ᠳᠤᠮᠳᠠᠳᠤ ᠤᠯᠤᠰ᠎ᠤᠨ ᠲᠣᠭᠯᠠᠯᠲᠠ᠎ᠶᠢᠨ ᠠᠵᠢᠯ ᠲᠥᠷᠥᠯ᠎ᠦᠨ ᠨᠡᠢᠭᠡᠮᠯᠢᠭ᠎ᠦᠨ ᠪᠢᠯᠧᠲ᠎ᠦᠨ ᠶᠠᠪᠤᠳᠠᠯ᠎ᠤᠨ ᠮᠡᠳᠡᠭᠡ ᠵᠠᠩᠭᠢ ᠴᠤᠭᠯᠠᠭᠤᠯᠬᠤ ᠲᠠᠪᠴᠠᠩ᠎ᠤᠨ ᠬᠢᠨᠠᠨ ᠬᠡᠮᠵᠢᠯᠲᠡ ᠪᠠ ᠪᠠᠢᠴᠠᠭᠠᠨ ᠰᠤᠳᠤᠯᠤᠯᠲᠠ᠎ᠶᠢᠨ ᠲᠥᠰᠥᠭᠡᠯᠡᠨ ᠪᠤᠳᠤᠭᠰᠠᠨ᠎ᠢᠶᠠᠷ᠂ 2025 ᠣᠨ᠎ᠳᠤ᠂ ᠪᠥᠬᠥ ᠤᠯᠤᠰ᠎ᠤᠨ ᠲᠣᠭᠯᠠᠯᠲᠠ᠎ᠶᠢᠨ ᠵᠠᠬ᠎ᠠ ᠳᠡᠯᠭᠡᠭᠦᠷ᠎ᠦᠨ ᠶᠡᠷᠦᠩᠬᠡᠢ ᠣᠷᠣᠯᠭ᠎ᠠ 837.22 ᠳ᠋ᠦᠩᠰᠢᠭᠤᠷ ᠲᠥᠭᠥᠷᠢᠭ᠎ᠲᠦ ᠬᠦᠷᠴᠦ᠂ ᠠᠳᠠᠯᠢ ᠬᠤᠭᠤᠴᠠᠭᠠᠨ᠎ᠤ ᠬᠢ ᠡᠴᠡ 5.19% ᠪᠡᠷ ᠨᠡᠮᠡᠭᠳᠡᠪᠡ; ᠪᠥᠬᠥ ᠤᠯᠤᠰ᠎ᠤᠨ ᠡᠵᠡᠩᠨᠡᠯᠲᠡ᠎ᠶᠢᠨ ᠴᠢᠨᠠᠷᠲᠠᠢ ᠲᠣᠭᠯᠠᠯᠲᠠ (ᠵᠤᠭ᠎ᠠ ᠴᠡᠩᠭᠡᠯ᠎ᠦᠨ ᠲᠠᠯᠠᠪᠤᠷ᠎ᠤᠨ ᠲᠣᠭᠯᠠᠯᠲᠠ ᠪᠠᠭᠲᠠᠬᠤ ᠦᠭᠡᠢ) 64.04 ᠲᠦᠮᠡᠨ ᠲᠠᠯᠠᠪᠤᠷ ᠪᠠᠢᠵᠤ᠂ ᠦᠵᠡᠭᠴᠢᠳ᠎ᠦᠨ ᠲᠣᠭ᠎ᠠ 1.94 ᠳ᠋ᠦᠩᠰᠢᠭᠤᠷ ᠬᠥᠮᠥᠨ ᠤᠳᠠᠭ᠎ᠠ᠎ᠳᠤ ᠬᠦᠷᠴᠡᠢ ᠃
ᠡᠭᠦᠨ᠎ᠢ ᠳᠤᠮᠳᠠᠳᠤ ᠤᠯᠤᠰ᠎ᠤᠨ ᠲᠣᠭᠯᠠᠯᠲᠠ᠎ᠶᠢᠨ ᠠᠵᠢᠯ ᠲᠦᠷᠦᠯ᠎ᠦᠨ ᠨᠡᠢᠭᠡᠮᠯᠢᠭ᠎ᠦᠨ ᠳᠠᠷᠤᠭ᠎ᠠ ᠯᠢᠦ ᠺᠸ ᡁᠢ 4 ᠰᠠᠷ᠎ᠠ᠎ᠶᠢᠨ 21 ᠤ᠋ ᠡᠳᠦᠷ 2026 ᠳᠤᠮᠳᠠᠳᠤ ᠤᠯᠤᠰ (ᠬᠥᠬᠡᠬᠣᠲᠠ) ᠤ᠋ᠨ ᠲᠣᠭᠯᠠᠯᠲᠠ᠎ᠶᠢᠨ ᠰᠣᠯᠢᠯᠴᠠᠭᠠᠨ᠎ᠤ ᠴᠤᠭᠯᠠᠭᠠᠨ᠎ᠤ ᠭᠣᠣᠯ ᠶᠠᠷᠢᠶᠠᠨ᠎ᠤ ᠲᠠᠪᠴᠠᠩ ᠳᠡᠭᠡᠷ᠎ᠡ ᠲᠠᠨᠢᠯᠴᠠᠭᠤᠯᠵᠠᠢ᠃
2025 ᠣᠨ᠎ᠳᠤ᠂ ᠪᠦᠬᠦ ᠤᠯᠤᠰ᠎ᠤᠨ ᠲᠣᠭᠯᠠᠯᠲᠠ᠎ᠶᠢᠨ ᠵᠠᠬ᠎ᠠ ᠳᠡᠯᠭᠡᠭᠦᠷ᠎ᠲᠦ ᠥᠷᠨᠢᠩᠭᠦᠢ ᠬᠥᠭᠵᠢᠯᠲᠡ᠎ᠶᠢᠨ ᠪᠠᠢᠳᠠᠯ ᠢᠯᠡᠷᠡᠵᠦ᠂ ᠡᠯ᠎ᠡ ᠲᠦᠷᠦᠯ᠎ᠦᠨ ᠰᠢᠨ᠎ᠡ ᠡᠵᠡᠩᠨᠡᠯᠲᠡ᠎ᠶᠢᠨ ᠬᠡᠯᠪᠡᠷᠢ᠂ ᠰᠢᠨ᠎ᠡ ᠠᠬᠤᠢ ᠦᠵᠡᠭᠳᠡᠯ᠂ ᠰᠢᠨ᠎ᠡ ᠵᠠᠭᠪᠤᠷ ᠲᠦᠷᠭᠡᠨ ᠢᠯᠡᠷᠡᠵᠦ᠂ ᠠᠵᠢᠯ ᠲᠦᠷᠦᠯ᠎ᠦᠨ ᠴᠢᠨᠠᠷ ᠰᠠᠢᠲᠠᠢ ᠬᠥᠭᠵᠢᠯᠲᠡ᠎ᠶᠢᠨ ᠳᠡᠪᠢᠰᠬᠡᠷ ᠥᠩᠭᠡ ᠤᠯᠠᠮ ᠡᠴᠡ ᠤᠯᠠᠮ ᠢᠯᠡ ᠲᠣᠳᠣ᠌ ᠪᠣᠯᠪᠠ᠃
《ᠲᠣᠮᠣ᠌ ᠬᠡᠯᠪᠡᠷᠢ᠎ᠶᠢᠨ ᠲᠣᠭᠯᠠᠯᠲᠠ ᠦᠷᠭᠦᠯᠵᠢᠯᠡᠨ ᠬᠥᠭᠵᠢᠶᠡᠨᠲᠡᠢ ᠶᠠᠪᠤᠭᠳᠠᠵᠤ᠂ ᠰᠣᠶᠣᠯ ᠵᠢᠭᠤᠯᠴᠢᠯᠠᠯ᠎ᠤᠨ ᠬᠡᠷᠡᠭᠯᠡᠭᠡ᠎ᠶᠢ ᠳᠠᠢᠴᠢᠯᠠᠬᠤ ᠬᠦᠴᠦᠲᠦ ᠬᠥᠳᠡᠯᠭᠡᠭᠦᠷ ᠪᠣᠯᠪᠠ; ᠰᠢᠯᠢᠳᠡᠭ ᠵᠦᠴᠦᠭᠡ᠎ᠶᠢᠨ ᠪᠦᠲᠦᠭᠡᠯ ᠲᠠᠰᠤᠷᠠᠯᠳᠡ ᠦᠭᠡᠢ ᠴᠣᠯᠭᠣᠷᠠᠨ ᠭᠠᠷᠴᠤ᠂ ᠵᠣᠬᠢᠶᠠᠨ ᠪᠦᠲᠦᠭᠡᠬᠦ ᠠᠮᠢᠵᠢᠷᠠᠯ᠎ᠤᠨ ᠬᠦᠴᠦᠨ ᠦᠷᠭᠦᠯᠵᠢᠯᠡᠨ ᠬᠥᠭᠵᠢᠪᠡ; ᠵᠢᠵᠢᠭ ᠵᠦᠴᠦᠭᠡ᠎ᠶᠢᠨ ᠲᠠᠯᠠᠪᠠᠢ ᠪᠣᠯᠣᠨ ᠲᠣᠭᠯᠠᠯᠲᠠ᠎ᠶᠢᠨ ᠤᠷᠠᠯᠢᠭ᠋᠎ᠤᠨ ᠰᠢᠨ᠎ᠡ ᠣᠷᠣᠨ ᠵᠠᠢ ᠤᠯᠠᠮ᠎ᠢᠶᠠᠷ ᠪᠦᠯᠦᠭᠯᠡᠨ ᠬᠥᠭᠵᠢᠬᠦ ᠪᠠᠢᠳᠠᠯ᠎ᠲᠠᠢ ᠪᠣᠯᠪᠠ》᠃ ᠯᠢᠦ ᠺᠸ ᡁᠢ᠂ ᠣᠳᠣᠬᠠᠨ᠎ᠳᠤ ᠲᠣᠭᠯᠠᠯᠲᠠ᠎ᠶᠢᠨ ᠵᠠᠬ᠎ᠠ ᠳᠡᠯᠭᠡᠭᠦᠷ ᠨᠢᠭᠡᠨᠲᠡ ᠠᠭᠤᠯᠭ᠎ᠠ᠎ᠶᠢᠨ ᠬᠠᠩᠭᠠᠯᠭ᠎ᠠ ᠡᠴᠡ ᠠᠬᠤᠢ ᠦᠵᠡᠭᠳᠡᠯ᠎ᠢ ᠪᠡᠶᠡᠴᠢᠯᠡᠨ ᠤᠢᠯᠠᠭᠠᠬᠤ᠂ ᠲᠠᠩ ᠭᠠᠭᠴᠠ ᠪᠢᠯᠧᠲ᠎ᠦᠨ ᠣᠷᠣᠯᠭ᠎ᠠ ᠡᠴᠡ ᠠᠮᠢ ᠠᠬᠤᠢ᠎ᠶᠢᠨ ᠠᠵᠤ ᠠᠬᠤᠢ ᠬᠦᠷᠲᠡᠯᠡᠬᠢ ᠰᠢᠨ᠎ᠡ ᠱᠠᠲᠤᠨ᠎ᠳᠤ ᠣᠷᠣᠵᠤ᠂ 《ᠠᠭᠤᠯᠭ᠎ᠠ ᠬᠠᠮᠤᠭ᠎ᠤᠨ ᠴᠢᠬᠤᠯᠠ᠂ ᠰᠣᠶᠣᠯ ᠵᠢᠭᠤᠯᠴᠢᠯᠠᠯ ᠬᠠᠮᠲᠤ ᠣᠷᠣᠰᠢᠬᠤ᠂ ᠪᠡᠶᠡᠴᠢᠯᠡᠨ ᠤᠢᠯᠠᠭᠠᠬᠤ ᠵᠢ ᠳᠡᠭᠡᠳᠦᠯᠡᠬᠦ᠂ ᠳᠤᠭᠠᠴᠢᠯᠠᠯᠳᠠ ᠪᠡᠷ ᠡᠨ᠋ᠸᠷᠬᠢ ᠣᠯᠭᠣᠬᠤ》 ᠰᠢᠨ᠎ᠡ ᠪᠠᠢᠷᠢᠰᠢᠯ᠎ᠢ ᠪᠤᠢ ᠪᠣᠯᠭᠠᠵᠠᠢ ᠭᠡᠵᠦ ᠢᠯᠡᠳᠬᠡᠪᠡ᠃
ᠳᠤᠮᠳᠠᠳᠤ ᠤᠯᠤᠰ᠎ᠤᠨ ᠲᠣᠭᠯᠠᠯᠲᠠ᠎ᠶᠢᠨ ᠠᠵᠢᠯ ᠲᠥᠷᠥᠯ᠎ᠦᠨ ᠨᠡᠢᠭᠡᠮᠯᠢᠭ ᠡᠴᠡ ᠭᠣᠣᠯᠯᠠᠨ ᠡᠷᠭᠢᠯᠡᠭᠰᠡᠨ 2026 ᠳᠤᠮᠳᠠᠳᠤ ᠤᠯᠤᠰ (ᠬᠥᠬᠡᠬᠣᠲᠠ) ᠤ᠋ᠨ ᠲᠣᠭᠯᠠᠯᠲᠠ᠎ᠶᠢᠨ ᠰᠣᠯᠢᠯᠴᠠᠭᠠᠨ᠎ᠤ ᠴᠤᠭᠯᠠᠭᠠᠨ ᠲᠣᠰ ᠡᠳᠦᠷ ᠥᠪᠥᠷ ᠮᠣᠩᠭᠣᠯ᠎ᠤᠨ ᠬᠥᠬᠡᠬᠣᠲᠠ᠎ᠳᠤ ᠡᠬᠢᠯᠡᠪᠡ᠃ ᠲᠣᠰ ᠬᠤᠭᠤᠴᠠᠭᠠᠨ᠎ᠤ ᠰᠣᠯᠢᠯᠴᠠᠭᠠᠨ᠎ᠤ ᠴᠤᠭᠯᠠᠭᠠᠨ 3 ᠡᠳᠦᠷ ᠶᠠᠪᠤᠭᠳᠠᠵᠤ᠂ ᠶᠢᠰᠦᠳᠦᠭᠡᠷ ᠬᠤᠭᠤᠴᠠᠭᠠᠨ᠎ᠤ ᠪᠥᠬᠥ ᠤᠯᠤᠰ᠎ᠤᠨ ᠲᠢᠶᠠᠲᠷ᠎ᠤᠨ ᠶᠡᠬᠡ ᠬᠤᠷᠠᠯ᠂ ᠲᠠᠢᠰᠠᠨ᠎ᠤ ᠤᠷᠠᠯᠢᠭ᠋᠎ᠤᠨ ᠵᠣᠬᠢᠶᠠᠨ ᠪᠦᠲᠦᠭᠡᠯᠭᠡ ᠪᠠ ᠵᠠᠬ᠎ᠠ ᠳᠡᠯᠭᠡᠭᠦᠷ᠎ᠦᠨ ᠲᠤᠰᠬᠠᠢ ᠰᠡᠳᠦᠪᠲᠦ ᠶᠠᠷᠢᠯᠴᠠᠭᠠᠨ᠎ᠤ ᠲᠠᠪᠴᠠᠩ᠂ ᠠᠬᠤᠢ ᠲᠠᠯᠠᠪᠠᠶ᠎ᠶᠢᠨ ᠳᠠᠭᠤᠤ ᠬᠥᠭᠵᠢᠮ᠎ᠦᠨ ᠵᠠᠬ᠎ᠠ ᠳᠡᠯᠭᠡᠭᠦᠷ᠎ᠦᠨ ᠲᠤᠰᠬᠠᠢ ᠰᠡᠳᠦᠪᠲᠦ ᠶᠠᠷᠢᠯᠴᠠᠭᠠᠨ᠎ᠤ ᠲᠠᠪᠴᠠᠩ᠂ ᠭᠤᠷᠪᠠᠳᠤᠭᠠᠷ ᠬᠤᠭᠤᠴᠠᠭᠠᠨ᠎ᠤ ᠪᠥᠵᠢᠭ᠎ᠦᠨ ᠳᠠᠢᠰᠠᠨ ᠤ᠋ ᠤᠷᠠᠯᠢᠭ᠎ᠤᠨ ᠠᠵᠤ ᠠᠬᠤᠢᠯᠠᠯ᠎ᠤᠨ ᠶᠡᠬᠡ ᠬᠤᠷᠠᠯ ᠵᠡᠷᠭᠡ ᠰᠢᠷᠢᠰ ᠠᠵᠢᠯᠯᠠᠭ᠎ᠠ᠎ᠶᠢ ᠡᠷᠭᠢᠯᠡᠬᠦ᠎ᠪᠡᠷ ᠪᠣᠶ᠃
(ᠰᠢᠨᠬᠤᠸᠠ ᠬᠤᠷᠢᠶ᠎ᠠ᠎ᠶᠢᠨ ᠬᠥᠬᠡᠬᠣᠲᠠ᠎ᠶᠢᠨ 4 ᠰᠠᠷ᠎ᠠ᠎ᠶᠢᠨ 21 ᠤ᠋ ᠴᠠᠬᠢᠯᠭᠠᠨ ᠮᠡᠳᠡᠭᠡ)