ᠬᠠᠤᠯᠢ ᠴᠠᠭᠠᠵᠠ᠎ᠶᠢᠨ ᠶᠠᠮᠤᠨ᠂ ᠠᠮᠢ ᠠᠬᠤᠢ ᠣᠷᠴᠢᠨ ᠲᠤᠭᠤᠷᠢᠨ᠎ᠤ ᠶᠠᠮᠤᠨ᠂ ᠪᠠᠴᠢᠮ ᠪᠠᠢᠳᠠᠯ᠎ᠢ ᠠᠷᠭᠠᠴᠡᠭᠠᠬᠤ ᠬᠠᠮᠢᠶᠠᠷᠤᠯᠲᠠ᠎ᠶᠢᠨ ᠶᠠᠮᠤᠨ 4 ᠰᠠᠷ᠎ᠠ᠎ᠶᠢᠨ 20 ᠤ᠋ ᠡᠳᠦᠷ 《ᠦᠢᠯᠡᠳᠪᠦᠷᠢ ᠴᠣᠩᠬᠣ᠌᠎ᠪᠠᠨ ᠨᠡᠭᠡᠭᠡᠬᠦ ᠶᠤᠮ ᠦᠦ ᠡᠰᠡᠬᠦᠯ᠎ᠡ ᠴᠣᠩᠬᠣ᠌᠎ᠪᠠᠨ ᠬᠠᠭᠠᠵᠤ ᠦᠢᠯᠡᠳᠪᠦᠷᠢᠯᠡᠬᠦ ᠶᠤᠮ ᠦᠦ》 ᠭᠡᠬᠦ ᠬᠠᠤᠯᠢ ᠬᠡᠷᠡᠭᠵᠢᠭᠦᠯᠬᠦ ᠪᠠᠷᠢᠮᠵᠢᠶ᠎ᠠ᠎ᠶᠢ ᠵᠥᠪ᠎ᠢᠶᠡᠷ ᠣᠢᠯᠠᠭᠠᠵᠤ ᠬᠡᠷᠡᠭᠯᠡᠬᠦ ᠲᠤᠬᠠᠢ ᠰᠠᠨᠠᠯ᠎ᠢ ᠨᠡᠢᠲᠡᠯᠡᠪᠡ᠃
ᠦᠢᠯᠡᠳᠦᠯᠭᠡ᠎ᠶᠢᠨ ᠳᠤᠮᠳᠠ᠂ ᠵᠠᠷᠢᠮ ᠠᠵᠤ ᠠᠬᠤᠢᠯᠠᠯ᠎ᠤᠨ ᠲᠤᠰᠬᠠᠭᠰᠠᠨ ᠵᠠᠷᠢᠮ ᠦᠨᠳᠦᠰᠦᠨ ᠱᠠᠲᠤᠨ᠎ᠤ ᠠᠮᠢ ᠠᠬᠤᠢ ᠣᠷᠴᠢᠨ ᠲᠤᠭᠤᠷᠢᠨ᠎ᠤ ᠰᠠᠯᠠᠭ᠎ᠠ ᠮᠥᠴᠢᠷ᠂ ᠪᠠᠴᠢᠮ ᠪᠠᠢᠳᠠᠯ᠎ᠢ ᠠᠷᠭᠠᠴᠡᠭᠠᠬᠤ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠦᠨ ᠬᠠᠤᠯᠢ ᠬᠡᠷᠡᠭᠵᠢᠭᠦᠯᠬᠦ ᠠᠵᠢᠯᠲᠠᠨ ᠠᠵᠤ ᠠᠬᠤᠢᠯᠠᠯ᠎ᠳᠤ ᠣᠷᠣᠵᠤ ᠬᠠᠤᠯᠢ ᠬᠡᠷᠡᠭᠵᠢᠭᠦᠯᠬᠦ ᠬᠢᠨᠠᠯᠲᠠ ᠬᠠᠮᠢᠶᠠᠷᠤᠯᠲᠠ᠎ᠶᠢᠨ ᠳᠤᠮᠳᠠ᠎ᠪᠠᠨ 《ᠦᠢᠯᠡᠳᠪᠦᠷᠢ ᠨᠢ ᠴᠣᠩᠬᠣ᠌᠎ᠪᠠᠨ ᠨᠡᠭᠡᠭᠡᠬᠦ ᠶᠤᠮ ᠦᠦ ᠡᠰᠡᠬᠦᠯ᠎ᠡ ᠴᠣᠩᠬᠣ᠌᠎ᠪᠠᠨ ᠬᠠᠭᠠᠵᠤ ᠦᠢᠯᠡᠳᠪᠦᠷᠢᠯᠡᠬᠦ ᠶᠤᠮ ᠦᠦ》 ᠭᠡᠬᠦ ᠱᠠᠭᠠᠷᠳᠠᠯᠭ᠎ᠠ ᠨᠢ ᠨᠢᠭᠡᠳᠦᠯ ᠦᠭᠡᠢ ᠪᠠᠢᠨ᠎ᠠ᠃ ᠰᠠᠨᠠᠯ᠎ᠳᠤ᠂《ᠴᠣᠩᠬᠣ᠌ ᠨᠡᠬᠡᠬᠡᠵᠦ ᠬᠠᠭᠠᠬᠤ》 ᠵᠢᠨ ᠭᠣᠣᠯ ᠱᠠᠭᠠᠷᠳᠠᠯᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠂ ᠪᠠᠷᠢᠮᠵᠢᠶ᠎ᠠ᠎ᠶᠢᠨ ᠠᠭᠤᠯᠤᠭᠳᠠᠬᠤᠨ ᠵᠢᠴᠢ ᠣᠨᠴᠠᠭᠠᠶ ᠲᠣᠭᠲᠠᠭᠠᠯ᠎ᠢ ᠲᠣᠳᠣᠷᠬᠠᠢᠯᠠᠵᠤ᠂ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠲᠠᠯ᠎ᠠ᠎ᠡᠴᠡ ᠠᠪᠴᠤ ᠬᠡᠯᠡᠪᠡᠯ᠂ ᠪᠢᠲᠡᠭᠦᠮᠵᠢᠯᠡᠬᠦ ᠪᠤᠶᠤ ᠨᠢᠭᠳᠠ ᠪᠢᠲᠡᠭᠦᠮᠵᠢᠯᠡᠬᠦ᠎ᠶᠢᠨ ᠠᠷᠭ᠎ᠠ ᠦᠭᠡᠢ ᠪᠣᠯ᠂ ᠠᠷᠢᠭᠤᠨ ᠴᠡᠪᠡᠷ ᠲᠦᠭᠦᠬᠡᠢ ᠮᠠᠲᠧᠷᠢᠶᠠᠯ᠂ ᠬᠠᠶᠠᠭᠳᠠᠮᠠᠯ ᠬᠡᠢ᠎ᠶᠢ ᠬᠡᠰᠡᠭ ᠲᠠᠯ᠎ᠠ᠎ᠪᠠᠷ ᠴᠤᠭᠯᠠᠭᠤᠯᠤᠨ ᠰᠢᠢᠳᠪᠦᠷᠢᠯᠡᠬᠦ ᠵᠡᠷᠭᠡ ᠠᠷᠭ᠎ᠠ ᠬᠡᠮᠵᠢᠶ᠎ᠡ ᠠᠪᠴᠤ ᠪᠣᠯᠣᠨ᠎ᠠ᠂ ᠬᠠᠷᠢᠨ 《ᠴᠥᠮ ᠴᠣᠩᠬᠣ᠌᠎ᠪᠠᠨ ᠬᠠᠭᠠᠬᠤ》 ᠪᠢᠰᠢ; ᠠᠶᠤᠯᠭᠦᠢ ᠦᠢᠯᠡᠳᠪᠦᠷᠢᠯᠡᠯ᠎ᠦᠨ ᠲᠠᠯ᠎ᠠ᠎ᠡᠴᠡ ᠠᠪᠴᠤ ᠬᠡᠯᠡᠪᠡᠯ᠂ ᠠᠶᠤᠯᠲᠠᠢ ᠪᠣᠳᠠᠰ ᠨᠢ ᠠᠶᠤᠯᠭᠦᠢ᠎ᠶᠢᠨ ᠵᠠᠭᠠᠭᠬᠡᠮᠵᠢᠭᠳᠡᠯᠡᠴᠡ ᠳᠠᠪᠠᠭᠰᠠᠨ ᠦᠶ᠎ᠡ᠎ᠳᠦ᠂ ᠰᠠᠯᠬᠢ ᠨᠡᠪᠲᠡᠷᠡᠭᠦᠯᠬᠦ ᠮᠠᠰᠢᠨ᠎ᠢᠶᠠᠷ ᠬᠣᠯᠪᠣᠯᠳᠤᠭᠤᠯᠤᠨ ᠪᠢᠲᠡᠭᠦᠮᠵᠢᠯᠡᠬᠦ ᠵᠡᠷᠭᠡ ᠰᠠᠯᠬᠢ ᠨᠡᠪᠲᠡᠷᠡᠭᠦᠯᠬᠦ ᠠᠷᠭ᠎ᠠ ᠬᠡᠮᠵᠢᠶ᠎ᠡ ᠠᠪᠬᠤ ᠴᠢᠬᠤᠯᠠᠲᠠᠢ᠂ ᠬᠠᠷᠢᠨ 《ᠴᠣᠩᠬᠣ᠌᠎ᠪᠠᠨ ᠢᠮᠠᠭᠲᠠ ᠨᠡᠭᠡᠭᠡᠬᠦ》 ᠶᠠᠪᠤᠳᠠᠯ ᠪᠢᠰᠢ᠂ ᠡᠢᠮᠦ᠎ᠡᠴᠡ ᠬᠠᠤᠯᠢ ᠬᠡᠷᠡᠭᠵᠢᠭᠦᠯᠬᠦ ᠠᠵᠢᠯᠲᠠᠨ ᠲᠤᠬᠠᠢ᠎ᠶᠢᠨ ᠲᠠᠯᠠᠪᠤᠷ᠎ᠤᠨ ᠪᠣᠳᠠᠲᠤ ᠪᠠᠢᠳᠠᠯ᠎ᠢᠶᠠᠨ ᠦᠨᠳᠦᠰᠦᠯᠡᠨ ᠰᠤᠳᠤᠯᠤᠨ ᠮᠠᠭᠠᠳᠯᠠᠵᠤ᠂ ᠠᠵᠤ ᠠᠬᠤᠢᠯᠠᠯ᠎ᠤᠨ ᠦᠢᠯᠡᠳᠪᠦᠷᠢᠯᠡᠯ ᠡᠵᠡᠩᠨᠡᠯᠲᠡ᠎ᠳᠦ ᠭᠦᠢᠴᠡᠳ ᠣᠷᠣᠨ ᠵᠠᠢ ᠦᠯᠡᠳᠡᠭᠡᠵᠦ ᠥᠭᠬᠦ ᠬᠡᠷᠡᠭᠲᠡᠢ ᠭᠡᠪᠡ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号