ᠬᠠᠪᠤᠷ ᠎ᠤᠨ ᠲᠠᠷᠢᠶᠠᠯᠠᠭ᠎ᠠ ᠳ᠋ᠤ 《ᠴᠠᠬ᠎ᠤᠨ ᠬᠤᠷ᠎ᠠ 》 ᠪᠤᠯᠤᠭᠰᠠᠨ ᠮᠥᠩᠭᠥᠨ ᠭᠦᠢᠯᠭᠡᠭᠡᠨ ᠎ᠦ ᠦᠢᠯᠡᠴᠢᠯᠡᠭᠡ
2026-04-15 16:21:32
ᠵᠣᠬᠢᠶᠠᠭ᠍ᠴᠢ᠄
ᠪᠤᠤ ᠴᠢᠩ ᠱᠧᠩ
ᠣᠩᠱᠢᠭ᠍ᠰᠠᠨ ᠣᠳᠠᠭ᠎ᠠ᠄
★★★☆☆

《ᠲᠠ ᠨᠠᠷ᠎ᠲᠤ ᠴᠢᠩ ᠰᠡᠳᠬᠢᠯ ᠡᠴᠡ ᠪᠠᠨ ᠲᠠᠯᠠᠷᠬᠠᠵᠤ ᠪᠠᠢᠨ᠎ᠠ᠂ ᠡᠨᠡ ᠵᠢᠭᠡᠯᠡᠯᠭᠡ ᠨᠠᠳᠠ ᠳ᠋ᠤ ᠠᠪᠴᠥ ᠬᠡᠯᠡᠪᠡᠯ ᠳᠠᠭᠠᠷᠠᠬᠰᠠᠨ ᠬᠥᠮᠥᠨ ᠳ᠋ᠤ ᠳᠠᠬᠤ ᠬᠥᠷᠭᠡᠭᠰᠡᠨ ᠶᠠᠪᠤᠳᠠᠯ ᠪᠤᠯᠵᠡᠢ》ᠭᠡᠵᠤ ᠲᠦᠩᠯᠢᠶᠣᠣ ᠬᠤᠲᠠ᠎ᠶᠢᠨ ᠬᠦᠷᠢᠶ᠎ᠡ ᠬᠤᠰᠢᠭᠤᠨ᠎ᠤ ᠬᠥᠷᠢᠶ᠎ᠡ ᠪᠠᠯᠭᠠᠰᠤᠨ᠎ᠤ ᠬᠠᠲᠠᠭᠤ ᠤᠯᠤᠮ ᠭᠠᠴᠠᠭᠠᠨ᠎ᠤ ᠲᠡᠵᠢᠭᠡᠪᠦᠷᠢ ᠵᠢᠨ ᠡᠷᠦᠬᠡ ᠵᠠᠩ ᠮᠧᠢ ᠷᠦᠩ ᠲᠠᠯᠠᠷᠬᠠᠨ ᠬᠡᠯᠡᠨ᠎ᠠ᠃ 3 ᠰᠠᠷ᠎ᠠ᠎ᠶᠢᠨ 30᠎ᠤ᠋ ᠡᠳᠦᠷ᠂ ᠵᠠᠩ ᠮᠧᠢ ᠷᠦᠩ ᠲᠤᠰᠬᠠᠢᠯᠠᠨ 《ᠡᠭᠦᠷᠭᠡ ᠬᠠᠷᠢᠭᠤᠴᠠᠯᠭ᠎ᠠ᠎ᠪᠠᠨ ᠭᠦᠢᠴᠡᠳᠬᠡᠵᠤ᠂ ᠲᠠᠷᠢᠶᠠᠴᠢᠨ ᠡᠷᠦᠬᠡ᠎ᠲᠠᠢ ᠰᠡᠳᠬᠢᠯ᠎ᠢᠶᠡᠨ ᠬᠣᠯᠪᠣᠯᠴᠠᠨ᠂ ᠬᠠᠯᠠᠭᠤᠨ ᠳᠤᠳᠤᠨᠤ ᠦᠢᠯᠡᠴᠢᠯᠡᠵᠦ᠂ ᠬᠥᠮᠥᠰ᠎ᠦᠨ ᠰᠡᠳᠬᠢᠯ᠎ᠢ ᠳᠤᠯᠠᠭᠠᠴᠠᠭᠤᠯᠤᠨ᠎ᠠ》ᠭᠡᠬᠦ ᠬᠡᠮᠡᠷᠯᠢᠭ ᠲᠤᠭ ᠎ᠢ ᠲᠠᠷᠢᠶᠠᠯᠠᠩ᠎ᠤᠨ ᠪᠠᠩᠬᠢ᠎ᠶᠢᠨ ᠬᠦᠷᠢᠶ᠎ᠡ ᠬᠣᠰᠢᠭᠤᠨ ᠎ᠤ ᠰᠠᠯᠪᠤᠷᠢ ᠪᠠᠩᠬᠢ᠎ᠳᠤ ᠬᠦᠷᠭᠡᠵᠦ᠂ ᠬᠠᠮᠤᠭ᠎ᠤᠨ ᠪᠣᠷᠣᠭᠵᠢᠭᠤᠨ ᠬᠡᠯᠪᠡᠷᠢ᠎ᠪᠡᠷ ᠲᠠᠷᠢᠶᠠᠯᠠᠩ ᠎ᠤᠨ ᠪᠠᠩᠬᠢ᠎ᠶᠢᠨ ᠥᠨᠳᠥᠷ ᠪᠦᠲᠦᠮᠵᠢᠲᠡᠢ ᠪᠦᠭᠡᠳ ᠳᠥᠭᠥᠮ ᠳᠥᠲᠡ ᠮᠥᠩᠭᠥᠨ ᠭᠦᠢᠯᠭᠡᠭᠡᠨ ᠎ᠦ ᠦᠢᠯᠡᠴᠢᠯᠡᠭᠡ᠎ᠳᠦ ᠪᠠᠶᠠᠷ ᠲᠠᠯᠠᠷᠬᠠᠯ ᠵᠢᠨᠨ ᠢᠯᠡᠳᠬᠡᠪᠡ᠃ ᠡᠨᠡ ᠬᠦ᠌ ᠵᠢᠭᠡᠯᠡᠯᠭᠡ ᠨᠢ ᠲᠡᠭᠦᠨ᠎ᠳᠦ ᠬᠠᠪᠤᠷ᠎ᠤᠨ ᠲᠠᠷᠢᠶᠠᠯᠠᠭ᠎ᠠ᠎ᠶᠢᠨ ᠪᠡᠯᠡᠳᠬᠡᠯ ᠠᠵᠢᠯ ᠵᠢᠴᠢ ᠲᠡᠵᠢᠭᠡᠪᠦᠷᠢ ᠵᠢᠨ ᠪᠡᠯᠡ ᠮᠥᠩᠭᠥ᠎ᠶᠢᠨ ᠬᠦᠴᠢᠷ ᠠᠰᠠᠭᠤᠳᠠᠯ᠎ᠢ ᠪᠥᠲᠥᠮᠵᠢᠳᠠᠢ ᠰᠢᠢᠳᠪᠦᠷᠢᠯᠡᠵᠦ ᠥᠭᠴᠡᠢ᠃

ᠵᠠᠩ ᠮᠧᠶ ᠷᠦᠩ᠎ᠤᠨ ᠬᠢᠨ ᠪᠤᠯ ᠲᠤᠬᠠᠢ᠎ᠶᠢᠨ ᠭᠠᠵᠠᠷ᠎ᠤᠨ ᠳᠠᠷᠢᠵᠤ ᠲᠡᠵᠢᠭᠡᠬᠦ᠎ᠶᠢ ᠤᠶᠠᠯᠳᠤᠭᠤᠯᠤᠭᠰᠠᠨ ᠲᠣᠮᠣ᠌ ᠡᠷᠦᠬᠡ ᠪᠣᠯᠣᠨ᠎ᠠ᠂ ᠭᠡᠷ᠎ᠲᠡᠬᠡᠨ 74 ᠲᠤᠯᠤᠭᠠᠢ ᠦᠬᠡᠷ ᠲᠡᠵᠢᠭᠡᠵᠦ᠂ 840 ᠮᠦ᠍ ᠲᠠᠷᠢᠶᠠᠨ ᠭᠠᠵᠠᠷ ᠳᠠᠭᠠᠭᠠᠴᠢᠯᠡᠵᠦ ᠪᠤᠢ᠃ ᠬᠠᠪᠤᠷ᠎ᠤᠨ ᠲᠠᠷᠢᠶᠠᠯᠠᠭ᠎ᠠ᠎ᠶᠢᠨ ᠪᠡᠯᠡᠳᠬᠡᠯ ᠠᠵᠢᠯ ᠪᠥᠬᠥ ᠲᠠᠯ᠎ᠠ ᠎ᠪᠠᠷ ᠡᠬᠢᠯᠡᠬᠦ᠎ᠶᠢ ᠳᠠᠭᠠᠯᠳᠤᠨ᠂ ᠪᠡᠯᠡ ᠮᠥᠩᠭᠥ᠎ᠶᠢᠨ ᠬᠡᠷᠡᠭᠴᠡᠭᠡ ᠶᠡᠬᠡ ᠪᠤᠯᠵᠤ ᠲᠡᠭᠦᠨ ᠎ᠢ ᠲᠦᠪᠡᠭᠳᠡᠭᠦᠯᠵᠡᠢ᠄ ᠭᠠᠵᠠᠷ ᠰᠢᠷᠣᠢ ᠎ᠶᠢᠨ ᠳᠠᠭᠠᠭᠠᠴᠢᠯᠠᠯᠲᠠ᠎ᠶᠢᠨ ᠦᠯᠡᠳᠡᠪᠦᠷᠢ ᠮᠦᠩᠬᠦ ᠵᠢ ᠳᠠᠷᠤᠢ ᠲᠥᠯᠥᠬᠦ᠂ ᠬᠠᠪᠤᠷ᠎ᠤᠨ ᠲᠠᠷᠢᠶᠠᠯᠠᠭ᠎ᠠ᠎ᠶᠢᠨ ᠬᠡᠷᠡᠭᠰᠡᠯ᠎ᠢ ᠶᠡᠬᠡ ᠬᠡᠮᠵᠢᠶ᠎ᠡ᠎ᠪᠡᠷ ᠬᠤᠳᠠᠯᠳᠤᠨ ᠠᠪᠬᠤ᠂ ᠦᠬᠡᠷ᠎ᠦᠨ ᠡᠪᠡᠰᠥ ᠪᠣᠷᠳᠣᠭ᠎ᠠ ᠪᠠᠨ ᠭᠦᠢᠴᠡᠳ ᠨᠥᠭᠡᠴᠡᠯᠡᠬᠦ ᠵᠡᠷᠭᠡ ᠨᠢ ᠳᠡᠭᠥᠨ ᠎ᠤ ᠡᠮᠥᠨ᠎ᠡ ᠳᠠᠯᠪᠢᠬᠳᠠᠬᠰᠠᠨ ᠬᠥᠴᠢᠷ ᠠᠰᠠᠭᠤᠳᠠᠯ ᠪᠣᠯᠪᠠ᠃ ᠡᠭᠦᠨ᠎ᠦ ᠬᠠᠮᠳᠤ᠂ ᠥᠬᠢᠨ ᠨᠢ ᠶᠠᠭ ᠦᠢᠯᠡᠰ ᠪᠤᠰᠬᠠᠵᠥ ᠵᠠᠷᠤᠳᠠᠯ ᠶᠡᠬᠡ ᠵᠢᠨ ᠳᠡᠭᠡᠷ᠎ᠡ ᠬᠦᠦ ᠨᠢ ᠪᠠᠰᠠ ᠮᠣᠩᠭᠣᠯ ᠤᠯᠤᠰ᠎ᠲᠤ ᠰᠤᠷᠤᠯᠴᠠᠵᠤ ᠪᠠᠢᠭ᠎ᠠ ᠪᠣᠯᠬᠣᠷ ᠰᠤᠷᠤᠯᠭ᠎ᠠ᠎ᠶᠢᠨ ᠰᠥᠢᠳᠭᠡᠯ ᠪᠠ ᠠᠮᠢᠳᠤᠷᠠᠯ᠎ᠤᠨ ᠵᠠᠷᠤᠳᠠᠯ ᠨᠢ ᠪᠠᠭ᠎ᠠ ᠪᠤᠰᠤ ᠪᠠᠢᠯ᠎ᠠ᠃ ᠡᠢᠨ᠎ᠬᠦ ᠣᠯᠠᠨ ᠵᠦᠢᠯ᠎ᠦᠨ ᠪᠡᠯᠡ ᠮᠥᠩᠭᠥ ᠵᠢᠨ ᠳᠠᠷᠤᠭᠠᠰᠤ ᠨᠢ ᠲᠡᠭᠦᠨ᠎ᠦ ᠬᠠᠪᠤᠷ᠎ᠤᠨ ᠲᠠᠷᠢᠶᠠᠯᠠᠭ᠎ᠠ ᠳ᠋ᠤ ᠬᠠᠷᠰᠢ ᠰᠠᠭᠠᠳ ᠪᠤᠯᠪᠠ᠃

ᠪᠡᠯᠡ ᠮᠥᠩᠬᠥ᠎ᠪᠡᠷ ᠭᠠᠴᠢᠬᠳᠠᠭᠰᠡᠨ ᠵᠠᠩ ᠮᠧᠢ ᠷᠦᠩ ᠲᠠᠷᠢᠶᠠᠯᠠᠩ᠎ᠤᠨ ᠪᠠᠩᠬᠢ᠎ᠶᠢᠨ ᠬᠦᠷᠢᠶ᠎ᠡ ᠬᠣᠰᠢᠭᠤᠨ᠎ᠤ ᠰᠠᠯᠪᠤᠷᠢ ᠪᠠᠩᠬᠢ᠎ᠳᠤ ᠲᠠᠷᠢᠶᠠᠴᠢᠨ ᠡᠷᠦᠬᠡ᠎ᠶᠢᠨ ᠵᠢᠭᠡᠯᠡᠯᠭᠡ᠎ᠶᠢᠨ ᠲᠤᠬᠠᠢ ᠠᠰᠠᠭᠤᠨ ᠯᠠᠪᠯᠠᠬᠤ ᠪᠡᠷ ᠬᠦᠷᠪᠡ᠃ ᠰᠠᠯᠪᠤᠷᠢ ᠪᠠᠩᠬᠢ᠎ᠶᠢᠨ ᠠᠵᠢᠯᠲᠠᠨ ᠪᠠᠢᠳᠠᠯ᠎ᠢ ᠣᠢᠯᠠᠭᠠᠭᠰᠠᠨ᠎ᠤ ᠳᠠᠷᠠᠭ᠎ᠠ᠂ ᠲᠡᠷᠡ ᠳᠠᠷᠤᠢ ᠳ᠋ᠤᠨᠢ ᠲᠡᠭᠦᠨ᠎ᠦ ᠦᠢᠯᠡᠳᠪᠦᠷᠢᠯᠡᠯ ᠡᠵᠡᠩᠨᠡᠯᠲᠡ᠎ᠶᠢᠨ ᠪᠠᠢᠳᠠᠯ ᠪᠣᠯᠣᠨ ᠪᠣᠳᠠᠲᠥ ᠬᠦᠴᠢᠷᠳᠡᠯ ᠎ᠢ ᠨᠢ ᠨᠠᠷᠢᠨ ᠠᠰᠠᠭᠤᠵᠤ ᠯᠠᠪᠯᠠᠭᠠᠳ᠂ ᠳᠡᠭᠥᠨ᠎ᠳᠤ ᠲᠠᠷᠢᠶᠠᠴᠢᠳ᠎ᠲᠤ ᠠᠰᠢᠭ᠋ ᠬᠦᠷᠲᠡᠭᠡᠬᠦ ᠢᠲᠡᠭᠡᠮᠵᠢᠲᠦ ᠵᠢᠭᠡᠯᠡᠯᠭᠡ᠎ᠶᠢ ᠦᠳᠲᠡᠷ ᠲᠦᠷᠭᠡᠨ ᠲᠣᠬᠢᠷᠠᠭᠤᠯᠵᠤ ᠥᠭᠴᠡᠢ᠃ ᠪᠠᠰᠠ ᠭᠡᠷ ᠲᠦ᠍ᠨᠢ ᠬᠦᠷᠴᠦ᠂ ᠲᠤᠬᠠᠢ᠎ᠶᠢᠨ ᠭᠠᠵᠠᠷ ᠲᠤᠨᠢ ᠪᠠᠢᠴᠠᠭᠠᠯᠲᠠ ᠬᠢᠬᠦ᠂ ᠡᠷᠦᠬᠡ᠎ᠳᠦ ᠣᠷᠣᠵᠤ ᠲᠠᠩᠰᠠ ᠡᠪᠬᠡᠮᠡᠯ ᠪᠠᠶ᠋ᠢᠭᠤᠯᠬᠤ ᠵᠡᠷᠭᠡ ᠠᠵᠢᠯ ᠥᠷᠨᠢᠭᠦᠯᠪᠡ᠃ ᠳᠠᠷᠠᠭ᠎ᠠ ᠡᠳᠦᠷ ᠨᠢ ᠵᠢᠭᠡᠯᠡᠯᠭᠡ᠎ᠶᠢᠨ ᠬᠢᠨᠠᠨ ᠵᠥᠪᠰᠢᠶᠡᠷᠡᠬᠦ ᠭᠠᠷᠳᠠᠮ᠎ᠢ ᠤᠷᠤᠭᠰᠢᠲᠠᠢ ᠭᠦᠢᠴᠡᠳᠭᠡᠨ᠂ 50 ᠲᠦᠮᠡᠨ ᠲᠥᠭᠥᠷᠢᠭ ᠎ᠦᠨ ᠲᠠᠷᠢᠶᠠᠴᠢᠳ᠎ᠲᠤ ᠠᠰᠢᠭ᠋ ᠬᠦᠷᠲᠡᠭᠡᠬᠦ ᠵᠢᠭᠡᠯᠡᠯᠭᠡ᠎ᠶᠢ ᠵᠠᠩ ᠮᠧᠶ ᠷᠦᠩ᠎ᠤᠨ ᠺᠠᠷᠲ᠎ᠲᠦ ᠤᠷᠤᠭᠤᠯᠵᠤ ᠥᠭᠭᠥᠭᠰᠡᠨ ᠪᠠᠢᠯ᠎ᠠ᠃ ᠵᠠᠩ ᠮᠧᠢ ᠷᠦᠩ᠎ᠡᠨᠡ ᠬᠦ᠌ ᠪᠡᠯᠡ ᠮᠥᠩᠬᠥ ᠪᠡᠷ ᠭᠠᠵᠠᠷ ᠰᠢᠷᠣᠢ᠎ᠶᠢᠨ ᠳᠠᠭᠠᠭᠠᠴᠢᠯᠠᠯᠲᠠ᠎ᠶᠢᠨ ᠦᠯᠡᠳᠡᠪᠦᠷᠢ ᠮᠦᠩᠬᠦ ᠪᠠᠨ ᠲᠤᠰᠢᠶᠠᠨ᠂ ᠬᠠᠪᠤᠷ᠎ᠤᠨ ᠲᠠᠷᠢᠶᠠᠯᠠᠭ᠎ᠠ᠎ᠳᠤ ᠬᠡᠷᠡᠭᠰᠡᠬᠦ ᠲᠠᠷᠢᠶᠠᠨ ᠦᠷ᠎ᠡ᠂ ᠬᠢᠮᠢ᠎ᠶᠢᠨ ᠪᠣᠷᠳᠣᠭᠤᠷ ᠵᠢᠴᠢ ᠲᠡᠵᠢᠭᠡᠯ ᠪᠣᠷᠳᠣᠭ᠎ᠠ᠎ᠵᠡᠷᠭᠡ ᠪᠠᠨ ᠪᠦᠬᠦᠨ᠎ᠢ ᠲᠥᠪᠬᠢᠨᠡᠭᠥᠯᠵᠠᠢ᠃

ᠬᠠᠪᠤᠷ ᠎ᠤᠨ ᠲᠠᠷᠢᠶᠠᠯᠠᠭ᠎ᠠ ᠎ᠶᠢᠨ ᠦᠶ᠎ᠡ ᠎ᠳᠤ᠂ ᠲᠠᠷᠢᠶᠠᠯᠠᠩ᠎ᠤᠨ ᠪᠠᠩᠬᠢ᠎ᠶᠢᠨ ᠲᠦᠩᠯᠢᠶᠣᠣ᠎ᠶᠢᠨ ᠬᠤᠪᠢᠶᠠᠷᠢ ᠪᠠᠩᠬᠢ ᠠᠮᠤ ᠪᠤᠳᠠᠭᠠᠨ᠎ᠤ ᠦᠢᠯᠡᠳᠪᠦᠷᠢᠯᠡᠯ᠂ ᠣᠨᠴᠠᠯᠢᠭ᠍ᠲᠤ ᠲᠡᠵᠢᠭᠡᠪᠥᠷᠢ ᠵᠢᠨ ᠥᠢᠯᠡᠰ᠂ ᠲᠠᠷᠢᠶᠠᠯᠠᠩ ᠎ᠤᠨ  ᠬᠡᠷᠡᠭᠰᠡᠯ᠎ᠦᠨ ᠬᠠᠩᠭᠠᠯᠭ᠎ᠠ ᠵᠡᠷᠭᠡ ᠭᠣᠣᠯᠳᠠᠯᠭ᠎ᠠ᠎ᠲᠠᠢ ᠬᠦᠷᠢᠶ᠎ᠡ ᠴᠠᠷᠠᠭᠠᠨ ᠎ᠳᠦ ᠠᠩᠬᠠᠷᠤᠯ᠎ᠢᠶᠠᠨ ᠲᠥᠪᠯᠡᠷᠡᠭᠦᠯᠥᠨ᠂《ᠡᠵᠡᠩᠨᠡᠯᠲᠠ ᠵᠢᠨ ᠭᠠᠵᠠᠷ + ᠨᠡᠭᠦᠳᠡᠯ ᠨᠠᠮ᠎ᠤᠨ ᠭᠡᠰᠢᠭᠦᠨ᠎ᠦ ᠬᠣᠰᠢᠭᠤᠴᠢ ᠠᠩᠭᠢ + ᠲᠠᠷᠢᠶᠠᠴᠢᠳ᠎ᠲᠤ ᠠᠰᠢᠭ᠋ ᠬᠦᠷᠲᠡᠭᠡᠬᠦ ᠦᠢᠯᠡᠴᠢᠯᠡᠭᠡᠨ᠎ᠦ ᠦᠷᠳᠡᠬᠡ + ᠲᠠᠷᠢᠶᠠᠴᠢᠳ᠎ᠲᠤ ᠠᠰᠢᠭ᠋ ᠬᠦᠷᠲᠡᠭᠡᠬᠦ ᠦᠢᠯᠡᠴᠢᠯᠡᠭᠡᠨ᠎ᠤ ᠴᠡᠭ》ᠤ᠋ᠨ ᠤᠯᠠᠨ ᠡᠰᠢᠴᠢᠯᠡᠭᠰᠡᠨ ᠦᠢᠯᠡᠴᠢᠯᠡᠭᠡᠨ᠎ᠦ ᠵᠠᠭᠪᠤᠷ᠎ᠲᠤ ᠲᠦᠰᠢᠭᠯᠡᠨ᠂ ᠵᠢᠭᠡᠯᠡᠯᠭᠡ ᠬᠠᠩᠭᠠᠬᠤ ᠶᠠᠪᠤᠴᠠ᠎ᠶᠢ ᠦᠷᠭᠦᠯᠵᠢᠯᠡᠨ ᠰᠢᠯᠢᠳᠡᠭᠵᠢᠭᠦᠯᠵᠦ᠂ ᠦᠢᠯᠡᠴᠢᠯᠡᠭᠡᠨ᠎ᠦ ᠭᠣᠣᠯᠳᠠᠯᠭ᠎ᠠ᠎ᠶᠢ ᠦᠨᠳᠦᠰᠦᠨ ᠱᠠᠲᠤᠨ᠎ᠳᠤ ᠲᠠᠯᠪᠢᠪᠠ᠃ ᠡᠭᠦᠨ᠎ᠦ ᠬᠠᠮᠲᠤ᠂ ᠬᠦᠦ ᠮᠥᠩᠭᠥ᠎ᠶᠢᠨ ᠨᠣᠷᠮ᠎ᠠ᠎ᠶᠢᠨ ᠬᠠᠷᠠᠭᠠᠯᠵᠠᠯ᠎ᠤᠨ ᠲᠥᠷᠥ᠎ᠶᠢᠨ ᠪᠣᠳᠣᠯᠭ᠎ᠠ ᠎ᠶᠢ ᠢᠳᠡᠪᠬᠢᠲᠡᠢ ᠬᠡᠷᠡᠭᠵᠢᠭᠦᠯᠵᠦ᠂ ᠪᠡᠯᠡ ᠲᠣᠬᠢᠷᠠᠭᠤᠯᠭ᠎ᠠ᠎ᠶᠢᠨ ᠥᠪᠡᠷ ᠎ᠦᠨ ᠥᠷᠲᠡᠭ ᠎ᠢ ᠦᠨᠡᠨ ᠬᠦ᠌ ᠪᠠᠭᠤᠷᠠᠭᠤᠯᠤᠨ᠂ ᠳᠠᠷᠢᠮᠠᠯ᠎ᠤᠨ ᠡᠷᠦᠬᠡ᠂ ᠲᠡᠵᠢᠭᠡᠪᠦᠷᠢ ᠵᠢᠨ ᠡᠷᠦᠬᠡ᠂ ᠬᠣᠷᠰᠢᠶ᠎ᠠ ᠵᠡᠷᠭᠡ ᠡᠵᠡᠩᠨᠡᠯᠲᠡ᠎ᠶᠢᠨ ᠭᠣᠣᠯ ᠴᠣᠭᠴᠠ᠎ᠶᠢ ᠬᠠᠪᠰᠤᠷᠤᠨ᠂ ᠪᠡᠯᠡ ᠮᠥᠩᠭᠥ᠎ᠶᠢᠨ ᠳᠠᠷᠤᠭᠠᠰᠤ᠎ᠶᠢ ᠨᠢ ᠬᠥᠩᠭᠡᠷᠡᠭᠥᠯᠵᠤ᠂ ᠲᠡᠳᠡᠨ᠎ᠤ ᠲᠠᠷᠢᠶᠠᠯᠠᠬᠤ ᠴᠠᠭ᠎ᠢ ᠠᠮᠵᠢᠨ᠂ ᠪᠥᠬᠥ ᠰᠡᠳᠬᠢᠯ ᠪᠥᠬᠥ ᠵᠣᠷᠢᠭ᠋᠎ᠢᠶᠠᠷ ᠦᠢᠯᠡᠳᠪᠦᠷᠢᠯᠡᠯ ᠵᠢᠨᠨ ᠡᠬᠢᠯᠡᠭᠥᠯᠬᠥ ᠵᠢ ᠠᠬᠢᠭᠤᠯᠵᠤ ᠪᠤᠢ᠃

3 ᠰᠠᠷ᠎ᠠ᠎ᠶᠢᠨ 30 ᠎ᠤ᠋ ᠡᠳᠦᠷ ᠪᠣᠯᠲᠠᠯ᠎ᠠ᠂ ᠲᠠᠷᠢᠶᠠᠯᠠᠩ ᠎ᠤᠨ ᠪᠠᠩᠬᠢ᠎ᠶᠢᠨ ᠲᠦᠩᠯᠢᠶᠣᠣ ᠎ᠶᠢᠨ ᠬᠤᠪᠢᠶᠠᠷᠢ ᠪᠠᠩᠬᠢ ᠎ᠶᠢᠨ ᠲᠣᠰ ᠵᠢᠯ ᠎ᠤᠨ ᠲᠠᠯᠪᠢᠭ᠍ᠰᠠᠨ ᠲᠠᠷᠢᠶᠠᠴᠢᠨ ᠡᠷᠦᠬᠡ᠎ᠶᠢᠨ ᠵᠢᠭᠡᠯᠡᠯᠭᠡ ᠨᠡᠶ᠋ᠢᠲᠡ 67.78 ᠳ᠋ᠦᠩᠰᠢᠭᠤᠷ ᠲᠥᠭᠥᠷᠢᠭ᠎ᠲᠦ ᠬᠥᠷᠴᠠᠢ᠃ ᠡᠨᠡ ᠬᠦ᠌ ᠲᠣᠭ᠎ᠠ ᠪᠠᠷᠢᠮᠲᠠ ᠨᠢ ᠲᠠᠷᠢᠶᠠᠯᠠᠩ᠎ᠤᠨ ᠪᠠᠩᠬᠢ᠎ᠶᠢᠨ ᠲᠦᠩᠯᠢᠶᠣᠣ᠎ᠶᠢᠨ ᠬᠤᠪᠢᠶᠠᠷᠢ ᠪᠠᠩᠬᠢ᠎ᠶᠢᠨ ᠮᠦᠩᠭᠦᠨ ᠭᠦᠢᠯᠭᠡᠭᠡ ᠵᠢᠨ ᠦᠢᠯᠡᠴᠢᠯᠡᠭᠡ ᠨᠢ ᠬᠠᠪᠤᠷ ᠎ᠤᠨ ᠲᠠᠷᠢᠶᠠᠯᠠᠭ᠎ᠠ᠎ᠳᠦ ᠥᠭᠬᠢᠶᠡᠮᠥᠷ 《ᠴᠠᠬ᠎ᠤᠨ ᠬᠤᠷ᠎ᠠ》 ᠵᠢᠨ ᠥᠢᠯᠡᠳᠥᠯ ᠥᠵᠡᠭᠥᠯᠵᠤ᠂ ᠤᠯᠤᠰ ᠎ᠤᠨ ᠥᠮᠴᠢᠯᠡᠯᠳᠥ ᠲᠣᠮᠣ᠌ ᠪᠠᠩᠬᠢ ᠵᠢᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠎ᠳᠤ ᠡᠭᠦᠷᠭᠡ᠎ᠬᠠᠷᠢᠭᠤᠴᠠᠯᠭ᠎ᠠ ᠪᠠᠨ ᠭᠦᠢᠴᠡᠳᠭᠡᠵᠦ ᠪᠠᠢᠬᠤ ᠵᠢ ᠬᠠᠷᠠᠭᠤᠯᠵᠥ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号