ᠵᠡᠭᠦᠨᠭᠠᠷ ᠬᠣᠰᠢᠭᠤ 5 ᠵᠢᠯ ᠳ᠋ᠤ ᠬᠠᠳᠤᠨ ᠭᠤᠤᠯ ᠤ᠋ᠨ ᠰᠠᠯᠪᠤᠷᠢ ᠤᠷᠤᠰᠬᠠᠯ᠎ᠤᠨ ᠰᠠᠪᠠ ᠭᠠᠵᠠᠷ ᠢ᠋ 1473 ᠲᠡᠭᠰᠢ ᠳᠥᠷᠪᠡᠯᠵᠢᠨ ᠺᠢᠯᠣᠮᠧᠲᠷ ᠵᠠᠰᠠᠵᠠᠢ
2026-04-02 09:40:55
ᠵᠣᠬᠢᠶᠠᠭ᠍ᠴᠢ᠄
ᠪᠤᠶᠠᠠᠡᠨᠡᠷᠢᠯ
ᠣᠩᠱᠢᠭ᠍ᠰᠠᠨ ᠣᠳᠠᠭ᠎ᠠ᠄
★★★☆☆

ᠤᠷᠳᠤᠰ ᠬᠤᠲᠠ ᠵᠢᠨ ᠵᠡᠬᠦᠨᠭᠠᠷ ᠬᠣᠰᠢᠭᠤ ᠣᠢᠷ᠎ᠠ ᠵᠢᠨ 5 ᠵᠢᠯ ᠳ᠋ᠤ ᠬᠠᠳᠤᠨ ᠭᠤᠤᠯ ᠤ᠋ᠨ ᠰᠠᠯᠪᠤᠷᠢ ᠤᠷᠤᠰᠬᠠᠯ᠎ᠤᠨ ᠰᠠᠪᠠ ᠭᠠᠵᠠᠷ ᠤ᠋ᠨ ᠬᠥᠷᠥᠰᠥ ᠰᠢᠷᠣᠢ ᠵᠢᠨ ᠢᠳᠡᠭᠳᠡᠯ ᠢ᠋ 1473.49 ᠲᠡᠭᠰᠢ ᠳᠥᠷᠪᠡᠯᠵᠢᠨ ᠺᠢᠯᠣᠮᠧᠲᠷ ᠵᠠᠰᠠᠵᠤ᠂ ᠰᠢᠰᠲᠧᠮ ᠲᠠᠢ ᠵᠠᠰᠠᠬᠤ ᠪᠠᠷ ᠳᠠᠮᠵᠢᠨ ᠬᠠᠲᠤᠨ ᠭᠣᠣᠯ ᠤ᠋ᠨ ᠶᠡᠬᠡ ᠳᠤᠬᠤᠢ ᠶ᠋ᠢᠨ ᠠᠮᠢ ᠠᠬᠤᠢ ᠵᠢᠨ ᠬᠠᠯᠬᠠᠪᠴᠢ ᠵᠢ ᠪᠡᠬᠢᠵᠢᠭᠦᠯᠵᠡᠢ᠃

ᠬᠠᠲᠤᠨ ᠭᠣᠣᠯ᠎ᠤᠨ ᠵᠡᠭᠦᠨᠭᠠᠷ ᠬᠣᠰᠢᠭᠤᠨ᠎ᠳᠡᠬᠢ ᠤᠷᠤᠰᠬᠠᠯ᠎ᠤᠨ ᠤᠷᠲᠤ ᠨᠢ 238 ᠺᠢᠯᠣᠮᠧᠲᠷ ᠲᠦ᠍ ᠬᠦᠷᠴᠦ᠂ ᠬᠠᠳᠤᠨ ᠭᠤᠤᠯ ᠤ᠋ᠨ ᠥᠪᠥᠷ ᠮᠣᠩᠭᠣᠯ ᠳ᠋ᠡᠬᠢ ᠤᠷᠤᠰᠬᠠᠯ ᠤ᠋ᠨ ᠤᠷᠲᠤ ᠵᠢᠨ 28% ᠶ᠋ᠢ ᠡᠵᠡᠯᠡᠵᠤ ᠪᠤᠢ᠃ ᠵᠠᠬᠦᠨᠭᠠᠷ ᠬᠤᠰᠢᠭᠤ ᠬᠠᠲᠤᠨ ᠭᠣᠣᠯ ᠤ᠋ᠨ ᠪᠦᠳᠦᠭᠦᠨ ᠮᠦᠬᠦᠯᠢᠭᠲᠦ ᠡᠯᠡᠰᠦ ᠰᠢᠪᠠᠷ ᠤ᠋ᠨ ᠢᠷᠡᠯᠲᠡ ᠵᠢᠨ ᠣᠷᠣᠨ ᠪᠣᠯᠤᠭᠰᠠᠨ ᠤ᠋ ᠬᠤᠪᠢ ᠳ᠋ᠤ ᠠᠭᠤᠯᠠ ᠤᠰᠤ ᠣᠢ ᠮᠤᠳᠤ ᠭᠠᠵᠠᠷ ᠳᠠᠷᠢᠶ᠎ᠠ ᠨᠠᠭᠤᠷ ᠪᠦᠷᠢᠳᠤ ᠨᠤᠳᠤᠭ ᠪᠡᠯᠴᠢᠭᠡᠷ ᠡᠯᠡᠰᠦ ᠮᠠᠩᠬ᠎ᠠ ᠵᠢ ᠨᠢᠭᠡ ᠴᠣᠭᠴᠠᠵᠢᠭᠤᠯᠤᠨ ᠵᠠᠰᠠᠬᠤ ᠵᠢ ᠪᠠᠷᠢᠮᠲᠠᠯᠠᠵᠤ᠂ ᠬᠠᠳᠤᠨ ᠭᠤᠤᠯ ᠤ᠋ᠨ ᠰᠠᠯᠪᠤᠷᠢ ᠤᠷᠤᠰᠬᠠᠯ᠎ᠤᠨ ᠰᠠᠪᠠ ᠭᠠᠵᠠᠷ ᠤ᠋ᠨ ᠵᠠᠰᠠᠯᠲᠠ ᠵᠢ ᠴᠢᠩᠭᠠᠳᠬᠠᠨ᠂ ᠣᠳᠣ ᠪᠤᠯᠳᠠᠯ᠎ᠠ ᠪᠥᠬᠥ ᠬᠣᠰᠢᠭᠤᠨ ᠤ᠋ ᠬᠥᠷᠥᠰᠥ ᠰᠢᠷᠣᠢ ᠵᠢᠨ ᠢᠳᠡᠭᠳᠡᠯ ᠢ᠋ ᠵᠠᠰᠠᠭᠰᠠᠨ ᠬᠡᠮᠵᠢᠶ᠎ᠡ 57.92% ᠲᠦ᠍ ᠬᠦᠷᠴᠦ᠂ ᠤᠷᠭᠤᠮᠠᠯ ᠤ᠋ᠨ ᠬᠤᠴᠢᠯᠭ᠎ᠠ ᠵᠢᠨ ᠬᠡᠮᠵᠢᠶ᠎ᠡ 76.2% ᠪᠤᠯᠳᠠᠯ᠎ᠠ ᠨᠡᠮᠡᠭᠳᠡᠨ᠂ ᠬᠠᠲᠤᠨ ᠭᠣᠣᠯ ᠤ᠋ᠨ ᠡᠷᠭᠢ ᠳᠠᠭᠠᠤ ᠨᠤᠭᠤ ᠭᠠᠵᠠᠷ ᠤ᠋ᠨ ᠠᠮᠢ ᠠᠬᠤᠢ ᠵᠢ ᠦᠷᠬᠦᠯᠵᠢᠯᠡᠨ ᠰᠠᠢᠵᠢᠷᠠᠭᠤᠯᠤᠭᠰᠠᠨ ᠪᠠᠢᠨ᠎ᠠ᠃

ᠡᠳᠦᠬᠡ ᠵᠡᠬᠦᠨᠭᠠᠷ ᠬᠤᠰᠢᠭᠤᠨ ᠤ᠋ ᠡᠯ᠎ᠠ ᠪᠠᠯᠭᠠᠰᠤ ᠰᠢᠶᠠᠩ ᠤ᠋ᠨ ᠬᠠᠳᠤᠨ ᠭᠤᠤᠯ ᠤ᠋ᠨ ᠰᠠᠯᠪᠤᠷᠢ ᠤᠷᠤᠰᠬᠠᠯ᠎ᠤᠨ ᠰᠠᠪᠠ ᠭᠠᠵᠠᠷ ᠢ᠋ ᠵᠠᠰᠠᠬᠤ ᠳᠦᠷᠦᠯ ᠵᠦᠢᠯ ᠢᠯᠡᠷᠬᠡᠢ ᠦᠷ᠎ᠡ ᠪᠦᠳᠦᠮᠵᠢ ᠤᠯᠵᠠᠢ᠃ ᠳᠤᠬᠠᠢᠯᠠᠪᠠᠯ ᠱᠠᠭᠳᠠᠷ ᠪᠠᠯᠭᠠᠰᠤᠨ ᠤ᠋ ᠬᠠᠰᠢᠶᠠᠳᠤ ᠶ᠋ᠢᠨ ᠭᠤᠤᠯ ᠤ᠋ᠨ ᠰᠠᠪᠠ ᠭᠠᠵᠠᠷ ᠤ᠋ᠨ ᠤᠰᠤ ᠬᠦᠷᠦᠰᠤᠨ ᠤ᠋ ᠢᠳᠡᠭᠳᠡᠯ ᠢ᠋ ᠵᠠᠰᠠᠵᠤ ᠶᠠᠰᠤ ᠴᠢᠨᠠᠷ ᠢ᠋ ᠳᠡᠭᠡᠭᠰᠢᠯᠡᠭᠦᠯᠦᠨ ᠦᠷ᠎ᠡ ᠠᠰᠢᠭ᠋ ᠢ᠋ ᠨᠡᠮᠡᠭᠳᠡᠭᠦᠯᠬᠦ ᠲᠥᠷᠥᠯ ᠵᠦᠢᠯ ᠤ᠋ᠨ ᠶᠡᠷᠦᠩᠬᠡᠢ ᠪᠡᠯᠡ ᠣᠷᠣᠭᠤᠯᠤᠯᠲᠠ ᠨᠢ 1000 ᠲᠦᠮᠡᠨ ᠲᠥᠭᠥᠷᠢᠭ ᠲᠤ᠌ ᠬᠦᠷᠴᠦ᠂ ᠤᠰᠤ ᠬᠦᠷᠦᠰᠤᠨ ᠤ᠋ ᠢᠳᠡᠭᠳᠡᠯ ᠢ᠋ ᠵᠠᠰᠠᠭᠰᠠᠨ ᠲᠠᠯᠠᠪᠠᠢ ᠨᠢ 20 ᠲᠡᠭᠰᠢ ᠳᠥᠷᠪᠡᠯᠵᠢᠨ ᠺᠢᠯᠣᠮᠧᠲᠷ ᠲᠤ᠌ ᠬᠦᠷᠴᠡᠢ᠃ ᠳᠤᠰ ᠳᠦᠷᠦᠯ ᠵᠦᠢᠯ 《ᠠᠭᠤᠯᠠᠨ ᠪᠡᠯ ᠢ᠋ ᠣᠢᠵᠢᠭᠤᠯᠬᠤ + ᠭᠤᠤᠯ ᠤ᠋ᠨ ᠭᠤᠯᠳᠤᠷᠢᠯ ᠤ᠋ᠨ ᠡᠯᠡᠰᠦ ᠰᠢᠪᠠᠷ ᠢ᠋ ᠬᠠᠰᠢᠬᠤ》 ᠠᠷᠭ᠎ᠠ ᠪᠡᠷ ᠭᠤᠷᠪᠠᠨ ᠳᠠᠪᠬᠤᠷ ᠬᠠᠮᠠᠭᠠᠯᠠᠬᠤ ᠪᠦᠰᠡ ᠪᠠᠢᠭᠤᠯᠵᠤ ᠪᠤᠢ᠃ ᠵᠢᠱ᠌ᠢᠯᠳᠡ ᠪᠡᠷ᠂ ᠳᠤᠰ ᠬᠠᠮᠠᠭᠠᠯᠠᠬᠤ ᠪᠦᠰᠡ ᠠᠰᠢᠭᠯᠠᠯᠳᠠ ᠳ᠋ᠤ ᠤᠷᠤᠭᠰᠠᠨ ᠤ᠋ ᠳᠠᠷᠠᠭ᠎ᠠ ᠵᠢᠯ ᠪᠦᠷᠢ 8.62 ᠲᠦᠮᠡᠨ ᠲᠣᠨ ᠬᠥᠷᠥᠰᠥ ᠰᠢᠷᠣᠢ ᠵᠢ ᠳᠤᠭᠳᠠᠪᠦᠷᠢᠵᠢᠭᠤᠯᠬᠤ ᠪᠣᠯᠣᠨ᠎ᠠ᠃ ᠡᠬᠦᠨ ᠡᠴᠡ ᠭᠠᠳᠠᠨ᠎ᠠ᠂ ᠵᠡᠬᠦᠨᠭᠠᠷ ᠬᠤᠰᠢᠭᠤᠨ ᠤ᠋ ᠯᠦᠩ ᠺᠸᠤ ᠪᠠᠯᠭᠠᠰᠤᠨ ᠤ᠋ ᠴᠢ ᠯᠢ ᠭᠧᠦ ᠬᠤᠩᠭᠢᠯ ᠤ᠋ᠨ ᠰᠠᠪᠠ ᠭᠠᠵᠠᠷ ᠤ᠋ᠨ ᠤᠰᠤ ᠬᠦᠷᠦᠰᠤᠨ ᠤ᠋ ᠢᠳᠡᠭᠳᠡᠯ ᠨᠢ ᠤᠯᠠᠨ ᠵᠢᠯ ᠤ᠋ᠨ ᠵᠠᠰᠠᠯᠳᠠ ᠪᠡᠷ ᠳᠠᠮᠵᠢᠭᠠᠳ ᠶᠡᠬᠡ ᠬᠤᠪᠢᠷᠠᠯᠲᠠ ᠳᠠᠢ ᠪᠤᠯᠵᠠᠢ᠃

5 ᠵᠢᠯ ᠤ᠋ᠨ ᠲᠤᠷᠰᠢ ᠵᠡᠭᠦᠨᠭᠠᠷ ᠬᠣᠰᠢᠭᠤ ᠤᠰᠤ ᠬᠦᠷᠦᠰᠤᠨ ᠤ᠋ ᠢᠳᠡᠭᠳᠡᠯ ᠢ᠋ ᠰᠡᠷᠭᠡᠢᠯᠡᠨ ᠵᠠᠰᠠᠬᠤ ᠨᠢᠭᠡ ᠪᠦᠯᠦᠭ ᠭᠣᠣᠯᠳᠠᠯᠭ᠎ᠠ ᠲᠠᠢ ᠲᠦᠷᠦᠯ ᠵᠦᠢᠯ ᠢ᠋ ᠬᠡᠷᠡᠭᠵᠢᠭᠦᠯᠦᠭᠡᠳ᠂ ᠡᠯᠡᠰᠦ ᠰᠢᠪᠠᠷ ᠢ᠋ ᠬᠠᠰᠢᠬᠤ ᠬᠠᠰᠢᠯᠭ᠎ᠠ ᠵᠢ 217 ᠪᠠᠢᠭᠤᠯᠤᠨ᠂ ᠨᠦᠯᠦᠮᠡᠯ ᠡᠯᠡᠰᠦ ᠰᠢᠪᠠᠷ ᠳᠤᠩᠬᠤ ᠵᠢ ᠰᠡᠷᠭᠡᠢᠯᠡᠬᠦ ᠬᠠᠰᠢᠯᠭ᠎ᠠ ᠵᠢ 81 ᠪᠡᠬᠢᠯᠡᠵᠦ᠂ ᠴᠢᠴᠠᠷᠭᠠᠨ᠎ᠠ ᠳᠠᠷᠢᠵᠤ ᠡᠯᠡᠰᠦᠷᠭᠡᠭᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠠᠮᠢ ᠠᠬᠤᠢ ᠶ᠋ᠢᠨ ᠢᠨᠵᠧᠨᠧᠷᠢᠩ ᠢ᠋ ᠬᠡᠷᠡᠭᠵᠢᠬᠦᠯᠦᠨ᠂ ᠵᠢᠯ ᠪᠦᠷᠢ 1144 ᠲᠦᠮᠡᠨ ᠲᠣᠨ ᠡᠯᠡᠰᠦ ᠰᠢᠪᠠᠷ ᠢ᠋ ᠳᠤᠭᠳᠠᠪᠦᠷᠢᠵᠢᠭᠤᠯᠪᠠ᠃ ᠵᠠᠰᠠᠬᠤ ᠶᠠᠪᠤᠴᠠ ᠳ᠋ᠤ᠂ ᠲᠣᠰ ᠬᠣᠰᠢᠭᠤ ᠪᠠᠰᠠ ᠠᠮᠢ ᠠᠬᠤᠢ ᠵᠢ ᠬᠠᠮᠠᠭᠠᠯᠠᠬᠤ ᠪᠠ ᠠᠷᠠᠳ ᠢ᠋ ᠪᠠᠶᠠᠵᠢᠭᠤᠯᠤᠨ ᠣᠷᠣᠯᠭ᠎ᠠ ᠵᠢ ᠨᠢ ᠨᠡᠮᠡᠭᠳᠡᠭᠦᠯᠬᠦ ᠵᠢ ᠬᠠᠮᠲᠤ ᠳ᠋ᠤᠨᠢ ᠬᠠᠷᠠᠭᠠᠯᠵᠠᠵᠤ᠂ ᠠᠵᠤ ᠠᠬᠤᠢ ᠵᠢᠨ ᠣᠢ ᠳᠠᠷᠢᠬᠤ ᠵᠢ ᠲᠥᠯᠥᠪᠵᠢᠭᠦᠯᠦᠨ᠂ ᠠᠮᠢ ᠠᠬᠤᠢ ᠵᠢ ᠵᠠᠰᠠᠬᠰᠠᠨ ᠦᠷ᠎ᠡ ᠪᠦᠲᠦᠭᠡᠯ ᠢ᠋ ᠣᠯᠠᠨ ᠲᠦᠮᠡᠨ ᠳ᠋ᠤ ᠡᠳ᠋ᠯᠡᠭᠦᠯᠵᠦ᠂ ᠨᠢᠭᠡ ᠭᠣᠤ ᠨᠢᠭᠡ ᠬᠥᠲᠥᠯ ᠤ᠋ᠨ 《ᠵᠢᠵᠢᠭ ᠵᠠᠰᠠᠯᠲᠠ》 ᠪᠠᠷ ᠬᠠᠲᠤᠨ ᠭᠣᠣᠯ ᠤ᠋ᠨ ᠶᠡᠬᠡ ᠠᠮᠢ ᠠᠬᠤᠢ ᠵᠢ ᠰᠠᠬᠢᠨ ᠬᠠᠮᠠᠭᠠᠯᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号