ᠰᠤᠷᠪᠤᠯᠵᠢᠯᠠᠭᠴᠢ 4 ᠰᠠᠷ᠎ᠠ᠎ᠶᠢᠨ 14᠎ᠦ ᠡᠳᠦᠷ ᠥᠪᠥᠷ
ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ᠎ᠠᠴᠠ ᠣᠶ᠋ᠢᠯᠠᠭᠠᠭᠰᠠᠨ᠎ᠢᠶᠠᠷ᠄
ᠤᠯᠤᠰ᠎ᠤᠨ ᠣᠶ ᠰᠢᠭᠤᠶ ᠡᠪᠡᠰᠦᠨ᠎ᠦ ᠦᠷ᠎ᠡ ᠡᠳ᠋᠎ᠤᠨ ᠡᠬᠢ ᠪᠠᠶᠠᠯᠢᠭ᠎ᠤᠨ ᠲᠦᠭᠦᠭᠡᠷᠦᠮᠵᠢ᠎ᠶᠢᠨ ᠬᠠᠳᠠᠭᠠᠯᠠᠯᠳᠠ᠎ᠶᠢᠨ
ᠬᠥᠮᠥᠷᠭᠡ᠎ᠶᠢᠨ ᠥᠪᠥᠷ ᠮᠣᠩᠭᠣᠯ᠎ᠳᠠᠬᠢ ᠬᠤᠪᠢᠶᠠᠷᠢ ᠬᠥᠮᠥᠷᠭᠡ᠎ᠶᠢ ᠠᠰᠢᠭᠯᠠᠯᠲᠠ᠎ᠳᠤ ᠣᠷᠣᠭᠤᠯᠬᠤ᠎ᠶᠢ ᠳᠠᠭᠠᠯᠳᠤᠨ᠂
ᠣᠳᠣᠬᠠᠨ᠎ᠳᠤ ᠥᠪᠥᠷ ᠮᠣᠩᠭᠣᠯ ᠨᠢᠭᠡᠨᠲᠡ ᠤᠯᠤᠰ᠂ ᠮᠤᠵᠢ᠎ᠶᠢᠨ 《ᠬᠣᠶᠠᠷ ᠱᠠᠲᠤ᠎ᠪᠠᠷ ᠬᠠᠮᠢᠶᠠᠷᠬᠤ》᠂ ᠣᠬ ᠭᠠᠵᠠᠷ᠂ ᠤᠨᠳᠤᠤ ᠭᠠᠵᠠᠷ᠂ ᠲᠦᠭᠦᠭᠡᠷᠦᠮᠵᠢ ᠵᠢᠨ 《ᠭᠤᠷᠪᠠ᠎ᠶᠢ ᠨᠢᠭᠡ ᠴᠣᠭᠴᠠᠵᠢᠭᠤᠯᠤᠭᠰᠠᠨ》 ᠣᠶ ᠰᠢᠭᠤᠶ
ᠡᠪᠡᠰᠦᠨ᠎ᠦ ᠦᠷᠡᠡᠳ᠋ᠤᠨ ᠡᠬᠢ ᠪᠠᠶᠠᠯᠢᠭ᠎ᠢ ᠬᠠᠮᠠᠭᠠᠯᠠᠬᠤ ᠰᠢᠰᠲ᠋ᠧᠮ᠎ᠢ ᠪᠥᠬᠥ᠌ ᠲᠠᠯ᠎ᠠ᠎ᠪᠠᠷ ᠪᠠᠶ᠋ᠢᠭᠤᠯᠪᠠ᠃

ᠣᠶ᠋ᠢᠯᠠᠭᠠᠭᠰᠠᠨ᠎ᠢᠶᠠᠷ᠂ ᠤᠯᠤᠰ᠎ᠤᠨ ᠣᠶ ᠰᠢᠭᠤᠶ ᠡᠪᠡᠰᠦᠨ᠎ᠦ
ᠦᠷ᠎ᠡ ᠡᠳ᠋᠎ᠦᠨ ᠡᠬᠢ ᠪᠠᠶᠠᠯᠢᠭ᠎ᠤᠨ ᠲᠦᠭᠦᠭᠡᠷᠤᠮᠵᠢ᠎ᠶᠢᠨ ᠬᠠᠳᠠᠭᠠᠯᠠᠯᠲᠠ᠎ᠶᠢᠨ ᠬᠥᠮᠥᠷᠭᠡ᠎ᠶᠢᠨ ᠥᠪᠥᠷ ᠮᠣᠩᠭᠣᠯ
ᠳ᠋ᠡᠬᠢ ᠬᠤᠪᠢᠶᠠᠷᠢ ᠬᠥᠮᠥᠷᠭᠡ᠎ᠶᠢᠨ ᠪᠥᠲᠥᠭᠡᠨ ᠪᠠᠶ᠋ᠢᠭᠤᠯᠤᠯᠲᠠ᠎ᠶᠢᠨ ᠲᠥᠷᠥᠯ ᠵᠦᠢᠯ ᠪᠣᠯ ᠥᠪᠥᠷ ᠮᠣᠩᠭᠣᠯ᠎ᠤᠨ
ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠦᠨ ᠦᠷ᠎ᠡ ᠴᠢᠬᠢ ᠮᠣᠳᠣᠨ᠎ᠤ ᠶᠡᠷᠦᠩᠬᠡᠶ
ᠥᠷᠲᠡᠭᠡ᠎ᠡᠴᠡ ᠬᠠᠷᠢᠭᠤᠴᠠᠨ ᠪᠥᠲᠥᠭᠡᠨ ᠪᠠᠶ᠋ᠢᠭᠤᠯᠤᠭᠰᠠᠨ ᠦᠷ᠎ᠡ᠎ᠶᠢᠨ ᠦᠢᠯᠡᠰ᠎ᠢ ᠬᠥᠭᠵᠢᠭᠦᠯᠦᠨ ᠮᠠᠨᠳᠤᠭᠤᠯᠬᠤ
ᠴᠢᠬᠤᠯᠠ ᠶᠡᠬᠡ ᠪᠠᠶ᠋ᠢᠯᠳᠤᠬᠤ ᠪᠣᠳᠣᠯᠭ᠎ᠠ᠎ᠶᠢᠨ ᠢᠨᠵᠧᠨᠧᠷᠢᠩ ᠪᠣᠯᠤᠨ᠎ᠠ᠃ ᠲᠣᠰ ᠪᠥᠲᠥᠭᠡᠨ ᠪᠠᠶ᠋ᠢᠭᠤᠯᠤᠯᠲᠠ᠎ᠶᠢᠨ
ᠲᠥᠷᠥᠯ ᠵᠦᠢᠯ᠎ᠢ 2023 ᠣᠨ᠎ᠤ 6 ᠰᠠᠷ᠎ᠠ᠎ᠳᠤ ᠡᠬᠢᠯᠡᠨ ᠪᠠᠶ᠋ᠢᠭᠤᠯᠵᠤ᠂ 2023 ᠣᠨ᠎ᠤ 9 ᠰᠠᠷ᠎ᠠ᠎ᠳᠤ ᠭᠤᠤᠯ ᠴᠣᠭᠴᠠ᠎ᠶᠢᠨ
ᠢᠨᠵᠧᠨᠧᠷᠢᠩ᠎ᠢ ᠤᠷᠤᠭᠰᠢᠲᠠᠶ ᠳᠠᠭᠤᠰᠬᠠᠵᠤ᠂ 2024 ᠣᠨ᠎ᠤ 12 ᠰᠠᠷ᠎ᠠ᠎ᠳᠤ ᠪᠥᠲᠥᠭᠡᠨ ᠪᠠᠶ᠋ᠢᠭᠤᠯᠤᠯᠲᠠ᠎ᠶᠢᠨ
ᠪᠥᠬᠥ᠌ ᠠᠭᠤᠯᠭ᠎ᠠ᠎ᠶᠢ ᠪᠡᠶᠡᠯᠡᠭᠦᠯᠵᠦ᠍᠂ 2025 ᠣᠨ᠎ᠤ 7 ᠰᠠᠷ᠎ᠠ᠎ᠳᠤ ᠪᠠᠷᠢᠯᠭ᠎ᠠ ᠳᠠᠭᠤᠰᠴᠤ᠌ ᠰᠢᠯᠭᠠᠨ ᠠᠪᠬᠤ᠎ᠳᠤ
ᠬᠢᠷᠢ ᠲᠡᠩᠴᠡᠭᠰᠡᠨ ᠪᠠᠶ᠋ᠢᠨ᠎ᠠ᠃ ᠬᠠᠭᠠᠰ ᠵᠢᠯ᠎ᠦᠨ ᠠᠵᠢᠯᠯᠠᠭᠠᠨ᠎ᠤ ᠰᠢᠯᠭᠠᠯᠲᠠ᠎ᠪᠠᠷ ᠳᠡᠮᠵᠢᠨ᠂ ᠡᠯ᠎ᠡ ᠵᠦᠢᠯ᠎ᠦᠨ
ᠲᠥᠬᠥᠭᠡᠷᠦᠮᠵᠢ ᠬᠡᠪ᠎ᠦᠨ ᠶᠣᠰᠣᠭᠠᠷ ᠠᠵᠢᠯᠯᠠᠵᠤ᠂ 2026 ᠣᠨ᠎ᠤ 1 ᠰᠠᠷ᠎ᠠ᠎ᠳᠤ᠂ ᠥᠪᠥᠷ ᠮᠣᠩᠭᠣᠯ᠎ᠤᠨ ᠥᠪᠡᠷᠲᠡᠭᠡᠨ
ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ᠎ᠶᠢᠨ ᠵᠣᠬᠢᠶᠠᠨ ᠪᠠᠶ᠋ᠢᠭᠤᠯᠤᠭᠰᠠᠨ ᠶᠡᠷᠦᠩᠬᠡᠶ᠋ᠢᠯᠡᠭᠰᠡᠨ
ᠰᠢᠯᠭᠠᠨ ᠪᠠᠶ᠋ᠢᠴᠠᠭᠠᠯᠲᠠ᠎ᠳᠤ ᠪᠠᠲᠤᠯᠠᠭᠳᠠᠵᠤ᠂ ᠪᠥᠲᠥᠭᠡᠨ ᠪᠠᠶ᠋ᠢᠭᠤᠯᠬᠤ ᠱᠠᠲᠤ᠌ ᠦᠶ᠎ᠡ᠎ᠡᠴᠡ ᠵᠢᠩᠬᠢᠨᠢ᠎ᠪᠡᠷ
ᠠᠵᠢᠯᠯᠠᠭᠠᠨ᠎ᠤ ᠱᠠᠲᠤᠨ᠎ᠳᠤ ᠣᠷᠣᠪᠠ᠃
《ᠨᠢᠭᠡ ᠭᠤᠤᠯ ᠵᠢᠷᠭᠤᠭᠠᠨ ᠬᠤᠪᠢᠶᠠᠷᠢ》 ᠪᠠᠶ᠋ᠢᠯᠳᠤᠬᠤ ᠪᠣᠳᠣᠯᠭ᠎ᠠ ᠵᠢᠨ ᠪᠠᠶ᠋ᠢᠷᠢᠯᠠᠭᠤᠯᠤᠯᠲᠠ᠎ᠶᠢᠨ ᠴᠢᠬᠤᠯᠠ ᠪᠦᠷᠢᠯᠳᠦᠬᠦᠨ ᠬᠡᠰᠡᠭ
ᠪᠣᠯᠤᠭᠰᠠᠨ᠎ᠤ ᠬᠤᠪᠢ᠎ᠳᠤ᠂ ᠥᠪᠥᠷ ᠮᠣᠩᠭᠣᠯ᠎ᠤᠨ ᠬᠤᠪᠢᠶᠠᠷᠢ ᠬᠥᠮᠥᠷᠭᠡ᠎ᠨᠢ ᠰᠢᠨᠵᠢᠶᠠᠩ᠎ᠤᠨ ᠬᠤᠪᠢᠶᠠᠷᠢ ᠬᠥᠮᠥᠷᠭᠡ᠂
ᠱᠠᠨᠳᠦ᠋ᠩ᠎ᠦᠨ ᠬᠤᠪᠢᠶᠠᠷᠢ ᠬᠥᠮᠥᠷᠭᠡ᠂ ᠬᠤᠨᠠᠨ᠎ᠤ ᠬᠤᠪᠢᠶᠠᠷᠢ ᠬᠥᠮᠥᠷᠭᠡ᠎ᠶᠢᠨ ᠳᠠᠷᠠᠭᠠᠬᠢ ᠳᠥᠷᠪᠡᠳᠡᠬᠢ ᠠᠰᠢᠭᠯᠠᠯᠲᠠ᠎ᠳᠤ
ᠣᠷᠣᠭᠤᠯᠤᠭᠰᠠᠨ ᠲᠦᠭᠦᠭᠡᠷᠤᠮᠵᠢ᠎ᠶᠢᠨ ᠬᠠᠳᠠᠭᠠᠯᠠᠯᠲᠠ᠎ᠶᠢᠨ ᠬᠥᠮᠥᠷᠭᠡ ᠪᠣᠯᠵᠠᠶ᠃ ᠣᠳᠣᠬᠠᠨ᠎ᠳᠤ᠂ ᠣᠶ ᠰᠢᠭᠤᠶ
ᠡᠪᠡᠰᠦᠨ᠎ᠦ ᠦᠷ᠎ᠡ ᠡᠳ᠋᠎ᠦᠨ ᠡᠬᠢ ᠪᠠᠶᠠᠯᠢᠭ᠎ᠢ 1.5 ᠲᠦᠮᠡᠨ ᠬᠤᠪᠢ ᠴᠤᠭᠯᠠᠭᠤᠯᠵᠤ᠂ ᠬᠥᠮᠥᠷᠭᠡ᠎ᠳᠦ 0.7 ᠲᠦᠮᠡᠨ
ᠬᠤᠪᠢ ᠣᠷᠣᠭᠤᠯᠤᠨ ᠬᠠᠳᠠᠭᠠᠯᠠᠪᠠ᠃