ᠤᠢᠷ᠎ᠠ ᠵᠢᠨ ᠡᠳᠦᠷ ᠪᠢᠴᠢᠬᠠᠨ ᠥᠬᠢᠨ ᠷᠦᠢ ᠷᠦᠢ (ᠪᠤᠷᠤᠭᠤᠯᠠᠭ᠍ᠰᠠᠨ ᠨᠡᠷ᠎ᠡ) ᠡᠮᠡᠭ᠌ᠲᠡᠢᠴᠦᠳ᠎ᠦᠨ ᠬᠣᠯᠪᠣᠭ᠎ᠠ ᠵᠢᠨ ᠬᠦᠷᠭᠡᠭᠰᠡᠨ ᠭᠤᠴᠤ ᠰᠠᠢᠬᠠᠨ ᠬᠡᠷᠡᠯ ᠵᠢᠷᠤᠭ᠎ᠤᠨ ᠲᠤᠪᠬᠢᠮᠠᠯᠢ ᠲᠤᠰᠤᠭᠠᠳ ᠲᠤᠩ ᠪᠠᠶᠠᠷ ᠲᠠᠢ᠃ ᠡᠨᠡ ᠬᠦ᠌ ᠬᠡᠷᠡᠯ ᠵᠢᠷᠤᠭ᠎ᠤᠨ ᠲᠤᠪᠬᠢᠮᠠᠯ ᠳ᠋ᠤ ᠲᠡᠭᠦᠨ᠎ᠦ ᠪᠤᠰᠤᠳ ᠬᠡᠤᠬᠡᠳ ᠲᠡᠢ ᠬᠠᠮᠲᠤ 《ᠡᠭᠡᠯᠢᠳᠦ ᠨᠡᠷᠡᠨ᠎ᠦ ᠠᠵᠢᠯᠯᠠᠭ᠎ᠠ》 ᠳ᠋ᠦ ᠣᠷᠣᠯᠴᠠᠭ᠍ᠰᠠᠨ ᠬᠢᠯᠠᠰ ᠬᠣᠷᠣᠮᠢ ᠲᠡᠮᠳᠡᠭᠯᠡᠭᠰᠡᠨ ᠪᠠᠢᠯ᠎ᠠ᠃
ᠤᠯᠠᠭᠠᠨᠬᠠᠳᠠ ᠬᠣᠲᠠ᠎ᠶ᠋ᠢᠨ ᠡᠮᠡᠭ᠌ᠲᠡᠢᠴᠦᠳ᠎ᠦᠨ ᠬᠣᠯᠪᠣᠭ᠎ᠠ 2024 ᠣᠨ᠎ᠠᠴᠠ ᠡᠬᠢᠯᠡᠨ 《ᠡᠬᠡᠯᠢᠳᠦ ᠨᠡᠷᠡᠨ᠎ᠦ ᠠᠵᠢᠯᠯᠠᠭ᠎ᠠ — ᠡᠷᠡᠭᠦᠦ ᠪᠡᠷ ᠰᠢᠢᠳᠭᠡᠭᠳᠡᠭᠰᠡᠳᠦᠨ ᠬᠡᠷ ᠪᠦᠯᠢ ᠵᠢᠨ ᠬᠢᠨᠢ ᠰᠡᠳᠭᠢᠴᠡ᠎ᠶ᠋ᠢᠨ ᠲᠠᠯ᠎ᠠ᠎ᠪᠠᠷ ᠬᠠᠪᠰᠤᠷᠤᠨ ᠲᠡᠳᠬᠦᠬᠦ᠌ ᠲᠥᠷᠥᠯ ᠵᠦᠶ᠋ᠯ》 ᠢ᠋ ᠬᠡᠷᠡᠭ᠌ᠵᠢᠬᠦᠯᠵᠦ᠂ ᠡᠷᠡᠭᠦᠦ ᠪᠡᠷ ᠰᠢᠢᠳᠭᠡᠭᠳᠡᠭᠰᠡᠳᠤᠨ ᠬᠡᠷ᠎ᠲᠡᠬᠡᠨ ᠦᠯᠡᠳᠡᠵᠦ᠍ ᠬᠣᠴᠣᠷᠤᠭ᠍ᠰᠠᠨ ᠬᠠᠨᠢ ᠨᠥᠬᠥᠷ᠂ ᠦᠷ᠎ᠡ ᠬᠡᠦᠬᠡᠳ ᠪᠣᠯᠤᠨ ᠨᠠᠰᠤᠲᠠᠳ᠎ᠲᠤ ᠠᠩᠬᠠᠷᠤᠯ᠎ᠢᠶᠠᠨ ᠲᠥᠪᠯᠡᠷᠡᠭᠦᠯᠵᠦ᠍᠂ ᠴᠢᠩ ᠦᠨᠡᠨᠴᠢ ᠬᠠᠢᠷ᠎ᠠ ᠰᠡᠳᠭᠢᠯᠭᠡ ᠪᠠ ᠦᠨᠡᠨ ᠪᠣᠳᠠᠲᠠᠶ ᠠᠷᠭ᠎ᠠ ᠬᠡᠮᠵᠢᠶ᠎ᠡ᠎ᠪᠡᠷ ᠨᠡᠢᠭᠡᠮ᠎ᠦᠨ ᠬᠦᠴᠦᠨ᠎ᠢ ᠲᠦᠪᠯᠡᠷᠡᠬᠦᠯᠵᠦ᠂ ᠬᠠᠯᠠᠭᠤᠨ ᠲᠤᠳᠤᠨᠤ᠂ ᠢᠳᠡ ᠬᠦᠴᠦᠨ ᠲᠠᠢ᠂ ᠨᠠᠷᠢᠯᠢᠭ ᠤᠨᠤᠴᠠᠳᠠᠢ ᠬᠠᠪᠰᠤᠷᠤᠨ ᠲᠡᠳᠬᠦᠬᠦ᠌ ᠲᠤᠤᠷ᠎ᠢ ᠰᠦᠯᠵᠢᠪᠡ᠃
《ᠡᠬᠡᠯᠢᠳᠦ ᠨᠡᠷᠡᠨ᠎ᠦ ᠠᠵᠢᠯᠯᠠᠭ᠎ᠠ》 ᠵᠢ 《ᠬᠡᠷ᠎ᠲᠡᠬᠡᠨ ᠬᠣᠴᠣᠷᠤᠭ᠍ᠰᠠᠨ ᠬᠡᠦᠬᠡᠳ᠎ᠢ ᠬᠠᠯᠠᠮᠵᠢᠯᠠᠨ ᠬᠠᠢᠷᠠᠯᠠᠬᠤ ᠭᠤᠷᠪᠠᠨ ᠵᠢᠯ᠎ᠦᠨ ᠠᠵᠢᠯᠯᠠᠭ᠎ᠠ》 ᠶ᠋ᠢᠨ ᠶᠡᠷᠦᠩᠬᠡᠶ ᠪᠠᠢᠷᠢᠯᠠᠭᠤᠯᠤᠯᠲᠠ᠎ᠳᠤ ᠣᠷᠣᠭᠤᠯᠵᠤ᠂ ᠡᠷᠡᠭᠦᠦ ᠪᠡᠷ ᠰᠢᠢᠳᠭᠡᠭᠳᠡᠭᠰᠡᠳᠤᠨ ᠦᠷ᠎ᠡ ᠬᠡᠦᠬᠡᠳ ᠲᠸ᠋ ᠬᠠᠢᠷ᠎ᠠ ᠪᠠᠨ ᠬᠠᠷᠠᠮ ᠦᠭᠡᠢ ᠡᠷᠬᠦᠳᠡᠭ 《ᠡᠨᠡᠷᠢᠩᠭᠦᠢ ᠡᠵᠢ》 ᠲᠣᠬᠢᠷᠠᠭᠤᠯᠵᠤ ᠦᠭᠪᠡ᠃ ᠡᠲᠡᠭᠡᠷ 《ᠡᠨᠡᠷᠢᠩᠭᠦᠢ ᠡᠵᠢ》 ᠨᠠᠷ ᠵᠢᠷᠭᠤᠭᠠᠨ ᠰᠠᠷ᠎ᠠ᠎ᠶ᠋ᠢᠨ ᠨᠢᠭᠡᠨ᠎ᠤ ᠬᠡᠦᠭᠡᠳ᠎ᠤᠨ ᠪᠠᠶᠠᠷ᠂ ᠡᠪᠦᠯ ᠵᠣᠨ᠎ᠤ ᠠᠮᠠᠷᠠᠯᠲᠠ ᠵᠢᠨ ᠬᠤᠭᠤᠴᠠᠭ᠎ᠠ ᠵᠡᠷᠭᠡ ᠤᠨᠴᠠᠭᠠᠢ ᠴᠠᠭᠬᠤᠭᠤᠴᠠᠭᠠ ᠵᠢ ᠲᠤᠬᠢᠶᠠᠯᠳᠤᠭᠤᠯᠤᠨ ᠬᠡᠦᠬᠡᠳ᠎ᠦᠳ᠎ᠲᠦ ᠪᠢᠴᠢᠭ᠎ᠤᠨ ᠪᠣᠭ᠍ᠴᠣ᠂ ᠨᠣᠮ ᠲᠠᠪᠳᠡᠷ᠂ ᠠᠮᠢᠳᠤᠷᠠᠯ᠎ᠤᠨ ᠬᠡᠷᠡᠭ᠌ᠰᠡᠯ ᠵᠡᠷᠭᠡ ᠡᠳ᠋ ᠪᠣᠳᠠᠰ ᠬᠦᠷᠭᠡᠵᠦ᠍ ᠥᠭ᠌ᠬᠦ᠎ᠪᠡᠷ ᠪᠠᠷᠠᠬᠤ ᠥᠬᠡᠶ ᠡᠳᠦᠷ ᠲᠤᠲᠤᠮ᠎ᠤᠨ ᠬᠠᠢᠷ᠎ᠠ ᠬᠠᠯᠠᠮᠵᠢ ᠬᠦᠷᠳᠡᠭᠡᠵᠦ᠂ ᠬᠠᠨᠢ ᠪᠠᠷ᠎ᠠ ᠪᠣᠯᠵᠦ ᠪᠠᠢᠳᠠᠬ᠃ ᠤᠳᠠᠭ᠎ᠠ ᠪᠦᠷᠢ᠎ᠶ᠋ᠢᠨ ᠳᠠᠰᠭᠠᠯ ᠲᠠᠭᠠᠭᠠᠯᠭᠠᠪᠤᠷᠢ ᠵᠢ ᠨᠢ ᠬᠠᠪᠰᠤᠷᠤᠨ ᠵᠢᠯᠣᠭᠣᠳᠭᠤ ᠡᠴᠡ ᠬᠠᠮᠳᠤ ᠪᠡᠷ ᠨᠣᠮ ᠤᠩᠱᠢᠬᠤ᠂ ᠬᠤᠭᠤᠯᠠ ᠬᠦᠨᠡᠰᠦ ᠬᠦᠷᠭᠡᠬᠦ᠂ ᠬᠠᠯᠠᠭᠤᠨ ᠬᠦᠢᠳᠡᠨ᠎ᠢ ᠨᠢ ᠬᠠᠯᠠᠮᠵᠢᠯᠠᠬᠤ ᠵᠡᠷᠭᠡ ᠨᠢ ᠬᠡᠦᠬᠡᠳ᠎ᠤᠳ ᠲᠸ᠋ ᠡᠯᠢᠭᠡᠨ ᠰᠠᠳᠤᠨ᠎ᠤ ᠬᠠᠢᠷ᠎ᠠ ᠬᠠᠯᠠᠮᠵᠢ᠎ᠶ᠋ᠢ ᠨᠥᠬᠥᠪᠥᠷᠢᠯᠡᠵᠦ ᠦᠭᠴᠦ ᠪᠠᠢᠳᠠᠭ᠃
ᠤᠯᠠᠭᠠᠨᠬᠠᠳᠠ ᠬᠣᠲᠠ᠎ᠶ᠋ᠢᠨ ᠡᠮᠡᠭ᠌ᠲᠡᠢᠴᠦᠳ᠎ᠦᠨ ᠬᠣᠯᠪᠣᠭ᠎ᠠ ᠵᠢᠨ ᠲᠡᠷᠢᠭᠦᠯᠡᠭᠴᠢ ᠯᠢ ᠱᠢᠶᠠᠩ ᠶᠦᠨ᠂ ᠲᠥᠷᠥᠯ ᠵᠦᠶ᠋ᠯ᠎ᠢ ᠬᠡᠷᠡᠭᠵᠢᠬᠦᠯᠦᠭᠰᠡᠨ ᠡᠬᠢᠨ᠎ᠦ ᠦᠶ᠎ᠡ᠎ᠳᠦ ᠡᠮᠡᠭ᠌ᠲᠡᠢᠴᠦᠳ᠎ᠦᠨ ᠬᠣᠯᠪᠣᠭ᠎ᠠ ᠵᠢᠨ ᠬᠢᠨ ᠠᠯᠢ ᠣᠯᠠᠨ ᠲᠥᠷᠥ᠎ᠶ᠋ᠢᠨ ᠪᠣᠳᠣᠯᠭ᠎ᠠ ᠵᠢᠨ ᠲᠡᠮᠵᠢᠯᠭᠡ ᠪᠠ ᠡᠬᠢ ᠪᠠᠶᠠᠯᠢᠭ᠎ᠤᠨ ᠳᠡᠮᠵᠢᠯᠭᠡ ᠵᠢ ᠭᠤᠶᠤᠴᠢᠯᠠᠵᠦ ᠤᠯᠤᠬᠰᠠᠨ ᠮᠦᠷᠳᠡᠭᠡᠨ ᠰᠡᠳᠭᠢᠴᠡ᠎ᠶ᠋ᠢᠨ ᠵᠥᠪᠯᠡᠭ᠌ᠴᠢ᠂ ᠬᠡᠷ᠎ᠤᠨ ᠬᠥᠮᠦᠵᠢᠯ᠎ᠦᠨ ᠵᠢᠯᠣᠭᠣᠳᠣᠭ᠍ᠴᠢ ᠵᠡᠷᠭᠡ ᠲᠤᠰᠭᠠᠶ ᠮᠡᠷᠭᠡᠵᠢᠯ᠎ᠦᠨ ᠪᠦᠯᠬᠦᠮ ᠨᠡᠢᠲᠡ᠎ᠶ᠋ᠢ ᠲᠠᠳᠠᠵᠤ᠂ ᠲᠥᠷᠥᠯ ᠵᠦᠶ᠋ᠯ᠎ᠳᠦ ᠱᠢᠨᠵᠢᠯᠡᠬᠦ᠌ ᠤᠬᠠᠭᠠᠨᠴᠢ ᠵᠢᠯᠣᠭᠣᠳᠣᠯᠭ᠎ᠠ ᠪᠠ ᠴᠢᠳᠠᠪᠤᠷᠢᠲᠠᠨ᠎ᠤ ᠲᠤᠯᠭᠠᠭᠤᠷᠢᠯᠠᠯ ᠬᠠᠩᠭᠠᠪᠠ ᠬᠡᠵᠦ ᠲᠠᠨᠢᠯᠴᠠᠭᠤᠯᠪᠠ᠃
《ᠡᠬᠡᠯᠢᠳᠦ ᠨᠠᠷᠠᠨ᠎ᠤ ᠠᠵᠢᠯᠯᠠᠭ᠎ᠠ》 ᠨᠢ ᠡᠷᠡᠭᠦᠦ ᠪᠡᠷ ᠰᠢᠢᠳᠭᠡᠭᠳᠡᠭᠰᠡᠳᠦᠨ ᠭᠡᠷ ᠪᠦᠯᠢ᠎ᠶ᠋ᠢᠨ ᠪᠤᠰᠤᠳ ᠪᠦᠷᠢᠯᠳᠦᠬᠦᠨ᠎ᠢ ᠴᠦ᠍ ᠬᠠᠯᠠᠮᠵᠢᠯᠠᠵᠤ᠂ ᠬᠠᠨᠢ ᠨᠦᠬᠦᠷ ᠵᠢᠴᠢ ᠨᠠᠰᠤᠲᠠᠠᠤ ᠬᠢᠨᠢ ᠠᠵᠤ ᠠᠬᠤᠶ ᠵᠢᠨ ᠲᠠᠷᠤᠭᠠᠰᠤ᠂ ᠣᠶᠤᠨ ᠰᠠᠨᠠᠭᠠᠨ᠎ᠤ ᠲᠠᠯ᠎ᠠ ᠵᠢᠨ ᠳᠠᠷᠤᠭᠠᠰᠤ᠎ᠶ᠋ᠢ ᠠᠩᠬᠠᠷᠴᠤ᠂ ᠬᠠᠪᠰᠤᠷᠤᠨ ᠲᠡᠳᠬᠦᠬᠦ᠌ ᠬᠠᠷᠠᠭᠠᠰᠤ᠎ᠪᠠᠨ ᠰᠠᠨᠠᠭᠠᠴᠢᠯᠠᠭ᠎ᠠ᠎ᠠᠴᠠ᠎ᠪᠠᠨ ᠪᠥᠬᠥ᠌ ᠬᠡᠷ ᠪᠦᠯᠢ᠎ᠳᠦ ᠬᠦᠷᠲᠡᠯ᠎ᠡ ᠥᠷᠭᠡᠳᠭᠡᠪᠡ᠃ ᠭᠢᠨᠳᠠᠨ ᠵᠡᠷᠭᠡ ᠬᠠᠮᠢᠶ᠎ᠠ ᠪᠦᠬᠦᠢ ᠰᠠᠯᠠᠭ᠎ᠠ ᠮᠥᠴᠢᠷ᠎ᠯᠦᠭᠡ᠎ᠶ᠋ᠢᠨ ᠬᠠᠮᠵᠢᠯᠴᠠᠭ᠎ᠠ᠎ᠪᠠᠨ ᠴᠢᠩᠭᠠᠳᠭᠠᠵᠤ᠂ ᠲᠥᠷᠥ᠎ᠶ᠋ᠢᠨ ᠪᠣᠳᠣᠯᠭ᠎ᠠ᠎ᠶ᠋ᠢᠨ ᠵᠥᠪᠱᠢᠶᠡᠷᠡᠬᠦ᠌ ᠬᠡᠪᠴᠢᠶᠡᠨ ᠳᠣᠲᠣᠷ᠎ᠠ ᠲᠥᠷᠥᠯ ᠰᠠᠳᠤᠨ᠎ᠤ ᠬᠠᠢᠷ᠎ᠠ ᠰᠡᠳᠭᠢᠯᠭᠡ᠎ᠶ᠋ᠢ ᠰᠡᠷᠭᠦᠭᠡᠬᠦ᠌ ᠣᠯᠠᠨ ᠶᠠᠩᠵᠤ ᠬᠡᠯᠪᠡᠷᠢ᠎ᠶ᠋ᠢᠨ ᠠᠵᠢᠯᠯᠠᠭ᠎ᠠ ᠦᠷᠨᠢᠬᠦᠯᠵᠦ᠂ ᠭᠡᠷ᠎ᠤᠨ ᠬᠥᠮᠦᠵᠢᠯ᠎ᠦᠨ ᠲᠠᠢᠯᠤᠮᠵᠢ᠂ ᠰᠡᠳᠭᠢᠴᠡ᠎ᠶ᠋ᠢᠨ ᠳᠠᠷᠤᠯᠲᠠ᠎ᠶ᠋ᠢ ᠪᠠᠭᠠᠰᠭᠠᠬᠤ ᠵᠡᠷᠭᠡ ᠠᠵᠢᠯᠯᠠᠭ᠎ᠠ᠎ᠶ᠋ᠢ ᠵᠣᠬᠢᠶᠠᠨ ᠪᠠᠢᠭᠤᠯᠵᠤ᠂ ᠭᠡᠷ ᠲᠡᠭᠡᠨ ᠬᠤᠴᠤᠷᠤᠭᠰᠠᠨ ᠡᠮᠡᠭᠳᠡᠢᠴᠦᠳ ᠲᠸ᠋ ᠱᠢᠨᠵᠢᠯᠡᠬᠦ᠌ ᠤᠬᠠᠭᠠᠨᠴᠢ᠎ᠪᠠᠷ ᠬᠡᠦᠬᠡᠳ ᠦᠰᠭᠡᠨ ᠪᠣᠢᠵᠢᠭᠤᠯᠬᠤ ᠠᠷᠭ᠎ᠠ᠎ᠶ᠋ᠢ ᠡᠵᠡᠮᠱᠢᠭᠦᠯᠵᠦ᠍᠂ ᠵᠣᠪᠠᠨᠢᠯ᠎ᠢ ᠨᠢ ᠨᠠᠮᠳᠠᠭᠤᠯᠵᠤ᠂ ᠭᠡᠷ ᠪᠦᠯᠢ ᠪᠡᠨ ᠡᠵᠡᠩᠨᠡᠬᠦ᠌ ᠵᠢᠴᠢ ᠠᠮᠢᠳᠤᠷᠠᠯ᠎ᠤᠨ ᠭᠠᠴᠢᠭᠢ ᠠᠷᠭᠠᠴᠠᠭᠠᠬᠤ ᠢᠲᠡᠭᠡᠯ ᠪᠠ ᠴᠢᠳᠠᠪᠤᠷᠢ᠎ᠶ᠋ᠢ ᠨᠢ ᠳᠡᠭᠡᠭ᠌ᠰᠢᠯᠡᠭᠦᠯᠪᠠ᠃ ᠭᠡᠷ ᠲᠡᠭᠡᠨ ᠬᠤᠴᠤᠷᠤᠭᠰᠠᠨ ᠨᠠᠰᠤᠲᠠᠳ ᠲᠸ᠋ ᠬᠠᠨᠳᠤᠭᠤᠯᠤᠨ᠂ ᠲᠣᠰᠭᠣᠨ᠂ ᠨᠡᠢᠭᠡᠮ ᠲᠣᠭᠣᠷᠢᠭ᠎ᠤᠨ ᠰᠠᠢᠨ ᠳᠤᠷᠠᠴᠤᠳ᠎ᠲᠠᠶ ᠬᠣᠯᠪᠣᠭᠠᠯᠠᠨ ᠡᠳᠦᠷ ᠲᠤᠲᠤᠮ᠎ᠤᠨ ᠬᠠᠷᠠᠭᠠᠯᠵᠠᠯ᠂ ᠡᠷᠡᠭᠦᠯ ᠮᠡᠨᠳᠦ᠍᠎ᠶ᠋ᠢᠨ ᠬᠠᠯᠠᠮᠵᠢᠯᠠᠯ ᠵᠡᠷᠭᠡ ᠦᠶ᠋ᠯᠡᠴᠢᠯᠡᠭᠡ ᠬᠠᠩᠭᠠᠵᠤ᠂ ᠥᠲᠡᠯᠦᠭᠡ ᠨᠠᠰᠤᠨ᠎ᠤ ᠠᠮᠢᠳᠤᠷᠠᠯ ᠳ᠋ᠤᠨᠢ ᠲᠦᠱᠢᠭ ᠲᠤᠯᠭᠠᠭᠤᠷᠢ ᠪᠤᠯᠵᠠᠢ᠃ ᠡᠢᠨᠬᠦ ᠡᠷᠡᠭᠦᠦ ᠪᠡᠷ ᠰᠢᠢᠳᠭᠡᠭᠳᠡᠭᠰᠡᠳᠤᠨ ᠤᠷᠤᠭ᠍ᠰᠢᠲᠠᠶ᠎ᠪᠠᠷ ᠦᠪᠡᠷ᠎ᠢ ᠪᠡᠨ ᠬᠠᠯᠠᠨ ᠰᠠᠢᠵᠢᠷᠠᠭᠤᠯᠵᠤ᠂ ᠭᠡᠷ ᠪᠦᠯᠢᠳ᠋ᠡᠭᠡᠨ ᠪᠤᠴᠠᠬᠤ᠂ ᠨᠡᠢᠭᠡᠮ᠎ᠳᠦ ᠪᠤᠴᠠᠬᠤ᠎ᠳᠦ ᠨᠢ ᠠᠱᠢᠭ᠍ᠲᠠᠶ ᠨᠥᠬᠥᠴᠡᠯ ᠡᠭᠦᠳᠴᠦ᠍ ᠥᠭ᠌ᠪᠡ᠃
ᠣᠢᠯᠠᠭᠠᠭ᠍ᠰᠠᠨ᠎ᠢᠶᠠᠷ᠂ ᠬᠣᠶᠠᠷ ᠵᠢᠯ᠎ᠦᠨ ᠲᠤᠷᠰᠢ ᠤᠯᠠᠭᠠᠨᠬᠠᠳᠠ ᠬᠤᠳᠠ ᠵᠢᠨ ᠡᠮᠡᠭᠳᠡᠢᠴᠦᠳ᠎ᠤᠨ ᠬᠤᠯᠪᠤᠭ᠎ᠠ ᠡᠯ᠎ᠡ ᠲᠥᠷᠥᠯ᠎ᠦᠨ ᠬᠠᠢᠷ᠎ᠠ ᠬᠠᠯᠠᠮᠵᠢ᠎ᠶ᠋ᠢᠨ ᠪᠠᠯᠠ ᠮᠥᠩᠭᠥ᠎ᠶ᠋ᠢ ᠨᠡᠢᠲᠡ 12 ᠲᠦᠮᠡᠨ ᠲᠥᠭᠥᠷᠢᠭ ᠴᠤᠭᠯᠠᠭᠤᠯᠵᠤ᠂ 《ᠪᠠᠭ᠍ᠪᠠᠭᠠᠶ ᠴᠡᠴᠡᠭ》 ᠲᠥᠷᠥᠯ ᠵᠦᠶ᠋ᠯ᠎ᠦᠨ ᠲᠤᠰᠭᠠᠶ ᠪᠠᠯᠠ ᠮᠥᠩᠭᠥ᠎ᠶ᠋ᠢ 5 ᠲᠦᠮᠡᠨ ᠲᠥᠭᠥᠷᠢᠭ ᠴᠤᠭ᠍ᠯᠠᠭᠤᠯᠵᠤ᠂ ᠲᠥᠪᠯᠡᠷᠡᠭᠦᠯᠦᠨ ᠬᠠᠢᠷ᠎ᠠ ᠬᠠᠯᠠᠮᠵᠢ ᠬᠦᠷᠭᠡᠬᠦ ᠠᠵᠢᠯᠯᠠᠭ᠎ᠠ᠎ᠶ᠋ᠢ 10 ᠲᠠᠯᠠᠪᠤᠷ ᠤᠳᠠᠭ᠎ᠠ ᠥᠷᠨᠢᠭᠦᠯᠵᠦ᠍᠂ 62 ᠣᠨᠴᠠᠭᠠᠶ ᠬᠡᠦᠬᠡᠳ᠎ᠢ ᠬᠠᠯᠠᠮᠵᠢᠯᠠᠨ ᠬᠠᠷᠠᠭᠠᠯᠵᠠᠵᠦ᠂ 300 ᠱᠢᠬᠠᠮ ᠭᠡᠷ᠎ᠦᠨ ᠠᠬᠠᠮᠠᠳ᠎ᠲᠦ ᠠᠱᠢᠭ ᠬᠦᠷᠲᠡᠭᠡᠪᠡ᠃
ᠤᠨ ᠰᠠᠷ᠎ᠠ ᠤᠷᠴᠢᠵᠤ ᠬᠤᠪᠢᠷᠠᠵᠤ ᠪᠠᠢᠨ᠎ᠠ᠂ ᠬᠡᠪᠡᠴᠦ ᠨᠡᠢᠭᠡᠮᠨᠡᠢᠳᠡ ᠵᠢᠨ ᠬᠠᠢᠷ᠎ᠠ ᠬᠠᠯᠠᠮᠵᠢ ᠬᠤᠪᠢᠷᠠᠭ᠎ᠠ ᠥᠬᠡᠶ᠃ ᠤᠯᠠᠭᠠᠨᠬᠠᠳᠠ ᠬᠣᠲᠠ᠎ᠶ᠋ᠢᠨ ᠡᠮᠡᠭ᠌ᠲᠡᠢᠴᠦᠳ᠎ᠦᠨ ᠬᠣᠯᠪᠣᠭ᠎ᠠ ᠵᠢᠨ 《ᠡᠬᠡᠯᠢᠳᠦ ᠨᠡᠷᠡᠨ᠎ᠦ ᠠᠵᠢᠯᠯᠠᠭ᠎ᠠ》 ᠨᠢ ᠡᠷᠡᠭᠦᠦ ᠪᠡᠷ ᠰᠢᠢᠳᠭᠡᠭᠳᠡᠭᠰᠡᠳ ᠵᠢᠴᠢ ᠲᠡᠳᠡᠨ᠎ᠤ ᠬᠡᠷ ᠪᠦᠯᠢ᠎ᠶ᠋ᠢᠨ ᠬᠢᠨ᠎ᠤ ᠤᠷᠤᠭ᠍ᠰᠢᠯᠠᠬᠤ ᠵᠠᠮ᠎ᠢ ᠭᠡᠷᠡᠯᠲᠦᠭᠦᠯᠵᠦ ᠠᠮᠢᠳᠤᠷᠠᠯ᠎ᠤᠨ ᠢᠳᠡᠭᠡᠯ᠎ᠢ ᠬᠦᠪᠴᠢᠯᠡᠨ᠎ᠡ᠃