ᠪᠦᠲᠦᠭᠡᠯᠴᠢ ᠴᠢᠨᠠᠷᠲᠠᠢ᠎ᠪᠡᠷ ᠨᠣᠮ ᠤᠩᠰᠢᠬᠤ ᠬᠡᠷᠡᠭᠲᠠᠢ
2026-04-13 17:09:56
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠸᠠᠩ ᠮᠧᠩ  《ᠨᠠᠢᠷᠠᠭᠤᠯᠤᠭ᠍ᠴᠢ᠎ᠶᠢᠨ ᠨᠠᠢᠵᠠ》 ᠰᠡᠳᠭᠦᠯ ᠎ᠤᠨ 2025 ᠣᠨ᠎ᠤ 4 ᠳ᠋ᠤᠭᠡᠷ ᠬᠤᠭᠤᠴᠠᠭ᠎ᠠ᠎ᠳᠤ ᠦᠭᠦᠯᠡᠯ ᠨᠡᠢᠳᠡᠯᠡᠵᠦ᠂ ᠨᠣᠮ ᠤᠩᠰᠢᠬᠤ᠎ᠶᠢᠨ ᠵᠣᠷᠢᠯᠭ᠎ᠠ ᠪᠣᠯ ᠵᠦᠪᠬᠡᠨ ᠨᠢᠭᠡᠨᠳᠡ ᠪᠠᠢᠭ᠎ᠠ ᠮᠡᠳᠡᠯᠭᠡ᠎ᠵᠢ ᠬᠦᠯᠢᠶᠡᠨ ᠠᠪᠬᠤ ᠪᠢᠰᠢ᠂ ᠬᠠᠷᠢᠨ ᠥᠪᠡᠷ᠎ᠦᠨ ᠥᠪᠡᠷᠮᠢᠴᠡ ᠴᠢᠨᠠᠷ ᠪᠠ ᠲᠤᠷᠰᠢᠯᠭ᠎ᠠ᠎ᠪᠠᠷ᠎ᠢᠶᠠᠨ ᠳᠠᠮᠵᠢᠭᠤᠯᠤᠨ᠂ ᠥᠪᠡᠷ᠎ᠦᠨ ᠪᠣᠳᠠᠲᠤ ᠥᠩᠭᠡᠷᠡᠯᠲᠡ᠎ᠪᠡᠨ ᠨᠣᠮ ᠎ᠤᠨ ᠠᠭᠤᠯᠭ᠎ᠠ᠎ᠲᠠᠢ᠎ᠵᠣᠬᠢᠴᠠᠯᠳᠤᠭᠤᠯᠵᠤ᠂ ᠳᠠᠬᠢᠨ ᠨᠣᠮ ᠪᠢᠴᠢᠭ᠎ᠡᠴᠡ ᠰᠢᠨ᠎ᠡ ᠰᠡᠩᠬᠡᠷᠡᠭᠦᠯᠦᠯ ᠣᠯᠬᠤ ᠪᠤᠶᠤ ᠨᠣᠮ᠎ᠤᠨ 《ᠳᠤᠲᠠᠭᠳᠠᠯ》᠎ᠢ ᠣᠯᠵᠤ ᠬᠠᠷᠠᠵᠦ ᠨᠥᠬᠥᠪᠦᠷᠢᠯᠡᠬᠦ ᠤᠴᠢᠷ ᠮᠦᠨ᠃ ᠨᠣᠮ ᠤᠩᠰᠢᠬᠤ ᠶᠠᠪᠤᠴᠠ ᠪᠣᠯ ᠨᠢᠭᠡᠨ ᠡᠭᠦᠳᠦᠨ ᠪᠦᠲᠦᠭᠡᠬᠦ ᠶᠠᠪᠤᠴᠠ ᠮᠥᠨ᠂ ᠮᠦᠨ ᠎ᠴᠦ ᠤᠳᠠᠭ᠎ᠠ ᠪᠦᠷᠢ ᠡᠭᠦᠳᠦᠨ ᠪᠦᠲᠦᠭᠡᠯᠲᠡ᠎ᠲᠠᠢ ᠪᠠᠢᠳᠠᠭ᠃ ᠬᠡᠷᠪᠡ ᠶᠠᠮᠠᠷ ᠴᠤ᠌ ᠡᠭᠦᠳᠦᠯᠲᠡ ᠦᠭᠡᠢ᠂ ᠵᠥᠪᠬᠡᠨ ᠤᠡᠭᠰᠢᠬᠤ ᠵᠢᠨ ᠲᠦᠯᠦᠭᠡ ᠤᠡᠭᠰᠢᠪᠠᠯ᠂ ᠪᠢᠳᠡ ᠨᠣᠮ ᠤᠩᠰᠢᠬᠤ ᠬᠠᠪᠤ ᠴᠡᠡᠭᠭᠡᠯ ᠎ᠢ ᠡᠳ᠋ᠯᠡᠵᠦ ᠴᠢᠳᠠᠬᠤ ᠦᠭᠡᠢ ᠂ᠤᠶᠤᠨ ᠪᠢᠯᠢᠭ ᠎ᠵᠢᠡᠨ ᠨᠡᠮᠡᠭᠳᠠᠭᠦᠯᠵᠦ ᠳᠡᠢᠯᠬᠦ ᠦᠭᠡᠢ ᠪᠣᠯᠣᠨ᠎ᠠ ᠭᠡᠵᠦ ᠵᠢᠭᠠᠵᠤ ᠭᠠᠷᠭᠠᠪᠠ᠃ ᠪᠢᠳᠡ ᠨᠣᠮ ᠤᠩᠰᠢᠬᠤ᠎ᠳᠠᠭᠠᠨ ᠡᠷᠬᠡᠪᠰᠢ ᠪᠦᠲᠦᠭᠡᠯᠴᠢ ᠴᠢᠨᠠᠷᠲᠠᠢ᠎ᠪᠡᠷ ᠤᠩᠰᠢᠵᠤ᠂ ᠪᠦᠲᠦᠭᠡᠯᠴᠢ ᠴᠢᠨᠠᠷᠲᠠᠢ ᠪᠡᠷ ᠨᠣᠮ ᠤᠩᠰᠢᠬᠤ ᠪᠡᠷ ᠦᠪᠡᠷ ᠎ᠤᠨ ᠪᠡᠵ᠎ᠡ ᠎ᠪᠡᠨ ᠎ᠱᠠᠭᠠᠷᠳᠠᠵᠦ᠂ ᠪᠦᠲᠦᠭᠡᠯᠴᠢ᠎ᠴᠢᠨᠠᠷᠲᠠᠢ ᠠᠵᠢᠯᠯᠠᠵᠤ᠂ ᠪᠦᠲᠦᠭᠡᠯᠴᠢ᠎ᠴᠢᠨᠠᠷᠲᠠᠢ ᠠᠮᠢᠳᠤᠷᠠᠬᠤ  ᠬᠡᠷᠡᠭᠲᠡᠢ᠃ ᠡᠭᠦᠳᠦᠨ ᠪᠦᠲᠦᠭᠡᠬᠦ᠎ᠶᠢᠨ ᠮᠠᠰᠢ ᠴᠢᠬᠤᠯᠠ ᠨᠢᠭᠡ ᠵᠦᠢᠯ ᠪᠣᠯ ᠥᠪᠡᠷ᠎ᠦᠨ ᠪᠡᠶ᠎ᠡ ᠰᠡᠳᠬᠢᠯ᠂ ᠥᠪᠡᠷᠮᠢᠴᠡ ᠴᠢᠨᠠᠷ᠂ ᠲᠤᠷᠰᠢᠯᠭ᠎ᠠ᠎ᠪᠠᠨ ᠠᠭᠤᠰᠤᠯᠴᠠᠭᠤᠯᠤᠨ ᠤᠷᠤᠭᠤᠯᠬᠤ  ᠶᠠᠪᠤᠳᠠᠯ ᠪᠣᠯᠣᠨ᠎ᠠ᠃  ᠮᠦᠨ᠎ᠴᠦ ᠭᠤᠸ᠎ᠠ ᠲᠠᠭᠠᠰᠢᠶᠠᠯ᠎ᠤᠨ ᠴᠢᠨᠠᠷᠲᠠᠢ ᠤᠩᠰᠢᠯᠭ᠎ᠠ᠎ᠶᠢ ᠰᠠᠨᠠᠭᠠᠴᠢᠯᠠᠳᠠᠭ᠃ ᠨᠢᠭᠡ ᠵᠦᠢᠯ᠎ᠦᠨ ᠭᠤᠸ᠎ᠠ ᠲᠠᠭᠠᠰᠢᠶᠠᠯ᠂ ᠪᠠᠶᠠᠷ ᠬᠥᠷ᠎ᠲᠠᠢ ᠰᠡᠳᠬᠢᠯᠭᠡ᠎ᠪᠡᠷ ᠨᠤᠮ ᠤᠩᠰᠢᠬᠤ ᠎ᠳᠦ ᠨᠣᠮ ᠎ᠤᠨ ᠳᠣᠲᠣᠷ᠎ᠠ᠎ᠠᠴᠠ ᠮᠠᠰᠢ ᠣᠯᠠᠨ ᠢᠯᠡᠷᠡᠭᠦᠯᠦᠯᠲᠡ ᠣᠯᠬᠤ ᠪᠤᠯᠤᠨ᠎ᠠ᠃ ᠠᠯᠢᠪᠠ ᠪᠦᠬᠦᠨ ᠠᠮᠢᠳᠤᠷᠠᠯ ᠡᠴᠡ ᠢᠷᠡᠯᠲᠡ ᠲᠠᠢ᠂ ᠳᠠᠷᠤᠢ ᠠᠮᠢᠳᠤᠷᠠᠯ᠎ᠳᠦ ᠬᠠᠨᠳᠦᠬᠤ  ᠣᠪᠣᠷ᠎ᠢᠶᠠᠷ ᠨᠣᠮ ᠤᠩᠰᠢᠬᠤ ᠭᠡᠷᠡᠭᠲᠠᠢ᠃ ᠠᠮᠢᠳᠤᠷᠠᠯ᠎ᠳᠦ ᠬᠠᠨᠳᠦᠬᠤ ᠣᠪᠣᠷ ᠵᠢᠡᠷ ᠨᠣᠮ ᠤᠩᠰᠢᠬᠤ᠎ᠶᠢᠨ ᠵᠣᠷᠢᠯᠭ᠎ᠠ ᠨᠢ ᠵᠥᠪᠬᠡᠨ ᠨᠣᠮ ᠎ᠢ ᠤᠡᠭᠰᠢᠵᠦ ᠤᠢᠯᠠᠭᠠᠬᠤ ᠪᠢᠱᠢ᠂ ᠨᠡᠩ ᠴᠤ᠌ ᠠᠮᠢᠳᠤᠷᠠᠯ᠎ᠤᠨ ᠣᠶᠤᠨ ᠤᠬᠠᠭᠠᠨ᠎ᠢ ᠣᠯᠵᠤ᠎ᠮᠠᠳᠡᠷᠡᠬᠦ ᠵᠢᠨ ᠲᠥᠯᠥᠭᠡ ᠶᠤᠮ᠃ ᠪᠢᠳᠡ ᠨᠣᠮ ᠎ᠤᠡᠭᠰᠢᠬᠤ ᠡᠴᠡ ᠰᠢᠨ᠎ᠡ ᠰᠡᠪᠡᠭᠦᠨ ᠲᠥᠷᠥᠭᠳᠡᠯ ᠤᠯᠬᠤ ᠬᠡᠷᠡᠭᠲᠠᠢ᠂ ᠬᠡᠷᠪᠡ ᠰᠢᠨ᠎ᠡ ᠰᠡᠪᠡᠭᠦᠨ ᠲᠥᠷᠥᠭᠳᠡᠯ ᠪᠠᠢᠬᠤ ᠦᠭᠡᠢ ᠪᠣᠯ ᠤᠩᠰᠢᠭᠰᠠᠨ᠎ᠤ ᠬᠡᠷᠡᠭ ᠦᠭᠡᠢ᠃ ᠪᠠᠰᠠ ᠨᠣᠮ ᠎ᠤᠨ ᠭᠤᠤᠯ ᠰᠡᠳᠦᠪ᠎ᠢ ᠦᠨᠡᠨ ᠬᠦ᠌ ᠰᠢᠩᠭᠡᠬᠡᠨ ᠠᠪᠴᠤ ᠂ ᠴᠢᠨᠠᠭᠱᠢᠳᠠ ᠥᠪᠡᠷ᠎ᠦᠨ ᠴᠢᠰᠤ ᠮᠢᠬᠠᠨ᠎ᠳᠠᠭᠠᠨ ᠣᠷᠣᠭᠤᠯᠵᠤ᠂ ᠡᠭᠦᠨ᠎ᠦ ᠤᠯᠠᠮ᠎ᠠᠴᠠ ᠠᠮᠢᠳᠤᠷᠠᠯ᠎ᠤᠨ ᠨᠢᠭᠡ ᠵᠦᠢᠯ᠎ᠦᠨ ᠬᠦᠴᠦᠨ ᠴᠢᠳᠠᠯ ᠪᠠ ᠰᠡᠩᠬᠡᠷᠡᠭᠦᠯᠦᠯ ᠪᠣᠯᠭᠠᠬᠤ ᠬᠡᠷᠡᠭᠲᠡᠢ᠃

    《 ᠱᠢᠨᠬᠤᠸᠠ ᠵᠤᠬᠢᠶᠠᠯ᠎ᠤᠨ ᠱᠦᠭᠦᠮᠡᠭ 》 ᠡᠴᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号