠎ᠤ ᠰᠤᠷᠭᠠᠭᠤᠯᠢ᠎ᠳᠤ ᠤᠷᠤᠭ᠍ᠰᠠᠨ ᠪᠦᠬᠦ᠌ ᠨᠤᠷᠮ᠎ᠠ ᠴᠥᠮ ᠪᠦᠬᠦ᠌ ᠤᠯᠤᠰ᠎ᠤᠨ ᠳᠤᠮᠳᠠᠴᠢ ᠲᠦᠪᠱᠢᠨ᠎ᠡᠴᠡ ᠥᠨᠳᠥᠷ ᠪᠣᠯᠪᠠ᠃ ᠤᠯᠤᠰ᠎ᠤᠨ ᠣᠷᠣᠨ ᠪᠦᠰᠡ᠎ᠶ᠋ᠢᠨ ᠡᠮᠴᠢᠯᠡᠭᠡᠨ᠎ᠦ ᠲᠥᠪ᠎ᠢ 4 ᠪᠠᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠲᠤᠰᠭᠠᠶ ᠮᠡᠷᠭᠡᠵᠢᠯ᠎ᠦᠨ ᠣᠷᠣᠨ ᠪᠦᠰᠡ᠎ᠶ᠋ᠢᠨ ᠡᠮᠴᠢᠯᠡᠭᠡᠨ᠎ᠦ ᠲᠥᠪ᠎ᠢ 39 ᠪᠠᠢᠷᠢᠯᠠᠭᠤᠯᠪᠠ᠃ ᠨᠠᠰᠤᠵᠢᠯ᠎ᠤᠨ ᠠᠰᠠᠷᠠᠮᠵᠢ᠎ᠶ᠋ᠢᠨ ᠪᠠᠢᠭᠤᠯᠤᠮᠵᠢ ᠪᠠ ᠲᠥᠬᠥᠭᠡᠷᠦᠮᠵᠢ 9341᠎ᠳ᠋ᠤ ᠬᠦᠷᠴᠦ᠍᠂ ᠮᠢᠩᠭᠠᠨ ᠬᠥᠮᠦᠨ ᠪᠦᠷᠢ᠎ᠳᠦ 3 ᠨᠠᠰᠤᠨ᠎ᠡᠴᠡ ᠳᠣᠷᠣᠭ᠍ᠰᠢᠬᠢ ᠨᠢᠯᠬ᠎ᠠ ᠬᠡᠦᠬᠡᠳ ᠰᠠᠭᠠᠲᠠᠭᠤᠯᠬᠤ ᠣᠷᠣᠨ ᠲᠣᠭ᠎ᠠ᠎ᠶ᠋ᠢ 4.6 ᠪᠣᠯᠭᠠᠨ ᠳᠡᠭᠡᠭ᠌ᠰᠢᠯᠡᠭᠦᠯᠪᠡ᠃ ᠬᠣᠲᠠ ᠪᠠᠯᠭᠠᠰᠤᠨ᠎ᠤ 7323 ᠬᠠᠭᠤᠴᠢᠨ ᠰᠠᠭᠤᠭᠠᠯᠢ ᠲᠣᠭᠣᠷᠢᠭ᠂ 3.1 ᠲᠦᠮᠡᠨ ᠢᠵᠢ ᠨᠤᠷᠠᠬᠤ ᠠᠶᠤᠯᠲᠠᠢ ᠭᠡᠷ ᠪᠠᠢᠱᠢᠩ᠎ᠢ ᠥᠭᠡᠷᠡᠴᠢᠯᠡᠨ ᠵᠠᠰᠠᠪᠠ᠃ ᠡᠨᠡ ᠵᠢᠯ᠂ ᠪᠢᠳᠠ ᠵᠠᠰᠠᠭ᠎ᠤᠨ ᠠᠵᠢᠯ᠎ᠤᠨ ᠪᠦᠲᠦᠮᠵᠢ᠎ᠶ᠋ᠢᠨ ᠲᠤᠬᠠᠢ ᠵᠦᠪ ᠦᠵᠡᠯᠲᠡ᠎ᠶ᠋ᠢ ᠪᠤᠢ ᠪᠣᠯᠭᠠᠨ ᠦᠢᠯᠡᠳᠦᠯᠭᠡᠵᠢᠭᠦᠯᠬᠦ᠌ ᠰᠤᠷᠤᠯᠴᠠᠯᠭ᠎ᠠ ᠬᠥᠮᠦᠵᠢᠯ᠎ᠢ ᠭᠦᠨᠵᠡᠭᠡᠢ ᠥᠷᠨᠢᠭᠦᠯᠵᠦ᠍᠂ ᠠᠷᠠᠳ ᠲᠦᠮᠡᠨ᠎ᠦ ᠲᠥᠯᠥᠭᠡ ᠵᠠᠰᠠᠭ᠎ᠤᠨ ᠠᠵᠢᠯ᠎ᠤᠨ ᠪᠦᠲᠦᠮᠵᠢ ᠭᠠᠷᠭᠠᠵᠤ᠂ ᠪᠣᠳᠠᠲᠠᠢ ᠠᠵᠢᠯᠯᠠᠬᠤ᠎ᠪᠠᠷ ᠵᠠᠰᠠᠭ᠎ᠤᠨ ᠠᠵᠢᠯ᠎ᠤᠨ ᠪᠦᠲᠦᠮᠵᠢ ᠭᠠᠷᠭᠠᠬᠤ᠎ᠶ᠋ᠢ ᠪᠠᠷᠢᠮᠲᠠᠯᠠᠵᠤ᠂ 《ᠠᠷᠪᠠᠨ ᠶᠡᠬᠡ ᠠᠷᠠᠳ᠎ᠤᠨ ᠠᠮᠢᠳᠤᠷᠠᠯ᠎ᠤᠨ ᠢᠨᠵᠧᠨᠧᠷᠢᠩ》 ᠢ᠋ ᠰᠠᠢᠲᠤᠷ ᠬᠡᠷᠡᠭ᠌ᠵᠢᠭᠦᠯᠵᠦ᠍᠂ 《ᠠᠷᠪᠠᠨ ᠵᠦᠢᠯ᠎ᠦᠨ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ》 ᠢ᠋ ᠰᠠᠢᠲᠤᠷ ᠬᠢᠵᠦ᠍᠂ ᠠᠷᠠᠳ ᠤᠯᠠᠨ᠎ᠤ ᠬᠦᠷᠲᠡᠮᠵᠢ᠎ᠶ᠋ᠢᠨ ᠲᠦᠷᠦᠭ᠌ᠳᠡᠯ᠂ ᠵᠢᠷᠭᠠᠯᠲᠤ ᠲᠦᠷᠦᠭ᠌ᠳᠡᠯ᠂ ᠠᠮᠤᠷ ᠲᠦᠪᠱᠢᠨ᠎ᠦ ᠲᠦᠷᠦᠭ᠌ᠳᠡᠯ᠎ᠢ ᠤᠯᠠᠮ ᠨᠢᠭᠡ ᠠᠯᠬᠤᠮ ᠳᠡᠭᠡᠭ᠌ᠰᠢᠯᠡᠭᠦᠯᠦᠨ᠎ᠡ ᠭᠡᠪᠡ᠃

ᠰᠤᠷᠪᠤᠯᠵᠢᠯᠠᠭ᠍ᠴᠢᠳ ᠵᠠᠬ᠎ᠠ ᠳᠡᠯᠭᠡᠭᠦᠷᠴᠢᠯᠡᠭ᠌ᠰᠡᠨ ᠬᠠᠤᠯᠢᠵᠢᠭ᠍ᠰᠠᠨ ᠳᠡᠯᠡᠬᠡᠢᠵᠢᠭ᠌ᠰᠡᠨ ᠬᠤᠳᠠᠯᠳᠤᠭ᠎ᠠ ᠡᠷᠭᠢᠯᠡᠬᠦ᠌ ᠣᠷᠴᠢᠨ ᠨᠥᠬᠥᠴᠡᠯ᠎ᠢ ᠪᠣᠶ ᠪᠣᠯᠭᠠᠬᠤ᠂ ᠠᠮᠢ ᠠᠬᠤᠶ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢ ᠴᠢᠩᠭᠠᠳᠭᠠᠬᠤ᠂ ᠪᠣᠬᠢᠷᠲᠤᠯ ᠥᠬᠡᠶ ᠪᠤᠳᠤᠯᠲᠠ᠎ᠶᠢᠨ ᠬᠦᠴᠦᠨ᠎ᠦ ᠠᠵᠤ ᠦᠶ᠋ᠯᠡᠰ᠎ᠦᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠬᠤ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠠᠬᠢᠭᠤᠯᠬᠤ᠂ ᠦᠨᠳᠦᠰᠦᠲᠡᠨ᠎ᠦ ᠪᠦᠯᠬᠦᠮᠳᠡᠯ᠎ᠢ ᠴᠢᠩᠭᠠᠳᠭᠠᠬᠤ᠂ ᠰᠣᠶᠣᠯ ᠵᠢᠭᠤᠯᠴᠢᠯᠠᠯ᠎ᠤᠨ ᠠᠭᠤᠰᠤᠯᠴᠠᠯ᠎ᠢ ᠭᠦᠨᠵᠡᠭᠡᠢᠷᠡᠭᠦᠯᠬᠦ᠌᠂ ᠤᠯᠤᠰ᠎ᠤᠨ ᠴᠢᠬᠤᠯᠠ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠦ ᠦᠶ᠋ᠯᠡᠳᠪᠦᠷᠢᠯᠡᠯ᠎ᠦᠨ ᠰᠠᠭᠤᠷᠢᠨ᠎ᠢ ᠪᠥᠲᠥᠭᠡᠨ ᠪᠠᠢᠭᠤᠯᠬᠤ ᠵᠡᠷᠭᠡ ᠭᠤᠤᠯᠳᠠᠯᠭ᠎ᠠ᠎ᠲᠠᠶ ᠠᠩᠬᠠᠷᠴᠤ᠌ ᠪᠠᠢᠭ᠎ᠠ ᠠᠰᠠᠭᠤᠳᠠᠯ᠎ᠤᠨ ᠲᠣᠭᠣᠷᠢᠨ᠎ᠳᠤ ᠠᠰᠠᠭᠤᠯᠲᠠ ᠠᠰᠠᠭᠤᠨ ᠰᠤᠷᠪᠤᠯᠵᠢᠯᠠᠭ᠎ᠠ ᠬᠢᠵᠦ᠍᠂ ᠲᠤᠬᠠᠶ᠎ᠶ᠋ᠢᠨ ᠲᠠᠯᠠᠪᠠᠶ᠎ᠶ᠋ᠢᠨ ᠠᠭᠤᠷ ᠠᠮᠢᠰᠭᠤᠯ ᠬᠥᠷ ᠬᠥᠭ᠌ᠵᠢᠶᠡᠨ᠎ᠲᠡᠶ ᠪᠠᠢᠯ᠎ᠠ᠃ ᠬᠥᠩ ᠮᠢᠩ ᠵᠦ᠍᠂ ᠱ᠌ᠢ ᠢᠦᠶ ᠳ᠋ᠦᠩ᠂ ᠴᠢ ᠹᠸᠢ ᠶᠦᠨ᠂ ᠵᠣᠣ ᠬᠣᠶ ᠵᠢᠶᠧ᠂ ᠾᠧ ᠬᠠᠶ ᠳ᠋ᠦᠩ᠂ ᠣᠦ ᠬᠣᠶ ᠷᠠᠨ᠂ ᠰᠦᠬᠡ ᠵᠡᠷᠭᠡ ᠲᠥᠯᠥᠭᠡᠯᠡᠭ᠌ᠴᠢ ᠨᠠᠷᠢᠨ ᠨᠢᠮᠪᠠᠶ ᠬᠠᠷᠢᠭᠤᠯᠲᠠ ᠥᠭ᠌ᠴᠦ᠂ ᠥᠪᠥᠷ ᠮᠣᠩᠭᠣᠯ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠬᠤ᠂ ᠱᠢᠨ᠎ᠡ ᠵᠠᠮ᠎ᠢ ᠲᠦᠷᠭᠡᠪᠴᠢᠯᠡᠨ ᠨᠡᠭᠡᠭᠡᠬᠦ᠌ ᠢᠲᠡᠭᠡᠯ ᠵᠣᠷᠢᠭ᠎ᠢ ᠭᠠᠳᠠᠭ᠍ᠰᠢ ᠳᠠᠮᠵᠢᠭᠤᠯᠵᠤ᠂ ᠪᠥᠬᠥ᠌ ᠣᠷᠣᠨ ᠳᠠᠶᠠᠭᠠᠷ᠎ᠤᠨ ᠢᠲᠡᠭᠡᠯ ᠲᠡᠭᠦᠯᠳᠡᠷ᠂ ᠨᠡᠭᠡᠭᠡᠯᠲᠡᠲᠡᠶ᠂ ᠪᠠᠭ᠍ᠲᠠᠭᠠᠮᠵᠢᠲᠠᠶ ᠰᠠᠢᠨ ᠰᠠᠢᠬᠠᠨ ᠳᠦᠷᠢ ᠲᠥᠷᠬᠦ᠌᠎ᠶ᠋ᠢ ᠢᠯᠡᠷᠡᠭᠦᠯᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号