ᠣᠢᠷ᠎ᠠ᠎ᠳᠤ᠂ ᠣᠷᠳᠣᠰ ᠬᠣᠲᠠ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ᠎ᠶ᠋ᠢᠨ ᠳ᠋ᠦᠩᠱᠧᠩ ᠤ᠋ᠨ ᠬᠤᠪᠢᠶᠠᠷᠢ ᠲᠣᠪᠴᠢᠶ᠎ᠠ᠎ᠶ᠋ᠢᠨ ᠲᠦᠩ ᠴᠤᠸᠠᠨ ᠳ᠋ᠡᠬᠢ ᠲᠣᠮᠢᠯᠠᠭ᠍ᠰᠠᠨ ᠰᠠᠯᠪᠤᠷᠢ᠎ᠶ᠋ᠢᠨ ᠬᠠᠷᠢᠶ᠎ᠠ ᠣᠷᠣᠨ᠎ᠳᠤ ᠲᠣᠮᠣ ᠠᠴᠢᠶᠠᠨ᠎ᠤ ᠮᠠᠱᠢᠨ ᠲᠡᠷᠭᠡ ᠵᠢᠨ ᠴᠠᠢᠶᠢᠦ ᠲᠣᠰᠣ ᠬᠤᠯᠠᠭᠠᠢᠯᠠᠭ᠍ᠳᠠᠭ᠍ᠰᠠᠨ ᠬᠡᠷᠡᠭ ᠵᠠᠯᠭᠠᠭ᠎ᠠ᠎ᠪᠠᠷ ᠭᠠᠷᠴᠤ᠌᠂ ᠨᠡᠢᠲᠡ 30 ᠭᠠᠷᠤᠶ ᠠᠴᠢᠶᠠᠨ᠎ᠤ ᠮᠠᠰᠢᠨ ᠲᠡᠷᠭᠡ ᠲᠠᠢ ᠬᠣᠯᠪᠣᠭ᠍ᠳᠠᠵᠤ᠂ ᠬᠡᠷᠡᠭ᠎ᠲᠦ ᠬᠣᠯᠪᠣᠭ᠍ᠳᠠᠭ᠍ᠰᠠᠨ ᠬᠣᠬᠢᠷᠠᠯ ᠨᠢ 3 ᠲᠦᠮᠡᠨ ᠲᠥᠭᠥᠷᠢᠭ᠎ᠢ ᠳᠠᠪᠠᠭ᠍ᠰᠠᠨ ᠪᠠᠢᠨ᠎ᠠ᠃ ᠴᠠᠭ᠍ᠳᠠᠭ᠎ᠠ ᠨᠠᠷ ᠰᠥᠨᠢᠵᠢᠨ ᠠᠵᠢᠯᠯᠠᠵᠤ᠂ ᠨᠠᠷᠢᠨ ᠨᠢᠮᠪᠠᠶ ᠲᠠᠩᠨᠠᠨ ᠪᠠᠢᠴᠠᠭᠠᠬᠤ᠎ᠪᠠᠷ ᠳᠡᠮᠵᠢᠨ᠂ ᠴᠠᠢᠶᠢᠦ ᠲᠣᠰᠣ ᠬᠤᠯᠠᠭᠠᠢᠯᠠᠭ᠍ᠰᠠᠨ ᠡᠨᠡ ᠬᠡᠷᠡᠭ᠎ᠢ ᠠᠮᠵᠢᠯᠲᠠ ᠲᠠᠶ ᠢᠯᠡᠷᠡᠭᠦᠯᠵᠦ᠍᠂ ᠬᠣᠬᠢᠷᠠᠯ ᠠᠮᠰᠠᠭ᠍ᠰᠠᠨ ᠪᠠᠷᠠᠭ᠎ᠠ ᠲᠡᠭᠡᠭᠡᠪᠦᠷᠢ᠎ᠶ᠋ᠢᠨ ᠵᠢᠯᠣᠭᠣᠴᠢ᠎ᠶ᠋ᠢᠨ ᠬᠣᠬᠢᠷᠠᠯ᠎ᠢ ᠡᠭᠡᠭᠦᠯᠦᠨ ᠦᠭᠪᠡ᠃
ᠪᠠᠷᠠᠭ᠎ᠠ ᠲᠡᠭᠡᠭᠡᠪᠦᠷᠢ ᠵᠢᠨ ᠠᠵᠢᠯ ᠲᠥᠷᠥᠯ ᠪᠣᠯ ᠣᠷᠣᠨ ᠪᠦᠰᠡ ᠵᠢᠨ ᠪᠠᠷᠠᠭ᠎ᠠ ᠵᠢᠨ ᠭᠦᠢᠯᠭᠡᠭᠡᠨ ᠤ᠋ ᠲᠡᠭᠡᠭᠡᠪᠦᠷᠢ ᠵᠢᠨ ᠴᠢᠬᠤᠯᠠ ᠲᠤᠯᠭᠠᠭᠤᠷᠢᠯᠠᠯ ᠪᠤᠯᠬᠤ ᠶᠤᠮ᠃ ᠭᠡᠲᠡᠯ᠎ᠡ᠂ ᠡᠢᠮᠦᠷᠬᠦᠦ ᠲᠤᠮᠤ ᠠᠴᠢᠶᠠᠨ ᠤ᠋ ᠮᠠᠰᠢᠨ ᠲᠡᠷᠬᠡ ᠵᠢᠨ ᠴᠠᠢᠶᠢᠦ ᠲᠤᠰᠤ ᠵᠢ ᠬᠤᠯᠠᠭᠠᠢᠯᠠᠬᠰᠠᠨ ᠬᠡᠷᠡᠭ ᠨᠢ ᠭᠤᠤᠯᠳᠠᠭᠤ ᠪᠠᠷᠢᠯᠭ᠎ᠠ ᠵᠢᠨ ᠭᠠᠵᠠᠷ᠂ ᠤᠯᠤᠰ᠎ᠤᠨ ᠵᠠᠮ᠎ᠤᠨ ᠪᠣᠢᠳᠠ ᠪᠦᠭ᠌ᠯᠡᠭᠦᠦ ᠭᠠᠵᠠᠷ ᠵᠡᠷᠭᠡ ᠬᠢᠨᠠᠨ ᠡᠵᠡᠮᠳᠡᠬᠦ᠌ ᠪᠠᠯᠠᠶ ᠣᠷᠣᠨ ᠳ᠋ᠸ᠋ ᠡᠬᠦᠰᠴᠦ᠂ ᠲᠤᠬᠠᠶ᠎ᠶ᠋ᠢᠨ ᠲᠠᠯᠠᠪᠠᠶ᠎ᠳᠤ ᠨᠢᠳᠦ᠍᠎ᠪᠡᠷ᠎ᠢᠶᠡᠨ ᠦᠵᠡᠭ᠌ᠰᠡᠨ ᠭᠡᠷᠡᠴᠢᠯᠡᠭ᠌ᠴᠢ ᠥᠬᠡᠶ ᠮᠥᠷᠲᠡᠭᠡᠨ ᠬᠢᠨᠠᠨ ᠡᠵᠡᠮᠳᠡᠬᠦ᠌ ᠸᠢᠳᠢᠣ᠋ ᠴᠤ᠌ ᠳᠤᠲᠠᠭ᠍ᠳᠠᠵᠤ᠂ ᠲᠠᠩᠨᠠᠨ ᠪᠠᠢᠴᠠᠭᠠᠬᠤ ᠰᠦᠪᠡᠭ᠌ᠴᠢ ᠳᠤᠲᠠᠮᠠᠭ ᠪᠠᠢᠳᠠᠬ᠃
ᠬᠣᠬᠢᠷᠠᠯ ᠠᠮᠰᠠᠭ᠍ᠰᠠᠨ ᠵᠢᠯᠣᠭᠣᠴᠢ᠎ᠶ᠋ᠢᠨ ᠠᠵᠤ ᠠᠬᠤᠶ᠎ᠶ᠋ᠢᠨ ᠬᠣᠬᠢᠷᠠᠯ᠎ᠢ ᠲᠦᠷᠭᠡᠬᠡᠨ ᠡᠭᠡᠭᠦᠯᠦᠨ ᠠᠪᠴᠢᠷᠠᠬᠤ᠎ᠶ᠋ᠢᠨ ᠲᠥᠯᠥᠭᠡ᠂ ᠬᠡᠷᠡᠭ ᠱᠢᠶ᠋ᠳᠪᠦᠷᠢᠯᠡᠬᠦ᠌ ᠴᠠᠭ᠍ᠳᠠᠭ᠎ᠠ ᠨᠠᠷ ᠡᠯ᠎ᠡ ᠬᠢᠨᠠᠨ ᠡᠵᠡᠮᠳᠡᠬᠦ᠌ ᠸᠢᠳᠢᠣ᠋ ᠢ ᠨᠠᠷᠢᠨ ᠨᠢᠮᠪᠠᠢ ᠪᠠᠢᠴᠠᠭᠠᠨ ᠦᠵᠡᠵᠦ᠂ ᠬᠠᠮᠤᠭ ᠤ᠋ᠨ ᠡᠴᠦᠰ᠎ᠲᠦ ᠨᠢᠭᠡᠨ ᠰᠡᠵᠢᠭ᠌ᠯᠡᠯᠲᠡᠶ ᠫᠠᠢᠰᠠ ᠲᠡᠮᠳᠡᠭ ᠥᠬᠡᠶ ᠮᠢᠶᠠᠨᠪᠣᠤ ᠲᠡᠷᠭᠡ᠎ᠶ᠋ᠢ ᠲᠤᠬᠳᠠᠭᠠᠪᠠ᠃ ᠪᠠᠢᠴᠠᠭᠠᠭ᠍ᠰᠠᠨ᠎ᠢᠶᠠᠷ᠂ ᠲᠤᠰ ᠮᠠᠰᠢᠨ ᠲᠡᠷᠭᠡ ᠰᠥᠨᠢ ᠳᠦᠯᠢ᠎ᠪᠡᠷ ᠣᠯᠠᠨ ᠤᠳᠠᠭ᠎ᠠ ᠬᠡᠷᠡᠭ ᠭᠠᠷᠤᠭ᠍ᠰᠠᠨ ᠭᠠᠵᠠᠷ᠎ᠲᠤ ᠢᠯᠡᠷᠡᠭᠰᠡᠨ ᠪᠥᠭᠡᠳ ᠬᠤᠯᠠᠭᠠᠢᠯᠠᠭ᠍ᠳᠠᠭ᠍ᠰᠠᠨ ᠲᠤᠮᠤ ᠠᠴᠢᠶᠠᠨ ᠤ᠋ ᠮᠠᠰᠢᠨ ᠲᠡᠷᠬᠡ ᠵᠢᠨ ᠡᠷᠭᠢᠨ ᠲᠣᠭᠣᠷᠢᠨ᠎ᠳᠤ ᠤᠷᠲᠤ ᠬᠤᠭᠤᠴᠠᠭ᠎ᠠ᠎ᠪᠠᠷ ᠵᠣᠭ᠍ᠰᠣᠵᠤ᠂ ᠬᠡᠷᠡᠭ ᠬᠢᠭ᠌ᠰᠡᠨ ᠬᠦᠨᠳᠦ ᠶᠡᠬᠡ ᠰᠡᠵᠢᠭᠯᠡᠯᠳᠡᠢ ᠪᠠᠢᠪᠠ᠃
ᠡᠨᠡ ᠬᠦ᠌ ᠰᠦᠪᠡᠭ᠌ᠴᠢ᠎ᠪᠡᠷ ᠴᠠᠭ᠍ᠳᠠᠭ᠎ᠠ ᠨᠠᠷ᠂ ᠬᠡᠷᠡᠭ᠎ᠦᠨ ᠰᠡᠵᠢᠭ᠌ᠳᠡᠨᠦ ᠨᠢᠭᠤᠭ᠍ᠳᠠᠵᠤ ᠪᠠᠢᠭ᠎ᠠ ᠭᠠᠵᠠᠷ᠎ᠢ ᠣᠯᠵᠤ ᠮᠡᠳᠡᠭᠡᠳ ᠲᠡᠮᠡᠢ ᠤᠳᠠᠯ ᠦᠬᠡᠢ ᠵᠢᠯᠤᠭᠤᠴᠢ ᠵᠢ ᠡᠵᠡᠮᠳᠡᠪᠡ᠃ ᠱᠢᠭᠦᠨ ᠠᠰᠠᠭᠤᠬᠤ ᠡᠬᠢᠨ᠎ᠦ ᠬᠤᠭᠤᠴᠠᠭᠠᠨ᠎ᠳᠤ᠂ ᠶᠠᠯ᠎ᠠ ᠵᠢᠨ ᠰᠡᠵᠢᠭᠳᠡᠨ ᠴᠠᠢᠶᠢᠦ ᠲᠣᠰᠣ ᠬᠤᠯᠠᠭᠠᠢᠯᠠᠭ᠍ᠰᠠᠨ ᠶᠠᠯ᠎ᠠ᠎ᠶ᠋ᠢᠨ ᠪᠣᠳᠠᠲᠤ ᠶᠠᠪᠤᠳᠠᠯ ᠵᠢᠡᠨ ᠮᠡᠳᠡᠷᠡᠬᠦ᠌ ᠥᠬᠡᠶ ᠪᠠᠢᠪᠠ᠃ ᠴᠠᠬᠳᠠᠭ᠎ᠠ ᠨᠠᠷ ᠶᠠᠯ᠎ᠠ ᠵᠢᠨ ᠰᠡᠵᠢᠭ᠌ᠳᠡᠨᠦ ᠠᠵᠢᠯᠯᠠᠭ᠎ᠠ᠎ᠶ᠋ᠢᠨ ᠵᠠᠮ ᠮᠥᠷ᠎ᠢ ᠪᠦᠬᠦ᠌ ᠲᠠᠯ᠎ᠠ᠎ᠪᠠᠷ ᠬᠢᠨᠠᠨ ᠪᠠᠢᠴᠠᠭᠠᠵᠤ᠂ ᠬᠡᠷᠡᠭ ᠬᠢᠭ᠌ᠰᠡᠨ ᠪᠠᠭᠠᠵᠢ ᠵᠢᠴᠢ ᠪᠤᠵᠠᠷ ᠡᠳ᠋ ᠨᠢᠭᠤᠵᠤ ᠳᠠᠯᠳᠠᠯᠠᠭ᠍ᠰᠠᠨ ᠭᠠᠵᠠᠷ᠎ᠢ ᠭᠦᠨ ᠮᠠᠯᠲᠠᠵᠤ᠂ 30 ᠭᠠᠷᠤᠶ ᠬᠤᠯᠠᠭᠠᠢᠯᠠᠭ᠍ᠳᠠᠭ᠍ᠰᠠᠨ ᠲᠤᠮᠤ ᠠᠴᠢᠶᠠᠨ ᠤ᠋ ᠮᠠᠰᠢᠨ ᠲᠡᠷᠭᠡᠨ᠎ᠦ ᠬᠣᠬᠢᠷᠠᠯ᠎ᠤᠨ ᠪᠠᠢᠳᠠᠯ᠎ᠢ ᠨᠠᠷᠢᠨ ᠪᠦᠷᠢᠳᠭᠡᠵᠦ᠍᠂ ᠪᠦᠬᠦ᠌ ᠭᠡᠷᠡᠴᠢ ᠪᠠᠷᠢᠮᠲᠠ᠎ᠶ᠋ᠢ ᠵᠢᠷᠤᠮᠵᠢᠭᠤᠯᠤᠨ ᠲᠣᠭ᠍ᠲᠠᠭᠠᠪᠠ᠃ ᠶᠡᠬᠡ ᠬᠡᠮᠵᠢᠶᠡᠨ᠎ᠦ ᠭᠡᠷᠡᠴᠢ ᠪᠠᠷᠢᠮᠲᠠ᠎ᠶ᠋ᠢᠨ ᠡᠮᠦᠨ᠎ᠡ᠂ ᠶᠠᠯ᠎ᠠ ᠵᠢᠨ ᠰᠡᠵᠢᠭ᠌ᠳᠡᠨ ᠴᠠᠢᠶᠢᠦ ᠲᠣᠰᠣ ᠬᠤᠯᠠᠭᠠᠢᠯᠠᠭ᠍ᠰᠠᠨ ᠶᠠᠯ᠎ᠠ᠎ᠶ᠋ᠢᠨ ᠪᠣᠳᠠᠲᠤ ᠶᠠᠪᠤᠳᠠᠯ᠎ᠢᠶᠠᠨ ᠥᠴᠢᠭ᠌ᠯᠡᠨ ᠮᠡᠳᠡᠷᠡᠪᠡ᠃
ᠣᠳᠣᠬᠠᠨ᠎ᠳᠤ᠂ ᠶᠠᠯ᠎ᠠ ᠵᠢᠨ ᠰᠡᠵᠢᠭ᠌ᠳᠡᠨ᠎ᠢ ᠬᠠᠤᠯᠢ ᠶᠤᠰᠤᠭᠠᠷ ᠰᠢᠢᠳᠬᠡᠵᠦ᠂ ᠬᠤᠯᠠᠭᠠᠢᠯᠠᠭ᠍ᠳᠠᠭ᠍ᠰᠠᠨ ᠴᠠᠢᠶᠢᠦ ᠲᠣᠰᠣ᠎ᠶ᠋ᠢ ᠨᠤᠭᠤᠯᠤᠨ ᠪᠣᠳᠣᠭ᠍ᠰᠠᠨ ᠲᠥᠯᠥᠪᠦᠷᠢ᠎ᠶ᠋ᠢᠨ ᠵᠣᠭᠣᠰ᠎ᠢ ᠬᠣᠬᠢᠷᠠᠯ ᠠᠮᠰᠠᠭ᠍ᠰᠠᠨ ᠵᠢᠯᠣᠭᠣᠴᠢ᠎ᠳᠤ ᠪᠤᠴᠠᠭᠠᠨ ᠦᠭᠴᠡᠢ᠃