ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠶ᠋ᠢᠨ ᠨᠢᠭᠡᠳᠦᠭᠡᠷ ᠪᠠᠢᠴᠠᠭᠠᠯᠳᠠ ᠶ᠋ᠢᠨ ᠬᠤᠪᠢᠶᠠᠷᠢ ᠲᠤᠪᠴᠢᠶ᠎ᠠ ᠤᠢᠷ᠎ᠠ ᠳ᠋ᠤ 《ᠪᠤᠯᠵᠤᠭᠰᠠᠨ ᠪᠠᠢᠴᠠᠭᠠᠯᠳᠠ》 ᠶ᠋ᠢᠨ ᠦᠢᠯᠡᠴᠢᠯᠡᠭᠡ ᠭᠠᠷᠭᠠᠬᠤ ᠶ᠋ᠢᠨ ᠬᠠᠮᠳᠤ ᠪᠦᠬᠦ ᠤᠷᠤᠨ ᠤ᠋ ᠡᠮ ᠤ᠋ᠨ ᠵᠦᠢᠯᠡᠰ ᠢ᠋ ᠪᠦᠭᠡᠮ ᠶ᠋ᠢᠡᠷ ᠪᠤᠷᠤᠯᠠᠭᠤᠯᠬᠤ ᠠᠵᠤ ᠠᠬᠤᠢᠯᠠᠯ ᠤ᠋ᠨ ᠠᠩᠬᠠᠳᠠᠭᠴᠢ 《ᠪᠤᠯᠵᠤᠭᠰᠠᠨ ᠪᠠᠢᠴᠠᠭᠠᠯᠳᠠ ᠶ᠋ᠢᠨ ᠦᠢᠯᠡᠴᠢᠯᠡᠭᠡᠨ ᠤ᠋ ᠮᠡᠳᠡᠭᠦᠯᠦᠯᠳᠡ》 ᠶ᠋ᠢ ᠭᠠᠷᠭᠠᠪᠠ᠃
ᠤᠢᠯᠠᠭᠠᠭᠰᠠᠨ ᠶ᠋ᠢᠡᠷ᠂ ᠡᠨᠡ ᠬᠦ᠌ 《ᠪᠤᠯᠵᠤᠭᠰᠠᠨ ᠪᠠᠢᠴᠠᠭᠠᠯᠳᠠ》 ᠶ᠋ᠢᠨ ᠦᠢᠯᠡᠴᠢᠯᠡᠭᠡ ᠨᠢ 《ᠠᠵᠤ ᠠᠬᠤᠢᠯᠠᠯ ᠡᠴᠡ ᠪᠤᠯᠵᠤᠭ᠎ᠠ ᠳᠡᠪᠰᠢᠭᠦᠯᠬᠦ — ᠳᠤᠬᠠᠢ ᠶ᠋ᠢᠨ ᠲᠠᠯᠠᠪᠤᠷ ᠤ᠋ᠨ ᠪᠠᠢᠴᠠᠭᠠᠯᠳᠠ ᠬᠢᠬᠦ — ᠳᠤᠭᠳᠠᠭᠠᠯ ᠳ᠋ᠤ ᠨᠡᠢᠴᠡᠬᠦ ᠵᠢᠯᠤᠭᠤᠳᠤᠮᠵᠢ ᠬᠠᠩᠭᠠᠬᠤ — ᠴᠡᠭᠴᠡᠯᠡᠨ ᠵᠠᠰᠠᠵᠤ ᠰᠠᠢᠵᠢᠷᠠᠭᠤᠯᠬᠤ》 ᠪᠢᠳᠡᠭᠦᠦ ᠬᠡᠯᠬᠢᠶᠡᠳᠦ ᠵᠠᠭᠪᠤᠷ ᠶ᠋ᠢᠡᠷ ᠶᠠᠪᠤᠭᠳᠠᠵᠤ᠂ ᠪᠠᠢᠴᠠᠭᠠᠯᠳᠠ ᠶ᠋ᠢᠨ ᠬᠤᠪᠢᠶᠠᠷᠢ ᠲᠤᠪᠴᠢᠶ᠎ᠠ ᠶ᠋ᠢᠨ ᠬᠠᠷᠢᠶ᠎ᠠ ᠭᠠᠵᠠᠷ ᠤ᠋ᠨ ᠠᠵᠤ ᠠᠬᠤᠢᠯᠠᠯ ᠤ᠋ᠨ ᠬᠢᠨ ᠰᠠᠨᠠᠭᠠᠴᠢᠯᠠᠭ᠎ᠠ ᠡᠴᠡ ᠪᠡᠨ ᠬᠢᠨᠠᠯᠳᠠ ᠬᠠᠮᠢᠶᠠᠷᠤᠯᠳᠠ ᠶ᠋ᠢᠨ ᠰᠠᠯᠠᠭ᠎ᠠ ᠮᠦᠴᠢᠷ ᠲᠠᠢ ᠪᠤᠯᠵᠤᠵᠤ᠂ ᠦᠢᠯᠡᠳᠪᠤᠷᠢᠯᠡᠯ ᠤ᠋ᠨ ᠤᠷ᠎ᠠ ᠮᠡᠷᠭᠡᠰᠢᠯ᠂ ᠵᠠᠩᠬᠢᠯᠠᠭ᠎ᠠ ᠶ᠋ᠢᠨ ᠶᠠᠪᠤᠴᠠ᠂ ᠶᠠᠰᠤ ᠴᠢᠨᠠᠷ ᠤ᠋ᠨ ᠬᠠᠮᠢᠶᠠᠷᠤᠯᠳᠠ ᠶ᠋ᠢᠨ ᠰᠢᠰᠲ᠋ᠧᠮ ᠤ᠋ᠨ ᠤᠷᠴᠢᠯ ᠵᠡᠷᠭᠡ ᠵᠠᠩᠬᠢᠯᠠᠭ᠎ᠠ ᠶ᠋ᠢᠨ ᠭᠤᠭᠴᠤᠭ᠎ᠠ ᠳ᠋ᠤ ᠵᠠᠬᠢᠶᠠᠯᠠᠭ᠎ᠠ ᠶ᠋ᠢᠨ ᠬᠡᠯᠪᠡᠷᠢ ᠶ᠋ᠢᠨ ᠲᠤᠬᠠᠢ ᠶ᠋ᠢᠨ ᠲᠠᠯᠠᠪᠤᠷ ᠤ᠋ᠨ ᠪᠠᠢᠴᠠᠭᠠᠯᠳᠠ ᠶ᠋ᠢᠨ ᠦᠢᠯᠡᠴᠢᠯᠡᠭᠡ ᠬᠢᠯᠭᠡᠵᠦ ᠪᠤᠯᠤᠨ᠎ᠠ᠃ ᠬᠢᠨᠠᠯᠳᠠ ᠬᠠᠮᠢᠶᠠᠷᠤᠯᠳᠠ ᠶ᠋ᠢᠨ ᠰᠠᠯᠠᠭ᠎ᠠ ᠮᠦᠴᠢᠷ ᠤ᠋ᠨ ᠬᠢᠨ ᠠᠵᠤ ᠠᠬᠤᠢᠯᠠᠯ ᠤ᠋ᠨ《ᠵᠠᠬᠢᠶᠠᠯᠠᠭ᠎ᠠ》 ᠶ᠋ᠢ ᠦᠨᠳᠦᠰᠦᠯᠡᠨ᠂ ᠲᠤᠰᠬᠠᠢ ᠮᠡᠷᠭᠡᠵᠢᠯ ᠤ᠋ᠨ ᠠᠵᠢᠯᠳᠠᠨ ᠶ᠋ᠢᠡᠨ ᠲᠤᠮᠢᠯᠠᠨ ᠨᠠᠷᠢᠨ ᠤᠨᠤᠴᠠᠳᠠᠢ ᠵᠢᠭᠰᠠᠭᠠᠨ ᠪᠠᠢᠴᠠᠭᠠᠬᠤ ᠠᠵᠢᠯᠯᠠᠭ᠎ᠠ ᠦᠷᠨᠢᠭᠦᠯᠬᠦ ᠪᠡᠷ ᠳᠠᠮᠵᠢᠨ《ᠪᠤᠯᠵᠤᠭᠰᠠᠨ ᠪᠠᠢᠴᠠᠭᠠᠯᠳᠠ ᠶ᠋ᠢᠨ ᠦᠢᠯᠡᠴᠢᠯᠡᠭᠡᠨ ᠤ᠋ ᠮᠡᠳᠡᠭᠦᠯᠦᠯᠳᠡ》 ᠭᠠᠷᠭᠠᠨ ᠦᠭᠴᠦ ᠪᠤᠢ ᠃ ᠡᠬᠦᠨ ᠤ᠋ ᠬᠠᠮᠳᠤ ᠮᠡᠳᠡᠭᠦᠯᠦᠯᠳᠡ ᠳ᠋ᠤᠨᠢ ᠪᠠᠢᠴᠠᠭᠠᠯᠳᠠ ᠳ᠋ᠤ ᠢᠯᠡᠷᠡᠭᠦᠯᠦᠭᠰᠡᠨ ᠠᠶᠤᠯ ᠲᠦᠭᠰᠢᠭᠦᠷᠢ ᠭᠡᠮ ᠰᠤᠭᠤᠭ ᠢ᠋ ᠨᠢᠭᠡᠳ ᠨᠢᠭᠡ ᠪᠡᠷ ᠲᠤᠳᠤᠷᠬᠠᠢᠯᠠᠵᠤ᠂ ᠪᠤᠳᠠᠳᠠᠢ ᠴᠡᠭᠴᠡᠯᠡᠨ ᠵᠠᠰᠠᠬᠤ ᠰᠠᠨᠠᠭᠤᠯᠭ᠎ᠠ ᠳᠤᠷᠠᠳᠬᠤ ᠶ᠋ᠢᠨ ᠬᠠᠮᠳᠤ ᠬᠠᠮᠢᠶ᠎ᠠ ᠪᠦᠬᠦᠢ ᠵᠢᠱ᠌ᠢᠶᠠ ᠶ᠋ᠢ ᠳᠠᠭᠠᠯᠳᠤᠭᠤᠯᠤᠨ ᠠᠵᠤ ᠠᠬᠤᠢᠯᠠᠯ ᠤ᠋ᠨ ᠰᠢᠰᠲᠧᠮ ᠲᠠᠢ ᠦᠭᠡᠷᠡᠴᠢᠯᠡᠯᠳᠡ ᠬᠢᠬᠦ ᠳ᠋ᠤ ᠵᠢᠯᠤᠭᠤᠳᠤᠮᠵᠢ ᠬᠠᠩᠭᠠᠵᠤ ᠪᠠᠢᠨ᠎ᠠ᠃
ᠤᠳᠤᠬᠠᠨ ᠪᠤᠯᠳᠠᠯ᠎ᠠ ᠡᠮ ᠤ᠋ᠨ ᠵᠦᠢᠯᠡᠰ ᠡᠵᠡᠩᠨᠡᠬᠦ 30 ᠭᠠᠷᠤᠢ ᠠᠵᠤ ᠠᠬᠤᠢᠯᠠᠯ ᠡᠨᠡ ᠬᠦ᠌ ᠪᠤᠯᠵᠤᠭᠰᠠᠨ ᠪᠠᠢᠴᠠᠭᠠᠯᠳᠠ ᠶ᠋ᠢᠨ ᠦᠢᠯᠡᠴᠢᠯᠡᠭᠡ ᠶ᠋ᠢ ᠬᠦᠷᠳᠡᠬᠦ ᠪᠡᠷ ᠡᠷᠡᠮᠡᠯᠵᠡᠵᠦ᠂ 6 ᠠᠵᠤ ᠠᠬᠤᠢᠯᠠᠯ ᠤ᠋ᠨ ᠪᠤᠯᠵᠤᠭᠰᠠᠨ ᠪᠠᠢᠴᠠᠭᠠᠯᠳᠠ ᠶ᠋ᠢ ᠨᠢᠭᠡᠨᠳᠡ ᠪᠡᠶᠡᠯᠡᠭᠦᠯᠪᠡ᠃ ᠤᠢᠯᠠᠭᠠᠭᠰᠠᠨ ᠵᠢᠡᠷ᠂ ᠪᠠᠢᠴᠠᠭᠠᠯᠳᠠ ᠳ᠋ᠤ ᠢᠯᠡᠷᠡᠭᠦᠯᠦᠭᠰᠡᠨ ᠬᠠᠤᠯᠢ ᠶ᠋ᠢ ᠬᠦᠩᠬᠡᠪᠳᠦᠷ ᠵᠦᠷᠢᠴᠡᠭᠰᠡᠨ ᠠᠵᠢᠯᠯᠠᠭ᠎ᠠ ᠪᠤᠶᠤ ᠲᠦᠷᠦᠭᠦᠦ ᠤᠳᠠᠭ᠎ᠠ ᠬᠠᠤᠯᠢ ᠶ᠋ᠢ ᠵᠦᠷᠢᠴᠡᠵᠦ ᠪᠠᠢᠭ᠎ᠠ ᠪᠦᠭᠡᠳ ᠬᠤᠤᠷ ᠬᠦᠨᠦᠭᠡᠯ ᠨᠢ ᠬᠦᠩᠭᠡᠪᠳᠦᠷ ᠠᠵᠢᠯᠯᠠᠭ᠎ᠠ ᠳ᠋ᠤ ᠬᠠᠤᠯᠢ ᠶᠤᠰᠤᠭᠠᠷ ᠰᠢᠳᠭᠡᠯ ᠲᠤᠷᠭᠠᠭᠤᠯᠢ ᠡᠴᠡ ᠬᠡᠯᠳᠦᠷᠢᠭᠦᠯᠵᠦ ᠪᠤᠯᠤᠨ᠎ᠠ᠃