ᠬᠤᠸᠠᠩ ᠴᠢ ᠳ᠋ᠦᠩ᠂ ᠡᠷᠡᠭ᠌ᠲᠡᠢ᠂ 1965 ᠣᠨ᠎ᠤ 8 ᠰᠠᠷ᠎ᠠ᠎ᠳᠤ ᠲᠦᠷᠦᠵᠠᠢ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ᠂ ᠠᠮᠢᠳᠤ ᠰᠡᠷᠡᠭᠦᠨ ᠪᠠᠢᠬᠤ᠎ᠳᠠᠭᠠᠨ ᠳᠤᠮᠳᠠᠳᠤ ᠤᠯᠤᠰ᠎ᠤᠨ ᠠᠭᠠᠷ᠎ᠤᠨ ᠠᠶᠠᠯᠠᠯ᠎ᠤᠨ ᠪᠦᠯᠦᠭ᠌ᠯᠡᠯ ᠬᠢᠵᠠᠭᠠᠷᠲᠤ ᠺᠣᠮᠫᠠᠨᠢ᠎ᠶ᠋ᠢᠨ ᠬᠠᠷᠢᠶ᠎ᠠ ᠠᠵᠤ ᠠᠬᠤᠢᠯᠠᠯ ᠪᠣᠯᠬᠤ ᠳᠤᠮᠳᠠᠳᠤ ᠤᠯᠤᠰ᠎ᠤᠨ ᠤᠯᠠᠨ ᠤᠯᠤᠰ᠎ᠤᠨ ᠠᠭᠠᠷ᠎ᠤᠨ ᠠᠶᠠᠯᠠᠯ᠎ᠤᠨ ᠥᠪᠥᠷ ᠮᠣᠩᠭᠣᠯ᠎ᠤᠨ ᠬᠢᠵᠠᠭᠠᠷᠲᠤ ᠺᠣᠮᠫᠠᠨᠢ᠎ᠶ᠋ᠢᠨ ᠠᠵᠢᠯᠯᠠᠭᠠᠨ᠎ᠤ ᠡᠵᠡᠮᠳᠡᠯ᠎ᠤᠨ ᠲᠥᠪ᠎ᠦᠨ ᠵᠢᠵᠢᠭᠦᠷᠯᠡᠭᠴᠢ ᠳᠠᠭᠠᠭᠠᠮᠠᠯ᠂ ᠠᠭᠠᠷ᠎ᠤᠨ ᠠᠶᠠᠯᠠᠯ᠎ᠤᠨ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠬᠡᠯᠲᠡᠰ᠎ᠦᠨ ᠪᠠᠢᠴᠠᠭᠠᠭ᠍ᠴᠢ ᠪᠠᠢᠪᠠ᠃ 2026 ᠤᠨ ᠤ᠋ ᠨᠢᠬᠡᠲᠤᠬᠡᠷ ᠪᠦᠯᠦᠭ ᠤ᠋ᠨ 《ᠲᠤᠮᠲᠠᠲᠤ ᠤᠯᠤᠰ ᠤ᠋ᠨ ᠰᠠᠢᠨ ᠬᠦᠮᠤᠨ》 ᠶ᠋ᠢᠡᠷ ᠵᠢᠱ᠌ᠢᠭᠲᠡᠪᠠ᠃
ᠬᠤᠸᠠᠩ ᠴᠢ ᠳ᠋ᠦᠩ᠎ᠤᠨ ᠠᠮᠢ ᠪᠡᠶ᠎ᠡ᠎ᠪᠡᠨ ᠬᠠᠢᠬᠤᠷᠤᠯ ᠦᠭᠡᠢ ᠪᠡᠷ ᠪᠤᠰᠤᠳ ᠢ᠋ ᠠᠪᠤᠷᠠᠬᠰᠠᠨ ᠦᠢᠯᠡ ᠠᠵᠢᠯᠯᠠᠭ᠎ᠠ ᠨᠢ ᠭᠱᠠᠨ ᠵᠠᠭᠤᠷ᠎ᠠ ᠵᠢᠨ ᠪᠤᠳᠤᠯ ᠲᠡᠳᠤᠢ ᠪᠢᠰᠢ᠂ ᠬᠠᠷᠢᠨ ᠨᠢᠭᠡᠨ ᠡᠪ ᠬᠠᠮᠲᠤ ᠨᠠᠮ᠎ᠤᠨ ᠭᠡᠱᠢᠭᠦᠨ ᠤ᠋ ᠬᠠᠷᠢᠭᠤᠴᠠᠯᠭ᠎ᠠ ᠪᠠ ᠡᠭᠦᠷᠭᠡᠯᠡᠯ ᠢ ᠢᠯᠡᠷᠡᠬᠦᠯᠵᠦ᠂ ᠨᠢᠭᠡᠨ ᠠᠷᠠᠳ᠎ᠤᠨ ᠠᠭᠠᠷ ᠤᠨ ᠲᠡᠭᠡᠭᠡᠪᠦᠷᠢ᠎ᠶ᠋ᠢᠨ ᠠᠵᠢᠯᠳᠡᠨ᠎ᠤ ᠠᠮᠢ ᠨᠠᠰᠤ᠎ᠶ᠋ᠢ ᠲᠡᠭᠡᠳᠦᠯᠡᠨ ᠬᠦᠨᠳᠦᠯᠡᠬᠦ ᠡᠷᠬᠢᠮ ᠲᠡᠭᠡᠳᠦ ᠵᠠᠩ ᠴᠢᠨᠠᠷ ᠮᠥᠨ᠂ ᠨᠢᠭᠡᠨ 《ᠬᠥᠬᠡᠬᠣᠲᠠ᠎ᠶ᠋ᠢᠨ ᠰᠠᠢ᠌ᠨ ᠬᠥᠮᠦᠨ》 ᠤ᠋ ᠬᠠᠷᠠᠮᠰᠠᠯ ᠦᠭᠡᠢ ᠰᠣᠩᠭᠣᠯᠲᠠ ᠮᠥᠨ᠃
ᠥᠴᠦᠬᠡᠨ ᠴᠦ᠍ ᠲᠠᠲᠠᠭᠠᠯᠵᠠᠯ ᠦᠭᠡᠢ᠎ᠪᠡᠷ ᠪᠤᠰᠤᠳ᠎ᠤᠨ ᠠᠮᠢ ᠨᠠᠰᠤ ᠵᠢ ᠠᠪᠤᠷᠠᠪᠠ
2025 ᠣᠨ᠎ᠤ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠣᠶᠠᠳᠤᠭᠠᠷ ᠡᠳᠦᠷ᠂ ᠬᠥᠬᠡᠬᠣᠲᠠ᠎ᠶ᠋ᠢᠨ ᠶᠢᠨ ᠾᠧ ᠵᠡᠭᠡᠯᠢ᠎ᠶ᠋ᠢᠨ ᠵᠢᠩ ᠶᠤᠸᠠᠨ ᠰᠠᠭᠤᠭᠠᠯᠢ ᠠᠷᠠᠳ᠎ᠤᠨ ᠲᠣᠭᠣᠷᠢᠭ᠎ᠤᠨ ᠬᠠᠪᠢ ᠳ᠋ᠡᠬᠢ ᠰᠣᠯᠣᠩᠭᠠᠨ ᠬᠥᠭᠥᠷᠭᠡᠨ ᠳᠣᠣᠷ᠎ᠠ 6 ᠨᠠᠰᠤᠲᠠᠢ ᠵᠢᠭᠠᠯ ᠬᠦᠦ ᠤᠪᠠᠢᠨ ᠳ᠋ᠤ ᠦᠭᠡᠢ ᠪᠡᠷ ᠤᠰᠤᠨ᠎ᠳᠤ ᠤᠨᠠᠵᠠᠢ᠂ ᠠᠪᠤ ᠨᠢ ᠭᠣᠣᠯ᠎ᠳᠤ ᠬᠠᠷᠠᠢᠨ ᠠᠪᠤᠷᠠᠬᠰᠠᠨ ᠪᠣᠯᠪᠠᠴᠤ᠌ ᠤᠰᠤᠨ᠎ᠳᠤ ᠤᠮᠪᠠᠵᠤ ᠴᠢᠳᠠᠬᠤ ᠦᠭᠡᠢ ᠡᠴᠨ ᠪᠤᠯᠵᠦ ᠬᠤᠶᠠᠭᠤᠯᠠ ᠪᠠᠨ ᠲᠦᠭᠰᠢᠬᠦᠷᠢᠳᠤ ᠪᠠᠢᠳᠠᠯ ᠳ᠋ᠤ ᠤᠷᠤᠪᠠ᠃ ᠡᠨᠡ ᠦᠶ᠎ᠡ ᠳ᠋ᠤ ᠡᠬᠡᠨᠡᠷᠲᠡᠶᠪᠡᠨ ᠬᠠᠮᠲᠤ ᠰᠡᠯᠡᠭᠦᠴᠡᠨ ᠠᠯᠬᠤᠵᠦ ᠪᠠᠢᠬᠰᠠᠨ ᠬᠤᠸᠠᠩ ᠴᠢ ᠳ᠋ᠦᠩ ᠠᠮᠢ ᠠᠪᠤᠷᠠᠯᠳᠠ ᠵᠢᠨ ᠲᠤᠰᠠᠯᠠᠮᠵᠢ ᠬᠦᠰᠡᠭᠰᠡᠨ ᠲᠠᠭᠤᠨ᠎ᠢ ᠰᠤᠨᠤᠰᠤᠭᠠᠳ ᠥᠴᠦᠬᠡᠨ ᠴᠦ᠍ ᠲᠠᠲᠠᠭᠠᠯᠵᠠᠯ ᠥᠬᠡᠶ᠎ᠪᠡᠷ ᠬᠠᠬᠢᠷ ᠬᠦᠶ᠋ᠲᠡᠨ ᠤᠰᠤᠨ᠎ᠳᠤ ᠦᠰᠦᠷᠦᠨ ᠣᠷᠣᠵᠤ᠂ ᠤᠷᠢᠳ᠎ᠢᠶᠠᠷ ᠵᠢᠭᠠᠯ ᠬᠦᠦ᠍᠎ᠶ᠋ᠢ ᠭᠤᠤᠯ ᠤ᠋ᠨ ᠬᠦᠪᠡᠭᠡᠨ᠎ᠳᠦ ᠭᠠᠷᠭᠠᠵᠦ᠂ ᠬᠡᠦᠬᠡᠳ᠎ᠦᠨ ᠠᠮᠤᠷ ᠲᠦᠪᠱᠢᠨ᠎ᠢ ᠪᠠᠲᠤᠯᠠᠭ᠍ᠰᠠᠨ᠎ᠤ ᠳᠠᠷᠠᠭ᠎ᠠ ᠬᠦᠴᠦ᠍ ᠲᠠᠮᠢᠷᠪᠠᠷᠠᠭᠳᠠᠭᠰᠠᠨ ᠬᠡᠦᠬᠡᠳ ᠤ᠋ᠨ ᠠᠪᠤ ᠱᠢᠨ ᠠᠪᠤᠭᠠᠶ᠎ᠶ᠋ᠢ ᠠᠪᠤᠷᠬᠠᠤ᠎ᠪᠠᠷ ᠲᠠᠬᠢᠨᠳᠠ ᠭᠤᠤᠯ ᠤᠷᠤᠭᠤ ᠪᠤᠴᠠᠪᠠ᠂ ᠬᠤᠸᠠᠩ ᠴᠢ ᠳ᠋ᠦᠩ ᠪᠥᠬᠥ᠌ ᠬᠦᠴᠦᠨ᠎ᠢᠶᠡᠷ᠎ᠢᠶᠡᠨ ᠲᠡᠭᠦᠨ᠎ᠢ ᠭᠤᠤᠯ ᠤ᠋ᠨ ᠬᠦᠪᠡᠭᠡᠨ᠎ᠳᠦ ᠳᠥᠯᠭᠢᠨ ᠭᠠᠷᠭᠠᠭᠰᠠᠨ ᠪᠤᠯᠪᠠᠴᠤ ᠥᠪᠡᠷ᠎ᠢᠶᠡᠨ ᠬᠠᠷᠢᠨ ᠬᠦᠴᠦ᠍ ᠲᠠᠮᠢᠷ ᠬᠦᠷᠦᠯᠴᠡᠬᠦ᠌ ᠥᠬᠡᠶ᠎ᠡᠴᠡ ᠪᠣᠯᠵᠣ ᠲᠦᠷᠭᠡᠨ ᠤᠷᠤᠰᠭᠠᠯᠲᠤ ᠭᠤᠤᠯ᠎ᠳᠤ ᠵᠢᠪᠪᠦᠨ ᠣᠷᠣᠵᠠᠶ᠃ ᠲᠤᠰ ᠤᠷᠤᠢ᠎ᠶ᠋ᠢᠨ 6 ᠴᠠᠭ 55 ᠮᠢᠨᠦ᠋ᠲ᠎ᠲᠦ᠂ ᠠᠪᠤᠷᠠᠨ ᠲᠤᠰᠠᠯᠠᠯᠳᠠ ᠵᠢᠨ ᠬᠦᠮᠦᠰ ᠬᠤᠸᠠᠩ ᠴᠢ ᠳ᠋ᠦᠩ᠎ᠢ ᠡᠷᠢᠵᠦ᠍ ᠣᠯᠤᠭ᠍ᠰᠠᠨ ᠪᠥᠭᠡᠳ ᠲᠠᠷᠤᠢᠬᠠᠨ ᠡᠮᠨᠡᠯᠭᠡ᠎ᠳᠦ ᠬᠦᠷᠭᠡᠵᠦ᠍᠂ ᠲᠦᠷᠭᠡᠨ ᠠᠪᠤᠷᠠᠯᠳᠠ ᠬᠢᠭ᠌ᠰᠡᠨ ᠪᠤᠯᠪᠠᠴᠤ ᠲᠤᠰᠠ ᠪᠤᠯᠤᠬᠰᠠᠨ ᠦᠭᠡᠢ᠂ ᠲᠡᠷᠡ ᠠᠵᠠ ᠪᠤᠰᠤ᠎ᠪᠠᠷ ᠪᠡᠶ᠎ᠡ ᠦᠷᠡᠭᠳᠡᠪᠡ᠂ ᠨᠠᠰᠤᠨ ᠰᠡᠬᠦᠳᠡᠷ 60᠃
ᠨᠢᠬᠡ ᠰᠡᠳᠬᠢᠯ ᠨᠢᠬᠡ ᠵᠤᠷᠢᠭ ᠵᠢᠡᠷ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠪᠠ
1984 ᠣᠨ᠎ᠳᠤ ᠠᠵᠢᠯ᠎ᠤᠨ ᠭᠠᠷᠤᠭ᠎ᠠ ᠪᠠᠨ ᠠᠪᠤᠭᠰᠠᠨ ᠡᠴᠡ ᠨᠠᠭᠠᠰᠢ᠂ ᠴᠢᠮᠡᠭᠡ ᠬᠣᠯᠪᠣᠭᠠᠨ᠎ᠤ ᠰᠠᠯᠠᠭ᠎ᠠ ᠵᠢᠨ ᠴᠠᠬᠢᠯᠭᠠᠨ ᠮᠡᠳᠡᠭᠡᠯᠡᠭ᠌ᠴᠢ ᠡᠴᠡ ᠳᠤᠮᠳᠠᠳᠤ ᠤᠯᠤᠰ᠎ᠤᠨ ᠣᠯᠠᠨ ᠤᠯᠤᠰ᠎ᠤᠨ ᠠᠭᠠᠷ᠎ᠤᠨ ᠠᠶᠠᠯᠠᠯ᠎ᠤᠨ ᠥᠪᠥᠷ ᠮᠣᠩᠭᠣᠯ᠎ᠤᠨ ᠬᠢᠵᠠᠭᠠᠷᠲᠤ ᠺᠣᠮᠫᠠᠨᠢ᠎ᠶ᠋ᠢᠨ ᠠᠵᠢᠯᠯᠠᠭᠠᠨ᠎ᠤ ᠡᠵᠡᠮᠳᠡᠯ᠎ᠦᠨ ᠲᠥᠪ᠎ᠦᠨ ᠵᠢᠵᠢᠭᠦᠷᠯᠡᠭᠴᠢ ᠳᠠᠭᠠᠭᠠᠮᠠᠯ᠂ ᠠᠭᠠᠷ᠎ᠤᠨ ᠠᠶᠠᠯᠠᠯ᠎ᠤᠨ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠬᠡᠯᠲᠡᠰ᠎ᠦᠨ ᠪᠠᠢᠴᠠᠭᠠᠭ᠍ᠴᠢ᠎ᠶᠢᠨ ᠠᠵᠢᠯ᠎ᠤᠨ ᠪᠠᠢᠷᠢᠨ᠎ᠳᠦ ᠬᠤᠸᠠᠩ ᠴᠢ ᠳ᠋ᠦᠩ ᠯᠠᠪᠳᠠᠭᠤᠨ ᠪᠠᠲᠤᠲᠠᠶ ᠠᠵᠢᠯᠯᠠᠵᠦ᠂ ᠳᠤᠮᠳᠠᠳᠤ ᠤᠯᠤᠰ᠎ᠤᠨ ᠣᠯᠠᠨ ᠤᠯᠤᠰ᠎ᠤᠨ ᠠᠭᠠᠷ᠎ᠤᠨ ᠠᠶᠠᠯᠠᠯ᠎ᠤᠨ ᠥᠪᠥᠷ ᠮᠣᠩᠭᠣᠯ᠎ᠤᠨ ᠬᠢᠵᠠᠭᠠᠷᠲᠤ ᠺᠣᠮᠫᠠᠨᠢ᠎ᠶ᠋ᠢᠨ ᠱᠢᠯᠢᠳᠡᠭ ᠡᠪ ᠬᠠᠮᠲᠤ ᠨᠠᠮ᠎ᠤᠨ ᠭᠡᠱᠢᠭᠦᠨ᠂ ᠳᠤᠮᠳᠠᠳᠤ ᠤᠯᠤᠰ᠎ᠤᠨ ᠣᠯᠠᠨ ᠤᠯᠤᠰ᠎ᠤᠨ ᠠᠭᠠᠷ᠎ᠤᠨ ᠠᠶᠠᠯᠠᠯ᠎ᠤᠨ ᠺᠣᠮᠫᠠᠨᠢ᠎ᠶ᠋ᠢᠨ ᠱᠢᠯᠢᠳᠡᠭ ᠨᠠᠮ᠎ᠤᠨ ᠠᠵᠢᠯᠲᠠᠨ᠂ ᠲᠡᠷᠢᠭᠦᠨ᠎ᠦ ᠬᠤᠪᠢ ᠬᠥᠮᠦᠨ᠂ ᠠᠭᠠᠷ᠎ᠤᠨ ᠠᠶᠠᠯᠠᠯ᠎ᠤᠨ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠵᠢᠱ᠌ᠢᠶᠡᠴᠢ ᠵᠡᠷᠭᠡ ᠠᠯᠢ ᠣᠯᠠᠨ ᠢᠷᠠᠭᠤ ᠠᠯᠳᠠᠷ᠎ᠢ ᠭᠥᠷᠳᠡᠵᠦ᠍ ᠥᠩᠭᠡᠷᠡᠵᠡᠶ᠃ ᠲᠡᠷᠡ ᠪᠤᠯ ᠠᠮᠤᠷ ᠲᠦᠪᠱᠢᠨ᠎ᠦ ᠪᠠᠲᠤ ᠬᠠᠮᠠᠭᠠᠯᠠᠭ᠍ᠴᠢ ᠮᠥᠨ᠂ ᠤᠯᠠᠨ᠎ᠤ ᠲᠥᠯᠥᠭᠡ ᠭᠤᠶᠠᠴᠢ ᠦᠭᠡᠢ ᠵᠢᠳᠬᠦᠵᠦ᠍᠂ ᠲᠦᠷᠢᠮ ᠲᠣᠭ᠍ᠲᠠᠭᠠᠯ ᠶᠣᠰᠣᠭᠠᠷ ᠠᠵᠢᠯᠯᠠᠵᠤ᠂ 《ᠵᠣᠷᠢᠭ᠍ᠲᠠᠢ ᠠᠳᠭᠤᠵᠤ᠂ ᠵᠣᠷᠢᠭ᠍ᠲᠠᠢ ᠬᠠᠮᠢᠶᠠᠷᠴᠤ᠌᠂ ᠵᠣᠷᠢᠭ᠍ᠲᠠᠢ ᠰᠢᠯᠭᠠᠬᠤ》 ᠵᠢ ᠪᠠᠷᠢᠮᠳᠠᠯᠠᠪᠠ᠃ ᠲᠡᠷᠡ ᠪᠡᠷ ᠠᠵᠢᠯ᠎ᠤᠨ ᠪᠠᠢᠷᠢ ᠳᠡᠭᠡᠷ᠎ᠡ ᠪᠡᠨ ᠦᠷᠭᠦᠯᠵᠢ ᠬᠠᠮᠤᠭ᠎ᠤᠨ ᠲᠡᠷᠢᠭᠦᠨ᠎ᠳᠦ ᠬᠦᠷᠴᠦ᠍᠂ ᠬᠠᠮᠤᠭ᠎ᠤᠨ ᠰᠡᠭᠦᠯ᠎ᠳᠦ ᠠᠵᠢᠯ᠎ᠠᠴᠠ ᠪᠠᠨ ᠪᠠᠭᠤᠳᠠᠭ᠃ ᠲᠡᠷᠡ ᠪᠡᠷ ᠤᠯᠠᠨ ᠵᠢᠯ᠎ᠦᠨ ᠲᠤᠷᠰᠢ ᠬᠤᠷᠠᠮᠳᠤᠭᠤᠯᠤᠭ᠍ᠰᠠᠨ ᠡᠷᠬᠢᠮ ᠨᠠᠨᠳᠢᠨ ᠲᠤᠷᠱᠢᠯᠭ᠎ᠠ ᠪᠣᠯᠤᠨ ᠱᠢᠯᠢᠳᠡᠭ ᠰᠤᠷᠲᠠᠯ᠎ᠢᠶᠠᠨ ᠵᠠᠯᠠᠭᠤᠴᠤᠳ᠎ᠲᠤ ᠬᠠᠷᠠᠮ ᠦᠭᠡᠢ ᠤᠯᠠᠮᠵᠢᠯᠠᠪᠠ᠃
ᠪᠡᠶ᠎ᠡ᠎ᠪᠡᠷ᠎ᠢᠶᠡᠨ ᠬᠡᠪ ᠳᠦᠷᠢᠮ ᠪᠣᠯᠬᠤ ᠵᠢ ᠡᠳᠦᠷ ᠲᠤᠲᠤᠮ᠎ᠤᠨ ᠠᠮᠢᠳᠤᠷᠠᠯ᠎ᠳᠤ ᠦᠢᠯᠡᠳᠦᠯᠭᠡᠵᠢᠬᠦᠯᠪᠡ
ᠬᠤᠸᠠᠩ ᠴᠢ ᠳ᠋ᠦᠩ᠎ᠦᠨ ᠠᠪᠤ ᠡᠵᠢ ᠨᠢ ᠴᠥᠮ ᠠᠮᠧᠷᠢᠺᠠ᠎ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠭ᠍ᠰᠠᠨ ᠠᠬᠠᠮᠠᠳ ᠪᠠᠢᠯᠳᠤᠭ᠍ᠴᠢ ᠮᠦᠨ᠂ ᠲᠡᠷᠡ ᠬᠠᠷᠠᠬᠠᠨ ᠪᠠᠭ᠎ᠠ᠎ᠠᠴᠠ᠎ᠪᠠᠨ ᠬᠤᠪᠢᠰᠬᠠᠯᠳᠤ ᠪᠠᠭᠠᠲᠤᠷᠴᠤᠳ᠎ᠤᠨ ᠪᠠᠭᠠᠳᠤᠷᠯᠢᠭ ᠦᠢᠯᠡ ᠠᠵᠢᠯᠯᠠᠭ᠎ᠠ᠎ᠶ᠋ᠢᠨ ᠨᠥᠯᠥᠭᠡ᠎ᠶ᠋ᠢ ᠬᠦᠷᠳᠡᠵᠤ᠂ ᠬᠤᠪᠢᠰᠭᠠᠯ᠎ᠤᠨ ᠭᠸᠨ ᠴᠢᠰᠤ ᠮᠢᠬᠠᠨ᠎ᠳᠤᠨᠢ ᠬᠦᠨ ᠱᠢᠩᠭᠡᠵᠡᠢ᠃ ᠲᠡᠷᠡ ᠢᠮᠠᠭ᠍ᠲᠠ ᠠᠷᠠᠳ᠎ᠤᠨ ᠠᠭᠠᠷ᠎ᠤᠨ ᠠᠶᠠᠯᠠᠯ᠎ᠤᠨ ᠠᠮᠤᠷ ᠲᠦᠪᠱᠢᠨ᠎ᠦ ᠡᠮᠦᠨ᠎ᠡ ᠹᠷᠣᠨᠲ᠎ᠲᠤ ᠡᠷᠡᠮᠡᠬᠡᠢᠯᠡᠨ ᠲᠡᠮᠡᠴᠡᠵᠦ᠍᠂ ᠲᠦᠷᠢᠮ᠎ᠡᠴᠡ ᠵᠥᠷᠢᠴᠡᠭ᠌ᠰᠡᠨ ᠠᠵᠢᠯᠯᠠᠭ᠎ᠠ ᠪᠣᠯᠤᠨ ᠠᠮᠤᠷ ᠲᠦᠪᠱᠢᠨ᠎ᠦ ᠬᠡᠮ ᠰᠣᠭᠣᠭ ᠪᠠᠢᠬᠤ ᠵᠢ ᠥᠴᠦᠬᠡᠨ ᠴᠦ᠍ ᠵᠦᠪᠰᠢᠶᠡᠷᠡᠬᠦ ᠦᠭᠡᠢ ᠪᠠᠢᠲᠠᠭ᠃ ᠠᠮᠢᠳᠤᠷᠠᠯ ᠳᠤᠮᠳᠠ ᠲᠡᠷᠡ ᠲᠦᠷᠦᠯ ᠰᠠᠳᠤᠨ᠎ᠢᠶᠠᠨ ᠠᠴᠢᠯᠠᠵᠤ ᠨᠠᠰᠤᠲᠠᠨ᠎ᠢᠶᠠᠨ ᠬᠦᠨᠳᠦᠯᠡᠳᠡᠭ ᠰᠠᠢ᠌ᠨ ᠬᠦᠦ ᠪᠣᠯᠤᠨ᠎ᠠ᠂ ᠠᠪᠤ ᠨᠢ ᠡᠪᠡᠳᠴᠢᠯᠡᠭᠰᠡᠨ ᠭᠤᠷᠪᠠᠨ ᠵᠢᠯ᠎ᠤᠨ ᠬᠤᠭᠤᠴᠠᠭᠠᠨ᠎ᠳᠤ ᠲᠡᠷᠡ ᠰᠥᠨᠢ ᠳᠦᠯᠢ᠎ᠪᠡᠷ ᠠᠰᠠᠷᠠᠨ ᠰᠤᠪᠢᠯᠠᠵᠤ᠂ ᠨᠠᠰᠤᠲᠠᠨ᠎ᠢ ᠨᠠᠷᠢᠨ ᠨᠢᠮᠪᠠᠢ ᠬᠠᠷᠠᠭᠠᠯᠵᠠᠵᠤ ᠪᠠᠢᠪᠠ᠃ ᠲᠡᠷᠡ ᠪᠣᠯ ᠪᠠᠰᠠ ᠴᠸ᠋ ᠠᠮᠠᠷᠠᠭ ᠬᠠᠨᠢ ᠵᠢᠨ ᠵᠢᠡᠨ ᠰᠠᠢᠨ ᠲᠦᠰᠢᠭ᠂ ᠠᠩᠭ᠎ᠠ ᠦᠷ᠎ᠡ ᠵᠢᠨ ᠵᠢᠡᠨ ᠰᠠᠢᠨ ᠠᠪᠤ ᠮᠦᠨ᠃ 《ᠬᠥᠮᠦᠨ ᠪᠣᠯᠬᠤ᠎ᠳᠤ ᠠᠮᠠᠯᠠᠯᠲᠠ᠎ᠪᠠᠨ ᠪᠠᠲᠤ ᠰᠠᠬᠢᠬᠤ ᠬᠡᠷᠡᠭ᠌ᠲᠡᠢ》᠂ 《ᠠᠵᠢᠯ᠎ᠳᠠᠭᠠᠨ ᠥᠴᠦᠬᠡᠨ ᠴᠦ᠍ ᠣᠰᠣᠯᠳᠠᠬᠤ ᠦᠭᠡᠢ ᠪᠠᠢᠬᠤ ᠬᠡᠷᠡᠭ᠌ᠲᠡᠢ》 ᠭᠡᠵᠦ᠍ ᠲᠡᠷᠡ ᠢᠮᠠᠭᠳᠠ ᠬᠦᠦ᠍᠎ᠪᠡᠨ ᠰᠤᠷᠭᠠᠳᠠᠭ ᠁
ᠬᠤᠸᠠᠩ ᠴᠢ ᠳ᠋ᠦᠩ 《ᠰᠠᠢ᠌ᠨ ᠬᠦᠦ᠂ ᠰᠠᠢ᠌ᠨ ᠡᠷ᠎ᠡ᠂ ᠰᠠᠢ᠌ᠨ ᠠᠪᠤ᠂ ᠰᠠᠢ᠌ᠨ ᠬᠠᠮᠲᠤ ᠠᠵᠢᠯᠯᠠᠭ᠍ᠴᠢ᠂ ᠰᠠᠢ᠌ᠨ ᠪᠠᠭ᠍ᠰᠢ᠂ ᠰᠠᠢ᠌ᠨ ᠺᠠᠳ᠋ᠷ》 ᠤ᠋ᠨ ᠤᠯᠠᠨ ᠪᠠᠷᠢᠮᠵᠢᠶ᠎ᠠ ᠪᠡᠷ ᠪᠡᠶ᠎ᠡ᠎ᠪᠡᠨ ᠱᠠᠭᠠᠷᠳᠠᠵᠤ ᠪᠡᠶ᠎ᠡ᠎ᠪᠡᠨ ᠵᠠᠰᠠᠵᠤ᠂ ᠪᠤᠰᠤᠳ᠎ᠲᠤ ᠠᠭᠤᠳᠠᠮᠴᠢ ᠪᠠᠭᠳᠠᠭᠠᠮᠵᠢᠳᠠᠢ ᠪᠠᠢᠬᠤ ᠵᠠᠩ ᠴᠢᠨᠠᠷ᠎ᠢ ᠡᠳᠦᠷ ᠲᠤᠳᠤᠮ᠎ᠤᠨ ᠠᠮᠢᠳᠤᠷᠠᠯ᠎ᠳᠠᠭᠠᠨ ᠠᠭᠤᠰᠤᠯᠴᠠᠭᠤᠯᠵᠤ᠂ ᠦᠨᠡᠨ ᠶᠣᠰᠣᠨ᠎ᠤ ᠲᠥᠯᠥᠭᠡ ᠡᠷᠡᠯᠬᠡᠭ᠌ᠯᠡᠨ ᠲᠡᠮᠡᠴᠡᠬᠦ᠌ ᠭᠡᠷᠡᠯ ᠰᠠᠴᠤᠷᠠᠩᠭᠤᠢ ᠲᠦᠷᠢ ᠲᠥᠷᠬᠦ᠌᠎ᠶ᠋ᠢ ᠠᠮᠢᠳᠤᠯᠢᠭ ᠱᠤᠭᠤᠵᠠᠢ᠃