ᠭᠤᠷᠪᠠᠳᠤᠭᠠᠷ ᠬᠤᠭᠤᠴᠠᠭᠠᠨ᠎ᠤ 《ᠱᠢᠶᠠᠩᠭᠠᠩ᠎ᠤᠨ ᠳᠡᠯᠡᠬᠡᠢ᠎ᠶ᠋ᠢᠨ ᠵᠠᠯᠠᠭᠤᠴᠤᠳ᠎ᠤᠨ ᠱᠢᠨᠵᠢᠯᠡᠬᠦ᠌ ᠤᠬᠠᠭᠠᠨ᠎ᠤ ᠶᠡᠬᠡ ᠬᠤᠷᠠᠯ》 ᠵᠢᠴᠢ 《ᠱᠢᠶᠠᠩᠵᠢᠶᠠᠩ᠎ᠤᠨ ᠨᠤᠪᠸᠢ ᠶᠠᠷᠢᠶᠠᠨ᠎ᠤ ᠲᠠᠪᠴᠠᠩ》 ᠤ᠋ᠨ ᠭᠣᠣᠯ ᠰᠡᠳᠦᠪᠲᠦ ᠱᠢᠷᠢᠰ ᠠᠵᠢᠯᠯᠠᠭ᠎ᠠ 12 ᠤ᠋ᠨ ᠡᠳᠦᠷ ᠱᠢᠶᠠᠩᠭᠠᠩ᠎ᠤᠨ ᠬᠤᠷᠠᠯ ᠦᠵᠡᠰᠭᠦᠯᠡᠩ᠎ᠦᠨ ᠲᠥᠪ᠎ᠲᠦ ᠡᠬᠢᠯᠡᠪᠡ᠃ ᠲᠤᠰ ᠬᠤᠭᠤᠴᠠᠭᠠᠨ᠎ᠤ ᠠᠵᠢᠯᠯᠠᠭ᠎ᠠ 12᠎ᠡᠴᠡ 16 ᠤ᠋ ᠡᠳᠦᠷ ᠪᠣᠯᠲᠠᠯ᠎ᠠ ᠶᠠᠪᠤᠭ᠍ᠳᠠᠵᠤ᠂ ᠲᠦᠷᠦᠭᠦᠴᠦᠳ᠎ᠦᠨ ᠬᠤᠷᠠᠯ᠎ᠤᠨ ᠶᠠᠷᠢᠶᠠᠨ᠎ᠤ ᠲᠠᠪᠴᠠᠩ᠂ ᠦᠷ᠎ᠡ ᠪᠦᠲᠦᠭᠡᠯ᠎ᠦᠨ ᠦᠵᠡᠭᠦᠯᠭᠡ᠂ ᠰᠤᠷᠭᠠᠭᠤᠯᠢ᠎ᠶ᠋ᠢᠨ ᠬᠦᠷᠢᠶᠡᠨ᠎ᠦ ᠲᠠᠢᠯᠤᠮᠵᠢ ᠵᠡᠷᠭᠡ ᠱᠢᠷᠢᠰ ᠠᠵᠢᠯᠯᠠᠭ᠎ᠠ ᠵᠢ ᠥᠷᠨᠢᠭᠦᠯᠵᠦ᠍᠂ ᠵᠣᠬᠢᠶᠠᠮᠠᠯ ᠤᠶᠤᠨ ᠴᠢᠳᠠᠪᠤᠷᠢ᠂ ᠺᠸᠠᠨ᠋ᠲ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠂ ᠪᠣᠬᠢᠷᠲᠤᠯ ᠦᠭᠡᠢ ᠡᠨᠧᠷᠭᠢ ᠵᠡᠷᠭᠡ ᠬᠦᠷᠢᠶᠡᠨ᠎ᠦ ᠲᠣᠭᠣᠷᠢᠨ᠎ᠳᠤ ᠬᠣᠱᠢᠭᠤᠷᠠᠯ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠂ ᠢᠷᠡᠭᠡᠳᠦᠢ᠎ᠶ᠋ᠢᠨ ᠠᠵᠤ ᠦᠢᠯᠡᠰ᠎ᠦᠨ ᠬᠥᠭ᠌ᠵᠢᠯᠲᠡ ᠪᠣᠯᠤᠨ ᠬᠠᠮᠲᠤᠷᠠᠯᠴᠠᠭ᠎ᠠ᠎ᠶ᠋ᠢ ᠰᠤᠳᠤᠯᠤᠨ ᠶᠠᠷᠢᠯᠴᠠᠬᠤ ᠪᠤᠯᠤᠨ᠎ᠠ᠃
ᠠᠵᠢᠯᠯᠠᠭ᠎ᠠ᠎ᠶ᠋ᠢ ᠭᠤᠤᠯᠯᠠᠨ ᠡᠷᠭᠢᠯᠡᠭ᠌ᠰᠡᠨ ᠲᠠᠯ᠎ᠠ᠂ ᠪᠡᠭᠡᠵᠢᠩ ᠤ᠋ᠨ ᠶᠡᠬᠡ ᠳᠡᠭᠡᠳᠦ ᠰᠤᠷᠭᠠᠭᠤᠯᠢ ᠳ᠋ᠤ ᠰᠤᠷᠤᠯᠴᠠᠭᠰᠠᠨ ᠱᠢᠶᠠᠩᠭᠠᠩ ᠤ᠋ᠨ ᠰᠤᠷᠤᠭᠴᠢᠳ ᠤ᠋ᠨ ᠬᠣᠯᠪᠣᠭ᠎ᠠ᠎ᠶ᠋ᠢᠨ ᠳᠠᠷᠤᠭ᠎ᠠ ᠯᠢ ᠷᠠᠨ᠂ ᠲᠣᠰ ᠬᠤᠭᠤᠴᠠᠭᠠᠨ᠎ᠤ ᠠᠵᠢᠯᠯᠠᠭ᠎ᠠ᠎ᠨᠢ 《ᠳᠡᠯᠡᠬᠡᠶᠳ᠋ᠡᠬᠢᠨ ᠲᠠᠢ ᠬᠠᠮᠲᠤᠷᠠᠨ ᠢᠷᠡᠭᠡᠳᠦᠶ᠎ᠪᠡᠨ ᠴᠣᠭ᠍ᠴᠠᠯᠠᠬᠤ》 ᠪᠠᠷ ᠭᠤᠤᠯ ᠰᠡᠳᠦᠪ ᠪᠣᠯᠭᠠᠵᠤ᠂ ᠮᠢᠩᠭ᠎ᠠ ᠭᠠᠷᠤᠶ ᠠᠵᠢᠯ ᠲᠥᠷᠥᠯ᠎ᠦᠨ ᠲᠥᠯᠥᠭᠡᠯᠡᠭ᠌ᠴᠢ᠎ᠶ᠋ᠢ ᠤᠷᠢᠨ ᠤᠷᠤᠯᠴᠠᠭᠤᠯᠪᠠ᠃ ᠶᠡᠬᠡ ᠬᠤᠷᠠᠯ ᠳ᠋ᠤ 9 ᠶᠡᠬᠡ ᠭᠣᠣᠯ ᠰᠡᠳᠦᠪ᠂ 12 ᠲᠠᠯᠠᠪᠤᠷ ᠱᠢᠷᠢᠰ ᠠᠵᠢᠯᠯᠠᠭ᠎ᠠ ᠥᠷᠨᠢᠭᠦᠯᠵᠦ᠍᠂ ᠳᠡᠯᠡᠬᠡᠢ᠎ᠶ᠋ᠢᠨ ᠲᠡᠷᠢᠭᠦᠨ᠎ᠦ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠴᠢᠳᠠᠪᠤᠷᠢᠲᠠᠨ᠎ᠤ ᠠᠩᠬᠠᠷᠤᠯ᠎ᠢ ᠲᠠᠳᠠᠵᠤ᠂ ᠳᠡᠯᠡᠬᠡᠢ᠎ᠶ᠋ᠢᠨ ᠬᠣᠱᠢᠭᠤᠷᠠᠯ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠲᠦᠷᠦᠯ ᠵᠦᠢᠯ ᠲᠠᠢ ᠵᠤᠯᠭᠠᠭᠤᠯᠵᠤ᠂ ᠠᠽᠢᠶ᠎ᠠ ᠲᠢᠪ ᠨᠣᠮᠣᠬᠠᠨ ᠲᠠᠯᠠᠢ᠎ᠶ᠋ᠢᠨ ᠣᠷᠣᠨ ᠴᠢᠨᠠᠭ᠍ᠰᠢᠯᠠᠪᠠᠯ ᠪᠦᠬᠦ᠌ ᠪᠥᠮᠪᠥᠷᠴᠡᠭ᠎ᠦᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠰᠤᠳᠤᠯᠭᠠᠨ᠎ᠤ ᠠᠵᠢᠯ ᠲᠦᠷᠦᠯ ᠠᠯᠤᠰᠯᠠᠨ ᠠᠭᠤᠰᠤᠯᠴᠠᠬᠤ ᠱᠢᠨ᠎ᠡ᠎ᠶ᠋ᠢ ᠡᠭᠦᠳᠬᠦ᠌ ᠠᠷᠭ᠎ᠠ ᠵᠠᠮ᠎ᠢ ᠨᠡᠪᠲᠡᠷᠡᠭᠦᠯᠬᠦ᠌᠎ᠪᠡᠷ ᠵᠣᠷᠢᠯᠲᠠ ᠪᠣᠯᠭᠠᠪᠠ ᠭᠡᠵᠤ ᠲᠠᠨᠢᠯᠴᠠᠭᠤᠯᠵᠠᠢ᠃
ᠱᠢᠶᠠᠩᠭᠠᠩ ᠤᠨᠴᠠᠭᠠᠢ ᠵᠠᠰᠠᠭ ᠵᠠᠬᠢᠷᠭᠠᠨ᠎ᠤ ᠣᠷᠣᠨ᠎ᠤ ᠵᠠᠰᠠᠭ ᠵᠠᠬᠢᠷᠭᠠᠨ᠎ᠤ ᠳᠠᠷᠤᠭ᠎ᠠ ᠯᠢ ᠵᠢᠶᠠ ᠴᠤᠤ ᠪᠠᠶᠠᠷ᠎ᠤᠨ ᠦᠭᠡ ᠬᠡᠯᠡᠬᠦ᠌ ᠳ᠋ᠡᠭᠡᠨ᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠲᠥᠯᠥᠪᠵᠢᠭᠦᠯᠭᠡ᠎ᠶ᠋ᠢᠨ ᠳᠣᠣᠷ᠎ᠠ᠂ ᠱᠢᠶᠠᠩᠭᠠᠩ ᠤᠯᠠᠨ ᠤᠯᠤᠰ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠥᠪ᠎ᠦᠨ ᠪᠦᠲᠦᠭᠡᠨ ᠪᠠᠢᠭᠤᠯᠤᠯᠲᠠ᠎ᠶ᠋ᠢ ᠦᠷᠭᠦᠯᠵᠢᠯᠡᠨ ᠶᠡᠬᠡ ᠪᠡᠷ ᠠᠬᠢᠭᠤᠯᠤᠨ᠎ᠠ᠃ 《 InnoHK ᠱᠢᠨ᠎ᠡ᠎ᠶ᠋ᠢ ᠡᠭᠦᠳᠬᠦ᠌ ᠱᠢᠶᠠᠩᠭᠠᠩ᠎ᠤᠨ ᠰᠤᠳᠤᠯᠤᠨ ᠨᠡᠭᠡᠭᠡᠬᠦ᠌ ᠲᠠᠪᠴᠠᠩ》᠎ᠨᠢ ᠱᠢᠶᠠᠩᠭᠠᠩ᠎ᠤᠨ ᠱᠢᠨ᠎ᠡ᠎ᠶ᠋ᠢ ᠡᠭᠦᠳᠬᠦ᠌ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠣᠱᠢᠭᠤᠴᠢ ᠲᠥᠷᠥᠯ ᠵᠦᠶ᠋ᠯ ᠪᠣᠯᠤᠭ᠍ᠰᠠᠨ᠎ᠤ ᠬᠤᠪᠢ᠎ᠳᠤ᠂ ᠣᠳᠣᠬᠠᠨ᠎ᠳᠤ ᠲᠠᠪᠴᠠᠩ᠎ᠳᠤ ᠪᠠᠢᠭ᠎ᠠ ᠬᠣᠶᠠᠷ ᠰᠤᠳᠤᠯᠭᠠᠨ᠎ᠤ ᠪᠦᠯᠦᠭ᠌ᠯᠡᠯ᠎ᠨᠢ ᠡᠮᠴᠢᠯᠡᠭᠡᠨ᠎ᠦ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠪᠠ ᠵᠣᠬᠢᠶᠠᠮᠠᠯ ᠣᠶᠤᠨ ᠴᠢᠳᠠᠪᠤᠷᠢ ᠵᠢᠴᠢ ᠮᠠᠱᠢᠨ ᠬᠥᠮᠦᠨ᠎ᠢ ᠰᠤᠳᠤᠯᠬᠤ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠭᠤᠷᠪᠠᠳᠤᠭᠠᠷ ᠶᠡᠬᠡ ᠰᠤᠳᠤᠯᠭᠠᠨ᠎ᠤ ᠪᠦᠯᠦᠭ᠌ᠵᠢᠯ ᠢ᠋ ᠶᠠᠭ ᠪᠡᠯᠡᠳᠭᠡᠵᠤ ᠪᠣᠶ᠂ ᠡᠨᠡ ᠨᠢ ᠦᠷᠭᠦᠯᠵᠢᠯᠡᠬᠦ᠌ ᠬᠥᠭ᠌ᠵᠢᠯᠲᠡ᠂ ᠡᠨᠧᠷᠭᠢ ᠵᠢᠴᠢ ᠲᠡᠷᠢᠭᠦᠨ᠎ᠦ ᠦᠶ᠋ᠯᠡᠳᠬᠦ᠌ ᠦᠶ᠋ᠯᠡᠰ ᠵᠢᠴᠢ ᠮᠠᠲ᠋ᠧᠷᠢᠶᠠᠯ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠣᠳᠣᠬᠠᠨ᠎ᠳᠤ ᠨᠢᠭᠡᠨᠲᠡ 8 ᠰᠠᠨᠠᠯ ᠳᠤᠷᠠᠳᠤᠯᠭ᠎ᠠ᠎ᠨᠢ ᠵᠥᠪᠱᠢᠶᠡᠷᠡᠭ᠌ᠳᠡᠵᠦ᠍᠂ ᠬᠤᠯᠪᠤᠭᠳᠠᠯ ᠪᠥᠬᠥᠶ ᠰᠤᠳᠤᠯᠤᠨ ᠨᠡᠭᠡᠭᠡᠬᠦ᠌ ᠲᠥᠪ᠎ᠨᠢ ᠢᠷᠡᠭᠡᠳᠦᠶ᠎ᠶ᠋ᠢᠨ ᠬᠡᠳᠦᠨ ᠰᠠᠷ᠎ᠠ᠎ᠶ᠋ᠢᠨ ᠳᠣᠲᠣᠷ᠎ᠠ ᠱᠠᠲᠤ ᠬᠤᠪᠢᠶᠠᠨ ᠠᠵᠢᠯ᠎ᠢᠶᠡᠨ ᠡᠬᠢᠯᠡᠬᠦ᠌ ᠪᠣᠯᠤᠨ᠎ᠠ ᠭᠡᠵᠤ ᠢᠯᠡᠳᠭᠡᠵᠠᠢ᠃
ᠲᠥᠷᠥ᠎ᠶ᠋ᠢᠨ ᠶᠠᠪᠤᠳᠠᠯ᠎ᠤᠨ ᠬᠣᠷᠢᠶ᠎ᠠ᠎ᠶᠢᠨ ᠱᠢᠶᠠᠩᠭᠠᠩ ᠣᠣᠮᠧᠨ᠎ᠦ ᠬᠡᠷᠡᠭ ᠶᠠᠪᠤᠳᠠᠯ᠎ᠤᠨ ᠠᠯᠪᠠᠨ ᠬᠡᠷ᠎ᠦᠨ ᠳᠥᠷᠪᠡᠳᠦᠭᠡᠷ ᠲᠣᠪᠴᠢᠶᠠᠨ᠎ᠤ ᠳᠠᠷᠤᠭ᠎ᠠ ᠴᠧᠨ ᠸᠧᠶ᠂ ᠤᠯᠤᠰ᠎ᠡᠴᠡ ᠶᠠᠭ ᠰᠤᠷᠭᠠᠨ ᠬᠥᠮᠦᠵᠢᠯ᠎ᠦᠨ ᠬᠦᠴᠦᠷᠬᠡᠭ ᠤᠯᠤᠰ᠂ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠦᠴᠦᠷᠬᠡᠭ ᠤᠯᠤᠰ᠂ ᠴᠢᠳᠠᠪᠤᠷᠢᠲᠠᠨ᠎ᠤ ᠬᠦᠴᠦᠷᠬᠡᠭ ᠤᠯᠤᠰ᠎ᠤᠨ ᠪᠥᠲᠥᠭᠡᠨ ᠪᠠᠢᠭᠤᠯᠤᠯᠲᠠ᠎ᠶ᠋ᠢ ᠡᠷᠡᠰ ᠭᠤᠢᠪᠢᠰᠢ ᠥᠬᠡᠶ ᠨᠢᠭᠡᠳᠦᠯᠲᠡᠶ ᠲᠥᠯᠥᠪᠵᠢᠭᠦᠯᠵᠦ ᠪᠤᠢ᠂ ᠱᠢᠶᠠᠩᠭᠠᠩ ᠯᠠᠪᠲᠠᠶ ᠬᠤᠳᠠ ᠵᠢᠨ ᠬᠤᠢᠳᠤ ᠬᠡᠰᠡᠭ ᠲᠡᠬᠢ ᠶᠡᠬᠡ ᠰᠤᠷᠭᠠᠭᠤᠯᠢ᠎ᠶ᠋ᠢᠨ ᠬᠣᠲᠠ᠎ᠶ᠋ᠢᠨ ᠪᠥᠲᠥᠭᠡᠨ ᠪᠠᠢᠭᠤᠯᠤᠯᠲᠠ᠎ᠪᠠᠷ ᠭᠠᠷᠳᠠᠴᠠ ᠪᠠ ᠬᠣᠯᠪᠣᠭᠠᠰᠤ ᠪᠣᠯᠭᠠᠵᠤ᠂ ᠰᠤᠷᠭᠠᠨ ᠬᠥᠮᠦᠵᠢᠯ᠎ᠢᠶᠡᠷ ᠴᠢᠳᠠᠪᠤᠷᠢᠲᠠᠨ᠎ᠢ ᠲᠠᠲᠠᠬᠤ᠂ ᠠᠵᠤ ᠦᠶ᠋ᠯᠡᠰ᠎ᠢ ᠲᠥᠪᠯᠡᠷᠡᠭᠦᠯᠬᠦ᠌᠎ᠪᠡᠷ ᠳᠠᠮᠵᠢᠨ᠂ ᠰᠤᠷᠭᠠᠨ ᠬᠥᠮᠦᠵᠢᠯ᠂ ᠱᠢᠨᠵᠢᠯᠡᠬᠦ᠌ ᠤᠬᠠᠭᠠᠨ᠎ᠤ ᠰᠤᠳᠤᠯᠭᠠᠨ᠂ ᠠᠵᠤ ᠦᠶ᠋ᠯᠡᠰ᠂ ᠴᠢᠳᠠᠪᠤᠷᠢᠲᠠᠨ᠎ᠤ ᠪᠥᠬᠥ᠌ ᠬᠡᠯᠬᠢᠶ᠎ᠡ᠎ᠶ᠋ᠢ ᠨᠡᠪᠲᠡᠷᠡᠭᠦᠯᠵᠦ᠍᠂ ᠠᠵᠤ ᠦᠢᠯᠡᠰ ᠵᠢᠭᠠᠨ ᠰᠤᠷᠭᠠᠯᠲᠠ ᠰᠤᠳᠤᠯᠭᠠᠨ᠎ᠢ ᠠᠭᠤᠰᠤᠯᠴᠠᠭᠤᠯᠤᠨ ᠱᠢᠨ᠎ᠡ᠎ᠶ᠋ᠢ ᠡᠭᠦᠳᠬᠦ᠌᠎ᠶ᠋ᠢ ᠠᠬᠢᠭᠤᠯᠵᠤ᠂ ᠳᠣᠲᠣᠷ᠎ᠠ ᠭᠠᠵᠠᠷ ᠪᠣᠯᠤᠨ ᠱᠢᠶᠠᠩᠭᠠᠩ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠡᠬᠢ ᠪᠠᠶᠠᠯᠢᠭ᠎ᠤᠨ ᠬᠣᠯᠪᠣᠯᠳᠤᠨ ᠨᠡᠪᠲᠡᠷᠡᠯᠴᠡᠬᠦ᠌᠂ ᠳᠠᠪᠠᠭᠤᠯᠢᠭ᠎ᠢᠶᠠᠨ ᠬᠠᠷᠢᠯᠴᠠᠨ ᠨᠥᠬᠥᠪᠥᠷᠢᠯᠡᠬᠦ᠌᠎ᠶ᠋ᠢ ᠠᠬᠢᠭᠤᠯᠵᠤ᠂ ᠱᠢᠨ᠎ᠡ᠎ᠶ᠋ᠢ ᠡᠭᠦᠳᠬᠦ᠌ ᠪᠦᠯᠦᠭ᠌ᠵᠢᠯ᠎ᠦᠨ ᠥᠨᠳᠥᠷᠯᠢᠭ ᠪᠣᠯᠤᠨ ᠥᠨᠳᠥᠷ ᠲᠦᠪᠱᠢᠨ ᠪᠥᠬᠥᠶ ᠴᠢᠳᠠᠪᠤᠷᠢᠲᠠᠨ᠎ᠤ ᠥᠨᠳᠥᠷᠯᠢᠭ᠎ᠢ ᠭᠠᠷ ᠬᠣᠯᠪᠣᠨ ᠴᠣᠭ᠍ᠴᠠᠯᠠᠨ᠎ᠠ ᠭᠡᠳᠡᠭ᠎ᠢ ᠢᠲᠡᠭᠡᠵᠦ᠍ ᠪᠠᠢᠨ᠎ᠠ ᠭᠡᠵᠤ ᠢᠯᠡᠳᠭᠡᠪᠡ᠃
ᠠᠵᠢᠯᠯᠠᠭ᠎ᠠ᠎ᠶ᠋ᠢᠨ ᠲᠤᠬᠠᠶ᠎ᠶ᠋ᠢᠨ ᠲᠠᠯᠠᠪᠠᠶ᠎ᠳᠤ ᠪᠠᠰᠠ 《ᠠᠽᠢᠶ᠎ᠠ ᠧᠦ᠋ᠷᠣᠫᠠ᠎ᠶ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠬᠥᠭ᠌ᠵᠢᠯᠲᠡ ᠪᠠ ᠬᠠᠮᠲᠤᠷᠠᠯᠴᠠᠭᠠᠨ᠎ᠤ ᠣᠯᠠᠨ ᠤᠯᠤᠰ᠎ᠤᠨ ᠬᠣᠯᠪᠣᠭ᠎ᠠ》 ᠪᠠᠢᠭᠤᠯᠤᠭ᠍ᠳᠠᠬᠤ ᠶᠣᠰᠣᠯᠠᠯ᠎ᠢ ᠡᠷᠭᠢᠯᠡᠵᠦ᠍᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠷ᠎ᠡ ᠪᠦᠲᠦᠭᠡᠯ᠎ᠢ ᠲᠦᠷᠭᠡᠪᠴᠢᠯᠡᠨ ᠤᠨᠳᠤᠤᠰᠢᠭᠤᠯᠬᠤ᠎ᠶ᠋ᠢ ᠠᠬᠢᠭᠤᠯᠪᠠ᠃ ᠡᠭᠦᠨ᠎ᠡᠴᠡ ᠭᠠᠳᠠᠨ᠎ᠠ᠂ ᠳᠣᠲᠣᠷ᠎ᠠ ᠭᠠᠵᠠᠷ᠎ᠡᠴᠡ ᠢᠷᠡᠭ᠌ᠰᠡᠨ 68 ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠰᠢᠨ᠎ᠡ᠎ᠵᠢ ᠡᠭᠦᠳᠬᠦ ᠠᠵᠤ ᠠᠬᠤᠢᠯᠠᠯ ᠪᠣᠯᠤᠨ ᠱᠢᠶᠠᠩᠭᠠᠩ᠎ᠤᠨ ᠲᠣᠭᠠᠴᠢᠯᠠᠭ᠍ᠰᠠᠨ ᠭᠠᠷᠠᠮ᠂ ᠱᠢᠶᠠᠩᠭᠠᠩ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠦᠷᠢᠶᠡᠯᠡᠩ ᠵᠡᠷᠭᠡ ᠭᠠᠵᠠᠷ ᠯᠤᠭ᠎ᠠ ᠱᠢᠶᠠᠩᠭᠠᠩ᠎ᠳᠠᠬᠢ ᠬᠥᠭ᠌ᠵᠢᠯᠲᠡ᠎ᠶ᠋ᠢᠨ ᠬᠠᠮᠲᠤᠷᠠᠯᠴᠠᠭᠠᠨ᠎ᠤ ᠰᠠᠨᠠᠮᠵᠢ᠎ᠶ᠋ᠢᠨ ᠪᠢᠴᠢᠭ᠎ᠲᠦ ᠭᠠᠷᠤᠨ ᠦᠰᠦᠭ ᠵᠢᠷᠤᠵᠤ᠂ ᠠᠵᠤ ᠠᠬᠤᠢᠯᠠᠯ᠎ᠤᠨ ᠱᠢᠶᠠᠩᠭᠠᠩ᠎ᠳᠤ ᠨᠤᠲᠤᠭ᠍ᠰᠢᠬᠤ᠂ ᠤᠯᠠᠨ ᠤᠯᠤᠰ᠎ᠤᠨ ᠵᠠᠬ᠎ᠠ ᠳᠡᠯᠭᠡᠭᠦᠷ᠎ᠢ ᠥᠷᠭᠡᠳᠭᠡᠬᠦ᠌ ᠵᠢᠴᠢ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠠᠮᠲᠤᠷᠠᠯᠴᠠᠭ᠎ᠠ᠎ᠶ᠋ᠢ ᠭᠦᠨᠵᠡᠭᠡᠢᠷᠡᠭᠦᠯᠬᠦ᠌᠎ᠳᠦ ᠨᠡᠩ ᠪᠣᠳᠠᠲᠠᠢ ᠵᠣᠯᠭᠠᠯᠴᠠᠬᠤ ᠲᠠᠪᠴᠠᠩ ᠪᠠᠢᠭᠤᠯᠵᠤ ᠥᠭ᠌ᠪᠡ᠃
ᠱᠢᠶᠠᠩᠭᠠᠩ ᠣᠨᠴᠠᠭᠠᠢ ᠵᠠᠰᠠᠭ ᠵᠠᠬᠢᠷᠭᠠᠨ᠎ᠤ ᠣᠷᠣᠨ᠎ᠤ ᠵᠠᠰᠠᠭ᠎ᠤᠨ ᠣᠷᠳᠣᠨ᠎ᠤ ᠱᠢᠨ᠎ᠡ᠎ᠶ᠋ᠢ ᠡᠭᠦᠳᠬᠦ᠌ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠵᠢᠴᠢ ᠠᠵᠤ ᠦᠢᠯᠡᠳᠪᠦᠷᠢ᠎ᠶ᠋ᠢᠨ ᠲᠣᠪᠴᠢᠶᠠᠨ᠎ᠤ ᠳᠠᠷᠤᠭ᠎ᠠ ᠰᠦᠨ ᠳ᠋ᠦᠩ ᠰᠤᠷᠪᠤᠯᠵᠢᠯᠠᠭ᠍ᠴᠢ᠎ᠶ᠋ᠢᠨ ᠰᠤᠷᠪᠤᠯᠵᠢᠯᠠᠭ᠎ᠠ᠎ᠶ᠋ᠢ ᠬᠦᠯᠢᠶᠡᠬᠦ᠌᠎ᠳᠡᠭᠡᠨ᠂ ᠠᠽᠢᠶ᠎ᠠ ᠧᠦ᠋ᠷᠣᠫᠠ᠎ᠶ᠋ᠢᠨ ᠱᠢᠨᠵᠢᠯᠡᠬᠦ᠌ ᠤᠬᠠᠭᠠᠨ ᠪᠣᠯᠤᠨ ᠮᠡᠷᠭᠡᠵᠢᠯ᠎ᠦᠨ ᠵᠣᠬᠢᠶᠠᠨ ᠪᠠᠢᠭᠤᠯᠤᠯᠲᠠ ᠱᠢᠶᠠᠩᠭᠠᠩ᠎ᠳᠤ ᠰᠣᠯᠢᠯᠴᠠᠭᠠᠨ᠎ᠤ ᠲᠠᠪᠴᠠᠩ ᠪᠠᠢᠭᠤᠯᠵᠤ᠂ ᠱᠢᠶᠠᠩᠭᠠᠩ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠬᠦᠷᠢᠶᠡᠨ᠎ᠳᠡᠬᠢ 《ᠳᠣᠲᠣᠭᠠᠳᠤ᠎ᠳᠠᠭᠠᠨ ᠬᠣᠯᠪᠣᠭᠠᠯᠠᠨ ᠭᠠᠳᠠᠭ᠍ᠰᠢ ᠨᠡᠪᠲᠡᠷᠡᠯᠴᠡᠬᠦ᠌》ᠳᠠᠪᠠᠭᠤᠯᠢᠭ᠎ᠢ ᠤᠯᠠᠮ ᠨᠢᠭᠡ ᠠᠯᠬᠤᠮ ᠴᠢᠩᠭᠠᠳᠭᠠᠬᠤ᠎ᠶ᠋ᠢᠨ ᠬᠠᠮᠲᠤ ᠱᠢᠶᠠᠩᠭᠠᠩ᠎ᠤᠨ ᠤᠯᠠᠨ ᠤᠯᠤᠰ᠎ᠤᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠠᠢᠷᠢ ᠰᠠᠭᠤᠷᠢ᠎ᠶ᠋ᠢ ᠳᠡᠭᠡᠭ᠌ᠰᠢᠯᠡᠭᠦᠯᠪᠡ᠃ ᠤᠯᠠᠨ ᠤᠯᠤᠰ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠥᠪ᠎ᠢ ᠲᠦᠷᠭᠡᠪᠴᠢᠯᠡᠨ ᠪᠠᠢᠭᠤᠯᠬᠤ ᠶᠠᠪᠤᠴᠠ᠎ᠳᠤ᠂ ᠱᠢᠶᠠᠩᠭᠠᠩ ᠤᠯᠠᠨ ᠤᠯᠤᠰ᠎ᠤᠨ ᠶᠠᠪᠤᠯᠴᠠᠭ᠎ᠠ᠎ᠶ᠋ᠢᠨ ᠳᠠᠪᠠᠭᠤᠯᠢᠭ᠎ᠢᠶᠠᠨ ᠦᠷᠭᠦᠯᠵᠢᠯᠡᠨ ᠪᠠᠳᠠᠷᠠᠭᠤᠯᠵᠤ᠂ ᠤᠯᠠᠨ ᠤᠯᠤᠰ᠎ᠤᠨ ᠳᠡᠭᠡᠳᠦ ᠲᠡᠰ᠎ᠤᠨ ᠡᠷᠳᠡᠮ ᠱᠢᠨᠵᠢᠯᠡᠭᠡᠨ ᠵᠢᠴᠢ ᠴᠢᠳᠠᠪᠤᠷᠢᠲᠠᠨ᠎ᠤ ᠰᠣᠯᠢᠯᠴᠠᠭᠠᠨ᠎ᠤ ᠴᠢᠬᠤᠯᠠ ᠲᠠᠪᠴᠠᠩ ᠪᠣᠯᠬᠤ ᠪᠣᠯᠤᠨ᠎ᠠ ᠭᠡᠵᠦ ᠢᠯᠡᠳᠭᠡᠪᠡ᠃
(ᠱᠢᠨᠬᠤᠸᠠ ᠬᠣᠷᠢᠶ᠎ᠠ ᠵᠢᠨ ᠱᠢᠶᠠᠩᠭᠠᠩ᠎ᠤᠨ 4 ᠰᠠᠷ᠎ᠠ᠎ᠶ᠋ᠢᠨ 12 ᠤ᠋ᠨ ᠴᠠᠬᠢᠯᠭᠠᠨ ᠮᠡᠳᠡᠭᠡ)