ᠰᠦᠨᠢᠳ ᠪᠠᠷᠠᠭᠤᠨ ᠬᠤᠱᠢᠭᠤᠨ᠎ᠤ ᠱᠢᠨ᠎ᠡ ᠡᠨᠧᠷᠭᠢ᠎ᠶ᠋ᠢᠨ ᠠᠵᠤ ᠦᠢᠯᠡᠰ ᠲᠦᠷᠭᠡᠨ ᠬᠦᠭ᠌ᠵᠢᠵᠦ᠍ ᠪᠤᠢ
2026-04-20 11:16:56
ᠵᠣᠬᠢᠶᠠᠭ᠍ᠴᠢ᠄
ᠪᠢᠯᠢᠭᠪᠡᠭᠠᠳᠤᠷ
ᠣᠩᠱᠢᠭ᠍ᠰᠠᠨ ᠣᠳᠠᠭ᠎ᠠ᠄
★★★☆☆

ᠡᠨᠡ ᠵᠢᠯ᠎ᠡᠴᠡ ᠰᠥᠨᠢᠳ ᠪᠠᠷᠠᠭᠤᠨ ᠬᠣᠱᠢᠭᠤ ᠪᠣᠬᠢᠷᠲᠤᠯ ᠥᠬᠡᠶ ᠬᠥᠭ᠌ᠵᠢᠯᠲᠡ᠎ᠶ᠋ᠢᠨ ᠠᠯᠬᠤᠭ᠎ᠠ ᠪᠠᠨ ᠲᠦᠷᠭᠡᠳᠭᠡᠵᠦ᠂ ᠡᠨᠧᠷᠭᠢ ᠬᠠᠳᠠᠭᠠᠯᠠᠬᠤ᠂ ᠰᠠᠯᠬᠢᠨ ᠬᠦᠴᠦᠨ᠎ᠦ ᠴᠠᠬᠢᠯᠭᠠᠨ ᠵᠡᠷᠭᠡ ᠱᠢᠨ᠎ᠡ ᠡᠨᠧᠷᠭᠢ᠎ᠶ᠋ᠢᠨ ᠴᠢᠭ᠌ᠯᠡᠯ᠎ᠦᠨ ᠲᠣᠭᠣᠷᠢᠨ᠎ᠳᠤ ᠪᠦᠲᠦᠭᠡᠯᠴᠢ ᠪᠡᠷ ᠲᠥᠯᠥᠪᠵᠢᠭᠦᠯᠵᠦ᠍᠂ ᠭᠤᠤᠯᠳᠠᠯᠭ᠎ᠠ ᠲᠠᠶ ᠲᠥᠷᠥᠯ ᠵᠦᠶ᠋ᠯ᠎ᠢ ᠪᠠᠢᠳᠠᠯ᠎ᠳᠦᠨᠢ ᠲᠤᠬᠢᠷᠠᠭᠤᠯᠤᠨ ᠤᠷᠢᠳ ᠬᠤᠵᠢᠳ ᠠᠵᠢᠯ ᠡᠬᠢᠯᠡᠭᠦᠯᠵᠦ᠍᠂ ᠪᠥᠲᠥᠭᠡᠨ ᠪᠠᠢᠭᠤᠯᠤᠯᠲᠠ᠎ᠶ᠋ᠢᠨ ᠠᠬᠢᠴᠠ ᠡᠮᠬᠢ ᠲᠠᠷᠠᠭ᠎ᠠ ᠲᠠᠢ ᠠᠬᠢᠵᠠᠢ᠃

ᠤᠢᠷ᠎ᠠ᠎ᠳᠤ ᠰᠥᠨᠢᠳ ᠪᠠᠷᠠᠭᠤᠨ ᠬᠣᠱᠢᠭᠤ ᠬᠢᠭᠡᠳ ᠱᠢᠯᠢᠩᠬᠣᠲᠠ᠎ᠶ᠋ᠢᠨ ᠪᠠᠷᠠᠭᠤᠨ ᠬᠣᠶᠠᠳᠤᠭᠠᠷ ᠥᠷᠲᠡᠭᠡ᠎ᠶ᠋ᠢᠨ 1000MW/4000MWh᠎ᠤ᠋ᠨ ᠱᠢᠨ᠎ᠡ ᠬᠡᠯᠪᠡᠷᠢ᠎ᠶ᠋ᠢᠨ ᠡᠨᠧᠷᠭᠢ ᠬᠠᠳᠠᠭᠠᠯᠠᠬᠤ ᠲᠤᠰᠭᠠᠶ ᠲᠥᠷᠥᠯ ᠵᠦᠶ᠋ᠯ᠎ᠦᠨ ᠠᠬᠤᠶ ᠲᠠᠯᠠᠪᠠᠶ᠎ᠳᠤ ᠲᠡᠭᠡᠭᠡᠪᠦᠷᠢ᠎ᠶ᠋ᠢᠨ ᠮᠠᠱᠢᠨ ᠲᠡᠷᠭᠡ ᠡᠮᠬᠢ ᠵᠢᠷᠤᠮ᠎ᠲᠠᠶ᠎ᠪᠠᠷ ᠮᠥᠷᠯᠡᠨ ᠵᠢᠭᠰᠠᠭᠠᠳ᠂ ᠤᠭ᠍ᠰᠠᠷᠠᠬᠤ᠂ ᠳᠡᠭᠦᠵᠢᠯᠡᠨ ᠤᠭ᠍ᠰᠠᠷᠠᠬᠤ ᠵᠡᠷᠭᠡ ᠠᠵᠢᠯ ᠡᠮᠬᠢ ᠲᠢᠭᠯᠢᠮ ᠲᠠᠢ ᠶᠠᠪᠤᠭ᠍ᠳᠠᠵᠤ᠂ ᠣᠳᠣᠬᠠᠨ᠎ᠳᠤ ᠡᠨᠧᠷᠭᠢ ᠬᠠᠳᠠᠭᠠᠯᠠᠬᠤ ᠳ᠋ᠢᠶᠠᠨ ᡂᠢ᠎ᠶ᠋ᠢᠨ ᠬᠥᠮᠥᠷᠭᠡ᠎ᠶ᠋ᠢ ᠤᠭ᠍ᠰᠠᠷᠠᠬᠤ ᠠᠵᠢᠯ ᠡᠳᠦᠷ ᠳᠤᠮᠳᠠᠴᠢ᠎ᠪᠠᠷ 40 ᠰᠠᠭᠤᠷᠢ᠎ᠳᠤ ᠬᠦᠷᠴᠦ᠍ ᠪᠠᠢᠨ᠎ᠠ᠃ ᠲᠤᠰ ᠲᠥᠷᠥᠯ ᠵᠦᠶ᠋ᠯ᠎ᠦᠨ ᠳᠠᠭᠠᠭᠠᠮᠠᠯ ᠨᠢᠩ ᠬᠣᠩ ᠪᠥᠸᠧ ᠲᠠᠨᠢᠯᠴᠠᠭᠤᠯᠬᠤ᠎ᠳᠠᠭᠠᠨ᠂ ᠡᠨᠡ ᠵᠢᠯ᠎ᠤᠨ ᠴᠠᠭᠠᠨ ᠰᠠᠷ᠎ᠠ ᠦᠡᠭᠭᠡᠷᠡᠮᠡᠭᠴᠡ ᠲᠥᠷᠥᠯ ᠵᠦᠶ᠋ᠯ᠎ᠨᠢ ᠠᠵᠢᠯ᠎ᠢᠶᠠᠨ ᠡᠬᠢᠯᠡᠬᠦᠯᠵᠦ᠂ 6 ᠰᠠᠷ᠎ᠠ᠎ᠶ᠋ᠢᠨ ᠰᠡᠭᠦᠯᠴᠢ᠎ᠪᠡᠷ ᠪᠦᠬᠦᠨ᠎ᠢ ᠠᠵᠢᠯ ᠳᠠᠭᠤᠰᠭᠠᠬᠤ᠎ᠪᠠᠷ ᠴᠢᠷᠮᠠᠢᠵᠤ ᠪᠠᠢᠨ᠎ᠠ ᠭᠡᠪᠡ᠃

ᠣᠢᠯᠠᠭᠠᠭ᠍ᠰᠠᠨ᠎ᠢᠶᠠᠷ᠂ ᠲᠥᠷᠥᠯ ᠵᠦᠶ᠋ᠯ᠎ᠦᠨ ᠶᠡᠷᠦᠩᠬᠡᠶ ᠪᠠᠯᠠ ᠣᠷᠣᠭᠤᠯᠤᠯᠲᠠ᠎ᠨᠢ 52 ᠳ᠋ᠦᠩᠱᠢᠭᠤᠷ ᠲᠥᠭᠥᠷᠢᠭ ᠪᠠᠢᠵᠤ᠂ 2025 ᠣᠨ᠎ᠤ 6 ᠰᠠᠷ᠎ᠠ᠎ᠳᠤ ᠪᠠᠷᠢᠯᠭ᠎ᠠ ᠡᠬᠢᠯᠡᠭᠦᠯᠦᠨ ᠪᠥᠲᠥᠭᠡᠨ ᠪᠠᠢᠭᠤᠯᠵᠦ ᠡᠬᠢᠯᠡᠭᠰᠡᠨ ᠡᠴᠡ ᠨᠠᠭᠠᠰᠢ ᠨᠢᠭᠡᠨᠲᠡ 250 ᠮᠧᠭᠠᠸᠠᠲ᠎ᠢ ᠲᠤᠤᠷ᠎ᠲᠦ ᠨᠡᠢᠯᠡᠭᠦᠯᠦᠨ᠂ ᠲᠥᠷᠥᠯ ᠵᠦᠶ᠋ᠯ᠎ᠢ ᠪᠦᠲᠦᠬᠡᠨ ᠪᠠᠢᠭᠤᠯᠵᠤ ᠳᠠᠭᠤᠰᠤᠭ᠍ᠰᠠᠨ᠎ᠤ ᠳᠠᠷᠠᠭ᠎ᠠ ᠵᠢᠯ᠎ᠦᠨ ᠦᠶ᠋ᠯᠡᠳᠬᠦᠨ᠎ᠦ ᠥᠷᠲᠡᠭ᠎ᠨᠢ ᠪᠠᠷᠤᠭ 3.2 ᠳ᠋ᠦᠩᠱᠢᠭᠤᠷ ᠲᠥᠭᠥᠷᠢᠭ᠎ᠲᠦ ᠬᠦᠷᠴᠦ᠍᠂ 4160 ᠲᠦᠮᠡᠨ ᠲᠥᠭᠥᠷᠢᠭ᠎ᠦᠨ ᠭᠠᠢᠯᠢ ᠵᠢᠨ ᠤᠷᠤᠯᠭ᠎ᠠ ᠡᠭᠦᠳᠴᠦ᠂ ᠪᠥᠲᠥᠭᠡᠨ ᠪᠠᠢᠭᠤᠯᠤᠯᠲᠠ᠎ᠶ᠋ᠢᠨ ᠬᠤᠭᠤᠴᠠᠭᠠᠨ᠎ᠳᠤ ᠲᠤᠬᠠᠶ᠎ᠶ᠋ᠢᠨ ᠭᠠᠵᠠᠷ᠎ᠤᠨ ᠪᠠᠷᠤᠭ 500 ᠬᠥᠮᠦᠨ᠎ᠳᠦ ᠱᠢᠭᠤᠳ ᠪᠤᠶᠤ ᠳᠠᠮ᠎ᠢᠶᠠᠷ ᠠᠵᠢᠯ ᠣᠯᠭᠣᠵᠤ᠂ ᠡᠵᠡᠩᠨᠡᠯᠲᠡ᠎ᠶ᠋ᠢᠨ ᠬᠤᠭᠤᠴᠠᠭᠠᠨ᠎ᠳᠤ  50 ᠬᠥᠮᠦᠨ᠎ᠳᠦ ᠠᠵᠢᠯ ᠣᠯᠭᠣᠬᠤ ᠪᠣᠯᠤᠨ᠎ᠠ᠃

ᠰᠥᠨᠢᠳ ᠪᠠᠷᠠᠭᠤᠨ ᠬᠣᠱᠢᠭᠤᠨ᠎ᠤ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ᠎ᠦᠨ ᠡᠷᠬᠢᠯᠡᠭ᠌ᠴᠢ ᠰᠥᠩ ᠳ᠋ᠦᠩ ᠢᠯᠡᠷᠬᠡᠢᠯᠡᠬᠦ᠌᠎ᠳᠡᠭᠡᠨ᠂ ᠰᠥᠨᠢᠳ ᠪᠠᠷᠠᠭᠤᠨ ᠬᠣᠱᠢᠭᠤᠨ᠎ᠤ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ ᠪᠥᠬᠥ᠌ ᠬᠣᠱᠢᠭᠤᠨ᠎ᠤ ᠡᠬᠢ ᠪᠠᠶᠠᠯᠢᠭ᠎ᠤᠨ ᠳᠠᠪᠠᠭᠤᠯᠢᠭ᠎ᠢ᠎ᠭᠦᠢᠴᠡᠳ ᠠᠰᠢᠬᠯᠠᠵᠦ᠂ ᠭᠡᠷᠡᠯ ᠪᠠ ᠰᠠᠯᠬᠢᠨ᠎ᠤ ᠡᠬᠢ ᠪᠠᠶᠠᠯᠢᠭ᠎ᠤᠨ ᠳᠠᠪᠠᠭᠤᠯᠢᠭ᠎ᠢᠶᠠᠨ ᠠᠵᠤ ᠠᠬᠤᠶ᠎ᠶ᠋ᠢᠨ ᠳᠠᠪᠠᠭᠤᠯᠢᠭ᠂ ᠬᠥᠭ᠌ᠵᠢᠯᠲᠡ᠎ᠶ᠋ᠢᠨ ᠲᠠᠪᠠᠭᠤᠯᠢᠭ ᠪᠣᠯᠭᠠᠨ ᠬᠤᠪᠢᠷᠠᠭᠤᠯᠵᠤ᠂ ᠪᠥᠬᠥ᠌ ᠣᠷᠣᠨ᠎ᠤ ᠱᠢᠨ᠎ᠡ ᠡᠨᠧᠷᠭᠢ᠎ᠶ᠋ᠢᠨ ᠬᠥᠭ᠌ᠵᠢᠯᠲᠡ᠎ᠶ᠋ᠢᠨ ᠬᠡᠪ ᠳᠠᠭᠤᠷᠢᠶᠠᠯ ᠪᠣᠯᠬᠤ ᠬᠣᠱᠢᠭᠤ᠎ᠶ᠋ᠢ ᠪᠥᠬᠥ᠌ ᠬᠦᠴᠦᠨ᠎ᠢᠶᠡᠷ᠎ᠢᠶᠡᠨ ᠴᠣᠭ᠍ᠴᠠᠯᠠᠨ᠎ᠠ ᠭᠡᠵᠡᠶ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号