ᠤᠯᠠᠨ ᠭᠠᠵᠠᠷ ᠲᠦ᠍ ᠪᠣᠷᠣᠭᠠᠨ ᠴᠠᠰᠤ ᠤᠷᠤᠵᠤ ᠡᠯᠡᠰᠦ ᠲᠤᠭᠤᠰᠤ ᠳᠡᠭᠳᠡᠨᠠ
ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠴᠠᠭ ᠠᠭᠤᠷ ᠤ᠋ᠨ ᠲᠣᠪᠴᠢᠶ᠎ᠠ ᠡᠴᠡ ᠣᠢᠯᠠᠭᠠᠭ᠍ᠰᠠᠨ ᠵᠢᠡᠷ᠂ 4 ᠰᠠᠷ᠎ᠠ ᠢ᠋ᠢᠨ 2 ᠤ᠋ᠨ ᠤᠷᠤᠢ ᠡᠴᠡ 4 ᠤ᠋ ᠡᠳᠤᠷ ᠪᠤᠯᠳᠠᠯ᠎ᠠ ᠴᠢᠡᠭᠭ᠎ᠠ ᠬᠦᠶ᠋ᠲᠡᠨ ᠠᠭᠠᠷ ᠦᠪᠤᠷ ᠮᠤᠩᠭᠤᠯ ᠢ᠋ ᠨᠥᠯᠥᠭᠡᠯᠡᠵᠤ᠂ ᠪᠦᠬᠦ ᠤᠷᠤᠨ ᠤ᠋ ᠶᠡᠬᠡᠡᠭᠭᠢ ᠭᠠᠵᠠᠷ ᠲᠤ᠌ ᠶᠡᠬᠡ ᠰᠠᠯᠬᠢ ᠰᠠᠯᠬᠢᠯᠡᠨ᠂ ᠠᠭᠠᠷ ᠤ᠋ᠨ ᠲᠤᠯᠠᠭᠠᠨ ᠪᠠᠭᠤᠷᠠᠵᠤ᠂ ᠤᠯᠠᠨ ᠭᠠᠵᠠᠷ ᠲᠦ᠍ ᠪᠣᠷᠣᠭᠠᠨ ᠴᠠᠰᠤ ᠤᠷᠤᠵᠤ᠂ ᠡᠯᠡᠰᠦ ᠲᠤᠭᠤᠰᠤ ᠳᠡᠭᠳᠡᠨᠠ᠃
4 ᠰᠠᠷ᠎ᠠ ᠢ᠋ᠢᠨ 2— 4 ᠤ᠋ ᠡᠳᠦᠷ ᠪᠣᠯᠲᠠᠯ᠎ᠠ᠂ ᠥᠪᠥᠷ ᠮᠣᠩᠭᠣᠯ ᠤ᠋ᠨ ᠪᠠᠷᠠᠭᠤᠨ ᠪᠡᠶ᠎ᠡ ᠢ᠋ᠢᠨ ᠵᠡᠭᠦᠨ ᠬᠡᠰᠡᠭ᠂ ᠳᠤᠮᠳᠠ ᠪᠡᠶ᠎ᠠ ᠪᠤᠯᠤᠨ ᠵᠡᠭᠦᠨ ᠪᠡᠶ᠎ᠡ ᠢ᠋ᠢᠨ ᠶᠡᠬᠡᠩᠬᠢ ᠭᠠᠵᠠᠷ ᠲᠤ᠌ ᠪᠠᠭ᠎ᠠ ᠪᠣᠷᠣᠭᠠᠨ᠂ ᠪᠠᠭ᠎ᠠ ᠴᠠᠰᠤ ᠪᠤᠶᠤ ᠪᠣᠷᠣᠭᠠᠨ ᠴᠠᠰᠤ ᠬᠣᠯᠢᠯᠳᠤᠨ ᠣᠷᠣᠨ᠎ᠠ᠃ ᠡᠭᠦᠨ ᠳ᠋ᠤ᠂ ᠱᠢᠯᠢ ᠢ᠋ᠢᠨ ᠭᠤᠤᠯ ᠠᠢᠮᠠᠭ ᠤ᠋ᠨ ᠵᠡᠭᠦᠨ ᠬᠣᠢᠲᠤ ᠪᠡᠶ᠎ᠠ᠂ ᠬᠢᠩᠭᠠᠨ ᠠᠢᠮᠠᠭ ᠤ᠋ᠨ ᠬᠣᠢᠲᠤ ᠪᠡᠶ᠎ᠠ᠂ ᠬᠥᠯᠥᠨ ᠪᠣᠢᠷ ᠬᠣᠲᠠ ᠢ᠋ᠢᠨ ᠡᠮᠦᠨ᠎ᠠ ᠪᠡᠶ᠎ᠠ ᠳ᠋ᠤ ᠳᠤᠮᠳᠠ ᠡᠴᠡ ᠶᠡᠬᠡ ᠴᠠᠰᠤ ᠣᠷᠣᠵᠤ᠂ ᠬᠡᠰᠡᠭ ᠭᠠᠵᠠᠷ ᠲᠤ᠌ ᠤᠨᠴᠠ ᠶᠡᠬᠡ ᠴᠠᠰᠤ ᠣᠷᠣᠨ᠎ᠠ; ᠲᠦᠩᠯᠢᠶᠣᠤ ᠬᠣᠲᠠ ᠢ᠋ᠢᠨ ᠵᠡᠭᠦᠨ ᠡᠮᠦᠨ᠎ᠡ ᠪᠡᠶ᠎ᠠ ᠳ᠋ᠤ ᠳᠤᠮᠳᠠ ᠵᠡᠷᠭᠡ ᠢ᠋ᠢᠨ ᠪᠣᠷᠣᠭᠠᠨ ᠪᠤᠶᠤ ᠪᠣᠷᠣᠭᠠᠨ ᠴᠠᠰᠤ ᠬᠣᠯᠢᠯᠳᠤᠨ ᠣᠷᠣᠨ᠎ᠠ᠃ 4 ᠰᠠᠷ᠎ᠠ ᠢ᠋ᠢᠨ 2 — 4 ᠤ᠋ ᠡᠳᠦᠷ ᠪᠣᠯᠲᠠᠯ᠎ᠠ᠂ ᠥᠪᠥᠷ ᠮᠣᠩᠭᠣᠯ ᠤ᠋ᠨ ᠶᠡᠬᠡᠩᠬᠢ ᠭᠠᠵᠠᠷ ᠤ᠋ᠨ ᠠᠭᠠᠷ ᠤ᠋ᠨ ᠳᠤᠯᠠᠭᠠᠨ 4 — 8 ᠭᠷᠠᠳᠦ᠋ᠰ ᠪᠠᠭᠤᠷᠠᠨ᠎ᠠ᠃ ᠡᠭᠦᠨ ᠳ᠋ᠤ᠂ ᠪᠠᠷᠠᠭᠤᠨ ᠪᠡᠶ᠎ᠠ ᠢ᠋ᠢᠨ ᠵᠡᠭᠦᠨ ᠬᠡᠰᠡᠭ᠂ ᠳᠤᠮᠳᠠ ᠪᠡᠶ᠎ᠠ ᠢ᠋ᠢᠨ ᠶᠡᠬᠡᠩᠬᠢ ᠭᠠᠵᠠᠷ᠂ ᠵᠡᠭᠦᠨ ᠪᠡᠶ᠎ᠠ ᠢ᠋ᠢᠨ ᠡᠮᠦᠨ᠎ᠠ ᠬᠡᠰᠡᠭᠦᠨ ᠠᠭᠠᠷ ᠤ᠋ᠨ ᠳᠤᠯᠠᠭᠠᠨ 8 — 12 ᠭᠷᠠᠳᠦ᠋ᠰ ᠪᠠᠭᠤᠷᠠᠵᠤ᠂ ᠬᠡᠰᠡᠭ ᠭᠠᠵᠠᠷ ᠤ᠋ᠨ ᠠᠭᠠᠷ ᠤ᠋ᠨ ᠳᠤᠯᠠᠭᠠᠨ 12 ᠭᠷᠠᠳᠦ᠋ᠰ ᠡᠴᠡ ᠳᠡᠭᠡᠭ᠌ᠰᠢ ᠪᠠᠭᠤᠷᠠᠨ᠎ᠠ᠃ 4 ᠰᠠᠷ᠎ᠠ ᠢ᠋ᠢᠨ 2 — 4 ᠤ᠋ ᠡᠳᠦᠷ ᠪᠣᠯᠲᠠᠯ᠎ᠠ᠂ ᠥᠪᠥᠷ ᠮᠣᠩᠭᠣᠯ ᠤ᠋ᠨ ᠶᠡᠬᠡᠩᠬᠢ ᠭᠠᠵᠠᠷ ᠲᠤ᠌ ᠪᠠᠷᠠᠭᠤᠨ ᠬᠤᠢᠨ᠎ᠠ ᠪᠤᠶᠤ ᠪᠠᠷᠠᠭᠤᠨ ᠡᠴᠡ 4 — 5 ᠲᠠᠰ᠂ ᠤᠬᠤᠷ ᠬᠤᠭᠤᠴᠠᠭᠠᠨ ᠳ᠋ᠤ 6 — 7 ᠲᠡᠰ ᠤ᠋ᠨ ᠰᠠᠯᠬᠢ ᠰᠠᠯᠬᠢᠯᠠᠵᠤ᠂ ᠪᠠᠷᠠᠭᠤᠨ ᠪᠡᠶ᠎ᠡ ᠢ᠋ᠢᠨ ᠪᠠᠷᠠᠭᠤᠨ ᠬᠡᠰᠡᠭ ᠪᠤᠯᠤᠨ ᠬᠣᠢᠲᠤ ᠬᠡᠰᠡᠭ᠂ ᠳᠤᠮᠳᠠ ᠪᠡᠶ᠎ᠡ ᠢ᠋ᠢᠨ ᠶᠡᠬᠡᠩᠬᠢ ᠭᠠᠵᠠᠷ ᠪᠤᠯᠤᠨ ᠵᠡᠭᠦᠨ ᠪᠡᠶ᠎ᠡ ᠢ᠋ᠢᠨ ᠪᠠᠷᠠᠭᠤᠨ ᠬᠡᠰᠡᠭ ᠲᠤ᠌ 9 ᠲᠠᠰ ᠤ᠋ᠨ ᠶᠡᠬᠡ ᠰᠠᠯᠬᠢ ᠰᠠᠯᠬᠢᠯᠡᠨ᠂ ᠬᠡᠰᠡᠭ ᠭᠠᠵᠠᠷ ᠲᠤ᠌ 10 ᠲᠠᠰ ᠡᠴᠡ ᠳᠡᠭᠡᠭ᠌ᠰᠢᠬᠢ ᠶᠡᠬᠡ ᠰᠠᠯᠬᠢ ᠰᠠᠯᠬᠢᠯᠠᠨ᠎ᠠ;ᠪᠠᠷᠠᠭᠤᠨ ᠪᠡᠶ᠎ᠠ ᠢ᠋ᠢᠨ ᠶᠡᠬᠡᠩᠬᠢ ᠭᠠᠵᠠᠷ᠂ ᠳᠤᠮᠳᠠ ᠪᠡᠶ᠎ᠠ ᠢ᠋ᠢᠨ ᠪᠠᠷᠠᠭᠤᠨ ᠬᠡᠰᠡᠭ ᠪᠤᠯᠤᠨ ᠬᠣᠢᠲᠤ ᠬᠡᠰᠡᠭ ᠤ᠋ᠨ ᠭᠠᠵᠠᠷ ᠣᠷᠣᠨ ᠳ᠋ᠤ ᠲᠤᠭᠤᠰᠤ ᠮᠠᠨᠠᠷᠠᠵᠤ᠂ ᠳᠤᠮᠳᠠ ᠪᠡᠶ᠎ᠠ ᠪᠤᠯᠤᠨ ᠪᠠᠷᠠᠭᠤᠨ ᠪᠡᠶ᠎ᠠ ᠢ᠋ᠢᠨ ᠬᠣᠢᠲᠤ ᠬᠡᠰᠡᠭ ᠤ᠋ᠨ ᠵᠠᠷᠢᠮ ᠭᠠᠵᠠᠷ ᠲᠤ᠌ ᠡᠯᠡᠰᠦᠨ ᠱᠢᠭᠤᠷᠭᠠᠳᠡᠭᠳᠡᠨᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号