ᠬᠡᠨ ᠬᠦᠮᠦᠨ ᠳ᠋ᠤ ᠠᠪᠴᠤ ᠬᠡᠯᠡᠭᠰᠡᠨ ᠴᠸ᠋ ᠭᠡᠷᠤᠨ ᠬᠦᠮᠦᠵᠢᠯ᠂ ᠰᠤᠷᠭᠠᠭᠤᠯᠢᠶᠢᠨ ᠬᠦᠮᠦᠵᠢᠯ᠂ ᠨᠡᠢᠭᠡᠮᠤᠨ ᠬᠦᠮᠤᠵᠢᠯ ᠭᠡᠬᠥ᠌ 《ᠭᠤᠷᠪᠠᠨ ᠬᠦᠮᠤᠵᠢᠯ》 ᠤ᠋ᠨ ᠲᠡᠭᠲᠡᠷᠯᠡᠭᠰᠡᠨ ᠮᠦᠷᠲᠡᠯᠢᠶᠡᠷ ᠬᠦᠮᠤᠨ ᠪᠣᠯᠬᠤ ᠵᠠᠮ ᠮᠦᠷᠢᠶᠠᠨ ᠡᠯᠭᠦᠵᠦ᠂ ᠦᠪᠡᠷᠢᠪᠡᠨ ᠤᠯᠠᠮᠢᠶᠡᠷ ᠳᠡᠬᠦᠯᠳᠡᠷᠵᠢᠬᠦᠯᠳᠡᠭ᠃ ᠭᠡᠬᠥᠳ᠋ᠡᠬᠡᠨ ᠭᠡᠷᠦᠨ ᠬᠦᠮᠤᠵᠢᠯ ᠨᠢ ᠶᠠᠮᠠᠷᠪᠠ ᠬᠦᠮᠤᠨᠤ ᠨᠢᠯᠬᠠ ᠪᠠᠭᠠ ᠦᠶᠡ ᠡᠴᠠ ᠡᠬᠢᠯᠡᠨ ᠦᠯᠦ᠍ ᠮᠡᠲᠡᠬᠥᠶᠢᠨ ᠲᠤᠮᠲᠠ ᠶᠠᠪᠤᠭᠲᠠᠵᠤ᠂ ᠭᠤᠷᠪᠠ ᠳᠠᠪᠤᠨ ᠨᠠᠰᠤᠯᠠᠬᠤ ᠳ᠋ᠤ ᠵᠠᠷᠢᠮ ᠲᠠᠯᠠᠪᠠᠷ ᠮᠡᠲᠡᠭᠲᠡᠮᠡ ᠨᠦᠯᠤᠭᠡ ᠲᠠᠢ ᠪᠤᠯᠵᠤ᠂ ᠨᠠᠰᠤ ᠨᠡᠮᠡᠭᠲᠡᠨ ᠠᠷᠪᠠᠨ ᠲᠠᠪᠤ ᠵᠢᠷᠭᠤᠭᠠ ᠬᠦᠷᠬᠥᠯᠡᠷ ᠢᠯᠡᠷᠬᠡᠢ ᠪᠤᠯᠤᠨᠠ᠃ ᠶᠠᠷᠢᠶᠡᠨ ᠦᠭᠡᠢ ᠡᠨᠡ ᠬᠤᠭᠤᠷᠤᠨᠳᠤ ᠲᠣᠯᠤᠭᠠ ᠨᠠᠢ᠍ᠮᠠᠨ ᠵᠢᠯ ᠰᠤᠷᠭᠠᠭᠤᠯᠢ ᠰᠤᠶᠤᠯᠤᠨ ᠮᠦᠷ ᠬᠦᠭᠡᠭᠡᠵᠤ ᠰᠤᠷᠭᠠᠭᠤᠯᠢᠶᠢᠨ ᠬᠦᠮᠤᠵᠢᠯᠢᠶᠠᠷ ᠭᠤᠣᠯᠲᠠᠭᠰᠠᠨ ᠨᠡᠶ᠋ᠢᠭᠡᠮᠦᠨ ᠬᠦᠮᠤᠵᠢᠯᠬᠦᠷᠳᠡᠳᠡᠭ ᠪᠤᠯᠪᠠᠴᠤ ᠭᠡᠷᠦᠨ ᠬᠦᠮᠤᠵᠢᠯ ᠨᠢ ᠮᠦᠨ ᠯᠠ ᠬᠡᠤᠬᠡᠳᠤᠨ ᠭᠡᠭᠡᠷᠡᠯᠤᠨ ᠦᠨᠳᠦᠰᠦ ᠪᠤᠯᠬᠤ ᠵᠢ ᠤᠮᠲᠤᠭᠠᠶ᠋ᠢᠯᠠᠵᠣ ᠪᠣᠯᠬᠤ ᠦᠭᠡᠢ᠃
ᠭᠡᠷᠤᠨ ᠬᠦᠮᠦᠵᠢᠯᠢ ᠰᠢᠭᠤᠳ ᠶᠠᠷᠢᠬᠤ ᠳ᠋ᠤ ᠠᠪᠤ ᠡᠵᠢ᠂ ᠭᠡᠷᠤᠨ ᠠᠬᠠᠮᠠᠳ ᠪᠤᠯᠤᠭᠰᠠᠳ ᠦᠪᠡᠷᠤᠨ ᠪᠡᠶᠡ ᠪᠡᠷᠢᠶᠡᠨ ᠬᠡᠪ ᠲᠠᠭᠤᠷᠢᠶᠠᠯ ᠪᠤᠯᠵᠤ᠂ ᠦᠭᠡ ᠶᠠᠷᠢᠶᠠ ᠦᠢᠯᠡ ᠬᠦᠳᠡᠯᠦᠯ ᠪᠦᠷᠢ ᠪᠡᠨ ᠬᠢᠴᠢᠶᠡᠬᠦ ᠵᠢ ᠬᠡᠯᠡᠨᠡ᠃ ᠠᠷᠠᠳᠤᠨ ᠵᠤᠶ᠋ᠢᠷ ᠰᠡᠴᠡᠨ ᠦᠭᠡᠨ ᠳ᠋ᠤ 《ᠬᠡᠭᠡᠷ ᠠᠯᠠᠭ ᠡᠴᠠ ᠰᠢᠬᠢᠷᠠ ᠠᠯᠠᠭ᠂ ᠬᠡᠯᠲᠡᠩ ᠭᠡᠬᠥᠤ ᠡᠴᠠ ᠱᠤᠪᠲᠤᠩ ᠤᠨᠠᠭᠠ》᠂ 《ᠰᠤᠷᠭᠠᠯ ᠰᠠᠶ᠋ᠢᠲᠠᠢ ᠠᠶ᠋ᠢᠯ ᠡᠴᠠ ᠰᠤᠷᠲᠠᠯ ᠰᠠᠶ᠋ᠢᠲᠠᠢ ᠬᠡᠤᠬᠡᠳ》 ᠭᠡᠵᠤ ᠬᠡᠯᠡᠲᠡᠭᠦᠨ ᠤᠴᠢᠷ ᠤᠳᠬᠠ ᠨᠢ ᠡᠨᠡ ᠪᠤᠯᠤᠨᠠ᠃ ᠠᠷᠠᠳᠤᠨ ᠲᠤᠮᠲᠠ ᠲᠡᠯᠭᠡᠷᠡᠭᠰᠡᠨ ᠵᠤᠶ᠋ᠢᠷ ᠰᠡᠴᠡᠨ ᠦᠭᠡ ᠭᠡᠭᠴᠢ ᠲᠡᠷᠡ ᠴᠢᠭᠢᠶᠡᠷᠢᠶᠡᠨ ᠤᠶ᠋ᠢᠯᠡᠲᠤᠯᠭᠡᠲᠤ᠌ ᠴᠢᠨᠠᠷᠲᠠᠢ ᠪᠠᠢᠵᠤ᠂ ᠠᠯᠢᠪᠠ ᠬᠡᠷᠡᠭ ᠪᠤᠲᠠᠰ ᠶᠠᠭᠤᠮᠠ ᠦᠵᠡᠭᠲᠡᠯᠦᠨ ᠲᠤᠲᠤᠭᠠᠲᠤ᠌ ᠵᠢᠮᠡ ᠶᠤᠰᠤᠶᠢ ᠮᠦᠷᠲᠡᠵᠤ ᠬᠡᠯᠡᠭᠰᠡᠨ ᠲᠠᠯᠠᠪᠠᠷ ᠮᠠᠰᠢ ᠶᠡᠬᠡ ᠢᠲᠡᠭᠡᠬᠥᠯᠬᠥ᠌ ᠬᠦᠴᠤᠨ ᠲᠠᠢ ᠪᠠᠶ᠋ᠢᠳᠠᠭ᠃ ᠶᠡᠷᠤ ᠨᠢ ᠡᠷᠲᠡᠨᠳ᠋ᠡᠬᠡᠨ ᠬᠡᠤᠬᠡᠳᠢᠶᠠᠨ ᠰᠤᠷᠭᠠᠵᠤ ᠬᠡᠯᠡᠬᠥ᠌ ᠲᠠᠯᠠᠪᠠᠷ ᠭᠡᠷᠤᠨ ᠠᠬᠠᠮᠠᠳ ᠪᠤᠯᠤᠭᠰᠠᠳ ᠦᠪᠡᠷ ᠪᠢᠶᠢᠨ ᠬᠡᠪ ᠲᠠᠭᠤᠷᠢᠶᠠᠯᠢ ᠶᠡᠬᠡᠲᠡ ᠬᠢᠴᠢᠶᠡᠩᠬᠥᠶ᠋ᠢᠯᠡᠨ᠂ ᠬᠡᠤᠬᠡᠳᠤᠨᠢᠶᠠᠨ ᠬᠠᠵᠠᠭᠤᠲᠠ ᠬᠡᠯᠡ ᠠᠮᠠ ᠪᠣᠯᠬᠤ᠂ ᠡᠨᠡ ᠲᠡᠷᠡ ᠬᠦᠮᠤᠨᠢ ᠮᠠᠭᠤᠯᠠᠵᠤ ᠬᠡᠯᠡᠬᠥ᠌ ᠠᠯᠢ ᠪᠦᠬᠥᠢ ᠡᠪ ᠵᠦᠢ ᠦᠬᠡᠢ ᠦᠭᠡ ᠶᠡᠷᠢᠶᠡ ᠤᠶ᠋ᠢᠯᠡ ᠬᠦᠲᠡᠯᠤᠯᠢ ᠴᠢᠩᠭᠠ ᠴᠡᠭᠡᠷᠯᠡᠳᠡᠭ᠃ ᠡᠬᠦᠨᠤ ᠲᠠᠭᠠᠤ ᠬᠡᠤᠬᠡᠳᠤᠨᠢᠶᠠᠨ ᠬᠦᠯᠢᠶᠡᠨ ᠠᠪᠬᠤ ᠴᠢᠲᠠᠪᠤᠷᠢᠶᠢ ᠪᠠᠶ᠋ᠢᠩᠭᠤ ᠠᠩᠬᠠᠷᠴᠤ᠌᠂ ᠭᠡᠷᠤᠨ ᠭᠠᠳᠠᠨᠠᠬᠢ ᠠᠵᠢᠯ ᠬᠦᠲᠡᠯᠮᠤᠷᠢᠶᠢ ᠵᠣᠷᠢᠯᠭᠠ ᠲᠠᠢ ᠬᠢᠯᠭᠡᠬᠥ᠌ ᠮᠡᠲᠣ ᠪᠠᠷ ᠬᠦᠳᠦᠯᠦᠨ ᠲᠠᠭᠠᠭᠤᠯᠵᠤ᠂ ᠦᠭᠡ ᠤᠶ᠋ᠢᠯᠡᠪᠠᠷᠢᠶᠠᠨ ᠪᠡᠶᠡᠴᠢᠯᠡᠨ ᠬᠢᠵᠦ ᠦᠵᠡᠬᠥᠯᠬᠦᠶᠢ ᠶᠡᠬᠡᠲᠡ ᠡᠷᠬᠢᠮᠯᠡᠳᠡᠭ᠃ ᠶᠠᠭ ᠢ᠌ᠢᠮᠤᠡᠴᠨ 《ᠲᠡᠷᠡ ᠬᠡᠤᠬᠡᠳ ᠴᠢᠨᠢ ᠡᠴᠢᠭᠡ ᠡᠬᠡᠪᠠᠨ ᠲᠠᠭᠤᠷᠢᠶᠠᠭᠰᠠᠨ ᠴᠢᠬᠢ ᠵᠦᠭᠡᠯᠡᠨ ᠰᠠᠶ᠋ᠢᠨ ᠬᠡᠤᠬᠡᠳ ᠰᠢᠤ᠂ ᠠᠭᠠᠰᠢ ᠵᠠᠩ ᠨᠢ ᠴᠤ᠌ ᠡᠴᠢᠭᠡ ᠡᠬᠡ ᠲᠠᠢᠪᠠᠨ ᠡᠬᠡᠬᠡ ᠠᠲᠠᠯᠢᠬᠠᠨ ᠪᠠᠶ᠋ᠢᠬᠤ ᠦᠭᠡᠢ ᠤᠤ ?》 ᠭᠡᠬᠥ᠌ ᠮᠡᠲᠤᠪᠠᠷ ᠮᠤᠷᠠᠯ ᠰᠠᠢᠳᠠᠢ ᠬᠡᠤᠬᠡᠳᠢ ᠮᠠᠬᠳᠠᠨ ᠰᠠᠢᠰᠢᠶᠠᠬᠤ ᠤᠴᠠᠷᠠᠯ ᠳᠠᠩᠳᠠ ᠲᠤᠬᠢᠶᠠᠯᠳᠤᠳᠠᠭ᠃ ᠭᠡᠲᠡᠯᠡ ᠤᠲᠣᠬᠠᠨ ᠳ᠋ᠤ ᠡᠴᠢᠭᠡ ᠡᠭᠡᠴᠦᠦᠯ ᠨᠢ ᠬᠡᠤᠬᠡᠳᠢᠶᠡᠨ ᠵᠢᠭᠠᠵᠤ ᠰᠤᠷᠭᠠᠬᠤ ᠳ᠋ᠠᠭᠠᠨ ᠬᠡᠤᠬᠡᠳᠢᠶᠡᠨ ᠯᠡ ᠱᠠᠭᠠᠷᠳᠠᠬᠤ ᠡᠴᠡ ᠪᠢᠰᠢ᠂ ᠦᠪᠡᠷ ᠪᠡᠶᠡ ᠪᠠᠨ ᠮᠠᠰᠢ ᠰᠤᠯᠠ ᠲᠠᠯᠪᠢᠵᠤ᠂ ᠠᠵᠢᠯ ᠠᠮᠢᠳᠤᠷᠠᠯ ᠳ᠋ᠤ ᠪᠠᠨ ᠬᠠᠰᠢ ᠶᠠᠰᠢ ᠬᠠᠨᠳᠤᠬᠤ ᠦᠵᠡᠭᠳᠡᠯ ᠬᠠᠷᠠᠭᠳᠠᠵᠤ ᠪᠠᠢᠳᠠᠭ᠃ ᠡᠨᠡ ᠨᠢ ᠨᠢᠭᠡ ᠬᠡᠤᠬᠡᠳᠤᠨ ᠬᠦᠮᠤᠵᠢᠯ ᠪᠤᠯᠪᠠᠰᠤᠷᠠᠯ ᠰᠠᠶ᠋ᠢᠲᠠᠢ᠂ ᠡᠷᠡᠬᠥᠯ ᠰᠠᠷᠠᠭᠤᠯ ᠦᠰᠤᠨ ᠪᠤᠶ᠋ᠢᠵᠢᠬᠤᠳᠤ ᠰᠢᠭᠤᠳ ᠪᠤᠶᠤ ᠳᠠᠮᠢᠶᠠᠷ ᠤᠷᠰᠢᠭ ᠶᠠᠷᠰᠢᠭ ᠪᠤᠯᠵᠤ ᠮᠡᠳᠡᠨᠡ᠃
ᠡᠢᠮᠦ ᠡᠴᠠ ᠪᠢᠳᠠ 《ᠭᠡᠷᠦᠨ ᠬᠦᠮᠤᠵᠢᠯ ᠭᠡᠭᠡᠷᠡᠯᠦᠨ ᠦᠨᠲᠤᠰᠤ》 ᠭᠡᠲᠡᠭ ᠶᠤᠰᠤ ᠤᠴᠢᠷᠢ ᠬᠦᠨ ᠤᠬᠠᠭᠠᠷᠠᠵᠤ᠂ ᠬᠡᠤᠬᠡᠳᠤᠨᠢᠶᠠᠨ ᠠᠯᠤᠰ ᠢᠷᠡᠭᠡᠲᠤᠢᠳᠤ ᠬᠠᠷᠢᠭᠤᠴᠠᠬᠤ ᠬᠤᠯᠠᠶᠢᠨ ᠬᠠᠷᠠᠴᠠ ᠲᠠᠢ ᠪᠠᠶ᠋ᠢᠬᠤ ᠬᠡᠷᠡᠭᠲᠠᠢ᠃ ᠲᠠᠷᠤᠢ ᠡᠴᠢᠭᠡ ᠡᠬᠡ ᠪᠤᠯᠤᠭᠰᠠᠳ ᠤᠷᠢᠳ ᠵᠢᠡᠷ ᠵᠦᠪ ᠦᠵᠡᠯ ᠰᠤᠷᠲᠠᠯ ᠲᠠᠢ ᠪᠤᠯᠬᠤ ᠵᠢ ᠬᠢᠴᠢᠶᠡᠵᠦ᠂ ᠡᠳᠦᠷ ᠲᠤᠳᠤᠮ ᠭᠡᠷᠤᠨ ᠬᠦᠮᠦᠵᠢᠯᠤᠨ ᠲᠤᠬᠠᠢ ᠮᠡᠳᠡᠯᠭᠡ ᠮᠡᠳᠡᠴᠡ ᠵᠢ ᠰᠤᠷᠤᠯᠴᠠᠵᠤ᠂ ᠠᠮᠢᠲᠤᠷᠠᠯ ᠲᠤᠮᠲᠡᠭᠢ ᠠᠯᠢ ᠪᠦᠬᠥᠢ ᠵᠢᠵᠢᠭ ᠰᠠᠵᠢᠭ ᠤᠴᠢᠷ ᠶᠠᠪᠤᠲᠠᠯᠳᠤ ᠴᠤ᠌ ᠬᠢᠴᠢᠶᠡᠮᠡᠲᠡᠬᠡᠢ ᠬᠠᠨᠲᠤᠵᠤ᠂ ᠬᠡᠤᠬᠡᠳᠤᠨ ᠬᠦᠮᠤᠵᠢᠯᠳᠤ ᠬᠦᠨᠲᠣ ᠬᠠᠷᠢᠭᠤᠴᠠᠯᠭᠠ ᠲᠠᠢ ᠪᠠᠶ᠋ᠢᠬᠤ ᠪᠠᠨ ᠰᠠᠶ᠋ᠢᠲᠤᠷ ᠲᠤᠩᠭᠠᠨ ᠪᠤᠲᠤᠭᠤᠰᠢᠲᠠᠢ᠃