ᠪᠠᠷᠢᠮᠳᠠᠳᠤ ᠹᠢᠯᠢᠮ 《ᠰᠡᠳᠬᠢᠯ ᠠᠷᠭᠠᠮᠵᠢᠭᠰᠠᠨ ᠨᠤᠳᠤᠭ 》 ᠨᠠᠨᠵᠢᠩ ᠳ᠋ᠤ ᠦᠵᠡᠭᠴᠢᠳ ᠲᠠᠢ ᠵᠤᠯᠭᠠᠪᠠ
2026-04-02 09:46:08
ᠵᠣᠬᠢᠶᠠᠭ᠍ᠴᠢ᠄
ᠪᠤᠶᠠᠠᠡᠨᠡᠷᠢᠯ
ᠣᠩᠱᠢᠭ᠍ᠰᠠᠨ ᠣᠳᠠᠭ᠎ᠠ᠄
★★★☆☆

3 ᠰᠠᠷ᠎ᠠ ᠶ᠋ᠢᠨ 28 ᠤ᠋ ᠡᠳᠦᠷ᠂ ᠥᠪᠥᠷ ᠮᠣᠩᠭᠣᠯ ᠤ᠋ᠨ ᠷᠠᠳᠢᠣ᠋ ᠲᠧᠯᠸᠢᠰ᠎ᠤᠨ ᠬᠣᠷᠢᠶ᠎ᠠ᠂ ᠵᠢᠶᠠᠩᠰᠤ ᠮᠤᠵᠢ ᠵᠢᠨ ᠷᠠᠳᠢᠣ᠋ ᠲᠧᠯᠸᠢᠰ ᠤ᠋ᠨ ᠶᠡᠷᠦᠩᠬᠡᠢ ᠦᠷᠳᠡᠬᠡ᠂ ᠣᠷᠳᠣᠰ ᠬᠤᠳᠠ ᠵᠢᠨ ᠬᠠᠮ ᠵᠠᠭᠤᠴᠢᠯᠠᠭᠤᠷ ᠤ᠋ᠨ ᠲᠥᠪ᠂ ᠨᠠᠨᠵᠢᠩ ᠤ᠋ᠨ ᠷᠠᠳᠢᠣ᠋ ᠲᠧᠯᠸᠢᠰ ᠤ᠋ᠨ ᠪᠦᠯᠦᠭᠯᠡᠯ᠂ ᠤᠳᠤᠭ ᠤ᠋ᠨ ᠡᠮᠦᠨᠡᠲᠦ ᠬᠣᠰᠢᠭᠤᠨ ᠤ᠋ ᠵᠠᠰᠠᠭ ᠤ᠋ᠨ ᠣᠷᠳᠣᠨ ᠎ᠤ ᠬᠠᠮᠲᠤᠷᠠᠨ ᠦᠢᠯᠡᠳᠦᠭᠰᠡᠨ ᠲᠣᠮᠣ᠌ ᠬᠡᠯᠪᠡᠷᠢ ᠵᠢᠨ ᠪᠠᠷᠢᠮᠲᠠᠲᠤ ᠹᠢᠯᠢᠮ《ᠰᠡᠳᠬᠢᠯ ᠠᠷᠭᠠᠮᠵᠢᠭᠰᠠᠨ ᠨᠤᠳᠤᠭ》 ᠨᠠᠨᠵᠢᠩ ᠳ᠋ᠤ ᠦᠵᠡᠭᠴᠢᠳ ᠲᠠᠢ ᠵᠤᠯᠭᠠᠵᠠᠢ᠃

《ᠰᠡᠳᠬᠢᠯ ᠠᠷᠭᠠᠮᠵᠢᠭᠰᠠᠨ ᠨᠤᠳᠤᠭ》 ᠎ᠢ 1968 ᠣᠨ ᠳ᠋ᠤ ᠨᠠᠨᠵᠢᠩ ᠤ᠋ᠨ 1087 ᠰᠡᠭᠡᠭᠡᠳᠡᠨ ᠵᠠᠯᠠᠭᠤ ᠠᠯᠤᠰ ᠬᠤᠯᠠ ᠥᠪᠥᠷ ᠮᠣᠩᠭᠣᠯ ᠤ᠋ᠨ ᠣᠷᠳᠣᠰ ᠲᠤ᠌ ᠬᠦᠷᠴᠦ ᠪᠠᠷᠢᠭᠠᠳᠠ ᠳ᠋ᠤ ᠪᠠᠭᠤᠭᠰᠠᠨ ᠶᠠᠪᠤᠳᠠᠯ ᠶ᠋ᠢᠡᠷ ᠰᠡᠳᠦᠪᠯᠡᠵᠦ᠂ ᠬᠣᠶᠠᠷ ᠭᠠᠵᠠᠷ ᠢ᠋ ᠬᠣᠯᠪᠣᠭᠰᠠᠨ ᠦᠨᠳᠦᠰᠦᠲᠡᠨ ᠤ᠋ ᠪᠦᠯᠬᠦᠮᠳᠡᠯ ᠤ᠋ᠨ ᠦᠯᠢᠭᠡᠷ ᠳᠡᠦᠬᠡ ᠵᠢ ᠢᠯᠡᠷᠡᠭᠦᠯᠦᠭᠰᠡᠨ ᠪᠠᠢᠨ᠎ᠠ᠃ ᠲᠤᠰ ᠹᠢᠯᠢᠮ ᠨᠢ ᠳᠡᠭᠡᠷ᠎ᠡ ᠳᠣᠣᠷ᠎ᠠ ᠬᠣᠶᠠᠷ ᠪᠦᠯᠦᠭ ᠳᠠᠢ᠂ ᠪᠦᠯᠦᠭ ᠪᠦᠷᠢ ᠨᠢ 50 ᠮᠢᠨᠦ᠋ᠲ᠂ ᠥᠪᠥᠷ ᠮᠣᠩᠭᠣᠯ ᠤ᠋ᠨ ᠷᠠᠳᠢᠣ᠋ ᠲᠧᠯᠸᠢᠰ᠎ᠤᠨ ᠬᠣᠷᠢᠶ᠎ᠠ ᠵᠢᠨ ᠣᠳᠣᠨ ᠲᠧᠯᠸᠢᠰ ᠤ᠋ᠨ ᠫᠷᠣᠭ᠌ᠷᠠᠮ ᠦᠢᠯᠡᠳᠬᠦ ᠲᠥᠪ 4 ᠵᠢᠯ ᠤ᠋ᠨ ᠬᠤᠭᠤᠴᠠᠭ᠎ᠠ ᠵᠠᠷᠤᠴᠠᠭᠤᠯᠤᠨ᠂ ᠥᠪᠥᠷ ᠮᠣᠩᠭᠣᠯ᠂ ᠵᠢᠶᠠᠩᠰᠤ ᠬᠣᠶᠠᠷ ᠭᠠᠵᠠᠷ ᠵᠢᠡᠷ ᠶᠠᠪᠤᠵᠤ᠂ 40 ᠭᠠᠷᠤᠢ ᠰᠡᠬᠡᠭᠡᠲᠡᠨ ᠵᠠᠯᠠᠭᠤ᠂ ᠮᠠᠯᠴᠢᠨ ᠵᠡᠷᠭᠡ ᠵᠢ ᠡᠷᠢᠵᠦ ᠰᠤᠷᠪᠤᠯᠵᠢᠯᠠᠨ᠂ 15 ᠬᠠᠭᠤᠴᠢᠨ ᠰᠠᠭᠤᠴᠠ᠎ᠪᠠᠷ ᠬᠦᠷᠴᠦ ᠰᠡᠬᠦᠳᠡᠷᠯᠡᠨ᠂ ᠲᠦᠮᠡ ᠭᠠᠷᠤᠢ ᠴᠠᠭ ᠤ᠋ᠨ ᠪᠣᠷᠣ᠌ ᠮᠠᠲᠧᠷᠢᠶᠠᠯ ᠢ᠋ ᠰᠡᠭᠦᠳᠡᠷᠯᠡᠨ ᠴᠤᠭᠯᠠᠭᠤᠯᠤᠭᠠᠳ ᠦᠢᠯᠡᠳᠴᠤ ᠭᠠᠷᠭᠠᠵᠠᠢ᠃

ᠨᠠᠨᠵᠢᠩ ᠤ᠋ᠨ ᠦᠵᠡᠭᠴᠢ ᠼᠤᠤ ᠰᠢᠨ ᠬᠤᠧᠠ᠄《ᠹᠢᠯᠢᠮ ᠢ᠋ ᠦᠵᠡᠮᠡᠭᠴᠡ ᠪᠢ ᠲᠤᠬᠠᠢ ᠵᠢᠨ ᠵᠢᠯ᠎ᠳᠤ ᠤᠷᠳᠤᠰ ᠲᠤ᠌ ᠪᠠᠭᠤᠭᠰᠠᠨ ᠡᠳᠦᠷ ᠬᠤᠨᠤᠭ ᠶ᠋ᠢᠡᠨ ᠳᠤᠷᠠᠰᠤᠨ ᠰᠠᠨᠠᠭᠠᠯᠵᠠᠵᠤ ᠡᠷᠬᠡ ᠦᠭᠡᠢ ᠨᠢᠯᠪᠤᠰᠤ ᠤᠨᠠᠭᠠᠭᠰᠠᠨ ᠡ᠂ ᠡᠨᠡ ᠬᠦ᠌ ᠦᠩᠬᠡᠷᠡᠯᠳᠡ ᠪᠡᠨ ᠪᠢ ᠬᠡᠴᠢᠨᠡᠨ ᠵᠢᠯ ᠪᠤᠯᠤᠭᠰᠠᠨ ᠴᠤ᠌ ᠮᠠᠷᠲᠠᠬᠤ ᠦᠭᠡᠢ᠂ ᠡᠨᠡ ᠹᠢᠯᠢᠮ᠎ᠢ ᠬᠦᠦ ᠳ᠋ᠡᠭᠡᠨ᠂ ᠣᠮᠪᠣᠯᠣ᠌ ᠳ᠋ᠠᠭᠠᠨ ᠪᠦᠷ ᠦᠵᠡᠬᠦᠯᠦᠨ᠎ᠡ》 ᠭᠡᠵᠦ ᠶᠠᠷᠢᠵᠤ ᠪᠠᠢᠯ᠎ᠠ᠃ ᠲᠤᠬᠠᠢ ᠵᠢᠨ ᠳᠠᠯᠠᠪᠠᠢ ᠳ᠋ᠤ ᠪᠠᠷᠤᠭ 700 ᠭᠠᠷᠤᠢ ᠨᠠᠨᠵᠢᠩ ᠤ᠋ᠨ ᠰᠡᠬᠡᠭᠡᠲᠡᠨ ᠵᠠᠯᠠᠭᠤ ᠪᠣᠯᠣᠨ ᠳᠡᠳᠡᠨ ᠤ᠋ ᠭᠡᠷ ᠪᠦᠯᠢ ᠵᠢᠨ ᠬᠢᠨ ᠰᠤᠨᠢᠷᠬᠠᠨ ᠦᠵᠡᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号