ᠬᠠᠮᠤᠭ ᠤ᠋ᠨ ᠶᠡᠬᠡ ᠳ᠋ᠡᠬᠡᠨ 50 ᠲᠦᠮᠡᠨ ᠲᠦᠬᠦᠷᠢᠭ ᠪᠤᠶᠤ 30 ᠲᠦᠮᠡᠨ ᠲᠦᠬᠦᠷᠢᠭ — ᠮᠠᠨ ᠤ᠋ ᠤᠷᠤᠨ ᠤᠶᠤᠨᠴᠢ ᠮᠠᠯᠵᠢᠯ ᠤ᠋ᠨ ᠲᠠᠯᠠᠪᠠᠢ ᠵᠢᠨ ᠪᠦᠲᠦᠭᠡᠨ ᠪᠠᠢᠭᠤᠯᠤᠯᠳᠠ ᠳ᠋ᠤ ᠨᠦᠬᠦᠪᠤᠷᠢ ᠤᠯᠭᠤᠬᠤ ᠪᠡᠷ ᠲᠤᠭᠳᠠᠪᠠ
2026-04-11 10:52:12
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠡᠭᠬᠢᠮ ᠡᠴᠡ ᠤᠢᠯᠠᠭᠠᠭᠰᠠᠨ ᠶ᠋ᠢᠡᠷ᠂ ᠡᠨᠡ ᠵᠢᠯ ᠮᠠᠨ ᠤ᠋ ᠤᠷᠤᠨ ᠮᠢᠬᠠᠨ ᠤ᠋ ᠦᠬᠡᠷ ᠮᠢᠬᠠᠨ ᠤ᠋ ᠬᠤᠨᠢ ᠶ᠋ᠢᠨ ᠤᠶᠤᠨᠴᠢ ᠮᠠᠯᠵᠢᠯ ᠤ᠋ᠨ ᠲᠠᠯᠠᠪᠠᠢ ᠶ᠋ᠢᠨ ᠪᠦᠲᠦᠭᠡᠨ ᠪᠠᠢᠭᠤᠯᠤᠯᠲᠠ ᠶ᠋ᠢᠨ ᠲᠦᠷᠦᠯ ᠵᠦᠢᠯ ᠢ᠋ ᠬᠡᠷᠡᠭᠵᠢᠭᠦᠯᠤᠨ ᠨᠦᠬᠦᠪᠤᠷᠢ ᠤᠯᠭᠤᠬᠤ ᠪᠡᠷ ᠲᠤᠭᠳᠠᠵᠤ᠂ ᠮᠢᠬᠠᠨ ᠤ᠋ ᠦᠬᠡᠷ ᠪᠤᠶᠤ ᠮᠢᠬᠠᠨ ᠤ᠋ ᠬᠤᠨᠢ ᠶ᠋ᠢᠨ ᠵᠤᠬᠢᠬᠤ ᠬᠡᠪᠴᠢᠶᠡᠵᠢᠲᠦ ᠲᠡᠵᠢᠭᠡᠨ ᠦᠷᠡᠵᠢᠭᠦᠯᠬᠦ ᠲᠠᠯᠠᠪᠠᠢ ᠡᠷᠦᠬᠡ ᠶ᠋ᠢᠨ ᠰᠠᠭᠤᠷᠢ ᠲᠦᠬᠦᠭᠡᠷᠦᠮᠵᠢ ᠪᠠ ᠮᠠᠰᠢᠨ ᠲᠤᠨᠤᠭᠯᠠᠯ ᠢ᠋ ᠳᠡᠰ ᠳᠡᠪᠰᠢᠭᠦᠯᠬᠦ᠂ ᠤᠶᠤᠨᠴᠢ ᠲᠤᠨᠤᠭ ᠲᠦᠬᠦᠭᠡᠷᠦᠮᠵᠢ ᠵᠢ ᠢᠵᠢ ᠪᠦᠷᠢᠳᠦᠭᠦᠯᠬᠦ ᠪᠡᠷ ᠳᠠᠮᠵᠢᠨ 120 ᠡᠴᠡ ᠳᠡᠭᠡᠭᠰᠢᠬᠢ ᠮᠢᠬᠠᠨ ᠤ᠋ ᠦᠬᠡᠷ ᠮᠢᠬᠠᠨ ᠤ᠋ ᠬᠤᠨᠢ ᠶ᠋ᠢᠨ ᠤᠶᠤᠨᠴᠢ ᠮᠠᠯᠵᠢᠯ ᠤ᠋ᠨ ᠲᠠᠯᠠᠪᠠᠢ ᠵᠢ ᠪᠦᠳᠦᠬᠡᠨ ᠪᠠᠢᠭᠤᠯᠬᠤ ᠪᠤᠯᠤᠨ᠎ᠠ᠃

ᠡᠨᠡ ᠵᠢᠯ ᠮᠠᠨ ᠤ᠋ ᠤᠷᠤᠨ ᠬᠥᠯᠥᠨ ᠪᠣᠢᠷ᠂ ᠬᠢᠩᠭᠠᠨ᠂ ᠲᠦᠩᠯᠢᠶᠣᠤ᠂ ᠤᠯᠠᠭᠠᠨᠬᠠᠳᠠ᠂ ᠱᠢᠯᠢ᠎ᠶ᠋ᠢᠨ ᠭᠤᠤᠯ᠂ ᠤᠯᠠᠭᠠᠨᠴᠠᠪ᠂ ᠬᠥᠬᠡᠬᠣᠲᠠ᠂ ᠪᠤᠭᠤᠲᠤ᠂ ᠣᠷᠳᠣᠰ᠂ ᠪᠠᠶᠠᠨᠨᠠᠭᠤᠷ᠂ ᠠᠯᠠᠱᠠ ᠵᠡᠷᠬᠡ 11 ᠠᠢᠮᠠᠭ ᠬᠤᠲᠠ ᠳ᠋ᠦ ᠮᠢᠬᠠᠨ ᠤ᠋ ᠦᠬᠡᠷ ᠮᠢᠬᠠᠨ ᠤ᠋ ᠬᠤᠨᠢ ᠶ᠋ᠢᠨ ᠤᠶᠤᠨᠴᠢ ᠮᠠᠯᠵᠢᠯ ᠤ᠋ᠨ ᠲᠠᠯᠠᠪᠠᠢ ᠵᠢᠨ ᠪᠦᠳᠦᠬᠡᠨ ᠪᠠᠢᠭᠤᠯᠤᠯᠳᠠ ᠵᠢᠨ ᠲᠦᠷᠦᠯ ᠵᠦᠢᠯ ᠢ᠋ ᠬᠡᠷᠡᠭᠵᠢᠭᠦᠯᠵᠤ᠂ ᠶᠠᠭᠤ ᠳᠤᠲᠠᠪᠠᠯ ᠶᠠᠭᠤ ᠶ᠋ᠢ ᠨᠥᠬᠥᠪᠥᠷᠢᠯᠡᠬᠦ᠌ ᠵᠠᠷᠴᠢᠮ ᠶᠣᠰᠣᠭᠠᠷ ᠲᠡᠵᠢᠭᠡᠨ ᠠᠷᠠᠴᠢᠯᠠᠬᠤ᠂ ᠲᠡᠵᠢᠭᠡᠯ ᠡᠪᠡᠰᠦ ᠪᠣᠷᠳᠣᠭ᠎ᠠ ᠪᠣᠯᠪᠠᠰᠤᠷᠠᠭᠤᠯᠬᠤ᠂ ᠣᠷᠴᠢᠨ ᠲᠣᠭᠣᠷᠢᠨ ᠢ᠋ ᠬᠢᠨᠠᠨ ᠡᠵᠡᠮᠳᠡᠬᠦ᠌᠂ ᠢᠯᠭᠠᠳᠠᠰᠤ ᠶ᠋ᠢ ᠱᠢᠶ᠋ᠳᠪᠦᠷᠢᠯᠡᠬᠦ᠌᠂ ᠠᠯᠤᠰ ᠡᠵᠡᠮᠱᠢᠯ ᠶ᠋ᠢᠡᠷ ᠪᠡᠯᠴᠢᠭᠡᠷᠯᠡᠬᠦᠯᠬᠦ ᠵᠡᠷᠭᠡ ᠭᠣᠭ᠍ᠴᠣᠭᠠᠨ ᠳ᠋ᠡᠬᠢ ᠲᠤᠨᠤᠭ ᠲᠦᠬᠦᠭᠡᠷᠦᠮᠵᠢ ᠶ᠋ᠢᠨ ᠤᠶᠤᠨᠴᠢᠯᠠᠯᠲᠠ ᠶ᠋ᠢᠨ ᠲᠦᠪᠰᠢᠨ ᠢ᠋ ᠳᠡᠭᠡᠭᠰᠢᠯᠡᠭᠦᠯᠤᠨ᠂ ᠬᠠᠷᠠᠭᠠᠯᠵᠠᠭᠰᠠᠨ ᠢᠵᠢ ᠪᠦᠷᠢᠳᠦᠭᠦᠯᠬᠦ ᠰᠠᠭᠤᠷᠢ ᠲᠦᠬᠦᠭᠡᠷᠦᠮᠵᠢ ᠵᠢ ᠦᠭᠡᠷᠡᠴᠢᠯᠡᠨ ᠦᠷᠭᠡᠳᠭᠡᠵᠦ᠂ ᠤᠶᠤᠨᠴᠢ ᠮᠠᠯᠵᠢᠯ ᠤ᠋ᠨ ᠲᠠᠯᠠᠪᠠᠢ ᠶ᠋ᠢᠨ ᠮᠡᠳᠡᠭᠡ ᠵᠠᠡᠭᠬᠢᠴᠢᠯᠠᠭᠰᠠᠨ᠂ ᠠᠦ᠋ᠲ᠋ᠤᠴᠢᠯᠠᠭᠰᠠᠨ᠂ ᠤᠶᠤᠨᠴᠢᠯᠠᠭᠰᠠᠨ ᠬᠦᠭᠵᠢᠯᠲᠡ ᠶ᠋ᠢᠨ ᠰᠢᠨ᠎ᠡ ᠵᠠᠭᠪᠤᠷ ᠢ᠋ ᠢᠳᠡᠪᠬᠢᠳᠠᠢ ᠰᠦᠪᠡᠭᠴᠢᠯᠡᠬᠦ ᠪᠤᠯᠤᠨ᠎ᠠ᠃ ᠡᠬᠦᠨ ᠳ᠋ᠤ 《ᠤᠷᠢᠳ ᠵᠢᠡᠷ ᠪᠠᠢᠭᠤᠯᠵᠤ ᠳᠠᠷᠠᠭ᠎ᠠ ᠨᠢ ᠨᠦᠬᠦᠪᠦᠷᠢᠯᠡᠬᠦ》᠂ 《ᠱᠠᠡᠭᠨᠠᠯ ᠶ᠋ᠢᠡᠷ ᠨᠦᠬᠦᠪᠦᠷᠢ ᠵᠢ ᠤᠷᠤᠯᠠᠭᠤᠯᠬᠤ》 ᠵᠡᠷᠭᠡ ᠬᠡᠯᠪᠡᠷᠢ ᠪᠡᠷ ᠮᠢᠬᠠᠨ ᠤ᠋ ᠦᠬᠡᠷ ᠮᠢᠬᠠᠨ ᠤ᠋ ᠬᠤᠨᠢ ᠶ᠋ᠢᠨ ᠤᠶᠤᠨᠴᠢ ᠮᠠᠯᠵᠢᠯ ᠤ᠋ᠨ ᠲᠠᠯᠠᠪᠠᠢ ᠵᠢᠨ ᠪᠦᠳᠦᠬᠡᠨ ᠪᠠᠢᠭᠤᠯᠤᠯᠳᠠ ᠳ᠋ᠤ ᠲᠤᠰᠬᠠᠢ ᠨᠦᠬᠦᠪᠦᠷᠢ ᠤᠯᠭᠤᠵᠤ᠂ ᠵᠢᠯ ᠳ᠋ᠤ 50 ᠡᠴᠡ ᠳᠡᠭᠡᠭᠰᠢ ᠮᠢᠬᠠᠨ ᠤ᠋ ᠦᠬᠡᠷ ᠭᠠᠷᠭᠠᠬᠤ ᠲᠡᠵᠢᠭᠡᠨ ᠦᠷᠡᠵᠢᠭᠦᠯᠬᠦ ᠲᠠᠯᠠᠪᠠᠢ ᠡᠷᠦᠬᠡ ᠳ᠋ᠦ ᠬᠠᠮᠤᠭ ᠤ᠋ᠨ ᠶᠡᠬᠡ ᠳ᠋ᠡᠬᠡᠨ 50 ᠲᠦᠮᠡᠨ ᠲᠦᠭᠦᠷᠢᠭ ᠤ᠋ᠨ ᠨᠦᠬᠦᠪᠦᠷᠢ ᠤᠯᠭᠤᠨ᠂ ᠵᠢᠯ ᠳ᠋ᠤ 200 ᠡᠴᠡ ᠳᠡᠭᠡᠭᠰᠢ ᠮᠢᠬᠠᠨ ᠤ᠋ ᠬᠤᠨᠢ ᠭᠠᠷᠭᠠᠬᠤ ᠲᠡᠵᠢᠭᠡᠨ ᠦᠷᠡᠵᠢᠭᠦᠯᠬᠦ ᠲᠠᠯᠠᠪᠠᠢ ᠡᠷᠦᠬᠡ ᠳ᠋ᠦ ᠬᠠᠮᠤᠭ ᠤ᠋ᠨ ᠶᠡᠬᠡ ᠳ᠋ᠡᠬᠡᠨ 30 ᠲᠦᠮᠡᠨ ᠲᠦᠭᠦᠷᠢᠭ ᠤ᠋ᠨ ᠨᠦᠬᠦᠪᠦᠷᠢ ᠤᠯᠭᠤᠵᠤ᠂ ᠤᠯᠤᠰ ᠤ᠋ᠨ ᠴᠢᠬᠤᠯᠠ ᠮᠠᠯ ᠤ᠋ᠨ ᠠᠱᠢᠭ ᠱᠢᠮ᠎ᠡ᠎ᠲᠠᠷᠢᠶᠠᠯᠠᠡᠭ ᠤ᠋ᠨ ᠪᠦᠲᠦᠭᠡᠭ᠌ᠳᠡᠬᠦᠨ ᠤ᠋ ᠦᠶ᠋ᠯᠡᠳᠪᠦᠷᠢᠯᠡᠯ᠎ᠦᠨ ᠰᠠᠭᠤᠷᠢᠨ ᠢ᠋ ᠪᠥᠲᠥᠭᠡᠨ ᠪᠠᠢᠭᠤᠯᠬᠤ᠎ᠳᠤ ᠬᠦᠴᠦᠲᠡᠶ ᠲᠤᠯᠭᠠᠭᠤᠷᠢᠯᠠᠯ ᠬᠠᠩᠭᠠᠬᠤ ᠪᠡᠷ ᠪᠤᠢ᠃

ᠤᠢᠯᠠᠭᠠᠭᠰᠠᠨ ᠶ᠋ᠢᠡᠷ᠂ ᠪᠦᠬᠦ ᠤᠷᠤᠨ ᠤ᠋ ᠡᠯ᠎ᠡ ᠭᠠᠵᠠᠷ ᠤ᠋ᠨ ᠬᠢᠨ ᠤᠶᠤᠨᠴᠢ ᠮᠠᠯᠵᠢᠯ ᠤ᠋ᠨ ᠲᠠᠯᠠᠪᠠᠢ ᠶ᠋ᠢᠨ ᠪᠦᠲᠦᠭᠡᠨ ᠪᠠᠢᠭᠤᠯᠤᠯᠲᠠ ᠶ᠋ᠢᠨ ᠠᠷᠭ᠎ᠠ ᠬᠡᠯᠪᠡᠷᠢ ᠳ᠋ᠡᠭᠡᠨ ᠵᠤᠷᠢᠭᠳᠠᠢ ᠰᠢᠨᠡᠴᠢᠯᠡᠯᠲᠡ ᠬᠢᠵᠤ᠂ ᠲᠦᠡᠭᠯᠢᠶᠤᠤ ᠬᠤᠲᠠ ᠪᠤᠳᠠᠰ ᠤ᠋ᠨ ᠰᠦᠯᠵᠢᠶ᠎ᠡ ᠪᠠ ᠲᠤᠮᠤ ᠳ᠋ᠡᠢᠲ᠋ᠠ ᠵᠢ ᠠᠰᠢᠭᠯᠠᠨ ᠰᠠᠭᠤᠷᠢ ᠲᠦᠬᠦᠭᠡᠷᠦᠮᠵᠢ ᠪᠠᠨ ᠳᠡᠰ ᠳᠡᠪᠰᠢᠭᠦᠯᠵᠤ ᠪᠠᠢᠨ᠎ᠠ; ᠤᠷᠳᠤᠰ ᠬᠤᠲᠠ 80 ᠭᠠᠷᠤᠢ ᠮᠠᠯᠵᠢᠯ ᠤ᠋ᠨ ᠲᠠᠯᠠᠪᠠᠢ ᠳ᠋ᠤ ᠳᠤᠬᠢᠭᠤᠷ ᠳᠤᠯᠤᠭᠠᠨ ᠤᠳᠤ ᠵᠢᠨ ᠪᠡᠯᠴᠢᠬᠡᠷᠯᠡᠬᠦᠯᠬᠦ ᠰᠢᠰᠲᠸᠮ ᠢ᠋ ᠤᠭᠰᠠᠷᠠᠨ᠂ ᠮᠠᠯᠵᠢᠬᠤ ᠤᠷᠤᠨ ᠤ᠋ ᠴᠢᠮᠡᠭᠡ ᠬᠤᠯᠪᠤᠭ᠎ᠠ ᠪᠠ ᠲᠤᠭ᠎ᠠ ᠪᠠᠷᠢᠮᠳᠠ ᠴᠤᠭᠯᠠᠭᠤᠯᠬᠤ ᠬᠦᠴᠢᠷ ᠠᠰᠠᠭᠤᠳᠠᠯ ᠢ᠋ ᠰᠢᠢᠳᠪᠦᠷᠢᠯᠡᠵᠤ ᠪᠠᠢᠨ᠎ᠠ ᠁ ᠤᠳᠤ ᠮᠠᠨ ᠤ᠋ ᠤᠷᠤᠨ  ᠮᠢᠬᠠᠨ ᠤ᠋ ᠦᠬᠡᠷ ᠤ᠋ᠨ 390 ᠤᠶᠤᠨᠴᠢ ᠮᠠᠯᠵᠢᠯ ᠤ᠋ᠨ ᠲᠠᠯᠠᠪᠠᠢ ᠪᠤᠯᠤᠨ ᠮᠢᠬᠠᠨ ᠤ᠋ ᠬᠤᠨᠢ ᠶ᠋ᠢᠨ 930 ᠤᠶᠤᠨᠴᠢ ᠮᠠᠯᠵᠢᠯ ᠤ᠋ᠨ ᠲᠠᠯᠠᠪᠠᠢ ᠲᠠᠢ ᠪᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号