1. ᠪᠠᠢᠩᠭᠤ ᠰᠠᠭᠤᠭ᠎ᠠ ᠬᠥᠮᠥᠨ
ᠠᠮᠠ᠎ᠶᠢᠨ ᠨᠡᠢᠳᠡ ᠳᠤᠭ᠎ᠠ
2025 ᠣᠨ᠎ᠤ ᠵᠢᠯ᠎ᠤᠨ ᠡᠴᠦᠰ
ᠪᠤᠯᠳᠠᠯ᠎ᠠ ᠪᠥᠬᠥ ᠣᠷᠣᠨ᠎ᠤ ᠪᠠᠢᠩᠭᠤ ᠰᠠᠭᠤᠭ᠎ᠠ ᠬᠥᠮᠥᠨ ᠠᠮᠠ 2374.0 ᠲᠦᠮᠡ ᠪᠠᠢᠵᠤ᠂ 2024 ᠣᠨ᠎ᠤ ᠬᠢ᠎ᠡᠴᠡ
14.0 ᠲᠦᠮᠡ ᠪᠠᠭᠠᠰᠴᠤ᠂ 0.59% ᠪᠠᠷ ᠪᠠᠭᠤᠷᠠᠪᠠ᠃

2. ᠬᠤᠳᠠ ᠬᠦᠳᠡᠭᠡ ᠵᠢᠨ ᠬᠦᠮᠦᠨ
ᠠᠮᠠ ᠵᠢᠨ ᠪᠦᠲᠦᠴᠡ
2025 ᠣᠨ᠎ᠤ ᠵᠢᠯ᠎ᠤᠨ ᠡᠴᠦᠰ ᠪᠤᠯᠳᠠᠯ᠎ᠠ ᠪᠥᠬᠥ ᠣᠷᠣᠨ᠎ᠤ ᠪᠠᠢᠩᠭᠤ
ᠰᠠᠭᠤᠭ᠎ᠠ ᠬᠥᠮᠥᠨ ᠠᠮᠠ᠎ᠶᠢᠨ ᠳᠣᠲᠣᠷ᠎ᠠ ᠬᠣᠲᠠ ᠪᠠᠯᠭᠠᠰᠤᠨ᠎ᠤ ᠬᠥᠮᠥᠨ ᠠᠮᠠ 1697.0 ᠲᠦᠮᠡ ᠪᠠᠢᠵᠤ᠂ 2024
ᠣᠨ᠎ᠤ ᠬᠢ᠎ᠡᠴᠡ 8.0 ᠲᠦᠮᠡ ᠨᠡᠮᠡᠭᠳᠡᠪᠡ;
ᠬᠥᠳᠡᠭᠡ ᠲᠣᠰᠬᠣᠨ᠎ᠤ ᠬᠥᠮᠥᠨ ᠠᠮᠠ 677.0 ᠲᠦᠮᠡ ᠪᠠᠢᠵᠤ᠂ 2024 ᠣᠨ᠎ᠤ ᠬᠢ᠎ᠡᠴᠡ
22.0 ᠲᠦᠮᠡ ᠪᠠᠭᠠᠰᠪᠠ᠃ ᠪᠠᠢᠩᠭᠤ ᠰᠠᠭᠤᠭ᠎ᠠ ᠬᠥᠮᠥᠨ ᠠᠮᠠ᠎ᠶᠢᠨ ᠬᠣᠲᠠ ᠪᠠᠯᠭᠠᠰᠤᠵᠢᠯᠲᠠ᠎ᠶᠢᠨ ᠨᠣᠷᠮ᠎ᠠ
71.48% ᠳ᠋ᠤ ᠬᠦᠷᠴᠦ᠂ 2024 ᠣᠨ᠎ᠤ ᠬᠢ᠎ᠡᠴᠡ ᠵᠠᠭᠤᠨ᠎ᠤ ᠬᠠᠷᠢᠴᠠᠯ ᠵᠢᠨᠷ 0.75 ᠬᠤᠪᠢ ᠨᠡᠮᠡᠭᠳᠡᠪᠡ᠃

3. ᠨᠠᠰᠤᠨ᠎ᠤ ᠬᠤᠪᠢᠶᠠᠷᠢᠯᠠᠯ
2025 ᠣᠨ᠎ᠤ ᠵᠢᠯ᠎ᠤᠨ ᠡᠴᠦᠰ ᠪᠤᠯᠳᠠᠯ᠎ᠠ
ᠪᠥᠬᠥ ᠣᠷᠣᠨ᠎ᠤ ᠪᠠᠢᠩᠭᠤ ᠰᠠᠭᠤᠭ᠎ᠠ ᠬᠥᠮᠥᠨ ᠠᠮᠠ᠎ᠶᠢᠨ ᠳᠣᠲᠣᠷ᠎ᠠ 0 — 15 ᠨᠠᠰᠤᠨ᠎ᠤ ᠬᠥᠮᠥᠨ ᠠᠮᠠ 309.0
ᠲᠦᠮᠡ ᠪᠠᠢᠵᠤ᠂ ᠪᠥᠬᠥ ᠬᠥᠮᠥᠨ ᠠᠮᠠ᠎ᠶᠢᠨ 13.02% ᠢ ᠡᠵᠡᠯᠡᠪᠡ; 16 - 59 ᠨᠠᠰᠤᠨ᠎ᠤ ᠬᠥᠮᠥᠨ ᠠᠮᠠ
1472.0 ᠲᠦᠮᠡ ᠪᠠᠢᠵᠤ᠂ ᠪᠥᠬᠥ ᠬᠥᠮᠥᠨ ᠠᠮᠠ᠎ᠶᠢᠨ 62.01% ᠵᠢ ᠡᠵᠡᠯᠡᠪᠡ; 60 ᠨᠠᠰᠤ ᠵᠢᠴᠢ ᠲᠡᠭᠦᠨ᠎ᠡᠴᠡ ᠳᠡᠭᠡᠭᠰᠢᠬᠢ ᠨᠠᠰᠤᠨ᠎ᠤ ᠬᠥᠮᠥᠨ ᠠᠮᠠ 593.0 ᠲᠦᠮᠡ ᠪᠠᠢᠵᠤ᠂
ᠪᠥᠬᠥ ᠬᠥᠮᠥᠨ ᠠᠮᠠ᠎ᠶᠢᠨ 24.98% ᠶᠢ ᠡᠵᠡᠯᠡᠪᠡ᠂ ᠡᠭᠦᠨ᠎ᠳᠦ 65 ᠨᠠᠰᠤ ᠵᠢᠴᠢ ᠲᠡᠭᠦᠨ᠎ᠡᠴᠡ ᠳᠡᠭᠡᠭᠰᠢᠬᠢ
ᠨᠠᠰᠤᠨ᠎ᠤ ᠬᠥᠮᠥᠨ ᠠᠮᠠ 399.0 ᠲᠦᠮᠡ ᠪᠠᠢᠵᠤ᠂ 16.81% ᠶᠢ ᠡᠵᠡᠯᠡᠪᠡ᠃
2024 ᠣᠨ᠎ᠲᠠᠢ ᠬᠠᠷᠢᠴᠠᠭᠤᠯᠪᠠᠯ᠂ 0 — 15 ᠨᠠᠰᠤᠨ᠎ᠤ ᠬᠥᠮᠥᠨ ᠠᠮᠠ 13.0 ᠲᠦᠮᠡ ᠪᠠᠭᠠᠰᠴᠤ᠂ ᠡᠵᠡᠯᠡᠬᠦ ᠬᠠᠷᠢᠴᠠᠯ ᠨᠢ ᠵᠠᠭᠤᠨ᠎ᠤ ᠬᠠᠷᠢᠴᠠᠯ ᠵᠢᠨᠷ 0.46 ᠬᠤᠪᠢ ᠪᠠᠭᠤᠷᠠᠪᠠ; 16 - 59 ᠨᠠᠰᠤᠨ᠎ᠤ ᠬᠥᠮᠥᠨ ᠠᠮᠠ 24 ᠲᠦᠮᠡ ᠪᠠᠭᠠᠰᠴᠤ᠂ ᠡᠵᠡᠯᠡᠬᠦ ᠬᠠᠷᠢᠴᠠᠯ ᠨᠢ ᠵᠠᠭᠤᠨ᠎ᠤ ᠬᠠᠷᠢᠴᠠᠯ ᠵᠢᠨᠷ 0.64 ᠬᠤᠪᠢ ᠪᠠᠭᠤᠷᠠᠪᠠ; 60 ᠨᠠᠰᠤ ᠂ 65 ᠨᠠᠰᠤ ᠵᠢᠴᠢ ᠲᠡᠭᠦᠨ᠎ᠡᠴᠡ ᠳᠡᠭᠡᠭᠰᠢᠬᠢ ᠨᠠᠰᠤᠨ᠎ᠤ ᠬᠥᠮᠥᠨ ᠠᠮᠠ ᠲᠣᠰ ᠲᠣᠰ 23.0 ᠲᠦᠮᠡ ᠪᠠ 16.0 ᠲᠦᠮᠡ ᠨᠡᠮᠡᠭᠳᠡᠵᠦ᠂ ᠡᠵᠡᠯᠡᠬᠦ ᠬᠠᠷᠢᠴᠠᠯ ᠨᠢ ᠵᠠᠭᠤᠨ᠎ᠤ ᠬᠠᠷᠢᠴᠠᠯ ᠵᠢᠨᠷ ᠲᠣᠰ ᠲᠣᠰ 1.11 ᠪᠠ 0.77 ᠬᠤᠪᠢ ᠨᠡᠮᠡᠭᠳᠡᠪᠡ᠃

4. ᠬᠦᠢᠰᠦ ᠢᠯᠭᠠᠯ
2025 ᠣᠨ᠎ᠤ ᠵᠢᠯ᠎ᠤᠨ ᠡᠴᠦᠰ᠂ ᠪᠥᠬᠥ ᠣᠷᠣᠨ᠎ᠤ ᠪᠠᠢᠩᠭᠤ ᠰᠠᠭᠤᠭ᠎ᠠ
ᠬᠥᠮᠥᠨ ᠠᠮᠠ᠎ᠶᠢᠨ ᠳᠣᠲᠣᠷ᠎ᠠ ᠡᠷᠡᠭᠲᠡᠢᠴᠤᠳ 1211.0 ᠲᠦᠮᠡ ᠪᠠᠢᠵᠤ᠂ ᠪᠥᠬᠥ ᠣᠷᠣᠨ᠎ᠤ ᠪᠠᠢᠩᠭᠤ ᠰᠠᠭᠤᠭ᠎ᠠ ᠬᠥᠮᠥᠨ
ᠠᠮᠠ᠎ᠶᠢᠨ 51.01% ᠶᠢ ᠡᠵᠡᠯᠡᠪᠡ; ᠡᠮᠡᠭᠲᠡᠢᠴᠤᠳ 1163.0 ᠲᠦᠮᠡ ᠪᠠᠢᠵᠤ᠂ ᠪᠥᠬᠥ ᠣᠷᠣᠨ᠎ᠤ ᠪᠠᠢᠩᠭᠤ ᠰᠠᠭᠤᠭ᠎ᠠ ᠬᠥᠮᠥᠨ ᠠᠮᠠ᠎ᠶᠢᠨ
48.99%᠎ᠶᠢ ᠡᠵᠡᠯᠡᠪᠡ᠃ ᠪᠥᠬᠥ ᠬᠥᠮᠥᠨ ᠠᠮᠠ᠎ᠶᠢᠨ ᠡᠷᠡᠭᠲᠡᠢ ᠡᠮᠡᠭᠲᠡᠢ ᠵᠢᠨ ᠬᠠᠷᠢᠴᠠᠯ 104.13᠄ 100 ᠪᠣᠯᠵᠤ᠂ 2024 ᠣᠨ᠎ᠤ ᠬᠢ᠎ᠡᠴᠡ 0.5 ᠪᠠᠭᠤᠷᠠᠪᠠ᠃

5. ᠬᠥᠮᠥᠨ ᠠᠮᠠ᠎ᠶᠢᠨ ᠠᠶᠠᠨ᠎ᠳᠠᠭᠠᠨ
ᠨᠡᠮᠡᠭᠳᠡᠯ
2025 ᠣᠨ᠎ᠤ ᠵᠢᠯ᠎ᠤᠨ ᠡᠴᠦᠰ
ᠪᠤᠯᠳᠠᠯ᠎ᠠ ᠪᠥᠬᠥ ᠣᠷᠣᠨ᠎ᠤ ᠪᠠᠢᠩᠭᠤ ᠰᠠᠭᠤᠭ᠎ᠠ ᠬᠥᠮᠥᠨ ᠠᠮᠠ 10.2 ᠲᠦᠮᠡᠨ ᠬᠡᠦᠬᠡᠳ ᠳᠦᠷᠦᠵᠦ᠂ 2024 ᠣᠨ᠎ᠤ ᠬᠢ᠎ᠡᠴᠡ 3.0 ᠲᠦᠮᠡ
ᠪᠠᠭᠤᠷᠠᠪᠠ; ᠬᠥᠮᠥᠨ ᠠᠮᠠ᠎ᠶᠢᠨ ᠳᠦᠷᠦᠯᠲᠡ᠎ᠶᠢᠨ ᠨᠣᠷᠮ᠎ᠠ 4.28‰ ᠪᠣᠯᠵᠤ᠂ 2024 ᠣᠨ᠎ᠤ ᠬᠢ᠎ᠡᠴᠡ
ᠮᠢᠩᠭᠠᠨᠤ ᠬᠠᠷᠢᠴᠠᠯ ᠵᠢᠨᠷ 1.24 ᠬᠤᠪᠢ ᠪᠠᠭᠤᠷᠠᠪᠠ; 21.1 ᠲᠦᠮᠡᠨ ᠬᠥᠮᠥᠨ ᠡᠨᠳᠡᠵᠦ᠂
2024 ᠣᠨ᠎ᠤ ᠬᠢ᠎ᠡᠴᠡ 1.1 ᠲᠦᠮᠡᠨ ᠬᠥᠮᠥᠨ ᠨᠡᠮᠡᠭᠳᠡᠪᠡ; ᠬᠥᠮᠥᠨ ᠠᠮᠠ᠎ᠶᠢᠨ ᠦᠬᠦᠯᠳᠡ᠎ᠵᠢᠨ
ᠨᠤᠷᠮ᠎ᠠ 8.86‰ᠳᠤ ᠬᠦᠷᠴᠦ᠂ 2024 ᠣᠨ᠎ᠤ ᠬᠢ᠎ᠡᠴᠡ
ᠮᠢᠩᠭᠠᠨᠤ ᠬᠠᠷᠢᠴᠠᠯ ᠵᠢᠨᠷ 0.5 ᠬᠤᠪᠢ ᠨᠡᠮᠡᠭᠳᠡᠪᠡ; ᠬᠥᠮᠥᠨ ᠠᠮᠠ᠎ᠶᠢᠨ ᠠᠶᠠᠨ᠎ᠳᠠᠭᠠᠨ ᠨᠡᠮᠡᠭᠳᠡᠭᠰᠡᠨ ᠨᠣᠷᠮ᠎ᠠ
- 4.58‰ ᠪᠣᠯᠵᠤ᠂ 2024 ᠣᠨ᠎ᠤ ᠬᠢ᠎ᠡᠴᠡ ᠮᠢᠩᠭᠠᠨᠤ
ᠬᠠᠷᠢᠴᠠᠯ ᠵᠢᠨᠷ 1.74 ᠬᠤᠪᠢ ᠪᠠᠭᠤᠷᠠᠪᠠ᠃

6.ᠭᠠᠵᠠᠷ ᠣᠷᠣᠨ᠎ᠤ ᠲᠠᠷᠬᠠᠯᠲᠠ

ᠢᠷᠡᠯᠲᠡ ᠄ ᠥᠪᠥᠷ ᠮᠣᠩᠭᠣᠯ᠎ᠤᠨ ᠲᠣᠭ᠎ᠠ ᠪᠦᠷᠢᠳᠬᠡᠯ᠎ᠦᠨ ᠪᠢᠴᠢᠯ ᠮᠡᠳᠡᠭᠡ