ᠣᠢᠷ᠎ᠠ᠎ᠳᠤ᠂ ᠤᠯᠠᠭᠠᠨᠴᠠᠪ ᠬᠣᠲᠠ ᠶ᠋ᠢᠨ ᠴᠠᠬᠠᠷ ᠪᠠᠷᠠᠭᠤᠨ ᠭᠠᠷᠤᠨ ᠬᠣᠢᠲᠤ ᠬᠣᠱᠢᠭᠤᠨ ᠤ᠋ ᠤᠯᠠᠭᠠᠨᠬᠠᠳᠠ᠎ᠶ᠋ᠢᠨ ᠭᠠᠯᠲᠤ ᠠᠭᠤᠯᠠ᠎ᠶ᠋ᠢᠨ ᠬᠠᠷᠠᠩᠭᠤᠶ ᠰᠦᠨᠢ ᠵᠢᠨ ᠪᠠᠢᠭᠠᠯᠢ ᠵᠢᠨ ᠤᠷᠴᠢᠨ ᠲᠤᠭᠤᠷᠢᠨ᠎ᠤ ᠬᠠᠮᠠᠭᠠᠯᠠᠯᠲᠠ᠎ᠶ᠋ᠢᠨ ᠣᠷᠣᠨ ᠵᠢᠩᠬᠢᠨᠢ᠎ᠪᠡᠷ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠵᠥᠪᠱᠢᠶᠡᠷᠡᠯ᠎ᠢᠶᠡᠷ ᠪᠠᠢᠭᠤᠯᠤᠭ᠍ᠳᠠᠪᠠ᠃ ᠡᠨᠡ ᠨᠢ ᠮᠠᠨ ᠤ ᠤᠯᠤᠰ᠎ᠤᠨ ᠤᠮᠠᠷᠠᠲᠤ ᠣᠷᠣᠨ᠎ᠤ ᠠᠩᠬᠠᠳᠠᠭ᠍ᠴᠢ ᠭᠠᠯᠲᠤ ᠠᠭᠤᠯᠠ᠎ᠶ᠋ᠢᠨ ᠭᠠᠵᠠᠷ ᠱᠢᠨᠵᠢᠯᠡᠭᠡᠨ ᠦ ᠦᠵᠡᠮᠵᠢᠳᠦ ᠲᠦᠱᠢᠭ᠌ᠯᠡᠨ ᠪᠠᠢᠭᠤᠯᠤᠭ᠍ᠰᠠᠨ ᠬᠠᠷᠠᠩᠭᠤᠶ ᠰᠦᠨᠢ ᠵᠢᠨ ᠣᠳᠣᠨ ᠣᠭ᠍ᠲᠠᠷᠭᠤᠶ᠎ᠶ᠋ᠢᠨ ᠬᠠᠮᠠᠭᠠᠯᠠᠯᠲᠠ᠎ᠶ᠋ᠢᠨ ᠰᠠᠭᠤᠷᠢᠨ ᠵᠢᠩᠬᠢᠨᠢ᠎ᠪᠡᠷ ᠪᠠᠢᠭᠤᠯᠤᠭ᠍ᠳᠠᠭ᠍ᠰᠠᠨ᠎ᠢ ᠬᠠᠷᠠᠭᠤᠯᠵᠤ ᠪᠠᠢᠬᠤ ᠪᠥᠭᠡᠳ ᠪᠡᠭᠡᠵᠢᠩ ᠲᠢᠶᠠᠨᠵᠢᠨ ᠾᠸᠪᠸᠢ ᠵᠢᠴᠢ ᠡᠷᠬᠢᠨ ᠲᠣᠭᠣᠷᠢᠨ᠎ᠤ ᠭᠠᠵᠠᠷ ᠣᠷᠣᠨ᠎ᠤ ᠣᠳᠣᠨ ᠣᠷᠣᠨ ᠤ ᠳᠤᠷ᠎ᠠ ᠪᠠᠬᠠᠲᠠᠳ᠂ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ ᠰᠤᠷᠭᠠᠨ ᠬᠥᠮᠦᠵᠢᠯ ᠦᠨ ᠪᠠᠢᠭᠤᠯᠤᠮᠵᠢ᠎ᠳᠤ 《ᠬᠡᠷᠡᠯ ᠦᠨ ᠪᠣᠬᠢᠷᠲᠤᠯ ᠤ᠋ᠨ ᠲᠦᠪᠰᠢᠨ ᠲᠤᠤᠷ᠎ᠠ᠂ ᠲᠤᠳᠤ ᠬᠠᠷᠠᠭᠳᠠᠬᠤ 》 ᠲᠤᠰᠭᠠᠶ ᠮᠡᠷᠭᠡᠵᠢᠯ ᠤ᠋ᠨ ᠣᠳᠣᠨ ᠣᠷᠣᠨ ᠢ᠋ ᠠᠵᠢᠭᠯᠠᠬᠤ ᠱᠢᠨ᠎ᠡ ᠭᠠᠵᠠᠷ ᠬᠠᠩᠭᠠᠭ᠍ᠰᠠᠨᠢ ᠬᠠᠷᠠᠭᠤᠯᠵᠤ ᠪᠤᠢ᠃
ᠲᠣᠰ ᠬᠠᠮᠠᠭᠠᠯᠠᠯᠲᠠ᠎ᠶ᠋ᠢᠨ ᠣᠷᠣᠨ ᠨᠢ ᠤᠯᠠᠭᠠᠨᠬᠠᠳᠠ ᠭᠠᠯᠲᠤ ᠠᠭᠤᠯᠠ᠎ᠶ᠋ᠢᠨ ᠰᠦᠷᠦᠭᠵᠢᠯ᠎ᠡᠴᠡ ᠪᠠᠷᠠᠭᠤᠨ ᠬᠣᠢᠰᠢ 10 ᠺᠢᠯᠣᠮᠧᠲ᠋ᠷ ᠵᠠᠢᠲᠠᠶ ᠭᠠᠵᠠᠷ᠎ᠲᠤ ᠪᠠᠢᠷᠢᠯᠠᠵᠤ᠂ ᠲᠡᠯᠡᠶ᠎ᠶ᠋ᠢᠨ ᠲᠦᠪᠱᠢᠨ᠎ᠡᠴᠡ ᠪᠠᠷᠤᠭ 1500 ᠮᠧᠲ᠋ᠷ ᠡᠷᠭᠦᠭ᠌ᠳᠡᠵᠦ᠍᠂ ᠵᠢᠯ᠎ᠦᠨ ᠳᠤᠮᠳᠠᠴᠢ ᠲᠤᠩᠭᠠᠯᠠᠭ ᠡᠳᠤᠷ ᠨᠢ 200 ᠡᠳᠦᠷ᠎ᠢ ᠳᠠᠪᠠᠪᠠ᠃ ᠪᠡᠭᠡᠵᠢᠩ᠎ᠡᠴᠡ ᠬᠠᠮᠤᠭ᠎ᠤᠨ ᠣᠢᠷᠠᠬᠠᠨ ᠬᠠᠷᠠᠩᠭᠤᠶ ᠰᠥᠨᠢ᠎ᠶ᠋ᠢᠨ ᠤᠳᠤᠨ ᠤᠷᠤᠨ ᠤ᠋ ᠠᠵᠢᠭ᠍ᠯᠠᠯᠲᠠ᠎ᠶ᠋ᠢᠨ ᠣᠷᠣᠨ ᠪᠣᠯᠤᠭ᠍ᠰᠠᠨ᠎ᠤ ᠬᠤᠪᠢ᠎ᠳᠤ ᠡᠨᠳᠡ ᠬᠡᠷᠡᠯ᠎ᠦᠨ ᠪᠣᠬᠢᠷᠲᠤᠯ ᠤᠨ ᠲᠦᠪᠱᠢᠨ ᠲᠤᠢᠯ᠎ᠤᠨ ᠳᠤᠤᠷ᠎ᠠ ᠪᠠᠢᠬᠤ᠎ᠪᠠᠷ ᠪᠠᠷᠠᠬᠤ ᠥᠬᠡᠶ᠂ ᠨᠠᠩ ᠴᠤ᠌ ᠬᠠᠯᠬᠠᠪᠴᠢ ᠥᠬᠡᠶ ᠠᠵᠢᠭ᠍ᠯᠠᠬᠤ ᠬᠠᠷᠠᠭ᠎ᠠ᠎ᠲᠠᠶ ᠪᠠᠢᠳᠠᠭ᠃ ᠭᠠᠯᠲᠤ ᠠᠭᠤᠯᠠ᠎ᠶ᠋ᠢᠨ ᠭᠠᠵᠠᠷ ᠤᠨ ᠭᠠᠳᠠᠷᠭᠤ ᠬᠢᠭᠡᠳ ᠬᠡᠷᠡᠯ ᠰᠠᠴᠤᠷᠠᠭᠰᠠᠨ ᠣᠳᠣᠨ ᠣᠭ᠍ᠲᠠᠷᠭᠤᠶ ᠡᠨᠳᠡ ᠰᠣᠯᠪᠢᠴᠠᠨ ᠭᠡᠷᠡᠯᠲᠦᠵᠦ᠍᠂ ᠲᠡᠭᠦᠨ᠎ᠢ ᠣᠳᠣᠨ ᠣᠷᠣᠨ᠎ᠤ ᠠᠵᠢᠭ᠍ᠯᠠᠯᠲᠠ᠂ ᠣᠳᠣᠨ ᠣᠭ᠍ᠲᠠᠷᠭᠤᠶ᠎ᠶ᠋ᠢᠨ ᠬᠡᠷᠡᠯ ᠵᠢᠷᠤᠭ ᠬᠢᠭᠡᠳ ᠪᠠᠢᠭᠠᠯᠢ᠎ᠶ᠋ᠢᠨ ᠰᠤᠷᠭᠠᠨ ᠬᠥᠮᠦᠵᠢᠯ᠎ᠢ ᠥᠷᠨᠢᠭᠦᠯᠬᠦ᠌ ᠱᠢᠯᠢᠳᠡᠭ ᠲᠠᠯᠠᠪᠤᠷ ᠪᠣᠯᠭᠠᠪᠠ᠃
ᠣᠢᠯᠠᠭᠠᠭ᠍ᠰᠠᠨ᠎ᠢᠶᠠᠷ᠂ ᠤᠯᠠᠭᠠᠨᠬᠠᠳᠠ᠎ᠶ᠋ᠢᠨ ᠭᠠᠯᠲᠤ ᠠᠭᠤᠯᠠ᠎ᠶ᠋ᠢᠨ ᠬᠠᠷᠠᠩᠭᠤᠶ ᠰᠦᠨᠢ ᠵᠢᠨ ᠪᠠᠢᠭᠠᠯᠢ ᠵᠢᠨ ᠤᠷᠴᠢᠨ ᠲᠤᠭᠤᠷᠢᠨ᠎ᠤ ᠬᠠᠮᠠᠭᠠᠯᠠᠯᠲᠠ᠎ᠶ᠋ᠢᠨ ᠣᠷᠣᠨ᠎ᠢ ᠭᠤᠶᠤᠴᠢᠯᠠᠨ ᠮᠡᠳᠡᠭᠦᠯᠬᠦ᠌ ᠪᠠ ᠪᠥᠲᠥᠭᠡᠨ ᠪᠠᠢᠭᠤᠯᠬᠤ ᠠᠵᠢᠯ᠎ᠢ 7 ᠵᠢᠯ᠎ᠤᠨ ᠴᠠᠭ ᠵᠠᠷᠤᠴᠠᠭᠤᠯᠤᠨ ᠨᠠᠷᠢᠨ ᠨᠢᠮᠪᠠᠶ ᠪᠡᠯᠡᠳᠭᠡᠨ ᠲᠦᠯᠬᠢᠨ ᠠᠬᠢᠭᠤᠯᠵᠠᠢ᠃ ᠲᠥᠷᠥᠯ ᠵᠦᠶ᠋ᠯ ᠢ 《ᠰᠢᠡᠭ ᠾᠸ ᠲᠥᠯᠥᠪᠯᠡᠭᠡ᠎ᠶ᠋ᠢᠨ ᠣᠳᠣᠨ ᠣᠷᠣᠨ ᠤ᠋ ᠠᠵᠢᠭᠯᠠᠯᠲᠠ ᠵᠢᠨ ᠬᠤᠸᠠᠷᠠᠨ 》 ᠡᠴᠡ ᠭᠤᠤᠯᠯᠠᠨ ᠠᠬᠢᠭᠤᠯᠵᠤ᠂ ᠪᠦᠯᠬᠦᠮ ᠨᠢ ᠣᠷᠣᠨ ᠪᠦᠰᠡ᠎ᠶ᠋ᠢᠨ ᠬᠡᠷᠡᠯ᠎ᠦᠨ ᠣᠷᠴᠢᠨ ᠲᠣᠭᠣᠷᠢᠨ᠎ᠢ ᠬᠠᠮᠢᠶᠠᠷᠤᠨ ᠡᠵᠡᠮᠳᠡᠬᠦ᠌᠂ ᠠᠮᠢ ᠠᠬᠤᠶ ᠶ᠋ᠢ ᠬᠠᠮᠠᠭᠠᠯᠠᠨ ᠰᠡᠷᠭᠦᠭᠡᠬᠦ᠌ ᠵᠢᠴᠢ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ ᠱᠢᠰᠲ᠋ᠧᠢ ᠪᠠᠢᠭᠤᠯᠬᠤ ᠪᠥᠬᠥ᠌ ᠶᠠᠪᠤᠴᠠ᠎ᠳᠤ ᠣᠷᠣᠯᠴᠠᠪᠠ᠃ ᠡᠳᠦᠭᠡ ᠲᠣᠰ ᠬᠤᠸᠠᠷᠠᠨ ᠨᠢ ᠨᠢᠭᠡᠨᠲᠡ ᠲᠣᠰ ᠬᠠᠮᠠᠭᠠᠯᠠᠯᠲᠠ᠎ᠶ᠋ᠢᠨ ᠣᠷᠣᠨ᠎ᠤ ᠲᠤᠰᠭᠠᠶ ᠮᠡᠷᠭᠡᠵᠢᠯ᠎ᠦᠨ ᠠᠵᠢᠭ᠍ᠯᠠᠯᠲᠠ᠂ ᠱᠢᠨᠵᠢᠯᠡᠬᠦ᠌ ᠤᠬᠠᠭᠠᠨ ᠢ ᠲᠦᠭᠡᠮᠡᠯᠵᠢᠭᠦᠯᠬᠦ᠌ ᠡᠵᠡᠩᠨᠡᠯᠲᠡ᠂ ᠰᠤᠳᠤᠯᠤᠨ ᠰᠤᠷᠤᠯᠴᠠᠬᠤ ᠦᠶ᠋ᠯᠡᠴᠢᠯᠡᠭᠡ᠎ᠶ᠋ᠢ ᠨᠢᠭᠡ ᠴᠣᠭ᠍ᠴᠠᠵᠢᠭᠤᠯᠤᠭ᠍ᠰᠠᠨ ᠭᠤᠤᠯ ᠡᠵᠡᠩᠨᠡᠯᠲᠡ᠎ᠶ᠋ᠢᠨ ᠠᠴᠢᠶᠠᠯᠠᠪᠤᠷᠢ ᠪᠣᠯᠵᠠᠶ᠃
ᠤᠯᠠᠭᠠᠨᠬᠠᠳᠠ᠎ᠶ᠋ᠢᠨ ᠭᠠᠯᠲᠤ ᠠᠭᠤᠯᠠ᠎ᠶ᠋ᠢᠨ ᠬᠠᠷᠠᠩᠭᠤᠶ ᠰᠦᠨᠢ ᠵᠢᠨ ᠪᠠᠢᠭᠠᠯᠢ ᠵᠢᠨ ᠤᠷᠴᠢᠨ ᠲᠤᠭᠤᠷᠢᠨ᠎ᠤ ᠬᠠᠮᠠᠭᠠᠯᠠᠯᠲᠠ᠎ᠶ᠋ᠢᠨ ᠣᠷᠣᠨ᠎ᠢ ᠪᠠᠢᠭᠤᠯᠬᠤ ᠳ᠋ᠤ ᠤᠯᠠᠨ ᠤᠯᠤᠰ ᠤ᠋ᠨ ᠬᠠᠷᠠᠡᠭᠭᠤᠢ ᠰᠦᠨᠢ ᠵᠢᠨ ᠬᠠᠮᠠᠭᠠᠯᠠᠯᠲᠠ ᠵᠢᠨ ᠬᠦᠳᠡᠯᠭᠡᠭᠡᠨ ᠢ᠋ ᠢᠳᠡᠪᠬᠢᠲᠠᠢ ᠴᠤᠤᠷᠢᠶᠠᠳᠤᠨ ᠲᠠᠭᠠᠭᠰᠠᠨ ᠪᠦᠭᠡᠳ ᠲᠡᠭᠦᠨ ᠳ᠋ᠤ ᠠᠭᠤᠰᠤᠯᠴᠠᠪᠠ᠃ ᠲᠡᠷᠡ ᠨᠢ ᠮᠠᠨ᠎ᠤ ᠤᠯᠤᠰ᠎ᠤᠨ ᠠᠩᠬᠠᠳᠠᠭ᠍ᠴᠢ 《ᠤᠯᠠᠨ ᠤᠯᠤᠰ ᠤ᠋ᠨ ᠬᠠᠷᠠᠩᠭᠤᠶ ᠰᠦᠨᠢ ᠵᠢᠨ ᠨᠡᠢᠭᠡᠮ ᠲᠣᠭᠣᠷᠢᠭ》 ᠪᠤᠯᠬᠤ ᠱᠧᠨᠵᠧᠨ ᠰᠢ ᠶᠦᠩ ᠣᠯᠠᠨ ᠤᠯᠤᠰ᠎ᠤᠨ ᠬᠠᠷᠠᠩᠭᠤᠶ ᠰᠥᠨᠢ ᠵᠢᠨ ᠨᠡᠢᠭᠡᠮ ᠲᠣᠭᠣᠷᠢᠭ ᠲᠡᠶ ᠬᠠᠮᠲᠤ᠎ᠪᠠᠷ 《ᠡᠮᠦᠨ᠎ᠠ ᠤᠮᠠᠷ᠎ᠠ ᠵᠢ ᠬᠤᠯᠪᠤᠭᠰᠠᠨ᠂ ᠣᠨᠴᠠᠯᠢᠭ ᠨᠢ ᠬᠠᠷᠢᠯᠴᠠᠨ ᠨᠥᠬᠥᠪᠥᠷᠢᠯᠡᠭ᠌ᠰᠡᠨ 》 ᠣᠳᠣᠨ ᠣᠭ᠍ᠲᠠᠷᠭᠤᠶ᠎ᠶ᠋ᠢᠨ ᠬᠠᠮᠠᠭᠠᠯᠠᠯᠲᠠ᠎ᠶ᠋ᠢᠨ ᠲᠤᠤᠷ᠎ᠢ ᠪᠠᠢᠭᠤᠯᠪᠠ᠃
ᠢᠷᠡᠭᠡᠳᠦᠶ᠎ᠳᠦ ᠤᠯᠠᠭᠠᠨᠬᠠᠳᠠ᠎ᠶ᠋ᠢᠨ ᠭᠠᠯᠲᠤ ᠠᠭᠤᠯᠠ᠎ᠶ᠋ᠢᠨ ᠬᠠᠷᠠᠩᠭᠤᠶ ᠰᠦᠨᠢ ᠵᠢᠨ ᠪᠠᠢᠭᠠᠯᠢ ᠵᠢᠨ ᠤᠷᠴᠢᠨ ᠲᠤᠭᠤᠷᠢᠨ ᠤ ᠬᠠᠮᠠᠭᠠᠯᠠᠯᠲᠠ᠎ᠶ᠋ᠢᠨ ᠣᠷᠣᠨ ᠨᠢ 《ᠭᠠᠵᠠᠷ ᠱᠢᠨᠵᠢᠯᠡᠭᠡᠨ ᠦ ᠭᠠᠢᠬᠠᠮᠱᠢᠭ᠍ᠲᠤ ᠦᠵᠡᠭ᠌ᠳᠡᠯ + ᠬᠠᠷᠠᠩᠭᠤᠶ ᠰᠦᠨᠢ ᠵᠢᠨ ᠣᠳᠣᠨ ᠣᠭ᠍ᠲᠠᠷᠭᠤᠶ》 ᠵᠢᠨ ᠬᠤᠤᠰ IP ᠵᠢᠨ ᠳᠠᠪᠠᠭᠤᠯᠢᠭ ᠵᠢᠨᠨ ᠰᠠᠢᠳᠤᠷ ᠠᠰᠢᠭᠯᠠᠵᠤ᠂ 《ᠡᠳᠦᠷ ᠭᠠᠯᠲᠤ ᠠᠭᠤᠯᠠ᠎ᠶ᠋ᠢᠨ ᠱᠢᠨᠵᠢᠯᠡᠬᠦ᠌ ᠤᠬᠠᠭᠠᠨ ᠤ ᠪᠠᠢᠴᠠᠭᠠᠯᠲᠠ ᠬᠢᠬᠦ᠌᠂ ᠰᠥᠨᠢ ᠣᠳᠣᠨ ᠣᠭ᠍ᠲᠠᠷᠭᠤᠶ᠎ᠶ᠋ᠢᠨ ᠠᠵᠢᠭ᠍ᠯᠠᠯᠲᠠ ᠬᠢᠬᠦ᠌ 》 ᠨᠡᠢᠯᠡᠮᠡᠯ ᠬᠡᠯᠪᠡᠷᠢ ᠶ᠋ᠢᠨ ᠪᠡᠶᠡᠴᠢᠯᠡᠨ ᠣᠢᠯᠠᠭᠠᠬᠤ ᠦᠶ᠋ᠯᠡᠳᠬᠦᠨ᠎ᠢ ᠪᠣᠶ ᠪᠣᠯᠭᠠᠬᠤ ᠪᠡᠷ ᠪᠤᠢ᠃