ᠥᠪᠥᠷ ᠮᠣᠩᠭᠣᠯ᠎ᠤᠨ ᠥᠪᠡᠷᠲᠡᠭᠡᠨ ᠵᠠᠰᠠᠬᠤ
ᠣᠷᠣᠨ᠎ᠤ ᠰᠤᠷᠭᠠᠨ ᠬᠥᠮᠦᠵᠢᠯ᠎ᠦᠨ ᠲᠢᠩᠬᠢᠮ 7 ᠤ ᠡᠳᠦᠷ ᠮᠡᠳᠡᠭᠳᠡᠯ ᠨᠡᠢᠲᠡᠯᠡᠵᠦ᠂ 2026 ᠣᠨ᠎ᠠᠴᠠ ᠡᠬᠢᠯᠡᠨ᠂
ᠶᠡᠬᠡ ᠳᠡᠭᠡᠳᠦ ᠰᠤᠷᠭᠠᠭᠤᠯᠢ᠎ᠵᠢᠨ ᠰᠤᠷᠤᠬᠴᠢ ᠡᠯᠰᠡᠬᠦ ᠲᠤᠰᠬᠠᠢ ᠲᠥᠯᠥᠪᠯᠡᠭᠡ ᠵᠢᠨ ᠨᠡᠷ᠎ᠡ ᠮᠡᠳᠡᠭᠦᠯᠬᠦ᠂ ᠬᠢᠷᠢ
ᠬᠡᠮ᠎ᠢ ᠬᠢᠨᠠᠨ ᠬᠠᠷᠭᠤᠭᠤᠯᠬᠤ᠂ ᠰᠤᠷᠭᠠᠭᠤᠯᠢ᠎ᠶᠢᠨ ᠰᠢᠯᠭᠠᠯᠲᠠᠬᠢᠬᠦ ᠵᠡᠷᠬᠡ ᠠᠵᠢᠯ᠎ᠢ ᠶᠡᠬᠡ ᠳᠡᠭᠡᠳᠦ ᠰᠤᠷᠭᠠᠭᠤᠯᠢ᠎ᠠᠴᠠ
ᠵᠤᠬᠢᠶᠠᠨ ᠪᠠᠢᠭᠤᠯᠬᠤ ᠦᠬᠡᠢ᠂ ᠰᠣᠷᠣᠭ᠍ᠴᠢ ᠡᠯᠰᠡᠬᠦ ᠲᠣᠪᠴᠢ ᠳᠠᠨᠢᠯᠴᠠᠭᠤᠯᠭ᠎ᠠ ᠵᠢᠲᠤᠰᠠᠭᠠᠷ ᠨᠡᠢᠲᠡᠯᠡᠬᠦ
ᠦᠭᠡᠢ᠂ ᠰᠣᠷᠣᠭ᠍ᠴᠢ ᠡᠯᠰᠡᠬᠦ ᠶᠡᠬᠡ ᠳᠡᠭᠡᠳᠦ ᠰᠤᠷᠭᠠᠭᠤᠯᠢ ᠪᠠ ᠰᠣᠷᠣᠭ᠍ᠴᠢ ᠡᠯᠰᠡᠬᠦ ᠮᠤᠵᠢ ᠣᠷᠣᠨ᠎ᠢ ᠬᠤᠪᠢᠷᠠᠭᠤᠯᠬᠤ
ᠦᠭᠡᠢ᠂ ᠤᠯᠤᠰ᠎ᠤᠨ ᠲᠤᠰᠬᠠᠢ ᠲᠥᠯᠥᠪᠯᠡᠭᠡ᠎ᠪᠡᠷ ᠰᠣᠷᠣᠭ᠍ᠴᠢ ᠡᠯᠰᠡᠬᠦ ᠠᠷᠭ᠎ᠠ ᠮᠠᠶᠢᠭ᠋ ᠶᠣᠰᠣᠭᠠᠷ ᠰᠢᠯᠭᠠᠭᠤᠯᠤᠭ᠍ᠴᠢ᠎ᠶᠢᠨ
ᠨᠡᠷ᠎ᠡ ᠮᠡᠳᠡᠭᠦᠯᠬᠦ ᠬᠢᠷᠢ ᠬᠡᠮ ᠢ ᠮᠠᠨ᠎ᠤ ᠣᠷᠣᠨ᠎ᠠᠴᠠ ᠵᠣᠬᠢᠶᠠᠨ ᠪᠠᠢᠭᠤᠯᠵᠤ ᠬᠢᠨᠠᠨ ᠬᠠᠷᠭᠤᠭᠤᠯᠤᠨ᠎ᠠ᠃ ᠬᠣᠯᠪᠣᠭᠳᠠᠯ
ᠪᠦᠬᠦᠢ ᠶᠡᠬᠡ ᠳᠡᠭᠡᠳᠦ ᠰᠤᠷᠭᠠᠭᠤᠯᠢ ᠰᠤᠷᠤᠬᠴᠢ ᠡᠯᠰᠡᠬᠦ ᠤᠷᠤᠨ ᠳᠤᠭ᠎ᠠ ᠳᠤᠬᠳᠠᠭᠠᠬᠤ᠎ᠳᠠᠭᠠᠨ ᠮᠤᠵᠢ ᠬᠤᠪᠢᠶᠠᠨ
ᠲᠤᠰᠬᠠᠢ ᠮᠡᠷᠭᠡᠵᠢᠯ ᠬᠤᠪᠢᠶᠠᠵᠤ ᠰᠣᠷᠣᠭ᠍ᠴᠢ ᠡᠯᠰᠡᠬᠦ ᠲᠥᠯᠥᠪᠯᠡᠭᠡ᠎ᠶᠢ ᠨᠠᠢᠷᠠᠭᠤᠯᠤᠨ ᠵᠣᠬᠢᠶᠠᠵᠤ᠂ ᠰᠢᠯᠭᠠᠭᠤᠯᠤᠭ᠍ᠴᠢ᠎ᠶᠢᠨ
ᠤᠯᠤᠰ᠎ᠤᠨ ᠨᠢᠭᠡᠳᠦᠯᠲᠡᠢ ᠰᠢᠯᠭᠠᠯᠲᠠ᠎ᠶᠢᠨ ᠬᠢᠷᠢ ᠪᠦᠲᠦᠮᠵᠢ ᠪᠠ ᠬᠦᠰᠡᠯ ᠡᠷᠡᠮᠡᠯᠵᠡᠯ᠎ᠢ ᠦᠨᠳᠦᠰᠦᠯᠡᠨ ᠡᠯᠰᠡᠨ᠎ᠡ᠂
ᠡᠯᠰᠡᠬᠦ ᠬᠤᠪᠢ᠎ᠶᠢ ᠣᠨᠴᠠᠭᠠᠶ ᠲᠥᠷᠥᠯᠬᠡᠯᠪᠡᠷᠢᠵᠢᠨ ᠰᠣᠷᠣᠭ᠍ᠴᠢ ᠡᠯᠰᠡᠬᠦ ᠬᠢᠵᠠᠭᠠᠷᠯᠠᠯ᠎ᠤᠨ ᠬᠤᠪᠢ᠎ᠠᠴᠠ
ᠳᠣᠣᠷ᠎ᠠ ᠪᠠᠢᠯᠭᠠᠵᠤ ᠪᠤᠯᠬᠤ ᠦᠭᠡᠢ᠃ ᠬᠣᠯᠪᠣᠭᠳᠠᠯ ᠪᠦᠬᠦᠢ ᠶᠡᠬᠡ ᠳᠡᠭᠡᠳᠦ ᠰᠤᠷᠭᠠᠭᠤᠯᠢ᠎ᠨᠤᠭᠤᠳ ᠣᠨᠴᠠᠭᠠᠢ
ᠲᠥᠷᠥᠯ ᠬᠡᠯᠪᠡᠷᠢ᠎ᠶᠢᠨ ᠰᠤᠷᠤᠭ᠍ᠴᠢ ᠡᠯᠰᠡᠬᠦ ᠬᠢᠵᠠᠭᠠᠷᠯᠠᠯ ᠡᠴᠡ ᠳᠡᠭᠡᠭᠰᠢᠬᠢ ᠵᠣᠬᠢᠬᠤ ᠬᠤᠪᠢ᠎ᠶᠢᠨ ᠱᠠᠭᠠᠷᠳᠠᠯᠭ᠎ᠠ᠎ᠳᠤ
ᠬᠦᠷᠦᠭᠦᠯᠬᠦ ᠪᠡᠷ ᠳᠤᠷᠠᠳᠤᠭᠰᠠᠨ ᠪᠣᠯ ᠰᠤᠷᠤᠭ᠍ᠴᠢ ᠡᠯᠰᠡᠬᠦ ᠳᠦᠷᠢᠮ᠎ᠳᠡᠭᠡᠨ ᠲᠣᠳᠣᠷᠬᠠᠢᠯᠠᠬᠤ᠎ᠶᠢᠨ ᠬᠠᠮᠲᠤ
ᠤᠷᠤᠨ ᠳᠤᠭ᠎ᠠ ᠵᠢᠨ ᠢᠷᠡᠯᠲᠡ᠎ᠶᠢᠨ ᠲᠥᠯᠥᠪᠯᠡᠭᠡ᠎ᠪᠡᠨ ᠨᠠᠢᠷᠠᠭᠤᠯᠤᠨ ᠵᠣᠬᠢᠶᠠᠬᠤ᠎ᠳᠠᠭᠠᠨ ᠲᠣᠳᠣᠷᠬᠠᠢᠯᠠᠬᠤ ᠬᠡᠷᠡᠭᠲᠡᠢ᠃
ᠪᠤᠰᠤᠳ ᠲᠤᠰᠬᠠᠢ ᠲᠥᠯᠥᠪᠯᠡᠭᠡ᠎ᠶᠢᠨ ᠬᠠᠮᠢᠶ᠎ᠠ
ᠪᠦᠬᠦᠢ ᠲᠣᠭᠲᠠᠭᠠᠯ ᠵᠢᠴᠢ ᠬᠡᠷᠡᠭᠵᠢᠭᠦᠯᠬᠦ ᠣᠷᠣᠨ ᠪᠦᠰᠡ᠎ᠶᠢᠨ ᠨᠡᠷᠡᠰ᠎ᠢ ᠵᠡᠭᠦᠨ ᠳᠤᠤᠷ᠎ᠠ ᠲᠠᠯ᠎ᠠ ᠵᠢᠨ 《ᠤᠤᠯ ᠵᠤᠬᠢᠶᠠᠯ ᠢ ᠦᠵᠡᠬᠦ》 (《阅读原文》) ᠵᠢ ᠲᠤᠪᠴᠢᠳᠠᠵᠤ ᠦᠵᠡᠭᠡᠷᠡᠢ᠃
ᠢᠷᠡᠯᠲᠡ᠄ ᠥᠪᠥᠷ ᠮᠣᠩᠭᠣᠯ᠎ᠤᠨ ᠰᠣᠷᠣᠭ᠍ᠴᠢ ᠡᠯᠰᠡᠬᠦ ᠰᠢᠯᠭᠠᠯᠲᠠ᠎ᠶᠢᠨ ᠮᠡᠳᠡᠭᠡ ᠵᠠᠩᠭᠢ᠎ᠶᠢᠨ ᠰᠦᠯᠵᠢᠶ᠎ᠡ
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号