ᠸᠠᠩ ᠸᠧᠶ ᠵᠥᠩ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠠᠺᠠᠳᠧᠮᠢᠴᠢ ᠱᠧᠨᠵᠧᠨ᠎ᠦ ᠠᠨᠠᠭᠠᠬᠤ ᠤᠬᠠᠭᠠᠨ᠎ᠤ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠢ ᠡᠭᠦᠰᠭᠡᠨ ᠪᠠᠢᠭᠤᠯᠤᠭᠰᠠᠨ ᠵᠠᠬᠢᠷᠤᠯ ᠶᠠᠨ ᠨᠢᠩ ᠲᠠᠢ ᠠᠭᠤᠯᠵᠠᠪᠠ
2026-04-21 09:22:41
ᠵᠣᠬᠢᠶᠠᠭ᠍ᠴᠢ᠄
ᠯᠢ ᠬᠠᠨ
ᠣᠩᠱᠢᠭ᠍ᠰᠠᠨ ᠣᠳᠠᠭ᠎ᠠ᠄
★★★☆☆

4 ᠰᠠᠷ᠎ᠠ᠎ᠶ᠋ᠢᠨ 20 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠱᠦᠵᠢ᠂ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ ᠵᠢᠨ ᠡᠷᠬᠢᠯᠡᠭ᠌ᠴᠢ ᠸᠠᠩ ᠸᠧᠶ ᠵᠥᠩ ᠬᠥᠬᠡᠬᠣᠲᠠ᠎ᠳᠤ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠠᠺᠠᠳᠧᠮᠢᠴᠢ᠂ ᠱᠧᠨᠵᠧᠨ᠎ᠦ ᠠᠨᠠᠭᠠᠬᠤ ᠤᠬᠠᠭᠠᠨ᠎ᠤ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠢ ᠡᠭᠦᠰᠭᠡᠨ ᠪᠠᠢᠭᠤᠯᠤᠭᠰᠠᠨ ᠵᠠᠬᠢᠷᠤᠯ᠂ ᠱᠧᠨᠵᠧᠨ ᠪᠤᠯᠤᠩ ᠲᠤᠷᠱᠢᠯᠲᠠ᠎ᠶ᠋ᠢᠨ ᠲᠠᠰᠤᠭ᠎ᠤᠨ ᠡᠷᠬᠢᠯᠡᠭ᠌ᠴᠢ ᠶᠠᠨ ᠨᠢᠩ᠎ᠨᠡᠷ᠎ᠲᠡᠶ ᠠᠭᠤᠯᠵᠠᠪᠠ᠃

ᠸᠠᠩ ᠸᠧᠢ ᠵᠦᠩ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ ᠪᠣᠯᠤᠨ ᠵᠠᠰᠠᠭ᠎ᠤᠨ ᠣᠷᠳᠣᠨ᠎ᠤ ᠡᠮᠦᠨ᠎ᠡ᠎ᠡᠴᠡ ᠶᠠᠨ ᠨᠢᠩ᠎ᠨᠡᠷ᠎ᠢ ᠪᠠᠶᠠᠷᠯᠠᠨ ᠤᠭ᠍ᠲᠤᠵᠤ ᠪᠠᠢᠬᠤ᠎ᠪᠠᠨ ᠢᠯᠡᠳᠭᠡᠵᠦ᠍᠂ ᠱᠧᠨᠵᠧᠨ᠎ᠦ ᠠᠨᠠᠭᠠᠬᠤ ᠤᠬᠠᠭᠠᠨ᠎ᠤ ᠱᠢᠨᠵᠢᠯᠡᠬᠦ᠌ ᠤᠬᠠᠭᠠᠨ᠎ᠤ ᠬᠦᠷᠢᠶᠡᠯᠡᠩ᠂ ᠱᠧᠨᠵᠧᠨ ᠪᠤᠯᠤᠩ ᠲᠤᠷᠱᠢᠯᠲᠠ᠎ᠶ᠋ᠢᠨ ᠲᠠᠰᠤᠭ ᠡᠴᠡ ᠥᠪᠥᠷ ᠮᠣᠩᠭᠣᠯ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠪᠠ ᠡᠮ ᠡᠮᠨᠡᠯᠭᠡ ᠡᠷᠡᠭᠦᠯ ᠬᠠᠮᠠᠭᠠᠯᠠᠯ᠎ᠤᠨ ᠦᠢᠯᠡᠰ᠎ᠦᠨ ᠬᠥᠭ᠌ᠵᠢᠯᠲᠡ᠎ᠳᠦ ᠲᠡᠮᠵᠢᠯᠬᠡ ᠦᠵᠡᠭᠦᠯᠦᠭ᠌ᠰᠡᠨ᠎ᠳᠦ ᠲᠠᠯᠠᠷᠬᠠᠵᠤ ᠪᠠᠢᠬᠤ᠎ᠪᠠᠨ ᠢᠯᠡᠳᠭᠡᠪᠡ᠃ ᠲᠡᠷᠡ᠂ ᠣᠳᠣᠬᠠᠨ᠎ᠳᠤ᠂ ᠪᠢᠳᠡ ᠶᠠᠭ ᠶᠡᠷᠦᠩᠬᠡᠶ ᠱᠦᠵᠢ ᠰᠢ ᠵᠢᠨ ᠫᠢᠩ᠎ᠦᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠲᠤᠬᠠᠶ ᠴᠢᠬᠤᠯᠠ ᠥᠭᠦᠯᠡᠯᠲᠡ ᠪᠣᠯᠤᠨ ᠥᠪᠥᠷ ᠮᠣᠩᠭᠣᠯ᠎ᠤᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠲᠤᠭᠤᠱᠢᠯᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ 《1571》 ᠠᠵᠢᠯ᠎ᠤᠨ ᠪᠠᠢᠷᠢᠯᠠᠭᠤᠯᠤᠯᠲᠠ᠎ᠳ᠋ᠤ ᠠᠩᠬᠠᠷᠤᠯ᠎ᠢᠶᠡᠨ ᠲᠦᠪᠯᠡᠷᠡᠬᠦᠯᠵᠤ᠂ ᠱᠢᠨ᠎ᠡ᠎ᠶ᠋ᠢ ᠡᠭᠦᠳᠬᠦ᠌᠎ᠪᠡᠷ ᠬᠥᠳᠡᠯᠭᠡᠭᠦᠷ ᠪᠣᠯᠭᠠᠬᠤ ᠬᠥᠭ᠌ᠵᠢᠯᠲᠡ᠎ᠶ᠋ᠢᠨ ᠪᠠᠢᠯᠳᠤᠬᠤ ᠪᠣᠳᠣᠯᠭ᠎ᠠ᠎ᠶ᠋ᠢ ᠶᠡᠬᠡ᠎ᠪᠡᠷ ᠬᠡᠷᠡᠭ᠌ᠵᠢᠭᠦᠯᠵᠦ᠍᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠣᠷᠣᠭᠤᠯᠤᠯᠲᠠ᠎ᠶ᠋ᠢ ᠦᠷᠭᠦᠯᠵᠢᠯᠡᠨ ᠨᠡᠮᠡᠭ᠌ᠳᠡᠭᠦᠯᠵᠦ᠍᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠲᠠᠪᠴᠠᠩ᠎ᠤᠨ ᠪᠠᠢᠭᠤᠯᠤᠯᠲᠠ ᠪᠣᠯᠤᠨ ᠦᠷ᠎ᠡ ᠪᠦᠲᠦᠭᠡᠯ᠎ᠦᠨ ᠣᠨᠳᠣᠣᠱᠢᠭᠤᠯᠤᠯᠲᠠ᠎ᠶ᠋ᠢ ᠲᠦᠷᠭᠡᠳᠭᠡᠵᠦ᠍᠂ ᠥᠨᠳᠥᠷ ᠲᠦᠪᠱᠢᠨ ᠪᠥᠬᠥᠶ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠪᠡᠶ᠎ᠡ᠎ᠪᠡᠨ ᠳᠠᠭᠠᠭᠠᠵᠤ ᠥᠪᠡᠷ᠎ᠢ᠎ᠪᠡᠨ ᠬᠦᠴᠦᠷᠬᠡᠭ᠌ᠵᠢᠭᠦᠯᠬᠦ᠌᠎ᠪᠡᠷ ᠴᠢᠨᠠᠷ ᠰᠠᠢᠲᠠᠶ ᠬᠥᠭ᠌ᠵᠢᠯᠲᠡ᠎ᠶ᠋ᠢ ᠲᠤᠯᠭᠠᠭᠤᠷᠢᠯᠠᠵᠤ ᠪᠠᠢᠨ᠎ᠠ᠃ ᠥᠪᠥᠷ ᠮᠣᠩᠭᠣᠯ᠎ᠤᠨ ᠪᠠᠢᠭᠠᠯᠢ ᠠᠮᠢ ᠠᠬᠤᠶ ᠱᠢᠯᠢᠳᠡᠭ ᠰᠠᠢᠨ᠂ ᠵᠢᠩᠬᠢᠨᠢ ᠰᠠᠢᠨ ᠡᠮ᠎ᠦᠨ ᠮᠠᠲ᠋ᠧᠷᠢᠶᠠᠯ᠎ᠤᠨ ᠡᠬᠢ ᠪᠠᠶᠠᠯᠢᠭ ᠡᠯᠪᠡᠭ᠂ ᠠᠮᠢᠳᠤ ᠪᠣᠳᠠᠰ᠎ᠤᠨ ᠡᠮ ᠡᠮᠨᠡᠯᠭᠡ᠂ ᠠᠮᠢ ᠨᠠᠰᠤᠨ᠎ᠤ ᠡᠷᠡᠭᠦᠯ ᠮᠡᠨᠳᠦ᠂ ᠠᠮᠢᠳᠤ ᠪᠣᠳᠠᠰ᠎ᠤᠨ ᠡᠭᠦᠯᠳᠡᠷ ᠪᠣᠢᠵᠢᠭᠤᠯᠬᠤ ᠵᠡᠷᠭᠡ ᠬᠦᠷᠢᠶᠡᠨ᠎ᠳᠡᠬᠢ ᠬᠥᠭ᠌ᠵᠢᠯᠲᠡ᠎ᠶ᠋ᠢᠨ ᠳᠠᠯᠳᠠ ᠬᠦᠴᠦᠨ ᠶᠡᠬᠡ ᠪᠠᠢᠵᠤ᠂ ᠬᠠᠮᠢᠶ᠎ᠠ ᠪᠥᠬᠥᠶ ᠬᠣᠱᠢᠭᠤᠷᠠᠯ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠦᠷ᠎ᠡ ᠪᠦᠲᠦᠭᠡᠯ᠎ᠢ ᠤᠨᠳᠤᠤᠰᠢᠭᠤᠯᠬᠤ᠎ᠶ᠋ᠢ ᠵᠣᠯᠭᠠᠭᠤᠯᠬᠤ ᠰᠠᠢᠨ ᠰᠠᠢᠬᠠᠨ ᠨᠥᠬᠥᠴᠡᠯ᠎ᠢ ᠪᠦᠷᠢᠯᠳᠦᠭᠦᠯᠵᠡᠶ᠃ ᠱᠧᠨᠵᠧᠨ᠎ᠦ ᠠᠨᠠᠭᠠᠬᠤ ᠤᠬᠠᠭᠠᠨ᠎ᠤ ᠱᠢᠨᠵᠢᠯᠡᠬᠦ᠌ ᠤᠬᠠᠭᠠᠨ᠎ᠤ ᠬᠦᠷᠢᠶᠡᠯᠡᠩ᠂ ᠱᠧᠨᠵᠧᠨ ᠪᠤᠯᠤᠩ ᠲᠤᠷᠱᠢᠯᠲᠠ᠎ᠶ᠋ᠢᠨ ᠲᠠᠰᠤᠭ᠎ᠤᠨ ᠪᠦᠲᠦᠴᠡ᠎ᠶ᠋ᠢᠨ ᠠᠮᠢᠳᠤ ᠪᠣᠳᠠᠰ᠎ᠤᠨ ᠤᠬᠠᠭᠠᠨ᠂ ᠬᠣᠱᠢᠭᠤᠷᠠᠯ ᠠᠨᠠᠭᠠᠬᠤ ᠤᠬᠠᠭᠠᠨ᠂ ᠳᠡᠭᠡᠳᠦ ᠲᠡᠰ᠎ᠤᠨ ᠠᠮᠢᠳᠤ ᠪᠣᠳᠠᠰ᠎ᠤᠨ ᠬᠡᠮᠵᠢᠭᠦᠷᠯᠢᠭ ᠪᠣᠯᠤᠨ ᠡᠮ᠎ᠦᠨ ᠵᠦᠢᠯᠡᠰ᠎ᠢ ᠰᠤᠳᠤᠯᠤᠨ ᠨᠡᠭᠡᠭᠡᠬᠦ᠌ ᠵᠡᠷᠭᠡ ᠬᠦᠷᠢᠶᠡᠨ᠎ᠳᠡᠬᠢ ᠪᠣᠳᠠᠲᠤ ᠬᠦᠴᠦᠨ ᠶᠡᠬᠡ ᠪᠠᠢᠵᠤ᠂ ᠰᠠᠭᠤᠷᠢ ᠰᠤᠳᠤᠯᠭᠠᠨ᠎ᠡᠴᠡ ᠡᠮᠴᠢᠯᠡᠭᠡᠨ᠎ᠳᠦ ᠬᠡᠷᠡᠭ᠌ᠯᠡᠬᠦ᠌ ᠬᠦᠷᠲᠡᠯ᠎ᠡ᠂ ᠲᠠᠬᠢᠭᠠᠳ ᠠᠵᠤ ᠦᠢᠯᠡᠰᠵᠢᠭᠦᠯᠦᠨ ᠬᠥᠭ᠌ᠵᠢᠭᠦᠯᠬᠦ᠌ ᠬᠦᠷᠲᠡᠯᠡᠬᠢ ᠱᠢᠨ᠎ᠡ᠎ᠶ᠋ᠢ ᠡᠭᠦᠳᠬᠦ᠌ ᠠᠮᠢ ᠠᠬᠤᠢ᠎ᠶ᠋ᠢ ᠪᠠᠢᠭᠤᠯᠪᠠ᠃ ᠬᠣᠶᠠᠷ ᠲᠠᠯ᠎ᠠ᠎ᠪᠠᠷ᠎ᠢᠶᠠᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠣᠭᠣᠮᠲᠠ ᠱᠢᠪᠲᠤᠯᠬᠤ᠂ ᠴᠢᠳᠠᠪᠤᠷᠢᠲᠠᠨ᠎ᠢ ᠬᠥᠮᠦᠵᠢᠭᠦᠯᠬᠦ᠌᠂ ᠦᠷ᠎ᠡ ᠪᠦᠲᠦᠭᠡᠯ᠎ᠢ ᠣᠨᠳᠣᠣᠱᠢᠭᠤᠯᠬᠤ᠂ ᠠᠵᠤ ᠦᠢᠯᠡᠰ᠎ᠦᠨ ᠬᠥᠭ᠌ᠵᠢᠯᠲᠡ ᠵᠡᠷᠭᠡ ᠲᠠᠯ᠎ᠠ᠎ᠪᠠᠷ ᠪᠦᠬᠦ᠌ ᠲᠠᠯ᠎ᠠ᠎ᠶ᠋ᠢᠨ᠂ ᠭᠦᠨ ᠳᠠᠪᠬᠤᠷᠭ᠎ᠠ᠎ᠶ᠋ᠢᠨ ᠬᠠᠮᠲᠤᠷᠠᠯᠴᠠᠭ᠎ᠠ ᠥᠷᠨᠢᠭᠦᠯᠵᠦ᠍᠂ ᠡᠷᠡᠭᠦᠯ ᠡᠩᠬᠡ ᠥᠪᠥᠷ ᠮᠣᠩᠭᠣᠯ᠎ᠤᠨ ᠪᠦᠳᠦᠭᠡᠨ ᠪᠠᠢᠭᠤᠯᠤᠯᠲᠠ ᠪᠠ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠨᠡᠢᠭᠡᠮ᠎ᠦᠨ ᠴᠢᠨᠠᠷ ᠰᠠᠢᠲᠠᠢ ᠬᠥᠭ᠌ᠵᠢᠯᠲᠡ᠎ᠳᠦ ᠪᠠᠲᠤ ᠪᠡᠬᠢ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠲᠤᠯᠭᠠᠭᠤᠷᠢᠯᠠᠯ ᠬᠠᠩᠭᠠᠬᠤ᠎ᠶ᠋ᠢ ᠬᠦᠰᠡᠵᠦ᠍ ᠪᠠᠢᠨ᠎ᠠ ᠭᠡᠪᠡ᠃

ᠶᠠᠨ ᠨᠢᠩ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ ᠪᠣᠯᠤᠨ ᠵᠠᠰᠠᠭ᠎ᠤᠨ ᠣᠷᠳᠣᠨ ᠡᠴᠡ ᠱᠧᠨᠵᠧᠨ᠎ᠦ ᠠᠨᠠᠭᠠᠬᠤ ᠤᠬᠠᠭᠠᠨ᠎ᠤ ᠱᠢᠨᠵᠢᠯᠡᠬᠦ᠌ ᠤᠬᠠᠭᠠᠨ᠎ᠤ ᠬᠦᠷᠢᠶᠡᠯᠡᠩ᠂ ᠱᠧᠨᠵᠧᠨ ᠪᠤᠯᠤᠩ ᠲᠤᠷᠱᠢᠯᠲᠠ᠎ᠶ᠋ᠢᠨ ᠲᠠᠰᠤᠭ᠎ᠢ ᠬᠠᠯᠠᠮᠵᠢᠯᠠᠵᠤ ᠲᠡᠮᠵᠢᠯᠬᠡ ᠦᠵᠡᠭᠦᠯᠦᠭᠰᠡᠨ ᠳ᠋ᠤ ᠲᠠᠯᠠᠷᠬᠠᠵᠤ᠂ ᠥᠪᠥᠷ ᠮᠣᠩᠭᠣᠯ᠎ᠤᠨ ᠤᠢ᠍ᠢᠷ᠎ᠠ᠎ᠶ᠋ᠢᠨ ᠵᠢᠯ᠎ᠦᠨ ᠲᠤᠷᠱᠢᠬᠢ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠂ ᠠᠮᠢᠳᠤ ᠪᠣᠳᠠᠰ᠎ᠤᠨ ᠡᠮ ᠡᠮᠨᠡᠯᠭᠡ ᠪᠣᠯᠤᠨ ᠡᠮ ᠡᠮᠨᠡᠯᠭᠡ ᠡᠷᠡᠭᠦᠯ ᠬᠠᠮᠠᠭᠠᠯᠠᠯ᠎ᠤᠨ ᠬᠦᠷᠢᠶᠡᠨ᠎ᠳᠦ ᠣᠯᠤᠭ᠍ᠰᠠᠨ ᠬᠥᠭ᠌ᠵᠢᠯᠲᠡ᠎ᠶ᠋ᠢᠨ ᠠᠮᠵᠢᠯᠲᠠ ᠪᠦᠲᠦᠮᠵᠢ᠎ᠶ᠋ᠢ ᠮᠠᠭ᠍ᠲᠠᠨ ᠰᠠᠢᠱᠢᠶᠠᠵᠤ ᠪᠠᠢᠬᠤ᠎ᠪᠠᠨ ᠢᠯᠡᠳᠭᠡᠪᠡ᠃ ᠲᠡᠷᠡ᠂ ᠥᠪᠥᠷ ᠮᠣᠩᠭᠣᠯ ᠣᠷᠣᠨ ᠪᠠᠢᠷᠢ ᠵᠢᠨ ᠤᠨᠴᠠᠭᠠᠢ ᠳᠠᠪᠠᠭᠤᠯᠢᠭ ᠲᠠᠢ᠂ ᠡᠬᠢ ᠪᠠᠶᠠᠯᠢᠭ᠎ᠤᠨ ᠳᠠᠪᠠᠭᠤᠯᠢᠭ ᠲᠠᠢ᠂ ᠲᠥᠷᠥ᠎ᠶ᠋ᠢᠨ ᠪᠣᠳᠣᠯᠭ᠎ᠠ᠎ᠶ᠋ᠢᠨ ᠳᠡᠮᠵᠢᠯᠭᠡ ᠬᠦᠴᠦᠲᠡᠶ ᠪᠠᠢᠵᠤ᠂ ᠤᠨᠴᠠᠯᠢᠬ᠍ᠳᠤ ᠠᠮᠢᠳᠤ ᠪᠣᠳᠠᠰ᠎ᠤᠨ ᠡᠬᠢ ᠪᠠᠶᠠᠯᠢᠭ᠂ ᠡᠷᠡᠭᠦᠯ ᠮᠡᠨᠳᠦ᠍᠎ᠶ᠋ᠢᠨ ᠠᠵᠤ ᠦᠶ᠋ᠯᠡᠰ᠎ᠦᠨ ᠬᠥᠭ᠌ᠵᠢᠯᠲᠡ ᠵᠡᠷᠭᠡ ᠬᠦᠷᠢᠶᠡᠨ᠎ᠳᠦ ᠪᠠᠢᠭᠠᠯᠢᠯᠢᠭ ᠳᠠᠪᠠᠭᠤᠯᠢᠭ ᠲᠠᠯ᠎ᠠ᠎ᠲᠠᠶ ᠶᠤᠮ᠃ ᠱᠧᠨᠵᠧᠨ᠎ᠦ ᠠᠨᠠᠭᠠᠬᠤ ᠤᠬᠠᠭᠠᠨ᠎ᠤ ᠱᠢᠨᠵᠢᠯᠡᠬᠦ᠌ ᠤᠬᠠᠭᠠᠨ᠎ᠤ ᠬᠦᠷᠢᠶᠡᠯᠡᠩ᠂ ᠱᠧᠨᠵᠧᠨ ᠪᠤᠯᠤᠩ ᠲᠤᠷᠱᠢᠯᠲᠠ᠎ᠶ᠋ᠢᠨ ᠲᠠᠰᠤᠭ᠎ᠤᠨ ᠬᠢᠨ ᠱᠢᠨᠵᠢᠯᠡᠬᠦ᠌ ᠤᠬᠠᠭᠠᠨ᠎ᠤ ᠰᠤᠳᠤᠯᠭᠠᠨ᠂ ᠴᠢᠳᠠᠪᠤᠷᠢᠲᠠᠨ᠂ ᠡᠷᠳᠡᠮ ᠱᠢᠨᠵᠢᠯᠡᠭᠡᠨ᠂ ᠲᠠᠪᠴᠠᠩ ᠵᠡᠷᠭᠡ ᠳᠠᠪᠠᠭᠤᠯᠢᠭ᠎ᠢᠶᠠᠨ ᠭᠦᠶ᠋ᠴᠡᠳ ᠪᠠᠳᠠᠷᠠᠭᠤᠯᠵᠤ᠂ ᠨᠡᠪᠲᠡᠷᠡᠯᠴᠡᠬᠦ᠌ ᠬᠥᠭᠥᠷᠭᠡ ᠬᠣᠯᠪᠣᠭᠠᠰᠤ ᠵᠢ ᠪᠠᠢᠭᠤᠯᠵᠤ᠂ ᠨᠠᠩ ᠣᠯᠠᠨ ᠳᠡᠭᠡᠳᠦ ᠲᠠᠰ᠎ᠤᠨ ᠴᠢᠳᠠᠪᠤᠷᠢᠲᠠᠨ᠂ ᠴᠢᠨᠠᠷ ᠰᠠᠢᠲᠠᠶ ᠱᠢᠨ᠎ᠡ᠎ᠶ᠋ᠢ ᠡᠭᠦᠳᠬᠦ᠌ ᠡᠬᠢ ᠪᠠᠶᠠᠯᠢᠭ᠎ᠤᠨ ᠥᠪᠥᠷ ᠮᠣᠩᠭᠣᠯ᠎ᠳᠤ ᠲᠦᠪᠯᠡᠷᠡᠬᠦ᠎ᠶ᠋ᠢ ᠠᠬᠢᠭᠤᠯᠵᠤ᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠲᠠᠯ᠎ᠠ ᠪᠡᠷ ᠬᠠᠮᠲᠤᠷᠠᠨ ᠪᠣᠭᠣᠮᠲᠠ ᠱᠢᠪᠲᠤᠯᠬᠤ᠂ ᠱᠢᠨ᠎ᠡ᠎ᠶ᠋ᠢ ᠡᠭᠦᠳᠬᠦ᠌ ᠲᠠᠪᠴᠠᠩ᠎ᠢ ᠬᠠᠮᠲᠤ᠎ᠪᠠᠷ ᠪᠠᠢᠭᠤᠯᠬᠤ᠂ ᠴᠢᠳᠠᠪᠤᠷᠢᠲᠠᠨ᠎ᠢ ᠬᠠᠮᠲᠤᠷᠠᠨ ᠬᠥᠮᠦᠵᠢᠭᠦᠯᠬᠦ᠌ ᠵᠡᠷᠭᠡ ᠲᠠᠯ᠎ᠠ᠎ᠪᠠᠷ ᠬᠠᠮᠲᠤᠷᠠᠯᠴᠠᠭ᠎ᠠ᠎ᠪᠠᠨ ᠴᠢᠩᠭᠠᠳᠭᠠᠵᠤ᠂ ᠥᠪᠡᠷᠲᠡᠭᠡᠨ ᠵᠠᠰᠠᠬᠤ ᠣᠷᠣᠨ᠎ᠤ ᠥᠨᠳᠥᠷ ᠲᠦᠪᠱᠢᠨ ᠪᠥᠬᠥᠶ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠪᠡᠶ᠎ᠡ᠎ᠪᠡᠨ ᠳᠠᠭᠠᠭᠠᠵᠤ ᠥᠪᠡᠷ᠎ᠢ᠎ᠪᠡᠨ ᠬᠦᠴᠦᠷᠬᠡᠭ᠌ᠵᠢᠭᠦᠯᠬᠦ᠌᠎ᠶ᠋ᠢ ᠪᠡᠶᠡᠯᠡᠭᠦᠯᠬᠦ᠌᠎ᠳᠦ ᠬᠦᠴᠦᠨ ᠴᠢᠳᠠᠯ᠎ᠢᠶᠠᠨ ᠡᠷᠭᠦᠨ᠎ᠡ ᠭᠡᠵᠠᠢ᠃

ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠰᠦᠬᠡ ᠣᠷᠣᠯᠴᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号