ᠤᠷᠢᠬᠠᠨ ᠬᠠᠪᠤᠷ ᠰᠠᠭᠠᠳᠠᠬᠤᠶᠠ ᠦᠪᠦᠷ ᠮᠤᠩᠭᠤᠯ ᠤ᠋ᠨ ᠡᠯ᠎ᠡ ᠭᠠᠵᠠᠷᠤᠨ ᠬᠢᠨ ᠮᠤᠳᠤ ᠳᠠᠷᠢᠵᠤ ᠨᠤᠭᠤᠭᠠᠷᠠᠭᠤᠯᠬᠤ ᠠᠵᠢᠯᠢ ᠡᠷᠴᠢᠮᠳᠠᠢ ᠦᠷᠨᠢᠬᠦᠯᠵᠤ ᠪᠠᠢᠯ᠎ᠠ᠃ ᠤᠢᠷ᠎ᠠ ᠳ᠋ᠤ᠂ ᠲᠦᠩᠯᠢᠶᠣᠣ ᠬᠣᠲᠠ ᠵᠢᠨ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠰᠢᠷᠭᠤᠤᠯᠲᠠᠢ ᠡᠯᠡᠰᠦᠷᠭᠡᠭᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠲᠥᠷᠥᠯ ᠵᠦᠢᠯ ᠤ᠋ᠨ ᠣᠷᠣᠨ ᠳ᠋ᠤ᠌ ᠠᠵᠢᠯᠴᠢᠳ ᠬᠠᠢᠯᠠᠷ ᠨᠠᠷᠠᠰᠤ ᠵᠡᠷᠭᠡ ᠵᠢ ᠲᠠᠷᠢᠵᠤ ᠶᠠᠭᠠᠷᠠᠯᠳᠤᠨ᠎ᠠ᠃

ᠰᠢᠷᠭᠤᠤᠯᠲᠠᠢ ᠡᠯᠡᠰᠦᠷᠭᠡᠭᠵᠢᠯ ᠢ᠋ ᠰᠡᠷᠭᠡᠢᠯᠡᠨ ᠡᠯᠡᠰᠦ ᠵᠢ ᠵᠠᠰᠠᠬᠤ ᠲᠥᠷᠥᠯ ᠵᠦᠢᠯ ᠤ᠋ᠨ ᠣᠷᠣᠨ
ᠣᠢᠯᠠᠭᠠᠭᠰᠠᠨ ᠵᠢᠠᠷ᠂ ᠲᠤᠰ ᠲᠥᠷᠥᠯ ᠵᠦᠢᠯ ᠤ᠋ᠨ ᠣᠷᠣᠨ ᠤ᠋ ᠡᠯᠡᠰᠦᠷᠬᠡᠭ ᠭᠠᠵᠠᠷ ᠤ᠋ᠨ ᠲᠠᠯᠠᠪᠠᠢ 3000 ᠰᠢᠬᠠᠮ ᠮᠦ᠍ ᠪᠠᠢᠵᠤ᠂ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠬᠠᠮᠤᠭ ᠤ᠋ᠨ ᠰᠡᠭᠦᠯᠴᠢ ᠵᠢᠨ ᠵᠠᠰᠠᠨ ᠰᠠᠢᠵᠢᠷᠠᠭᠤᠯᠬᠤ ᠴᠢᠬᠤᠯᠠᠲᠠᠢ ᠨᠡᠬᠦᠳᠠᠯ᠂ ᠬᠠᠭᠠᠰ ᠨᠡᠭᠦᠳᠡᠯ ᠡᠯᠡᠰᠦᠷᠭᠡᠭ ᠭᠠᠵᠠᠷ ᠪᠤᠯᠤᠨ᠎ᠠ᠃ ᠡᠨᠡ ᠬᠦ᠌ ᠡᠯᠡᠰᠦᠷᠬᠡᠭ ᠭᠠᠵᠠᠷ ᠢ᠋ ᠵᠠᠰᠠᠨ ᠳᠠᠭᠤᠰᠬᠠᠪᠠᠯ ᠲᠤᠰ ᠬᠤᠰᠢᠭᠤᠨ ᠤ᠋ ᠬᠢᠯᠢ ᠳᠣᠲᠣᠷᠠᠬᠢ 1160 ᠲᠦᠮᠡᠨ ᠮᠦ᠍ ᠬᠣᠷᠴᠢᠨ ᠤ᠋ ᠡᠯᠡᠰᠦᠷᠬᠡᠭ ᠭᠠᠵᠠᠷ ᠤ᠋ᠨ ᠨᠡᠭᠦᠳᠡᠯ᠂ ᠬᠠᠭᠠᠰ ᠨᠡᠭᠦᠳᠡᠯ ᠡᠯᠡᠰᠦᠷᠭᠡᠭ ᠭᠠᠵᠠᠷ ᠢ᠋ ᠪᠦᠬᠦᠨ ᠢ᠋ ᠵᠠᠰᠠᠨ ᠳᠠᠭᠤᠰᠬᠠᠬᠤ ᠪᠤᠯᠤᠨ᠎ᠠ᠃ ᠡᠨᠡ ᠵᠢᠯ᠂ ᠲᠦᠩᠯᠢᠶᠣᠣ ᠬᠣᠲᠠ 400 ᠲᠦᠮᠡᠨ ᠮᠦ᠍ ᠬᠣᠷᠴᠢᠨ ᠤ᠋ ᠡᠯᠡᠰᠦᠷᠬᠡᠭ ᠭᠠᠵᠠᠷ ᠢ᠋ ᠵᠠᠰᠠᠵᠦ᠂ ᠡᠭᠦᠨ ᠳ᠋ᠦ᠍ 《ᠤᠮᠠᠷᠠᠲᠤ ᠵᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠪᠦᠳᠦᠭᠡᠨ ᠪᠠᠢᠭᠤᠯᠤᠯᠳᠠ ᠵᠢᠨ ᠡᠭᠦᠷᠭᠡ ᠨᠢ 148.57 ᠲᠦᠮᠡᠨ ᠮᠦ᠍ ᠪᠤᠯᠤᠨ᠎ᠠ᠃

ᠬᠠᠢᠯᠠᠷ ᠨᠠᠷᠠᠰᠤ ᠳᠠᠷᠢᠨ᠎ᠠ
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号