(ᠨᠡᠢ᠌ᠲᠡ 25 ᠬᠥᠮᠦᠨ᠂ ᠳᠤᠭᠤᠢᠯᠠᠩ)
ᠨᠢᠭᠡ᠂ ᠪᠤᠰᠤᠳ᠎ᠢ ᠬᠠᠪᠰᠤᠷᠬᠤ᠎ᠪᠠᠷ ᠵᠢᠷᠭᠠᠯ᠎ᠢᠶᠡᠨ ᠪᠣᠯᠭᠠᠭᠰᠠᠳ (5 ᠬᠥᠮᠦᠨ)
1. ᠪᠦᠬᠡᠪᠠᠶᠠᠷ᠄ 27 ᠵᠢᠯ᠎ᠤᠨ ᠲᠤᠷᠰᠢ ᠲᠡᠵᠢᠭᠡᠨ ᠦᠷᠡᠵᠢᠭᠦᠯᠬᠦ᠌ ᠲᠤᠷᠱᠢᠯᠭ᠎ᠠ᠎ᠶ᠋ᠢ ᠤᠯᠠᠮᠵᠢᠯᠠᠵᠤ᠂ ᠣᠯᠠᠨ ᠲᠦᠮᠡᠨ᠎ᠢ ᠳᠠᠢᠴᠢᠯᠠᠨ ᠣᠷᠣᠯᠭ᠎ᠠ᠎ᠶ᠋ᠢ ᠨᠢ ᠨᠡᠮᠡᠭ᠌ᠳᠡᠭᠦᠯᠵᠦ᠍᠂ ᠠᠵᠤ ᠦᠢᠯᠡᠰ᠎ᠦᠨ ᠴᠢᠳᠠᠪᠤᠷᠢᠲᠠᠨ᠎ᠢ ᠬᠥᠮᠦᠵᠢᠭᠦᠯᠵᠦ᠍᠂ ᠮᠠᠯᠴᠢᠨ ᠲᠠᠷᠢᠶᠠᠴᠢᠨ᠎ᠤ ᠬᠠᠮᠤᠭ᠎ᠤᠨ ᠢᠲᠡᠭᠡᠯ᠎ᠲᠡᠶ 《ᠪᠦᠬᠡ ᠡᠮᠴᠢ》 ᠪᠣᠯᠪᠠ
ᠮᠠᠯ ᠤᠨᠤᠭ᠎ᠠ ᠪᠤᠯ ᠮᠠᠯᠴᠢᠨ ᠲᠠᠷᠢᠶᠠᠴᠢᠨ᠎ᠤ ᠬᠠᠮᠤᠭ᠎ᠤᠨ ᠴᠢᠬᠤᠯᠠ ᠵᠦᠢᠯ ᠪᠤᠯᠬᠤ ᠵᠢ ᠪᠦᠬᠡᠪᠠᠶᠠᠷ ᠰᠠᠢ᠌ᠨ ᠮᠡᠳᠡᠵᠦ᠍᠂ 《ᠬᠡᠵᠢᠶ᠎ᠡ ᠴᠤ᠌ ᠭᠡᠰᠡᠨ ᠲᠡᠷᠡ ᠲᠠᠷᠤᠢ᠎ᠳᠤ ᠨᠢ ᠬᠦᠷᠬᠦ᠌》 ᠪᠡᠷ ᠵᠤᠷᠢᠭ ᠰᠢᠭᠤᠳᠴᠤ᠂ ᠡᠳᠦᠷ ᠰᠥᠨᠢ ᠬᠠᠯᠠᠭᠤᠨ ᠬᠦᠢᠳᠡᠨ ᠭᠡᠰᠡᠨ ᠦᠭᠡᠢ ᠶᠡᠷᠦ᠍ ᠨᠢ ᠡᠮᠦᠨ᠎ᠡ ᠹᠷᠣᠨᠲ᠎ᠲᠤ ᠭᠦᠨᠵᠡᠭᠡᠢᠷᠡᠵᠡᠢ᠃ ᠦᠩᠭᠡᠷᠡᠭᠰᠡᠨ᠎ᠳᠤ ᠵᠠᠮ ᠬᠠᠷᠢᠯᠴᠠᠭ᠎ᠠ ᠳᠥᠭᠥᠮ ᠦᠭᠡᠢ ᠪᠤᠯᠬᠤᠷ ᠲᠡᠷᠡ ᠦᠷᠭᠦᠯᠵᠢ ᠮᠣᠷᠢ ᠪᠡᠷ ᠶᠠᠪᠤᠵᠤ ᠮᠠᠯ ᠡᠮᠴᠢᠯᠡᠳᠡᠭ᠃ 2000 ᠣᠨ᠎ᠤ ᠡᠪᠦᠯ᠎ᠦᠨ ᠨᠢᠭᠡᠨ ᠰᠥᠨᠢ᠂ ᠲᠡᠷᠡ ᠲᠡᠭ᠎ᠡᠴᠡ ᠳᠣᠷᠣᠭ᠍ᠰᠢ 20 ᠭᠠᠷᠤᠢ ᠭᠷᠠᠳᠦ᠋ᠰ᠎ᠦᠨ ᠬᠠᠬᠢᠷ ᠬᠦᠢᠳᠡᠨ᠎ᠢ ᠬᠠᠢᠬᠤᠷᠤᠯ ᠦᠭᠡᠢ᠎ᠪᠡᠷ 20 ᠭᠠᠷᠤᠢ ᠺᠢᠯᠤᠮᠸᠲᠷ ᠠᠶᠠᠯᠠᠵᠤ ᠭᠡᠨᠡᠳᠲᠡ ᠡᠪᠡᠳᠴᠢᠯᠡᠭᠰᠡᠨ ᠦᠬᠡᠷ᠎ᠢ ᠠᠪᠤᠷᠠᠨ ᠡᠮᠨᠡᠪᠡ᠂ ᠵᠠᠮ ᠵᠠᠭᠤᠷ᠎ᠠ ᠮᠣᠷᠢ ᠡᠴᠡ ᠪᠡᠨ ᠤᠢᠴᠢᠭᠰᠠᠨ ᠴᠤ᠌ ᠦᠷᠭᠦᠯᠵᠢᠯᠡᠨ ᠵᠠᠮ ᠬᠦᠭᠡᠭᠡᠵᠦ᠂ ᠠᠪᠤᠷᠠᠨ ᠲᠤᠰᠠᠯᠠᠵᠤ ᠪᠠᠷᠠᠭᠰᠠᠨ᠎ᠤ ᠲᠠᠷᠠᠭ᠎ᠠ ᠰᠠᠶᠢ ᠭᠡᠮᠲᠦᠵᠦ ᠱᠢᠷᠬᠠᠲᠤᠭ᠍ᠰᠠᠨ᠎ᠢᠶᠡᠨ ᠣᠯᠵᠤ ᠮᠡᠳᠡᠪᠡ᠃ ᠲᠡᠷᠡ ᠡᠮᠨᠡᠬᠦ᠌ ᠮᠡᠷᠭᠡᠵᠢᠯ᠎ᠢ ᠱᠢᠷᠭᠠᠭᠤ ᠰᠤᠳᠤᠯᠵᠤ᠂ ᠱᠢᠨ᠎ᠡ ᠮᠡᠷᠭᠡᠵᠢᠯ᠎ᠢ ᠥᠪᠡᠷ᠎ᠢᠶᠡᠨ ᠰᠤᠷᠴᠤ᠌᠂ ᠤᠯᠠᠨ ᠵᠦᠢᠯ᠎ᠦᠨ ᠬᠦᠴᠢᠷ ᠲᠦᠪᠡᠭ᠌ᠲᠡᠢ ᠡᠪᠡᠳᠴᠢᠨ ᠡᠮᠭᠡᠭ᠎ᠢ ᠵᠠᠰᠠᠵᠤ᠂ ᠨᠤᠲᠤᠭ᠎ᠤᠨ ᠠᠬ᠎ᠠ ᠳᠡᠭᠦᠦ᠍᠎ᠨᠡᠷ᠎ᠦᠨ᠎ᠢᠶᠡᠨ ᠨᠠᠢᠳᠠᠪᠦᠷᠢᠲᠠᠢ ᠡᠮᠴᠢ ᠪᠤᠯᠤᠭᠰᠠᠨ ᠪᠠᠢᠨ᠎ᠠ᠃
ᠪᠦᠬᠡᠪᠠᠶᠠᠷ 《ᠱᠢᠨᠵᠢᠯᠡᠬᠦ᠌ ᠤᠬᠠᠭᠠᠨᠴᠢ᠎ᠪᠠᠷ ᠦᠬᠡᠷ ᠲᠡᠵᠢᠭᠡᠬᠦ᠌》 ᠪᠣᠯ ᠵᠠᠩᠭᠢᠯᠠᠭ᠎ᠠ ᠪᠣᠯᠤᠨ᠎ᠠ ᠭᠡᠳᠡᠭ᠎ᠢ ᠪᠠᠲᠤ ᠢᠲᠡᠭᠡᠵᠦ᠍᠂ 2018 ᠣᠨ᠎ᠳᠤ 58 ᠲᠦᠮᠡᠨ ᠲᠥᠭᠥᠷᠢᠭ᠎ᠦᠨ ᠪᠡᠯᠡ ᠣᠷᠣᠭᠤᠯᠵᠤ 32 ᠴᠢᠨᠠᠷ ᠰᠠᠢᠲᠠᠢ ᠦᠨᠢᠶ᠎ᠡ ᠣᠷᠣᠭᠤᠯᠤᠨ ᠠᠪᠴᠢᠷᠠᠵᠤ᠂ ᠱᠢᠨᠵᠢᠯᠡᠬᠦ᠌ ᠤᠬᠠᠭᠠᠨᠴᠢ᠎ᠪᠠᠷ ᠡᠭᠦᠯᠳᠡᠷ ᠪᠣᠢᠵᠢᠭᠤᠯᠬᠤ᠎ᠪᠠᠷ ᠳᠠᠮᠵᠢᠨ᠂ 2020 ᠣᠨ᠎ᠳᠤ ᠪᠦᠬᠦ᠌ ᠬᠤᠳᠠ᠎ᠳᠤ ᠣᠷᠣᠢᠯᠠᠭ᠍ᠰᠠᠨ ᠰᠦ ᠲᠠᠷᠭᠤ ᠰᠠᠢᠲᠠᠢ ᠦᠬᠡᠷ᠎ᠢ ᠪᠣᠢᠵᠢᠭᠤᠯᠵᠤ᠂ ᠣᠨᠴᠠ ᠵᠠᠷᠢᠮ᠎ᠤᠨ ᠦᠨ᠎ᠡ ᠨᠢ 20 ᠲᠦᠮᠡᠨ ᠲᠥᠭᠥᠷᠢᠭ᠎ᠢ ᠳᠠᠪᠠᠪᠠ᠃ 2022 ᠣᠨ᠎ᠳᠤ᠂ ᠲᠡᠷᠡ ᠬᠡᠷ ᠪᠦᠯᠢ᠎ᠶ᠋ᠢᠨ ᠮᠠᠯᠵᠢᠯ᠎ᠤᠨ ᠲᠠᠯᠠᠪᠠᠶ ᠪᠠᠢᠭᠤᠯᠵᠤ᠂ 《ᠪᠠᠷᠢᠮᠵᠢᠶᠠᠵᠢᠭᠤᠯᠤᠨ ᠲᠡᠵᠢᠭᠡᠨ ᠦᠷᠡᠵᠢᠭᠦᠯᠬᠦ᠌ + ᠴᠠᠭᠠᠨ ᠢᠳᠡᠭᠡᠨ᠎ᠢᠶᠡᠷ ᠥᠪᠡᠷ᠎ᠦᠨ ᠥᠷᠲᠡᠭ᠎ᠢ ᠤᠷᠤᠯᠠᠭᠤᠯᠬᠤ + ᠲᠤᠭᠤᠯ᠎ᠢᠶᠡᠷ ᠣᠷᠣᠯᠭ᠎ᠠ᠎ᠪᠡᠨ ᠨᠡᠮᠡᠭ᠌ᠳᠡᠭᠦᠯᠬᠦ᠌》 ᠵᠠᠭ᠍ᠪᠤᠷ᠎ᠢ ᠳ᠋ᠦᠩᠨᠡᠵᠦ᠍᠂ ᠮᠠᠯᠴᠢᠳ᠎ᠲᠤ ᠦᠨ᠎ᠡ ᠲᠥᠯᠥᠪᠦᠷᠢ ᠥᠬᠡᠶ᠎ᠪᠡᠷ ᠳᠡᠯᠭᠡᠷᠡᠭᠦᠯᠪᠡ᠃ 26 ᠵᠢᠯ᠎ᠦᠨ ᠲᠤᠷᠰᠢ᠂ ᠲᠡᠷᠡ ᠨᠡᠢᠲᠡ 3 ᠲᠦᠮᠡ ᠭᠠᠷᠤᠶ ᠦᠬᠡᠷ᠎ᠲᠦ ᠭᠠᠷ ᠬᠡᠭᠡᠯᠲᠦᠭᠦᠯᠭᠡ ᠬᠢᠵᠦ᠍᠂ 2200 ᠭᠠᠷᠤᠶ ᠡᠷᠦᠬᠡ᠎ᠶ᠋ᠢ ᠬᠠᠪᠰᠤᠷᠤᠨ 9300 ᠲᠦᠮᠡᠨ ᠲᠥᠭᠥᠷᠢᠭ᠎ᠦᠨ ᠣᠷᠣᠯᠭ᠎ᠠ᠎ᠶ᠋ᠢ ᠨᠢ ᠨᠡᠮᠡᠭ᠌ᠳᠡᠭᠦᠯᠪᠡ᠃ 2021 ᠣᠨ᠎ᠳᠤ᠂ ᠲᠡᠷᠡ ᠴᠠᠭᠠᠨ ᠢᠳᠡᠭᠡᠨ᠎ᠦ ᠦᠢᠯᠡᠳᠭᠡᠯ᠎ᠢ ᠡᠭᠦᠳᠦᠨ ᠪᠠᠢᠭᠤᠯᠵᠤ᠂ ᠵᠥᠪᠯᠡᠯᠴᠡᠭᠡᠷ᠎ᠦᠨ ᠦᠨ᠎ᠡ᠎ᠪᠡᠷ ᠰᠦ ᠬᠤᠳᠠᠯᠳᠤᠨ ᠠᠪᠴᠤ᠌᠂ ᠡᠷᠦᠬᠡ ᠪᠦᠷᠢ᠎ᠶ᠋ᠢᠨ ᠵᠢᠯ᠎ᠦᠨ ᠣᠷᠣᠯᠭ᠎ᠠ᠎ᠶ᠋ᠢ 4 ᠲᠦᠮᠡ ᠱᠢᠬᠠᠮ ᠲᠥᠭᠥᠷᠢᠭ ᠨᠡᠮᠡᠭ᠌ᠳᠡᠭᠦᠯᠬᠦ᠌᠎ᠶ᠋ᠢ ᠳᠠᠢᠴᠢᠯᠠᠪᠠ᠃
ᠠᠵᠤ ᠦᠢᠯᠡᠰ᠎ᠦᠨ ᠬᠡᠯᠪᠡᠷᠢ᠎ᠶ᠋ᠢ ᠬᠤᠪᠢᠷᠠᠭᠤᠯᠬᠤ ᠬᠡᠷᠡᠭ᠌ᠴᠡᠭᠡ᠎ᠳᠦ ᠬᠠᠨᠳᠤᠭᠤᠯᠤᠨ᠂ ᠪᠦᠬᠡᠪᠠᠶᠠᠷ ᠰᠠᠨᠠᠭᠠᠴᠢᠯᠠᠭ᠎ᠠ᠎ᠡᠴᠡ᠎ᠪᠠᠨ 《ᠤᠯᠠᠮᠵᠢᠯᠠᠬᠤ ᠬᠠᠪᠰᠤᠷᠬᠤ ᠳᠠᠭᠠᠭᠤᠯᠬᠤ》 ᠬᠠᠷᠢᠭᠤᠴᠠᠯᠭ᠎ᠠ᠎ᠶ᠋ᠢ ᠡᠭᠦᠷᠭᠡᠯᠡᠪᠡ᠃ 2023 ᠣᠨ᠎ᠳᠤ ᠠᠵᠢᠯ ᠮᠡᠷᠭᠡᠵᠢᠯ᠎ᠦᠨ ᠳᠡᠭᠡᠳᠦ ᠰᠤᠷᠭᠠᠭᠤᠯᠢ᠎ᠶ᠋ᠢᠨ ᠵᠢᠯᠤᠭᠤᠲᠤᠭ᠍ᠴᠢ ᠪᠠᠭ᠍ᠰᠢ᠎ᠪᠠᠷ ᠤᠷᠢᠭ᠍ᠳᠠᠵᠤ᠂ ᠮᠢᠬᠠᠨ᠎ᠤ ᠦᠬᠡᠷ᠎ᠦᠨ ᠤᠷ᠎ᠠ ᠴᠢᠳᠠᠪᠤᠷᠢ᠎ᠶ᠋ᠢᠨ ᠪᠣᠯᠪᠠᠰᠤᠷᠠᠯ᠎ᠳᠤ ᠣᠷᠣᠯᠴᠠᠵᠤ᠂ ᠠᠷᠠᠴᠢᠯᠠᠨ ᠲᠡᠵᠢᠭᠡᠬᠦ᠌᠂ ᠡᠪᠡᠳᠴᠢᠨ ᠰᠡᠷᠭᠡᠢᠯᠡᠬᠦ᠌᠂ ᠬᠠᠮᠢᠶᠠᠷᠬᠤ ᠵᠡᠷᠭᠡ ᠲᠤᠷᠱᠢᠯᠭ᠎ᠠ᠎ᠶ᠋ᠢ ᠬᠦᠷᠲᠡᠭᠡᠵᠡᠢ᠃ ᠵᠢᠯ ᠪᠦᠷᠢ ᠪᠥᠬᠥ᠌ ᠤᠯᠤᠰ᠎ᠤᠨ ᠰᠣᠷᠣᠭ᠍ᠴᠢ᠎ᠶ᠋ᠢ 7000 ᠭᠠᠷᠤᠶ ᠬᠥᠮᠦᠨ ᠤᠳᠠᠭ᠎ᠠ᠂ 60 ᠭᠠᠷᠤᠶ ᠲᠠᠯᠠᠪᠤᠷ ᠱᠢᠨᠵᠢᠯᠡᠨ ᠪᠠᠢᠴᠠᠭᠠᠬᠤ ᠪᠦᠯᠬᠦᠮ ᠨᠡᠢᠲᠡ᠎ᠶ᠋ᠢ ᠭᠥᠯᠢᠶᠡᠨ ᠠᠪᠴᠤ᠌᠂ ᠢᠮᠠᠭ᠍ᠲᠠ ᠰᠦᠶ᠋ᠳᠭᠡᠯ ᠬᠤᠷᠢᠶᠠᠬᠤ ᠥᠬᠡᠶ᠎ᠪᠡᠷ ᠵᠢᠭᠠᠨ ᠰᠤᠷᠭᠠᠵᠤ᠂ ᠰᠤᠷᠤᠯᠭ᠎ᠠ᠎ᠶ᠋ᠢᠨ ᠰᠦᠶ᠋ᠳᠭᠡᠯ ᠬᠤᠷᠢᠶᠠᠬᠤ᠎ᠶ᠋ᠢ ᠲᠡᠪᠴᠢᠨ᠂ 《ᠮᠡᠷᠭᠡᠵᠢᠯ᠎ᠢ ᠬᠠᠮᠲᠤ᠎ᠶ᠋ᠢᠨ ᠡᠳ᠋ ᠪᠠᠶᠠᠯᠢᠭ ᠪᠣᠯᠭᠠᠪᠠᠯ ᠵᠣᠬᠢᠨ᠎ᠠ》 ᠭᠡᠵᠦ᠍ ᠦᠵᠡᠳᠡᠭ᠃
ᠲᠡᠷᠡ ᠮᠡᠷᠭᠡᠵᠢᠯ᠎ᠢᠶᠡᠷ ᠤᠯᠠᠨ ᠲᠦᠮᠡᠨ᠎ᠳᠦ ᠦᠢᠯᠡᠴᠢᠯᠡᠵᠦ᠍᠂ ᠬᠠᠯᠠᠭᠤᠨ ᠰᠡᠳᠭᠢᠯᠭᠡ᠎ᠪᠡᠷ ᠨᠤᠲᠤᠭ ᠤᠰᠤ᠎ᠪᠠᠨ ᠳᠤᠯᠠᠭᠠᠴᠡᠭᠤᠯᠵᠤ᠂ ᠮᠠᠯᠴᠢᠨ ᠲᠠᠷᠢᠶᠠᠴᠢᠨ᠎ᠤ ᠬᠠᠮᠲᠤ᠎ᠪᠠᠷ ᠪᠠᠶᠠᠵᠢᠬᠤ ᠶ᠋ᠢ ᠠᠬᠢᠭᠤᠯᠬᠤ᠂ ᠬᠥᠳᠡᠭᠡ ᠲᠣᠰᠭᠣᠨ᠎ᠤ ᠠᠵᠤ ᠦᠢᠯᠡᠰ᠎ᠢ ᠬᠥᠭ᠌ᠵᠢᠭᠦᠯᠦᠨ ᠮᠠᠨᠳᠤᠭᠤᠯᠬᠤ᠎ᠳᠤ ᠬᠦᠴᠦᠨ ᠨᠡᠮᠡᠷᠢᠯᠡᠬᠦ᠌ ᠵᠠᠮ ᠳᠡᠭᠡᠷ᠎ᠡ ᠪᠠᠲᠤ ᠪᠡᠬᠢ ᠪᠥᠭᠡᠳ ᠬᠠᠯᠠᠭᠤᠨ ᠳᠤᠯᠠᠭᠠᠨ ᠤᠯᠠ ᠮᠥᠷ᠎ᠢᠶᠡᠨ ᠦᠯᠡᠳᠡᠭᠡᠵᠡᠢ᠃ ᠬᠠᠮᠤᠭ᠎ᠤᠨ ᠤᠳᠠᠭᠠᠨ ᠳᠠᠭᠠᠭᠠᠮᠠᠭᠠᠢ ᠬᠦᠴᠦᠨ ᠴᠢᠳᠠᠯ ᠪᠣᠯ ᠬᠤᠪᠢ ᠨᠡᠮᠡᠷᠢ ᠪᠣᠯᠤᠨ᠎ᠠ᠂ ᠬᠠᠮᠤᠭ᠎ᠤᠨ ᠰᠡᠳᠭᠢᠯ ᠬᠥᠳᠡᠯᠭᠡᠮ᠎ᠡ ᠬᠠᠢᠷ᠎ᠠ ᠰᠡᠳᠭᠢᠯᠭᠡ ᠪᠣᠯ ᠬᠥᠮᠦᠰ᠎ᠢ ᠬᠠᠪᠰᠤᠷᠬᠤ ᠶᠠᠪᠤᠳᠠᠯ ᠪᠣᠯᠤᠨ᠎ᠠ᠂ ᠬᠠᠮᠤᠭ᠎ᠤᠨ ᠦᠵᠡᠰᠭᠦᠯᠡᠩᠲᠦ ᠰᠠᠢᠬᠠᠨ ᠦᠩᠭᠡ ᠦᠵᠡᠮᠵᠢ ᠬᠥᠳᠡᠭᠡ ᠲᠣᠰᠭᠣᠨ᠎ᠳᠤ ᠪᠠᠢᠨ᠎ᠠ ᠭᠡᠳᠡᠭ᠎ᠢ ᠲᠡᠷᠡ ᠥᠪᠡᠷ᠎ᠦᠨ ᠪᠣᠳᠠᠲᠤ ᠠᠵᠢᠯᠯᠠᠭ᠎ᠠ᠎ᠪᠠᠷ ᠵᠢᠡᠨ ᠭᠡᠷᠡᠴᠢᠯᠡᠪᠡ᠃ ᠬᠦᠰᠡᠯ ᠡᠷᠡᠮᠡᠯᠵᠡᠯ᠎ᠢᠶᠡᠷ ᠪᠢᠯᠬᠠᠭ᠍ᠰᠠᠨ ᠡᠨᠡ ᠬᠦ᠌ ᠠᠭᠤᠳᠠᠮ ᠲᠠᠯ᠎ᠠ᠎ᠳᠤ᠂ ᠪᠦᠬᠡᠪᠠᠶᠠᠷ ᠪᠠᠰᠠ ᠲᠡᠭᠦᠨ᠎ᠤ ᠪᠤᠰᠤᠳ᠎ᠢ ᠬᠠᠪᠰᠤᠷᠤᠨ ᠲᠡᠮᠵᠢᠬᠦ ᠦᠯᠢᠭᠡᠷ᠎ᠢᠶᠡᠨ ᠦᠷᠭᠦᠯᠵᠢᠯᠡᠨ ᠪᠢᠴᠢᠭ᠌ᠯᠡᠵᠦ᠍ ᠪᠠᠢᠨ᠎ᠠ᠂ ᠡᠳᠡᠭᠡᠷ ᠦᠯᠢᠭᠡᠷ ᠨᠢ ᠨᠡᠩ ᠤᠯᠠᠨ ᠬᠥᠮᠦᠨᠤ᠋ ᠬᠥᠳᠡᠭᠡ ᠲᠣᠰᠭᠣᠨ᠎ᠳᠤ ᠦᠢᠯᠡᠴᠢᠯᠡᠬᠦ᠌᠂ ᠨᠡᠢᠭᠡᠮ᠎ᠳᠦ ᠬᠤᠪᠢ ᠨᠡᠮᠡᠷᠢ ᠦᠵᠡᠭᠦᠯᠬᠦ᠌ ᠠᠭᠤᠤ ᠶᠡᠬᠡ ᠦᠢᠯᠡᠰ᠎ᠲᠦ ᠣᠷᠣᠯᠴᠠᠬᠤ ᠵᠢ ᠵᠤᠷᠢᠭᠵᠢᠭᠤᠯᠬᠤ ᠨᠢ ᠯᠠᠪᠲᠠᠢ ᠶᠤᠮ᠃
2. ᠪᠦᠦ ᠳ᠋ᠡ ᠰᠢ᠄ ᠤᠷᠢᠳ ᠬᠣᠵᠢᠳ ᠳᠥᠷᠪᠡᠨ ᠥᠨᠥᠴᠢᠨ ᠬᠡᠦᠬᠡᠳ᠎ᠢ ᠡᠷᠭᠦᠨ ᠲᠡᠵᠢᠭᠡᠵᠦ᠍᠂ 20 ᠭᠠᠷᠤᠢ ᠵᠢᠯ᠎ᠦᠨ ᠲᠤᠷᠰᠢ 《ᠡᠴᠢᠭᠡ》 ᠬᠦᠮᠦᠨ᠎ᠤ ᠠᠭᠤᠤ ᠶᠡᠬᠡ᠎ᠶ᠋ᠢ ᠦᠭᠡ ᠳᠠᠭᠤᠨ ᠦᠭᠡᠶ᠎ᠪᠡᠷ ᠲᠠᠢᠯᠪᠤᠷᠢᠯᠠᠵᠤ᠂ ᠬᠡᠦᠬᠡᠳ᠎ᠦᠳ᠎ᠤ᠋ᠨ ᠢᠷᠡᠭᠡᠳᠦᠢ ᠵᠢ ᠭᠡᠷᠡᠯᠲᠦᠭᠦᠯᠪᠡ
ᠪᠦᠦ ᠳ᠋ᠡ ᠰᠢ ᠬᠠᠷᠢᠭᠤᠴᠠᠯᠭ᠎ᠠ ᠡᠭᠦᠷᠭᠡᠯᠡᠯ᠎ᠢᠶᠡᠷ᠎ᠢᠶᠡᠨ ᠬᠠᠯᠠᠭᠤᠨ ᠳᠤᠯᠠᠭᠠᠨ ᠭᠡᠷ ᠪᠦᠯᠢ ᠪᠠᠢᠭᠤᠯᠵᠤ᠂ 2004 ᠣᠨ᠎ᠳᠤ᠂ ᠬᠣᠢᠲᠤ ᠲᠡᠮᠡᠭᠡᠨ ᠲᠠᠯᠠᠪᠠᠢ ᠭᠠᠴᠡᠭ᠎ᠠ᠎ᠶ᠋ᠢᠨ ᠨᠢᠭᠡᠨ ᠡᠷ᠎ᠡ ᠡᠮ᠎ᠡ ᠬᠤᠶᠠᠭᠤᠯᠠ ᠤᠷᠢᠳ ᠬᠣᠵᠢᠳ ᠡᠪᠡᠳᠴᠢᠨ᠎ᠢᠶᠡᠷ ᠨᠠᠰᠤ ᠪᠠᠷᠠᠵᠤ᠂ ᠬᠣᠶᠠᠷ ᠬᠦᠦ᠍᠎ᠨᠢ ᠦᠨᠦᠴᠢᠨ ᠦᠯᠡᠳᠡᠵᠡᠢ᠃ ᠲᠤᠬᠠᠢ᠎ᠶ᠋ᠢᠨ ᠦᠶ᠎ᠡ᠎ᠳᠦ ᠭᠠᠴᠡᠭᠠᠨ᠎ᠤ ᠨᠠᠮ᠎ᠤᠨ ᠡᠭᠦᠷ ᠲᠤ᠌ ᠠᠵᠢᠯᠯᠠᠵᠤ ᠪᠠᠢᠭᠰᠠᠨ ᠪᠦᠦ ᠳ᠋ᠡ ᠰᠢ ᠰᠣᠨᠣᠰᠤᠭᠠᠳ ᠰᠥᠨᠢᠵᠢᠨ ᠤᠨᠲᠠᠵᠤ ᠴᠢᠳᠠᠬᠰᠠᠨ ᠦᠭᠡᠢ᠃ ᠭᠡᠷ᠎ᠦᠨ ᠬᠥᠮᠦᠰ᠎ᠲᠡᠶ᠎ᠪᠡᠨ ᠶᠠᠷᠢᠯᠴᠠᠬᠤ᠎ᠪᠠᠷ ᠳᠠᠮᠵᠢᠨ᠂ ᠲᠡᠷᠡ ᠡᠷᠡᠰ ᠱᠢᠭᠤᠷᠬᠠᠶ᠎ᠪᠠᠷ ᠬᠤᠶᠠᠷ ᠥᠨᠥᠴᠢᠨ ᠬᠡᠦᠬᠡᠳ᠎ᠢ ᠡᠷᠭᠦᠨ ᠲᠡᠵᠢᠭᠡᠭ᠌ᠰᠡᠨ ᠪᠥᠭᠡᠳ ᠲᠡᠷᠡ ᠳᠠᠷᠤᠶᠳᠤᠨᠢ ᠲᠡᠳᠡᠨ᠎ᠢ ᠰᠤᠷᠭᠠᠭᠤᠯᠢ᠎ᠳᠤ ᠬᠦᠷᠭᠡᠪᠡ᠃ 《ᠬᠡᠳᠦᠢ ᠶᠠᠳᠠᠭᠤ ᠪᠠᠢᠭ᠍ᠰᠠᠨ ᠴᠤ᠌ ᠬᠡᠦᠬᠡᠳ᠎ᠢᠶᠡᠨ ᠵᠣᠪᠠᠭᠠᠵᠤ ᠪᠣᠯᠬᠤ ᠦᠭᠡᠢ᠂ ᠬᠡᠳᠦᠢ ᠶᠠᠳᠠᠭᠤ ᠪᠠᠢᠭ᠍ᠰᠠᠨ ᠴᠤ᠌ ᠰᠤᠷᠭᠠᠨ ᠬᠥᠮᠦᠵᠢᠯ᠎ᠢ ᠰᠠᠭᠠᠲᠠᠭᠠᠵᠤ ᠪᠣᠯᠬᠤ ᠦᠭᠡᠢ》 ᠭᠡᠳᠡᠭ ᠪᠣᠯ ᠲᠡᠭᠦᠨ᠎ᠦ ᠬᠠᠮᠤᠭ᠎ᠤᠨ ᠪᠣᠷᠣᠭ᠍ᠵᠢᠭᠤᠨ ᠢᠲᠡᠭᠡᠯ ᠪᠣᠯᠤᠨ᠎ᠠ᠃
2006 ᠣᠨ᠎ᠳᠤ᠂ ᠭᠠᠴᠡᠭᠠᠨ᠎ᠳᠤ ᠪᠠᠰᠠ ᠬᠤᠶᠠᠷ ᠵᠡᠮᠳᠡᠭ ᠬᠡᠤᠬᠡᠳ ᠡᠴᠢᠭᠡ ᠡᠬᠡ ᠨᠢ ᠨᠠᠰᠤ ᠪᠠᠷᠠᠭ᠍ᠰᠠᠨ᠎ᠡᠴᠡ ᠪᠣᠯᠵᠣ ᠥᠨᠥᠴᠢᠨ ᠬᠡᠦᠬᠡᠳ ᠪᠣᠯᠵᠠᠶ᠃ ᠡᠭᠡᠴᠢ ᠨᠢ ᠲᠥᠷᠥᠯᠬᠢ ᠲᠠᠮᠪᠠ᠂ ᠳᠡᠭᠦᠦ ᠨᠢ ᠦᠭᠡ ᠬᠡᠯᠡᠨ᠎ᠦ ᠰᠠᠭᠠᠳ᠎ᠲᠠᠶ᠃ ᠰᠠᠳᠤᠨ ᠲᠥᠷᠥᠯ ᠨᠠᠢᠵᠠ ᠨᠥᠬᠥᠳ ᠨᠢ ᠲᠡᠭᠦᠨ᠎ᠢ ᠰᠠᠢᠬᠠᠨ ᠲᠤᠩᠭᠠᠵᠤ ᠦᠵᠡ ᠭᠡᠵᠦ᠍ ᠢᠳᠭᠠᠭ᠍ᠰᠠᠨ ᠪᠣᠯᠪᠠᠴᠤ᠌ ᠪᠦᠦ ᠳ᠋ᠡ ᠰᠢ᠄ 《ᠬᠤᠶᠠᠷ ᠬᠡᠤᠬᠡᠳ ᠬᠦᠬᠡᠷᠦᠬᠦᠢ ᠱᠢᠤ᠂ ᠲᠡᠳᠡᠨ᠎ᠢ ᠬᠠᠷᠠᠵᠤ ᠪᠠᠢᠭᠠᠳ ᠬᠠᠮᠢᠶᠠᠷᠬᠤ ᠬᠥᠮᠦᠨ ᠦᠭᠡᠶ ᠪᠣᠯᠭᠠᠵᠤ ᠪᠣᠯᠬᠤ ᠦᠭᠡᠶ ᠪᠢᠵᠡ》 ᠭᠡᠵᠡᠢ᠃ ᠲᠡᠷᠡ ᠢᠳᠭᠠᠨ ᠬᠣᠷᠢᠭ᠍ᠯᠠᠬᠤ᠎ᠶ᠋ᠢ ᠬᠠᠢᠬᠤᠷᠤᠯ ᠦᠭᠡᠢ᠎ᠪᠡᠷ ᠬᠣᠶᠠᠷ ᠬᠡᠤᠬᠡᠳ᠎ᠢ ᠭᠡᠷ᠎ᠲᠡᠬᠡᠨ ᠲᠤᠰᠴᠤ᠌ ᠠᠪᠠᠴᠢᠪᠠ᠃ ᠡᠢᠨᠬᠦ ᠳᠥᠷᠪᠡᠨ ᠬᠡᠦᠬᠡᠳ ᠡᠨᠡ ᠬᠦ᠌ ᠴᠠᠢᠯᠭᠠᠨ ᠮᠣᠩᠭᠣᠯ ᠡᠷ᠎ᠡ᠎ᠶ᠋ᠢᠨ ᠠᠴᠢ ᠪᠡᠷ ᠭᠡᠷ ᠪᠦᠯᠢ ᠵᠢᠨ ᠬᠠᠯᠠᠭᠤᠨ ᠲᠤᠯᠠᠭᠠᠨᠢ ᠬᠦᠷᠲᠡᠪᠡ᠃ ᠳᠥᠷᠪᠡᠨ ᠥᠨᠥᠴᠢᠨ ᠬᠡᠦᠬᠡᠳ᠎ᠢ ᠦᠷᠡᠴᠢᠯᠡᠨ ᠲᠡᠵᠢᠭᠡᠭ᠌ᠰᠡᠨ᠎ᠡᠴᠡ ᠤᠤᠯ ᠨᠢ ᠪᠠᠶᠠᠨ ᠪᠢᠰᠢ ᠭᠡᠷ ᠪᠦᠯᠢ ᠬᠦᠴᠢᠷᠳᠡᠯ᠎ᠳᠦ ᠲᠤᠯᠭᠠᠷᠠᠪᠠ᠃ ᠠᠮᠢᠳᠤᠷᠠᠯ ᠨᠢ ᠵᠥᠪᠬᠡᠨ ᠬᠡᠳᠦᠨ ᠠᠷᠪᠠᠨ ᠮᠦ᠍ ᠭᠠᠵᠠᠷ᠎ᠤᠨ ᠥᠴᠦᠬᠡᠨ ᠣᠷᠣᠯᠭ᠎ᠠ᠎ᠳᠤ ᠲᠦᠱᠢᠭ᠌ᠯᠡᠨ᠎ᠡ᠃ ᠪᠦᠦ ᠳ᠋ᠡ ᠰᠢ ᠵᠢᠯ ᠲᠤᠷᠰᠢ ᠨᠥᠬᠥᠭᠡᠰᠦ᠎ᠲᠡᠶ ᠬᠤᠪᠴᠠᠰᠤ ᠡᠮᠦᠰᠴᠦ᠍᠂ ᠡᠳᠦᠷ᠎ᠦᠨ ᠭᠤᠷᠪᠠᠨ ᠴᠠᠭ᠎ᠤᠨ ᠬᠠᠷ᠎ᠠ ᠴᠠᠢ ᠬᠠᠷᠠᠰᠤ ᠪᠤᠳᠠᠭ᠎ᠠ ᠢᠳᠡᠵᠦ ᠪᠠᠢᠭᠰᠠᠨ ᠴᠤ᠌ ᠬᠡᠦᠬᠡᠳ᠎ᠦᠳ᠎ᠲᠦ ᠱᠢᠨ᠎ᠡ ᠬᠤᠪᠴᠠᠰᠤ ᠡᠮᠦᠰᠭᠡᠵᠦ᠍᠂ ᠬᠣᠭᠣᠯᠠ ᠤᠮᠳᠠ ᠵᠢ ᠨᠢ ᠰᠠᠢᠵᠢᠷᠠᠭᠤᠯᠬᠤ ᠵᠢ ᠪᠤᠳᠤᠳᠠᠭ᠃ ᠬᠡᠳᠦᠢᠪᠡᠷ ᠠᠮᠢᠳᠤᠷᠠᠯ ᠨᠢ ᠬᠦᠴᠢᠷᠲᠡᠶ ᠪᠣᠯᠪᠠᠴᠤ᠌ ᠲᠡᠷᠡ ᠶᠡᠷᠦ᠍᠎ᠡᠴᠡ ᠬᠡᠦᠬᠡᠳ᠎ᠤᠳ ᠲᠠᠢ ᠪᠡᠨ ᠢᠨᠢᠶᠡᠮᠰᠦᠭ᠎ᠢᠶᠡᠷ ᠬᠠᠨᠳᠤᠳᠠᠭ᠃
2006 ᠣᠨ᠎ᠳᠤ ᠡᠬᠡᠨᠡᠷ ᠨᠢ ᠨᠠᠰᠤ ᠪᠠᠷᠠᠵᠤ᠂ 2010 ᠣᠨ᠎ᠳᠤ ᠦᠷᠡᠴᠢᠯᠡᠨ ᠲᠡᠵᠢᠭᠡᠭ᠌ᠰᠡᠨ ᠲᠠᠮᠪᠠᠷᠠᠭ᠍ᠰᠠᠨ ᠥᠬᠢᠨ ᠨᠢ ᠡᠪᠡᠳᠴᠢᠨ᠎ᠢᠶᠡᠷ ᠨᠠᠰᠤ ᠪᠠᠷᠠᠪᠠ᠃ ᠡᠮᠭᠡᠨᠢᠯ᠎ᠦᠨ ᠳᠤᠮᠳᠠ᠂ ᠲᠣᠰᠭᠣᠨ᠎ᠤ ᠨᠢᠭᠡᠨ ᠡᠮᠡᠭ᠌ᠲᠡᠢ ᠡᠯ ᠶᠠ ᠲᠡᠭᠦᠨ᠎ᠦ ᠴᠠᠢᠯᠭᠠᠨ ᠰᠡᠳᠭᠢᠯ᠎ᠳᠦ ᠰᠡᠳᠭᠢᠯ ᠬᠥᠳᠡᠯᠵᠦ᠍᠂ ᠲᠡᠭᠦᠨ᠎ᠦ ᠬᠠᠮᠤᠭ᠎ᠤᠨ ᠪᠠᠲᠤ ᠪᠡᠬᠢ ᠥᠮᠥᠭ ᠲᠦᠱᠢᠭ ᠪᠣᠯᠪᠠ᠃ 《ᠲᠡᠷᠡ ᠦᠶ᠎ᠡ᠎ᠳᠦ ᠭᠡᠷ᠎ᠲᠦ ᠲᠤᠩ ᠬᠦᠴᠢᠷᠲᠡᠢ ᠪᠠᠢᠵᠠᠢ᠂ ᠭᠡᠪᠡᠴᠦ᠍ ᠬᠡᠦᠬᠡᠳ᠎ᠦᠳ ᠡᠳᠦᠷ᠎ᠡᠴᠡ ᠡᠳᠦᠷ ᠦᠰᠦᠨ ᠪᠣᠢᠵᠢᠵᠦ᠂ ᠤᠯᠠᠮ᠎ᠡᠴᠡ ᠤᠯᠠᠮ ᠲᠤᠮᠤᠭᠠᠵᠢᠬᠤ ᠵᠢ ᠬᠠᠷᠠᠭᠠᠳ᠂ ᠰᠡᠳᠭᠢᠯ ᠳᠣᠲᠣᠷ᠎ᠠ ᠲᠤᠩ ᠪᠠᠶᠠᠷᠲᠠᠢ ᠪᠠᠢᠯ᠎ᠠ》 ᠭᠡᠵᠦ᠍ ᠪᠦᠦ ᠳ᠋ᠡ ᠰᠢ ᠡᠷᠭᠢᠴᠡᠭᠦᠯᠦᠨ ᠬᠡᠯᠡᠨ᠎ᠡ᠃
2013 ᠣᠨ᠎ᠳᠤ᠂ ᠦᠷᠡᠴᠢᠯᠡᠨ ᠲᠡᠵᠢᠭᠡᠭ᠌ᠰᠡᠨ ᠤᠦᠭᠠᠨ ᠬᠦᠦ ᠨᠢ ᠭᠡᠨᠡᠳᠲᠡ ᠠᠭᠤᠰᠭᠢᠨ᠎ᠤ ᠬᠡᠢ ᠬᠠᠪᠤᠩ᠎ᠳᠤ ᠨᠡᠷᠪᠡᠭᠳᠡᠵᠦ᠂ ᠪᠦᠦ ᠳ᠋ᠡ ᠰᠢ ᠵᠣᠭᠣᠰ ᠵᠢᠭᠡᠯᠡᠨ ᠡᠮᠨᠡᠯᠭᠡ᠎ᠶ᠋ᠢᠨ ᠵᠠᠷᠤᠳᠠᠯ᠎ᠢ ᠴᠤᠭ᠍ᠯᠠᠭᠤᠯᠵᠤ᠂ ᠡᠳᠦᠷ ᠰᠥᠨᠢ ᠦᠭᠡᠶ ᠡᠮᠨᠡᠯᠭᠡ ᠵᠢᠨ ᠬᠤᠷᠢᠶᠠᠨ᠎ᠳᠤ ᠰᠤᠪᠢᠯᠠᠵᠤ ᠰᠠᠭᠤᠪᠠ᠃ 2016 ᠣᠨ᠎ᠳᠤ᠂ ᠪᠠᠭ᠎ᠠ ᠬᠦᠦ ᠨᠢ ᠲᠥᠷᠥᠯᠬᠢ ᠵᠢᠷᠦᠬᠡᠨ ᠡᠪᠡᠳᠴᠢᠨ᠎ᠢᠶᠡᠷ ᠣᠨᠣᠱᠢᠯᠠᠭ᠍ᠳᠠᠵᠤ᠂ ᠤᠯᠠᠭᠠᠨ ᠵᠠᠭᠠᠯᠮᠠᠢ᠌ᠳᠠᠨᠤ ᠨᠡᠢᠭᠡᠮᠯᠢᠭ᠎ᠦᠨ ᠲᠤᠰᠠᠯᠠᠮᠵᠢ᠎ᠪᠠᠷ ᠲᠡᠷᠡ ᠠᠯᠤᠰ ᠬᠤᠯᠠ ᠪᠡᠭᠡᠵᠢᠩ᠎ᠳᠦ ᠬᠦᠷᠴᠦ᠍ ᠡᠮᠨᠡᠭᠦᠯᠵᠦ᠂ ᠭᠤᠷᠪᠠ ᠤᠳᠠᠭ᠎ᠠ ᠵᠢᠨ ᠵᠢᠷᠦᠬᠡᠨ᠎ᠤ ᠮᠡᠰᠡ ᠵᠠᠰᠠᠯᠬᠢᠭᠰᠡᠨ ᠪᠠᠢᠨ᠎ᠠ᠃ ᠡᠮᠨᠡᠯᠭᠡ᠎ᠳᠤ ᠰᠠᠭᠤᠭ᠍ᠰᠠᠨ ᠬᠣᠶᠠᠷ ᠰᠠᠷ᠎ᠠ ᠵᠢᠨ ᠲᠤᠷᠰᠢ ᠪᠦᠦ ᠳ᠋ᠡ ᠰᠢ ᠶᠡᠷᠦ ᠨᠢ ᠬᠡᠦᠬᠡᠳ᠎ᠦᠨ ᠳᠡᠷᠭᠡᠳᠡ ᠠᠰᠠᠷᠠᠨ ᠬᠠᠷᠠᠭᠠᠯᠵᠠᠭᠰᠠᠭᠠᠷ ᠪᠠᠢᠵᠠᠢ᠃ 2017 ᠣᠨ᠎ᠳᠤ᠂ ᠡᠵᠢ ᠨᠢ ᠪᠣᠯᠤᠨ ᠦᠪᠡᠷ᠎ᠤᠨ ᠬᠢᠨ ᠤᠤᠭᠠᠨ ᠬᠦᠦ ᠨᠢ ᠤᠷᠢᠳ ᠬᠣᠵᠢᠳ ᠨᠠᠰᠤ ᠪᠠᠷᠠᠵᠤ᠂ ᠲᠡᠭᠦᠨ᠎ᠳᠤ ᠬᠦᠨᠳᠤ ᠴᠤᠬᠢᠯᠲᠠ ᠦᠭᠴᠡᠢ᠃ ᠡᠨᠡ ᠬᠦ᠌ ᠬᠤᠭᠤᠴᠠᠭᠠᠨ᠎ᠳᠤ ᠲᠡᠷᠡ ᠡᠬᠡᠨᠡᠷᠤᠨᠢᠶᠡᠨ ᠬᠠᠢᠷ᠎ᠠ ᠬᠠᠯᠠᠮᠵᠢ ᠵᠢᠨ ᠠᠴᠢ ᠪᠡᠷ ᠲᠠᠬᠢᠨᠲᠡ ᠵᠤᠷᠢᠭ ᠤᠷᠤᠭᠰᠠᠨ ᠪᠠᠢᠨ᠎ᠠ᠃
ᠤᠳᠤ ᠪᠦᠦ ᠳ᠋ᠡ ᠰᠢ᠎ᠶ᠋ᠢᠨ ᠦᠪᠡᠷ᠎ᠤᠨ ᠥᠬᠢᠨ ᠨᠢ ᠬᠥᠯᠥᠨ ᠪᠤᠢ᠌ᠷ᠎ᠲᠤ ᠨᠤᠲᠤᠭ᠍ᠰᠢᠪᠠ; ᠦᠷᠡᠴᠢᠯᠡᠨ ᠲᠡᠵᠢᠭᠡᠭ᠌ᠰᠡᠨ ᠤᠤᠭᠠᠨ ᠬᠦᠦ ᠨᠢ ᠱᠠᠨᠳᠦ᠋ᠩ᠎ᠳᠦ ᠠᠵᠢᠯ ᠬᠢᠵᠦ᠍ ᠪᠠᠢᠨ᠎ᠠ; ᠪᠠᠭ᠎ᠠ ᠬᠦᠦ ᠨᠢ ᠪᠠᠶᠠᠨᠨᠠᠭᠤᠷ ᠬᠣᠲᠠ᠎ᠳᠤ ᠠᠵᠢᠯᠯᠠᠵᠤ ᠠᠮᠢᠳᠤᠷᠠᠵᠤ ᠪᠠᠢᠨ᠎ᠠ; ᠬᠠᠮᠤᠭ᠎ᠤᠨ ᠪᠠᠭ᠎ᠠ ᠬᠦᠦ ᠨᠢ ᠤᠷᠤᠨ ᠰᠠᠭᠤᠴᠠ ᠬᠤᠳᠠᠯᠳᠤᠨ ᠠᠪᠬᠤ᠎ᠪᠠᠷ ᠲᠥᠯᠥᠪᠯᠡᠵᠦ᠍᠂ 《ᠠᠪᠤ᠎ᠪᠠᠨ ᠰᠢᠨ᠎ᠡ ᠭᠡᠷ ᠲᠡᠭᠡᠨ ᠲᠤᠰᠴᠤ᠌ ᠠᠪᠴᠢᠷᠠᠨ ᠰᠠᠭᠤᠯᠭᠠᠨ᠎ᠠ᠂ ᠲᠡᠷᠡ ᠵᠣᠪᠠᠭᠤᠷᠢ ᠵᠦᠳᠡᠭᠦᠷᠢ᠎ᠶ᠋ᠢ ᠲᠡᠰᠪᠦᠷᠢᠯᠡᠨ ᠪᠢᠳᠡᠨ᠎ᠢ ᠥᠰᠭᠡᠵᠦ᠍᠂ ᠣᠳᠣ ᠪᠢᠳᠡ ᠲᠡᠭᠦᠨ᠎ᠢ ᠬᠠᠷᠠᠭᠠᠯᠵᠠᠬᠤ ᠴᠠᠭ ᠪᠣᠯᠵᠠᠢ》 ᠭᠡᠨ᠎ᠡ᠃ ᠬᠡᠳᠦᠢᠪᠡᠷ ᠬᠡᠷ᠎ᠦᠨ ᠬᠥᠮᠦᠰ᠎ᠨᠢ ᠡᠯ᠎ᠡ ᠭᠠᠵᠠᠷ᠎ᠲᠤ ᠲᠠᠷᠬᠠᠵᠤ ᠪᠠᠢᠪᠠᠴᠤ᠌ ᠬᠠᠢᠷ᠎ᠠ ᠰᠡᠳᠭᠢᠯᠭᠡ᠎ᠨᠢ ᠶᠡᠷᠦ᠍᠎ᠡᠴᠡ ᠬᠣᠯᠠᠳᠠᠭ᠎ᠠ ᠥᠬᠡᠶ ᠶᠤᠮ᠃ ᠪᠠᠶᠠᠷ᠎ᠤᠨ ᠡᠳᠦᠷ ᠪᠣᠯᠬᠤ ᠪᠦᠷᠢ᠂ ᠬᠡᠦᠬᠡᠳ᠎ᠦᠳ ᠨᠢ ᠪᠦᠷ ᠭᠡᠷ᠎ᠲᠦ᠍᠎ᠪᠡᠨ ᠬᠠᠷᠢᠵᠦ ᠴᠤᠭᠯᠠᠷᠠᠳᠠᠭ᠃ 2023 ᠣᠨ᠎ᠳᠤ᠂ ᠪᠦᠦ ᠳ᠋ᠡ ᠰᠢ ᠤᠯᠠᠭᠠᠨ ᠬᠣᠭᠣᠯᠠᠶ᠎ᠶ᠋ᠢᠨ ᠥᠮᠡᠨ᠎ᠢᠶᠡᠷ ᠣᠨᠣᠱᠢᠯᠠᠭ᠍ᠳᠠᠪᠠ᠃ ᠭᠡᠪᠡᠴᠦ᠍ ᠡᠪᠡᠳᠴᠢᠨ ᠡᠮᠭᠡᠭ᠎ᠤᠨ ᠡᠮᠦᠨ᠎ᠡ ᠲᠡᠷᠡ ᠶᠡᠷᠦ ᠡᠴᠡ ᠵᠤᠷᠢᠭ ᠬᠤᠭᠤᠷᠠᠭᠰᠠᠨ ᠦᠭᠡᠢ᠂ ᠲᠡᠷᠡ ᠮᠥᠨ ᠯᠡ ᠪᠠᠶᠠᠰᠤᠩᠭᠤᠢ ᠪᠠᠢᠵᠤ᠄ 《ᠪᠢ ᠪᠣᠯ ᠳᠡᠯᠡᠬᠡᠢ ᠳᠡᠭᠡᠷᠡᠬᠢ ᠬᠠᠮᠤᠭ᠎ᠤᠨ ᠵᠣᠯ ᠵᠢᠷᠭᠠᠯ᠎ᠲᠠᠶ ᠬᠥᠮᠦᠨ ᠮᠥᠨ》 ᠭᠡᠵᠦ᠍ ᠬᠡᠯᠡᠳᠡᠭ᠃
3. ᠯᠢ ᠬᠠᠶ ᠹᠸᠩ᠄ ᠭᠠᠮᠱᠢᠭ᠎ᠤᠨ ᠲᠤᠬᠠᠶ᠎ᠶ᠋ᠢᠨ ᠲᠠᠯᠠᠪᠠᠢ᠎ᠳᠤ ᠡᠮᠦᠨ᠎ᠡ ᠨᠢ ᠭᠠᠪᠱᠢᠭᠠᠢᠯᠠᠵᠤ᠂ ᠡᠳᠦᠷ ᠲᠤᠲᠤᠮ᠎ᠤᠨ ᠤᠷ᠎ᠠ ᠴᠢᠳᠠᠪᠤᠷᠢ᠎ᠪᠠᠨ ᠳᠡᠭᠡᠭ᠌ᠰᠢᠯᠡᠭᠦᠯᠵᠦ᠂ ᠠᠮᠤᠷ ᠲᠦᠪᠱᠢᠨ᠎ᠦ ᠮᠡᠳᠡᠯᠭᠡ᠎ᠶ᠋ᠢ ᠥᠷᠭᠡᠨ᠎ᠢᠶᠡᠷ ᠲᠦᠭᠡᠮᠡᠯᠵᠢᠭᠦᠯᠵᠦ᠂ ᠪᠠᠴᠢᠮ ᠪᠠᠢᠳᠠᠯ᠎ᠢ ᠠᠷᠭᠠᠴᠡᠭᠠᠵᠤ ᠠᠪᠤᠷᠠᠨ ᠲᠤᠰᠠᠯᠠᠬᠤ ᠦᠢᠯᠡᠰ ᠤ᠋ᠨ ᠲᠥᠯᠥᠭᠡ ᠪᠦᠬᠦᠢᠯᠡ ᠬᠠᠯᠠᠭᠤᠨ ᠰᠡᠳᠭᠢᠯ᠎ᠢᠶᠡᠷ ᠵᠤᠷᠢᠭᠤᠯᠪᠠ
ᠯᠢ ᠬᠠᠢ ᠹᠸᠩ 2013 ᠣᠨ᠎ᠳᠤ ᠯᠠᠨ ᠲᠢᠶᠠᠨ ᠠᠪᠤᠷᠠᠨ ᠲᠤᠰᠠᠯᠠᠯᠲᠠᠵᠣᠬᠢᠶᠠᠨ ᠪᠠᠢᠭᠤᠯᠤᠯᠲᠠ᠎ᠳᠤ ᠣᠷᠣᠯᠴᠠᠭ᠍ᠰᠠᠨ ᠪᠥᠭᠡᠳ ᠥᠪᠥᠷ ᠮᠣᠩᠭᠣᠯ᠎ᠤᠨ ᠯᠠᠨ ᠲᠢᠶᠠᠨ ᠠᠪᠤᠷᠠᠨ ᠲᠤᠰᠠᠯᠠᠬᠤ ᠠᠩᠬᠢ᠎ᠶ᠋ᠢ ᠪᠠᠢᠭᠤᠯᠬᠤ᠎ᠳᠤ ᠪᠦᠬᠦ᠌ ᠬᠦᠴᠦᠨ᠎ᠢᠶᠡᠷ᠎ᠢᠶᠡᠨ ᠣᠷᠣᠯᠴᠠᠪᠠ᠃ 2015 ᠣᠨ᠎ᠳᠤ᠂ ᠳᠤᠪᠤᠢ᠌ᠮ᠎ᠠ ᠵᠣᠬᠢᠶᠠᠨ ᠪᠠᠢᠭᠤᠯᠵᠤ ᠵᠣᠬᠢᠴᠠᠭᠤᠯᠬᠤ ᠴᠢᠳᠠᠪᠤᠷᠢ ᠪᠣᠯᠤᠨ ᠪᠠᠴᠢᠮ ᠪᠠᠢᠳᠠᠯ᠎ᠢ ᠠᠷᠭᠠᠴᠡᠭᠠᠨ ᠱᠢᠢᠳᠪᠦᠷᠢᠯᠡᠬᠦ᠌ ᠤᠬᠠᠮᠰᠠᠷ᠎ᠲᠠᠢ ᠯᠢ ᠬᠠᠢ ᠹᠸᠩ ᠯᠠᠨ ᠲᠢᠶᠠᠨ ᠠᠪᠤᠷᠠᠨ ᠲᠤᠰᠠᠯᠠᠬᠤ ᠪᠠᠴᠢᠮ ᠪᠠᠢᠳᠠᠯ᠎ᠢ ᠠᠷᠭᠠᠴᠡᠭᠠᠬᠤ ᠵᠣᠬᠢᠴᠠᠭᠤᠯᠬᠤ ᠲᠥᠪ᠎ᠲᠦ ᠤᠷᠤᠯᠴᠠᠵᠤ᠂ ᠮᠡᠳᠡᠭᠡ ᠵᠠᠩᠭᠢ᠎ᠶ᠋ᠢᠨ ᠲᠠᠪᠴᠠᠩ᠎ᠤᠨ ᠬᠠᠮᠢᠶᠠᠷᠤᠯᠲᠠ᠎ᠶ᠋ᠢᠨ ᠠᠵᠢᠯ᠎ᠢ ᠪᠦᠬᠦ᠌ ᠲᠠᠯ᠎ᠠ᠎ᠪᠠᠷ ᠬᠠᠷᠢᠭᠤᠴᠠᠪᠠ᠃ 2016 ᠣᠨ᠎ᠳᠤ᠂ ᠥᠪᠥᠷ ᠮᠣᠩᠭᠣᠯ᠎ᠤᠨ ᠯᠠᠨ ᠲᠢᠶᠠᠨ ᠠᠪᠤᠷᠠᠨ ᠲᠤᠰᠠᠯᠠᠬᠤ ᠨᠡᠢᠭᠡᠮᠯᠢᠭ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠳᠦ ᠵᠢᠩᠬᠢᠨᠢ᠎ᠪᠡᠷ ᠪᠠᠢᠭᠤᠯᠤᠭᠳᠠᠵᠤ᠂ ᠯᠢ ᠬᠠᠶ ᠹᠸᠩ ᠨᠡᠢᠭᠡᠮᠯᠢᠭ᠎ᠦᠨ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠪᠡ; 2017 ᠣᠨ᠎ᠳᠤ᠂ ᠲᠡᠷᠡ《ᠥᠪᠥᠷ ᠮᠣᠩᠭᠣᠯ᠎ᠤᠨ ᠯᠠᠨ ᠲᠢᠶᠠᠨ ᠠᠪᠤᠷᠠᠨ ᠲᠤᠰᠠᠯᠠᠬᠤ ᠲᠦᠷᠢᠮ᠎ᠦᠨ ᠡᠮᠬᠢᠳᠭᠡᠯ》 ᠵᠡᠷᠭᠡ ᠬᠡᠳᠦᠨ ᠠᠷᠪᠠᠨ ᠵᠦᠢᠯ᠎ᠦᠨ ᠲᠦᠷᠢᠮ ᠲᠣᠭ᠍ᠲᠠᠭᠠᠯ᠎ᠢ ᠭᠣᠣᠯᠯᠠᠨ ᠵᠢᠯᠤᠭᠤᠳᠤᠨ ᠲᠣᠭ᠍ᠲᠠᠭᠠᠵᠤ᠂ ᠨᠡᠢᠭᠡᠮᠯᠢᠭ᠎ᠦᠨ 《ᠰᠤᠯᠠ ᠵᠠᠳᠠᠭᠠᠢ ᠪᠦᠯᠬᠦᠮ》 ᠪᠠᠢᠭᠰᠠᠨ ᠡᠴᠡ 《ᠵᠢᠷᠤᠮᠵᠢᠭ᠍ᠰᠠᠨ ᠵᠣᠬᠢᠶᠠᠨ ᠪᠠᠢᠭᠤᠯᠤᠯᠲᠠ》 ᠲᠡᠢᠰᠢ ᠬᠤᠪᠢᠷᠠᠬᠤ᠎ᠶ᠋ᠢ ᠠᠬᠢᠭᠤᠯᠪᠠ᠃ 2025 ᠣᠨ ᠪᠣᠯᠲᠠᠯ᠎ᠠ᠂ ᠨᠡᠢᠭᠡᠮᠯᠢᠭ᠎ᠨᠢ ᠨᠢᠭᠡᠨᠲᠡ ᠤᠯᠤᠰ᠎ᠤᠨ ᠳᠣᠲᠣᠭᠠᠳᠤ᠎ᠶ᠋ᠢᠨ ᠠᠷᠠᠳ᠎ᠤᠨ ᠪᠠᠴᠢᠮ ᠪᠠᠢᠳᠠᠯ᠎ᠢ ᠠᠷᠭᠠᠴᠡᠭᠠᠬᠤ ᠠᠪᠤᠷᠠᠨ ᠲᠤᠰᠠᠯᠠᠬᠤ ᠬᠦᠷᠢᠶᠡᠨ᠎ᠦ ᠬᠡᠪ ᠳᠠᠭᠤᠷᠢᠶᠠᠯ ᠪᠦᠬᠦᠢ ᠵᠣᠬᠢᠶᠠᠨ ᠪᠠᠢᠭᠤᠯᠤᠯᠲᠠ ᠪᠣᠯᠵᠣ᠂ ᠪᠥᠬᠥ᠌ ᠤᠯᠤᠰ᠎ᠤᠨ ᠴᠢᠨᠠᠷᠲᠠᠶ ᠪᠠᠴᠢᠮ ᠪᠠᠢᠳᠠᠯ᠎ᠢ ᠠᠷᠭᠠᠴᠡᠭᠠᠬᠤ ᠠᠪᠤᠷᠠᠨ ᠲᠤᠰᠠᠯᠠᠬᠤ ᠰᠣᠷᠢᠯᠲᠠ ᠪᠠ ᠣᠷᠣᠨ ᠪᠦᠰᠡ ᠠᠯᠤᠰᠯᠠᠭ᠍ᠰᠠᠨ ᠠᠪᠤᠷᠠᠨ ᠲᠤᠰᠠᠯᠠᠬᠤ ᠡᠭᠦᠷᠭᠡ᠎ᠳᠦ ᠣᠯᠠᠨ ᠤᠳᠠᠭ᠎ᠠ ᠣᠷᠣᠯᠴᠠᠵᠤ᠂ ᠡᠵᠡᠩᠨᠡᠯᠲᠡ ᠵᠢᠨ ᠵᠠᠭᠪᠤᠷ ᠵᠢ ᠨᠢ ᠣᠯᠠᠨ ᠮᠤᠵᠢ᠎ᠶ᠋ᠢᠨ ᠠᠷᠠᠳ᠎ᠤᠨ ᠠᠪᠤᠷᠠᠨ ᠲᠤᠰᠠᠯᠠᠬᠤ ᠡᠩᠨᠡᠭᠡ᠎ᠵᠢᠨ ᠬᠢᠨ ᠲᠣᠯᠢ ᠪᠣᠯᠭᠠᠭᠰᠠᠨ ᠪᠠᠢᠨ᠎ᠠ᠃
ᠲᠤᠰ ᠪᠡᠶ᠎ᠡ᠎ᠶ᠋ᠢᠨ ᠪᠠ ᠪᠦᠯᠬᠦᠮ᠎ᠦᠨ ᠠᠪᠤᠷᠠᠨ ᠲᠤᠰᠠᠯᠠᠬᠤ ᠬᠠᠲᠠᠭᠤ ᠪᠣᠳᠠᠲᠤ ᠬᠦᠴᠦᠨ᠎ᠢᠶᠡᠨ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠯᠢ ᠬᠠᠢ ᠹᠸᠩ ᠪᠠᠶᠠᠷ ᠳᠤᠷᠠᠰᠭᠠᠯ᠎ᠤᠨ ᠡᠳᠦᠷ᠎ᠢᠶᠡᠷ ᠦᠯᠦ ᠠᠮᠠᠷᠠᠨ᠂ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠡᠯ᠎ᠡ ᠵᠦᠢᠯ᠎ᠦᠨ ᠠᠪᠤᠷᠠᠨ ᠲᠤᠰᠠᠯᠠᠬᠤ ᠤᠷ᠎ᠠ ᠴᠢᠳᠠᠪᠤᠷᠢ᠎ᠶ᠋ᠢᠨ ᠰᠤᠷᠢᠯᠲᠠ ᠪᠠ ᠪᠣᠯᠪᠠᠰᠤᠷᠠᠯ᠎ᠳᠤ ᠣᠷᠣᠯᠴᠠᠪᠠ᠃ 2015 ᠣᠨ᠎ᠡᠴᠡ ᠡᠬᠢᠯᠡᠨ᠂ ᠯᠢ ᠬᠠᠢ ᠹᠸᠩ ᠤᠯᠠᠨ ᠤᠯᠤᠰ᠎ᠤᠨ ᠪᠠᠴᠢᠮ ᠪᠠᠢᠳᠠᠯ᠎ᠢ ᠠᠷᠭᠠᠴᠡᠭᠠᠬᠤ ᠠᠪᠤᠷᠠᠨ ᠲᠤᠰᠠᠯᠠᠬᠤ ᠰᠣᠯᠢᠯᠴᠠᠭᠠᠨ᠎ᠤ ᠲᠠᠪᠴᠠᠩ᠎ᠳᠤ ᠢᠳᠡᠪᠬᠢᠲᠡᠢ ᠣᠷᠣᠯᠴᠠᠵᠤ ᠡᠬᠢᠯᠡᠪᠡ᠃ ᠲᠡᠷᠡ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠠᠵᠢᠭ᠍ᠯᠠᠭ᠍ᠴᠢ᠎ᠶ᠋ᠢᠨ ᠬᠤᠪᠢ᠎ᠪᠠᠷ ᠤᠷᠢᠳ ᠬᠣᠵᠢᠳ ᠯᠢᠲ᠋ᠸᠠ ᠵᠢᠨ ᠤᠯᠤᠰ᠎ᠤᠨ ᠠᠪᠤᠷᠠᠨ ᠲᠤᠰᠠᠯᠠᠬᠤ ᠠᠩᠬᠢ᠎ᠶ᠋ᠢᠨ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ IER ᠱᠢᠯᠭᠠᠨ ᠦᠨᠡᠯᠡᠯᠲᠡ᠂ ᠺᠣᠷᠢᠶᠠ᠎ᠶ᠋ᠢᠨ ᠤᠯᠤᠰ᠎ᠤᠨ ᠠᠪᠤᠷᠠᠨ ᠲᠤᠰᠠᠯᠠᠬᠤ ᠠᠩᠬᠢ᠎ᠶ᠋ᠢᠨ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ IER ᠱᠢᠯᠭᠠᠨ ᠦᠨᠡᠯᠡᠯᠲᠡ᠎ᠳᠦ ᠣᠷᠣᠯᠴᠠᠵᠤ᠂ ᠤᠯᠠᠨ ᠤᠯᠤᠰ᠎ᠤᠨ ᠠᠪᠤᠷᠠᠨ ᠲᠤᠰᠠᠯᠠᠬᠤ ᠠᠩᠬᠢ᠎ᠶ᠋ᠢᠨ ᠴᠢᠳᠠᠪᠤᠷᠢ᠎ᠶ᠋ᠢ ᠦᠨᠡᠯᠡᠬᠦ᠌ ᠪᠠᠷᠢᠮᠵᠢᠶ᠎ᠠ ᠪᠣᠯᠤᠨ ᠠᠵᠢᠯᠯᠠᠭᠠᠨ᠎ᠤ ᠵᠠᠭ᠍ᠪᠤᠷ᠎ᠢ ᠭᠦᠨᠵᠡᠭᠡᠢ ᠰᠤᠳᠤᠯᠪᠠ᠃ 2019 ᠣᠨ᠎ᠳᠤ᠂ ᠲᠡᠷᠡ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠮᠠᠯᠠᠢᠱᠢᠶᠠᠳ᠋ᠤ ᠡᠷᠭᠢᠯᠡᠭ᠌ᠰᠡᠨ ᠠᠽᠢᠶ᠎ᠠ ᠲᠢᠪ ᠨᠣᠮᠣᠬᠠᠨ ᠲᠡᠯᠡᠶ᠎ᠶ᠋ᠢᠨ ᠣᠷᠣᠨ᠎ᠤ ᠠᠪᠤᠷᠠᠨ ᠲᠤᠰᠠᠯᠠᠬᠤ ᠰᠣᠷᠢᠯᠲᠠ᠎ᠳᠤ ᠣᠷᠣᠯᠴᠠᠵᠤ᠂ 20 ᠭᠠᠷᠤᠶ ᠤᠯᠤᠰ᠎ᠡᠴᠡ ᠢᠷᠡᠭ᠌ᠰᠡᠨ ᠠᠪᠤᠷᠠᠨ ᠲᠤᠰᠠᠯᠠᠬᠤ ᠡᠩᠨᠡᠭᠡ᠎ᠲᠡᠶ ᠬᠠᠮᠲᠤ ᠭᠠᠵᠠᠷ ᠬᠥᠳᠡᠯᠦᠯᠲᠡ᠎ᠶ᠋ᠢᠨ ᠭᠠᠮᠰᠢᠭ᠎ᠤᠨ ᠲᠣᠭᠣᠷᠢᠨ᠎ᠳᠤ ᠠᠪᠤᠷᠠᠨ ᠲᠤᠰᠠᠯᠠᠬᠤ ᠬᠠᠮᠵᠢᠯᠴᠠᠭ᠎ᠠ ᠬᠢᠪᠠ᠃ 2018 ᠣᠨ᠎ᠡᠴᠡ ᠡᠬᠢᠯᠡᠨ᠂ ᠲᠡᠷᠡ ᠪᠢᠷᠮᠠ ᠳᠤᠮᠳᠠᠳᠤ᠎ᠶ᠋ᠢᠨ ᠨᠥᠬᠥᠷᠯᠡᠯ᠎ᠦᠨ ᠨᠡᠢᠭᠡᠮᠯᠢᠭ᠎ᠦᠨ ᠤᠷᠢᠯᠭ᠎ᠠ᠎ᠪᠠᠷ ᠤᠷᠢᠳ ᠬᠣᠵᠢᠳ 3 ᠤᠳᠠᠭ᠎ᠠ ᠪᠢᠷᠮᠠ᠎ᠳᠤ ᠬᠦᠷᠴᠦ᠍ ᠪᠠᠴᠢᠮ ᠪᠠᠢᠳᠠᠯ᠎ᠢ ᠠᠷᠭᠠᠴᠡᠭᠠᠬᠤ ᠠᠪᠤᠷᠠᠨ ᠲᠤᠰᠠᠯᠠᠬᠤ ᠴᠢᠳᠠᠪᠤᠷᠢ᠎ᠪᠠᠨ ᠳᠡᠭᠡᠭ᠌ᠰᠢᠯᠡᠭᠦᠯᠬᠦ᠌ ᠪᠣᠯᠪᠠᠰᠤᠷᠠᠯ ᠥᠷᠨᠢᠭᠦᠯᠵᠦ᠍᠂ ᠪᠢᠷᠮᠠ᠎ᠶ᠋ᠢᠨ ᠦᠶᠡᠷ ᠤᠰᠤᠲᠤᠯ᠂ ᠭᠠᠵᠠᠷ ᠬᠥᠳᠡᠯᠦᠯᠲᠡ᠎ᠶ᠋ᠢᠨ ᠭᠠᠮᠱᠢᠭ ᠤᠯᠠᠨ ᠡᠭᠦᠰᠭᠦ ᠣᠨᠴᠠᠯᠢᠭᠲᠤ ᠴᠢᠭ᠌ᠯᠡᠭᠦᠯᠦᠨ᠂ ᠰᠠᠭᠤᠷᠢ ᠲᠦᠷᠭᠡᠨ ᠠᠪᠤᠷᠠᠯᠳᠠ᠂ ᠳᠡᠭᠡᠰᠦ᠎ᠪᠡᠷ ᠠᠪᠤᠷᠠᠨ ᠲᠤᠰᠠᠯᠠᠬᠤ᠂ ᠭᠠᠮᠱᠢᠭ᠎ᠤᠨ ᠳᠠᠷᠠᠭᠠᠬᠢ ᠬᠢᠵᠢᠭ᠎ᠢ ᠰᠡᠷᠭᠡᠢᠯᠡᠬᠦ᠌ ᠵᠡᠷᠭᠡ ᠬᠢᠴᠢᠶᠡᠯ᠎ᠢ ᠲᠣᠭ᠍ᠲᠠᠭᠠᠵᠤ᠂ ᠲᠤᠬᠠᠢ᠎ᠶ᠋ᠢᠨ ᠭᠠᠵᠠᠷ᠎ᠤᠨ 200 ᠭᠠᠷᠤᠢ ᠬᠥᠮᠦᠨ ᠤᠳᠠᠭ᠎ᠠ ᠰᠠᠢ᠌ᠨ ᠲᠤᠷᠠᠴᠤᠳ ᠲᠤ᠌ ᠪᠣᠯᠪᠠᠰᠤᠷᠠᠯ ᠬᠦᠷᠲᠡᠭᠡᠵᠦ᠂ ᠪᠠᠰᠠ ᠲᠦᠷᠭᠡᠨ ᠠᠪᠤᠷᠠᠯᠳᠠ᠎ᠶ᠋ᠢᠨ ᠪᠣᠭ᠍ᠴᠣ᠂ ᠠᠷᠢᠭᠤᠳᠭᠠᠬᠤ ᠲᠥᠬᠥᠭᠡᠷᠦᠮᠵᠢ ᠵᠡᠷᠭᠡ ᠡᠳ᠋ ᠪᠣᠳᠠᠰ᠎ᠢ ᠬᠠᠨᠳᠢᠪᠯᠠᠵᠤ᠂ ᠳᠤᠮᠳᠠᠳᠤ ᠪᠢᠷᠮᠠ᠎ᠶ᠋ᠢᠨ ᠠᠷᠠᠳ᠎ᠤᠨ ᠪᠠᠴᠢᠮ ᠪᠠᠢᠳᠠᠯ᠎ᠢ ᠠᠷᠭᠠᠴᠡᠭᠠᠬᠤ ᠠᠪᠤᠷᠠᠨ ᠲᠤᠰᠠᠯᠠᠬᠤ ᠬᠠᠮᠲᠤᠷᠠᠯᠴᠠᠭ᠎ᠠ᠎ᠶ᠋ᠢ ᠠᠬᠢᠭᠤᠯᠪᠠ᠃
ᠨᠡᠢᠭᠡᠮᠯᠢᠭ ᠪᠠᠢᠭᠤᠯᠤᠭ᠍ᠳᠠᠭ᠍ᠰᠠᠨ᠎ᠡᠴᠡ ᠤᠳᠤ ᠪᠣᠯᠲᠠᠯ᠎ᠠ᠂ ᠪᠦᠬᠦ᠌ ᠣᠷᠣᠨ᠎ᠳᠤ ᠨᠢᠭᠡᠨᠲᠡ 17 ᠰᠠᠯᠠᠭ᠎ᠠ ᠯᠠᠨ ᠲᠢᠶᠠᠨ ᠠᠪᠤᠷᠠᠨ ᠲᠤᠰᠠᠯᠠᠬᠤ ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠠᠩᠬᠢ᠎ᠶ᠋ᠢ ᠵᠣᠬᠢᠶᠠᠨ ᠪᠠᠢᠭᠤᠯᠵᠤ᠂ ᠤᠨᠤᠯ᠎ᠤᠨ ᠪᠣᠯᠪᠠᠰᠤᠷᠠᠯ᠂ ᠲᠤᠰᠭᠠᠢ ᠮᠡᠷᠭᠡᠵᠢᠯ᠎ᠦᠨ ᠪᠣᠯᠪᠠᠰᠤᠷᠠᠯ ᠪᠣᠯᠤᠨ ᠰᠣᠷᠢᠯᠲᠠ᠎ᠶ᠋ᠢ 320 ᠭᠠᠷᠤᠢ ᠲᠠᠯᠠᠪᠤᠷ ᠤᠳᠠᠭ᠎ᠠ ᠥᠷᠨᠢᠭᠦᠯᠪᠡ; ᠠᠪᠤᠷᠠᠨ ᠲᠤᠰᠠᠯᠠᠬᠤ ᠠᠵᠢᠯᠯᠠᠭ᠎ᠠ᠎ᠶ᠋ᠢ ᠨᠡᠢᠲᠡ 1106 ᠤᠳᠠᠭ᠎ᠠ ᠬᠡᠷᠡᠭ᠌ᠵᠢᠭᠦᠯᠵᠦ᠍᠂ ᠤᠰᠤᠨ ᠣᠷᠣᠨ᠂ ᠠᠭᠤᠯᠠ ᠬᠠᠢᠷᠬᠠᠨ᠂ ᠭᠠᠵᠠᠷ ᠬᠥᠳᠡᠯᠦᠯᠲᠡ᠂ ᠬᠣᠲᠠ᠎ᠶ᠋ᠢᠨ ᠤᠰᠤᠲᠤᠯ ᠵᠡᠷᠭᠡ ᠣᠯᠠᠨ ᠵᠦᠶ᠋ᠯ᠎ᠦᠨ ᠭᠠᠶ ᠭᠠᠮᠱᠢᠭ᠎ᠢ ᠪᠦᠷᠬᠦᠪᠡ; ᠠᠮᠤᠷ ᠲᠦᠪᠱᠢᠨ᠎ᠦ ᠬᠥᠮᠦᠵᠢᠯ ᠪᠠ ᠥᠪᠡᠷ᠎ᠢ᠎ᠪᠡᠨ ᠠᠪᠤᠷᠠᠬᠤ ᠬᠠᠷᠢᠯᠴᠠᠨ ᠠᠪᠤᠷᠠᠬᠤ ᠤᠷ᠎ᠠ ᠴᠢᠳᠠᠪᠤᠷᠢ᠎ᠶ᠋ᠢᠨ ᠪᠣᠯᠪᠠᠰᠤᠷᠠᠯ᠂ ᠰᠣᠷᠢᠯᠲᠠ᠂ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠵᠡᠷᠭᠡ ᠦᠢᠯᠡᠴᠢᠯᠡᠭᠡ᠎ᠶ᠋ᠢ 4882 ᠲᠠᠯᠠᠪᠤᠷ ᠤᠳᠠᠭ᠎ᠠ ᠥᠷᠨᠢᠭᠦᠯᠪᠡ; ᠦᠢᠯᠡᠴᠢᠯᠡᠭᠡ᠎ᠳᠤ ᠤᠷᠤᠯᠴᠠᠭᠤᠯᠤᠭᠰᠠᠨ ᠰᠠᠢᠨ ᠲᠤᠷᠠᠴᠤᠳ ᠨᠡᠢᠲᠡ 7.2 ᠲᠦᠮᠡᠨ ᠬᠥᠮᠦᠨ ᠤᠳᠠᠭ᠎ᠠ ᠬᠦᠷᠴᠦ᠂ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠴᠠᠭ ᠨᠢ 102.8 ᠲᠦᠮᠡᠨ ᠴᠠᠭ᠎ᠢ ᠳᠠᠪᠠᠵᠤ᠂ ᠱᠢᠭᠤᠳ ᠠᠱᠢᠭ ᠭᠥᠷᠳᠡᠭ᠌ᠰᠡᠨ ᠬᠥᠮᠦᠨ᠎ᠤ ᠲᠤᠭ᠎ᠠ 31.6 ᠲᠦᠮᠡᠨ ᠬᠥᠮᠦᠨ ᠤᠳᠠᠭ᠎ᠠ᠎ᠶ᠋ᠢ ᠳᠠᠪᠠᠵᠤ᠂ ᠨᠡᠢᠭᠡᠮ᠎ᠦᠨ ᠬᠤᠪᠢ ᠨᠡᠮᠡᠷᠢ᠎ᠶ᠋ᠢᠨ ᠥᠷᠲᠡᠭ᠎ᠢᠶᠡᠷ ᠨᠤᠭᠤᠯᠵᠤ ᠪᠤᠳᠤᠪᠠᠯ 4343 ᠲᠦᠮᠡᠨ ᠲᠥᠭᠥᠷᠢᠭ᠎ᠢ ᠳᠠᠪᠠᠵᠤ᠂ 《ᠳᠤᠲᠠᠭᠤ ᠶᠠᠷᠢᠵᠤ ᠢᠯᠡᠭᠦᠬᠡᠨ ᠬᠢᠵᠦ᠂ ᠦᠭᠡ ᠲᠠᠭᠤᠨ ᠥᠬᠡᠶ᠎ᠪᠡᠷ ᠬᠤᠪᠢ ᠨᠡᠮᠡᠷᠢ ᠦᠵᠡᠭᠦᠯᠬᠦ᠌》 ᠪᠦᠯᠬᠦᠮ ᠨᠡᠢᠲᠡ᠎ᠶ᠋ᠢᠨ ᠣᠢᠯᠠᠭᠠᠭ᠍ᠳᠠᠬᠤᠨ᠎ᠢ ᠦᠶ᠋ᠯᠡᠳᠦᠯᠭᠡᠵᠢᠭᠦᠯᠪᠡ᠃
4. ᠯᠢᠦ ᠪᠢᠨ᠄ ᠣᠬᠣᠷᠬᠠᠨ 8 ᠰᠠᠷ᠎ᠠ᠎ᠶᠢᠨ ᠬᠤᠭᠤᠴᠠᠭᠠᠨ᠎ᠳᠤ ᠦᠴᠦᠬᠡᠨ ᠴᠦ᠍ ᠲᠠᠲᠠᠭᠠᠯᠵᠠᠯ ᠦᠭᠡᠢ ᠪᠡᠷ ᠬᠣᠶᠠᠷ ᠤᠳᠠᠭ᠎ᠠ 《ᠴᠢᠮᠦᠭᠡ ᠬᠠᠨᠳᠢᠪᠯᠡᠨ ᠬᠥᠮᠥᠨ ᠠᠪᠤᠷᠠᠵᠤ》᠂ ᠴᠢᠰᠤ ᠪᠦᠲᠦᠭᠡᠬᠦ ᠭᠣᠣᠯ ᠡᠰ ᠪᠣᠯᠣᠨ ᠯᠢᠮᠪᠠ᠎ᠶᠢᠨ ᠡᠰ᠎ᠦᠨ ᠪᠤᠯᠠᠩᠭᠢᠷ ᠰᠢᠩᠭᠡᠨ᠎ᠢ ᠨᠡᠶ᠋ᠢᠲᠡ 286mL ᠬᠠᠨᠳᠢᠪᠯᠡᠪᠡ
ᠯᠢᠦ ᠪᠢᠨ ᠪᠣᠯ ᠪᠥᠬᠥ ᠤᠯᠤᠰ᠎ᠤᠨ 9014 ᠳ᠋ᠤᠭᠡᠷ ᠴᠢᠰᠤ ᠪᠦᠲᠦᠭᠡᠬᠦ ᠭᠣᠣᠯ ᠡᠰᠢᠶᠡᠨ ᠬᠠᠨᠳᠢᠪᠯᠡᠭ᠍ᠰᠠᠨ ᠰᠠᠢᠨ ᠳᠤᠷᠠᠴᠢᠨ᠂ ᠪᠥᠬᠥ ᠤᠯᠤᠰ᠎ᠤᠨ 9829 ᠳ᠋ᠤᠭᠡᠷ ᠯᠢᠮᠪᠠ᠎ᠶᠢᠨ ᠡᠰ᠎ᠦᠨ ᠪᠤᠯᠠᠩᠭᠢᠷ ᠰᠢᠩᠭᠡᠨ᠎ᠢᠶᠡᠨ ᠬᠠᠨᠳᠢᠪᠯᠡᠭ᠍ᠰᠠᠨ ᠰᠠᠢᠨ ᠳᠤᠷᠠᠴᠢᠨ ᠮᠥᠨ᠃
2015 ᠣᠨ᠎ᠤ 3 ᠰᠠᠷ᠎ᠠ᠎ᠳᠤ ᠢᠳᠡᠪᠬᠢᠲᠡᠢ ᠰᠠᠨᠠᠭᠠᠴᠢᠯᠠᠭ᠎ᠠ᠎ᠲᠠᠢ᠎ᠪᠠᠷ ᠨᠡᠷ᠎ᠡ ᠮᠡᠳᠡᠭᠦᠯᠵᠦ ᠳᠤᠮᠳᠠᠳᠤ᠎ᠶᠢᠨ ᠴᠢᠮᠦᠭᠡᠨ ᠬᠥᠮᠥᠷᠭᠡ᠎ᠶᠢᠨ ᠰᠠᠢᠨ ᠳᠤᠷᠠᠴᠢᠨᠨ ᠪᠤᠯᠪᠠ᠃ 2019 ᠣᠨ᠎ᠤ 7 ᠰᠠᠷ᠎ᠠ᠎ᠳᠤ᠂ ᠲᠡᠷᠡ ᠤᠯᠠᠭᠠᠨ ᠵᠠᠭᠠᠯᠮᠠᠢ᠍ᠢᠳᠠᠨᠤ ᠨᠡᠢᠭᠡᠮᠯᠢᠭ᠎ᠦᠨ ᠮᠡᠳᠡᠭᠳᠡᠯ᠎ᠢ ᠣᠯᠵᠤ᠂ ᠴᠢᠰᠤ ᠴᠠᠢᠬᠤ ᠡᠪᠡᠳᠴᠢᠨ᠎ᠲᠠᠢ ᠡᠪᠡᠳᠴᠢᠲᠡᠨ᠎ᠤ ᠴᠢᠰᠤᠨ᠎ᠤ ᠬᠡᠯᠪᠡᠷᠢ ᠨᠢ ᠲᠡᠭᠦᠨ᠎ᠲᠠᠢ ᠠᠳᠠᠯᠢ ᠪᠤᠯᠤᠭᠰᠠᠨ᠎ᠢ ᠮᠡᠳᠡᠭᠳᠡᠪᠡ᠂ ᠲᠡᠷᠡ ᠴᠢᠰᠤ ᠪᠦᠲᠦᠭᠡᠬᠦ ᠭᠣᠣᠯ ᠡᠰᠢᠶᠡᠨ ᠬᠠᠨᠳᠢᠪᠯᠡᠬᠤ᠎ᠶᠢ ᠰᠢᠭᠤᠷᠬᠠᠢ ᠵᠥᠪᠰᠢᠶᠡᠷᠡᠪᠡ᠃ 2019 ᠣᠨ᠎ᠤ 10 ᠰᠠᠷ᠎ᠠ᠎ᠳᠤ᠂ ᠲᠡᠷᠡ ᠡᠬᠡᠨᠡᠷᠲᠠᠢᠪᠡᠨ ᠬᠥᠬᠥᠭᠦᠯᠵᠦ ᠪᠠᠢᠭ᠎ᠠ ᠬᠡᠦᠬᠡᠨ᠎ᠢᠶᠡᠨ ᠳᠠᠭᠠᠭᠤᠯᠤᠨ 600 ᠭᠠᠷᠤᠢ ᠺᠢᠯᠦᠮᠸᠲᠷ ᠵᠠᠮ᠎ᠢ ᠲᠤᠭᠤᠯᠵᠤ᠂ ᠥᠪᠥᠷ ᠮᠣᠩᠭᠣᠯ᠎ᠤᠨ ᠤᠯᠠᠨ ᠤᠯᠤᠰ᠎ᠤᠨ ᠮᠣᠩᠭᠣᠯ ᠡᠮᠨᠡᠯᠭᠡ᠎ᠶᠢᠨ ᠬᠣᠷᠢᠶ᠎ᠠ᠎ᠳᠤ ᠬᠦᠷᠴᠦ ᠴᠢᠰᠦ ᠠᠪᠤᠭᠤᠯᠬᠤ ᠪᠡᠯᠡᠳᠬᠡᠯ ᠬᠢᠵᠡᠢ᠃ ᠵᠢᠩᠬᠢᠨᠢ᠎ᠪᠡᠷ ᠴᠢᠰᠦ ᠠᠪᠤᠭᠤᠯᠬᠤ᠎ᠡᠴᠡ ᠡᠮᠦᠨ᠎ᠡ᠂ ᠲᠡᠷᠡ 4 ᠡᠳᠦᠷ ᠵᠠᠯᠭᠠᠭ᠎ᠠ᠎ᠪᠠᠷ 6 ᠳᠠᠢᠴᠢᠯᠠᠯᠲᠠ᠎ᠶᠢᠨ ᠡᠮ ᠳᠠᠷᠢᠪᠡ᠃ ᠳᠠᠢᠴᠢᠯᠠᠯᠲᠠ᠎ᠶᠢᠨ ᠡᠮ ᠲᠡᠭᠦᠨ᠎ᠦ ᠪᠡᠶᠡᠳᠦ ᠴᠢᠨᠭᠭ᠎ᠠ ᠲᠤᠰᠬᠠᠯᠭᠠᠷᠪᠠ᠄ ᠲᠣᠯᠣᠭᠠᠢ ᠡᠪᠡᠳᠴᠦ᠂ ᠪᠤᠯᠴᠢᠩ ᠮᠢᠬ᠎ᠠ ᠱᠠᠷᠬᠢᠷᠠᠨ᠂ ᠰᠥᠨᠢᠵᠢᠨ ᠬᠥᠯᠦᠷᠡᠵᠦ ᠪᠠᠢᠭᠰᠠᠨ ᠴᠦ᠍ ᠲᠡᠭᠦᠨ᠎ᠦ ᠬᠠᠨᠳᠢᠪᠯᠡᠬᠤ ᠵᠣᠷᠢᠭ᠋᠎ᠢ ᠥᠴᠥᠬᠡᠨ ᠴᠦ᠍ ᠭᠤᠢᠪᠢᠭᠤᠯᠤᠭᠰᠠᠨ ᠦᠭᠡᠢ᠃ ᠡᠪᠡᠳᠴᠢᠲᠡᠨ᠎ᠦ ᠪᠡᠶ᠎ᠡ᠎ᠶᠢᠨ ᠬᠦᠨᠳᠦ ᠨᠢ ᠲᠡᠭᠦᠨ᠎ᠦ ᠪᠡᠶ᠎ᠡ᠎ᠶᠢᠨ ᠬᠦᠨᠳᠦ᠎ᠡᠴᠡ 50 ᠭᠠᠷᠤᠢ ᠵᠢᠩ ᠬᠦᠨᠳᠦ ᠪᠣᠯᠬᠣᠷ᠂ ᠬᠡᠷᠡᠭᠰᠡᠬᠦ ᠴᠢᠰᠤ ᠪᠦᠲᠦᠭᠡᠬᠦ ᠭᠣᠣᠯ ᠡᠰ᠎ᠦᠨ ᠬᠡᠮᠵᠢᠶ᠎ᠡ ᠨᠢ ᠨᠡᠯᠢᠶᠡᠳ ᠠᠷᠪᠢᠨ ᠪᠠᠢᠵᠤ᠂ ᠴᠢᠰᠦ ᠠᠪᠬᠤ᠎ᠳᠤ ᠨᠡᠶ᠋ᠢᠲᠡ 4 ᠴᠠᠭ ᠭᠠᠷᠤᠢ ᠬᠡᠷᠡᠭᠰᠡᠪᠡ᠃ ᠡᠨᠡ 4 ᠴᠠᠭ ᠭᠠᠷᠤᠢ᠎ᠶᠢᠨ ᠬᠤᠭᠤᠴᠠᠭᠠᠨ᠎ᠳᠤ᠂ ᠲᠡᠷᠡ ᠡᠪᠡᠳᠴᠢᠲᠡᠨ᠎ᠦ ᠣᠷᠣ᠌ ᠳᠡᠭᠡᠷ᠎ᠡ ᠬᠡᠪᠲᠡᠵᠦ᠂ ᠴᠢᠰᠤ ᠰᠠᠯᠭᠠᠬᠤ ᠮᠠᠰᠢᠨ᠎ᠤ ᠬᠣᠶᠠᠷ ᠭᠤᠤᠷᠰᠤ ᠵᠢ ᠲᠡᠭᠦᠨ᠎ᠦ ᠵᠡᠭᠦᠨ ᠪᠠᠷᠠᠭᠤᠨ ᠭᠠᠷ ᠲᠦ᠍ ᠲᠠᠭᠠᠷᠠᠭᠤᠯᠵᠤ᠂ ᠤᠭᠲᠤᠬᠠᠨ ᠴᠦ᠍ ᠬᠦᠳᠡᠯᠦᠯ ᠦᠭᠡᠢ ᠬᠡᠪᠲᠡᠨ᠎ᠡ᠃ ᠴᠢᠰᠦ ᠠᠪᠤᠭᠤᠯᠬᠤ ᠶᠠᠪᠤᠴᠠ᠎ᠳᠤ ᠺᠠᠯᠼ ᠦᠭᠡᠢᠳᠡᠬᠦ ᠢᠯᠡᠷᠡᠯ ᠭᠠᠷᠴᠤ᠂ ᠲᠡᠭᠦᠨ᠎ᠦ ᠤᠷᠤᠭᠤᠯ ᠪᠠ ᠳᠥᠷᠪᠡᠨ ᠮᠥᠴᠢ ᠨᠢ ᠰᠦᠷᠡᠬᠡᠢ ᠮᠢᠨᠴᠦᠭᠦᠷᠡᠵᠤ ᠪᠠᠢᠭᠰᠠᠨ ᠴᠦ᠍ ᠲᠡᠷᠡ ᠰᠢᠳᠦ᠎ᠪᠡᠨ ᠵᠠᠭᠤᠵᠤ᠂ ᠡᠴᠦᠰ ᠲᠦ᠍ᠨᠢ ᠲᠤᠯᠲᠠᠯ᠎ᠠ ᠲᠡᠰᠪᠦᠷᠢᠯᠡᠵᠡᠢ᠃ ᠡᠴᠦᠰ᠎ᠲᠡᠬᠡᠨ ᠡᠮᠴᠢ ᠲᠡᠭᠦᠨ᠎ᠦ ᠪᠡᠶ᠎ᠡ᠎ᠡᠴᠡ 188mL ᠴᠢᠰᠤ ᠪᠦᠲᠦᠭᠡᠬᠦ ᠭᠣᠣᠯ ᠡᠰ᠎ᠦᠨ ᠪᠤᠯᠠᠩᠭᠢᠷ ᠰᠢᠩᠭᠡᠨ᠎ᠢ ᠠᠮᠵᠢᠯᠲᠠᠲᠠᠢᠠᠪᠴᠦ᠂ ᠡᠪᠡᠳᠴᠢᠲᠡᠨ᠎ᠳᠦ 《ᠠᠮᠢ ᠨᠠᠰᠤᠨ᠎ᠤ ᠦᠷ᠎ᠡ》 ᠶ᠋ᠢ ᠬᠠᠨᠳᠢᠪᠯᠠᠵᠦ ᠦᠭᠪᠡ᠃
2020 ᠣᠨ᠎ᠤ 5 ᠰᠠᠷ᠎ᠠ᠎ᠳᠤ᠂ ᠨᠢᠭᠡᠳᠦᠭᠡᠷ ᠤᠳᠠᠭ᠎ᠠ ᠬᠠᠨᠳᠢᠪᠯᠠᠭᠰᠠᠨ᠎ᠡᠴᠡ ᠨᠠᠢ᠍ᠮᠠᠬᠠᠨ ᠰᠠᠷ᠎ᠠ ᠵᠢᠨ ᠳᠠᠷᠠᠭ᠎ᠠ ᠯᠢᠦ ᠪᠢᠨ ᠤᠯᠠᠭᠠᠨ ᠵᠠᠭᠠᠯᠮᠠᠶ᠋ᠢᠲᠠᠨᠤ ᠨᠡᠢᠭᠡᠮᠯᠢᠭ᠎ᠦᠨ ᠤᠲᠠᠰᠤ᠎ᠶᠢ ᠳᠠᠬᠢᠨᠲᠠ ᠲᠤᠰᠪᠠ᠂ ᠤᠲᠠᠰᠤᠨ᠎ᠤ ᠴᠠᠭᠠᠨ᠎ᠠ᠂ ᠥᠩᠭᠡᠷᠡᠭᠰᠡᠨ᠎ᠤ ᠠᠪᠤᠷᠠᠨ ᠲᠤᠰᠠᠯᠠᠭᠰᠠᠨ ᠡᠪᠡᠳᠴᠢᠲᠡᠨ᠎ᠦ ᠡᠪᠡᠳᠴᠢᠨ ᠨᠢ ᠳᠠᠬᠢᠨ ᠬᠥᠳᠡᠯᠵᠦ᠂ ᠪᠠᠢᠳᠠᠯ ᠨᠢ ᠲᠤᠢᠯ᠎ᠤᠨ ᠲᠦᠭᠰᠢᠭᠦᠷᠢᠲᠡᠢ ᠪᠣᠯᠤᠭᠰᠠᠨ ᠪᠣᠯᠬᠣᠷ ᠲᠡᠭᠦᠨ ᠡᠴᠡ 《ᠬᠣᠶᠠᠳᠠᠭᠢ ᠤᠳᠠᠭ᠎ᠠ ᠬᠠᠨᠳᠢᠪᠯᠡᠵᠤ ᠪᠣᠯᠬᠤ ᠡᠰᠡᠭᠦ ᠵᠢ ᠠᠰᠠᠭᠤᠵᠤ ᠪᠠᠢᠨ᠎ᠠ》 ᠭᠡᠵᠡᠢ᠃ ᠨᠠᠷᠢᠨ ᠨᠢᠮᠪᠠᠢ ᠪᠣᠳᠣᠯᠬᠢᠯᠠᠭᠰᠠᠨ᠎ᠤ ᠲᠠᠷᠠᠭ᠎ᠠ᠂ ᠲᠡᠷᠡ ᠲᠥᠪ ᠴᠢᠩᠭ᠎ᠠ᠎ᠪᠠᠷ ᠠᠮᠠᠯᠠᠯᠲᠠ ᠬᠢᠵᠦ᠂ 《〈ᠬᠣᠶᠠᠳᠠᠭᠢ ᠤᠳᠠᠭ᠎ᠠ ᠬᠠᠨᠳᠢᠪᠯᠡᠬᠤ〉 ᠶ᠋ᠢ ᠵᠥᠪᠰᠢᠶᠡᠷᠡᠵᠤ ᠪᠠᠢᠨ᠎ᠠ᠂ ᠪᠢ ᠲᠡᠷᠡ ᠬᠥᠮᠥᠨ᠎ᠢ ᠵᠠᠪᠠᠯ ᠠᠪᠤᠷᠠᠨ᠎ᠠ》 ᠭᠡᠪᠡ᠃ 2020 ᠣᠨ᠎ᠤ 6 ᠰᠠᠷ᠎ᠠ᠎ᠳᠤ᠂ ᠲᠡᠷᠡ ᠳᠠᠬᠢᠨᠲᠠ 98mL ᠯᠢᠮᠪᠠ᠎ᠶᠢᠨ ᠡᠰ᠎ᠦᠨ ᠪᠤᠯᠠᠩᠭᠢᠷ ᠰᠢᠩᠭᠡᠨ ᠬᠠᠨᠳᠢᠪᠯᠡᠵᠤ᠂ ᠡᠪᠡᠳᠴᠢᠲᠡᠨ᠎ᠳᠦ ᠪᠠᠰᠠ ᠨᠢᠭᠡ ᠤᠳᠠᠭ᠎ᠠ 《ᠰᠢᠨ᠎ᠡ ᠠᠮᠢ ᠨᠠᠰᠤ》 ᠤᠯᠭᠤᠵᠠᠢ᠃
ᠲᠡᠷᠡ ᠴᠠᠭ ᠦᠷᠭᠦᠯᠵᠢ ᠭᠠᠵᠠᠷ ᠪᠣᠯᠭᠠᠨ᠎ᠳᠤ ᠨᠠᠮ᠎ᠤᠨ ᠭᠡᠰᠢᠭᠦᠨ᠎ᠦ ᠪᠠᠷᠢᠮᠵᠢᠶ᠎ᠠ᠎ᠪᠠᠷ ᠥᠪᠡᠷ᠎ᠢ᠎ᠪᠡᠨ ᠴᠢᠩᠭ᠎ᠠ ᠱᠠᠭᠠᠷᠳᠠᠵᠤ᠂ ᠨᠠᠮ᠎ᠤᠨ ᠭᠡᠰᠢᠭᠦᠨ᠎ᠦ ᠵᠢᠱ᠌ᠢᠶᠡᠴᠢ ᠳᠠᠭᠠᠭᠤᠯᠬᠤ ᠦᠢᠯᠡᠳᠦᠯ᠎ᠢ ᠭᠦᠢᠴᠡᠳ ᠪᠠᠳᠠᠷᠠᠭᠤᠯᠵᠤ᠂ ᠳᠡᠷᠭᠡᠳᠡᠬᠢ ᠨᠠᠮ᠎ᠤᠨ ᠭᠡᠰᠢᠭᠦᠨ ᠺᠠᠳ᠋ᠷ ᠪᠣᠯᠣᠨ ᠤᠯᠠᠨ ᠲᠦᠮᠡᠨ᠎ᠢ ᠦᠨ᠎ᠡ ᠲᠥᠯᠥᠪᠦᠷᠢ ᠦᠭᠡᠢ᠎ᠪᠡᠷ ᠴᠢᠰᠤ ᠬᠠᠨᠳᠢᠪᠯᠠᠬᠤ᠂ ᠠᠶᠤᠯ᠎ᠡᠴᠡ ᠵᠠᠢᠯᠠᠭᠤᠯᠵᠤ ᠬᠦᠴᠢᠷᠳᠡᠯ᠎ᠡᠴᠡ ᠠᠪᠤᠷᠠᠬᠤ ᠵᠡᠷᠭᠡ ᠨᠡᠶ᠋ᠢᠲᠡ᠎ᠶᠢᠨ ᠠᠰᠠᠷᠠᠮᠵᠢ᠎ᠶᠢᠨ ᠠᠵᠢᠯᠯᠠᠭ᠎ᠠ᠎ᠳᠤ ᠣᠷᠣᠯᠴᠠᠭᠤᠯᠬᠤ᠎ᠪᠠᠷ ᠤᠷᠢᠶᠠᠯᠠᠨ ᠲᠠᠢ᠍ᠢᠴᠢᠯᠠᠳᠠᠭ᠃ ᠣᠢᠷ᠎ᠠ᠎ᠶᠢᠨ ᠵᠢᠯ᠎ᠳᠦ᠂ ᠲᠡᠷᠡ ᠦᠨ᠎ᠡ ᠲᠥᠯᠥᠪᠦᠷᠢ ᠦᠭᠡᠢ᠎ᠪᠡᠷ ᠨᠡᠢ᠍ᠢᠳᠡ 1400mL ᠴᠢᠰᠤ ᠬᠠᠨᠳᠢᠪᠯᠡᠭ᠍ᠰᠠᠨ ᠪᠥᠭᠡᠳ ᠵᠣᠭᠣᠰ ᠮᠥᠩᠭᠥ᠎ᠪᠡᠷ ᠰᠤᠷᠤᠯᠭ᠎ᠠ᠎ᠶᠢ ᠲᠡᠳᠬᠦᠬᠦ᠂ ᠬᠠᠢᠷ᠎ᠠ ᠬᠠᠯᠠᠮᠵᠢ᠎ᠪᠠᠷ ᠲᠤᠰᠠᠯᠠᠬᠤ᠂ ᠰᠦᠯᠵᠢᠶ᠎ᠡ᠎ᠪᠡᠷ ᠬᠠᠨᠳᠢᠪ ᠴᠤᠭᠯᠠᠭᠤᠯᠬᠤ ᠵᠡᠷᠭᠡ ᠠᠷᠭ᠎ᠠ ᠬᠡᠯᠪᠡᠷᠢ᠎ᠪᠡᠷ 2 ᠲᠦᠮᠡ ᠭᠠᠷᠤᠢ ᠲᠥᠭᠥᠷᠢᠭ᠎ᠦᠨ ᠮᠥᠩᠭᠥ ᠬᠠᠨᠳᠢᠪᠯᠡᠵᠤ᠂ ᠨᠠᠮ᠎ᠤᠨ ᠭᠡᠰᠢᠭᠦᠨ᠎ᠦ ᠵᠢᠱ᠌ᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠦᠯ᠎ᠢ ᠭᠦᠢᠴᠡᠳ ᠪᠠᠳᠠᠷᠠᠭᠤᠯᠪᠠ᠃
5. ᠭᠠᠨᠭᠪᠤᠯᠤᠳ᠄ ᠬᠢᠯᠢ᠎ᠶᠢᠨ ᠬᠠᠮᠠᠭᠠᠯᠠᠯᠲᠠ᠎ᠶᠢᠨ ᠵᠠᠰᠠᠮᠠᠯ ᠵᠠᠮ᠎ᠤᠨ 160 ᠭᠠᠷᠤᠢ ᠺᠢᠯᠣᠮᠧᠲᠷ᠎ᠦᠨ ᠬᠡᠪᠴᠢᠶᠡᠨ ᠳᠣᠲᠣᠷ᠎ᠠ ᠵᠤᠷᠴᠢᠨ ᠥᠩᠭᠡᠷᠡᠬᠦ ᠲᠦᠮᠡ ᠭᠠᠷᠤᠢ ᠬᠠᠰᠢᠬᠳᠠᠭᠰᠠᠨ ᠲᠡᠷᠭᠡ᠎ᠶᠢ ᠠᠪᠤᠷᠠᠨ ᠲᠤᠰᠠᠯᠠᠵᠤ᠂ ᠬᠠᠰᠢᠭ᠍ᠳᠠᠭᠰᠠᠨ 36 ᠬᠥᠮᠥᠨ᠎ᠢ ᠠᠪᠤᠷᠠᠪᠠ
ᠭᠠᠨᠭᠪᠤᠯᠤᠳᠤᠨ ᠠᠪᠤ ᠡᠵᠢ ᠨᠢ ᠪᠦᠷ ᠤᠯᠤᠰ᠎ᠤᠨ ᠬᠡᠦᠬᠡᠳ ᠪᠠᠢᠵᠤ᠂ ᠬᠠᠷᠠᠬᠠᠨ ᠪᠠᠭ᠎ᠠ᠎ᠡᠴᠡ᠎ᠪᠠᠨ ᠭᠡᠷ ᠪᠦᠯᠢ᠎ᠶᠢᠨ ᠨᠥᠯᠥᠭᠡ᠎ᠶᠢ ᠭᠦᠨ ᠬᠦᠷᠲᠡᠵᠦ᠂ ᠨᠠᠮ ᠪᠠ ᠤᠯᠤᠰ᠎ᠲᠠᠭᠠᠨ ᠭᠦᠨ ᠲᠠᠯᠠᠷᠬᠠᠯ᠎ᠤᠨ ᠰᠡᠳᠬᠢᠯᠭᠡ᠎ᠲᠠᠢ ᠪᠠᠢᠳᠠᠭ᠃ 1999 ᠣᠨ᠎ᠳᠤ ᠤᠯᠤᠰ᠎ᠤᠨ ᠤᠷᠢᠶᠠᠯᠠᠭ᠎ᠠ᠎ᠶᠢ ᠳᠠᠭᠠᠵᠤ ᠴᠡᠷᠢᠭ᠎ᠲᠦ ᠡᠯᠰᠡᠭᠳᠡᠵᠦ᠂ ᠮᠠᠰᠢᠨ ᠲᠡᠷᠭᠡ ᠰᠡᠯᠪᠢᠨ ᠵᠠᠰᠠᠬᠤ ᠮᠡᠷᠭᠡᠵᠢᠯ᠎ᠢ ᠰᠢᠮᠳᠠᠨ ᠰᠤᠳᠤᠯᠬᠤ᠎ᠪᠠᠷ ᠳᠠᠮᠵᠢᠨ᠂ ᠮᠠᠰᠢᠨ ᠲᠡᠷᠭᠡ ᠰᠡᠯᠪᠢᠨ ᠵᠠᠰᠠᠬᠤ ᠠᠵᠢᠯ᠎ᠤᠨ ᠬᠢᠷᠢ ᠬᠡᠮ᠎ᠦᠨ ᠦᠨᠡᠮᠯᠡᠯ ᠣᠯᠵᠤ᠂ ᠨᠢᠭᠡᠨ ᠬᠢᠷᠢ ᠲᠡᠩᠴᠡᠭᠰᠡᠨ ᠮᠠᠰᠢᠨ ᠲᠡᠷᠭᠡ ᠰᠡᠯᠪᠢᠨ ᠵᠠᠰᠠᠬᠤ ᠠᠵᠢᠯᠴᠢᠨ ᠪᠣᠯᠪᠠ᠃ 2001 ᠣᠨ᠎ᠳᠤ ᠭᠠᠨᠭᠪᠤᠯᠤᠳ ᠢᠷᠠᠭᠤ ᠠᠯᠳᠠᠷᠲᠠᠢ᠎ᠪᠠᠷ ᠴᠡᠷᠢᠭ ᠠᠩᠭᠢ᠎ᠡᠴᠡ ᠬᠠᠯᠠᠭᠳᠠᠵᠤ ᠨᠤᠲᠤᠭ᠎ᠲᠠᠭᠠᠨ ᠪᠤᠴᠠᠵᠤ᠂ ᠮᠠᠰᠢᠨ ᠲᠡᠷᠭᠡ ᠰᠡᠯᠪᠢᠨ ᠵᠠᠰᠠᠬᠤ ᠭᠠᠵᠠᠷ ᠨᠡᠭᠡᠭᠡᠪᠡ᠃ ᠲᠤᠬᠠᠢ᠎ᠶᠢᠨ ᠦᠶ᠎ᠡ ᠵᠢᠨ ᠬᠢᠯᠢ᠎ᠶᠢᠨ ᠵᠠᠰᠠᠮᠠᠯ ᠵᠠᠮ ᠬᠠᠢᠷ ᠴᠢᠯᠠᠭᠤᠨ ᠵᠠᠮ ᠪᠠᠢᠵᠤ᠂ ᠡᠩᠬᠦᠯ ᠳᠤᠩᠬᠤᠯ ᠮᠥᠷᠲᠡᠭᠡᠨ ᠬᠢᠯᠢ ᠬᠢᠵᠠᠭᠠᠷ ᠣᠷᠣᠨ᠎ᠤ ᠭᠠᠵᠠᠷ ᠠᠭᠤᠳᠠᠮ ᠬᠥᠮᠥᠨ ᠴᠥᠭᠡᠨ᠂ ᠠᠭᠤᠷ ᠠᠮᠢᠰᠬᠤᠯ᠎ᠤᠨ ᠨᠦᠬᠦᠴᠡᠯ ᠪᠠᠷᠤᠭᠲᠠᠢ ᠪᠠᠢᠵᠤ᠂ ᠡᠪᠦᠯ᠎ᠦᠨ ᠤᠯᠠᠷᠢᠯ᠎ᠤᠨ ᠠᠭᠠᠷ᠎ᠤᠨ ᠳᠤᠯᠠᠭᠠᠨ ᠶᠡᠷᠦ᠎ᠳᠡᠭᠡᠨ ᠲᠡᠭ᠎ᠡᠴᠡ ᠳᠣᠷᠣᠭ᠍ᠰᠢ ᠭᠤᠴᠢ ᠬᠡᠳᠦᠨ ᠭᠷᠡᠳᠦ᠋ᠰ ᠬᠦᠷᠴᠦ᠂ ᠵᠣᠨ᠎ᠤ ᠤᠯᠠᠷᠢᠯ᠎ᠳᠤ ᠪᠠᠰᠠ ᠦᠷᠭᠦᠯᠵᠢ ᠡᠯᠡᠰᠦᠨ ᠰᠢᠭᠤᠷᠭᠠᠳᠡᠭᠳᠡᠳᠡᠭ ᠪᠠᠢᠪᠠ᠃ ᠡᠨᠡ ᠬᠦ᠌ ᠴᠢᠬᠤᠯᠠ ᠵᠠᠮ ᠬᠠᠷᠢᠯᠴᠠᠭᠠᠨ᠎ᠤ ᠬᠡᠰᠡᠭ ᠲᠦ᠍᠂ ᠮᠠᠰᠢᠨ ᠲᠡᠷᠭᠡ ᠦᠷᠭᠦᠯᠵᠢ ᠡᠯ᠎ᠡ ᠵᠦᠢᠯ᠎ᠦᠨ ᠰᠢᠯᠲᠠᠭᠠᠨ᠎ᠡᠴᠡ ᠪᠣᠯᠵᠤ ᠡᠪᠡᠳᠡᠷᠡᠵᠤ᠂ ᠵᠠᠰᠠᠵᠤ ᠰᠡᠯᠪᠢᠬᠦ᠎ᠳᠦ ᠲᠤᠢᠯ᠎ᠤᠨ ᠳᠥᠭᠥᠮ ᠦᠭᠡᠢ ᠪᠠᠢᠳᠠᠭ᠃
2023 ᠣᠨ᠎ᠤ ᠡᠪᠦᠯ᠎ᠦᠨ ᠨᠢᠭᠡᠨ ᠰᠥᠨᠢ᠂ -30℃ᠤ᠋ᠨ ᠴᠠᠰᠤ ᠰᠢᠭᠤᠷᠭᠠᠨ᠎ᠳᠤ᠂ ᠾᠧᠨᠠᠨ᠎ᠤ ᠬᠡᠳᠦᠨ ᠵᠢᠭᠤᠯᠴᠢᠯᠠᠭᠴᠢ ᠥᠪᠡᠷ᠎ᠢᠶᠡᠨ ᠲᠡᠷᠭᠡ ᠵᠢᠯᠣᠭᠣᠳᠤᠨ ᠳᠥᠷᠪᠡᠳ ᠬᠣᠰᠢᠭᠤ᠎ᠪᠠᠷ ᠥᠩᠭᠡᠷᠡᠬᠦ᠎ᠳᠦ᠂ ᠮᠠᠰᠢᠨ ᠲᠡᠷᠭᠡᠨ᠎ᠤ ᠲᠣᠰᠣ᠌ ᠪᠠᠷᠠᠭᠰᠠᠨ ᠡᠴᠡ G331 ᠤᠯᠤᠰ᠎ᠤᠨ ᠵᠠᠮ ᠳᠡᠭᠡᠷ᠎ᠡ ᠬᠠᠰᠢᠭ᠍ᠳᠠᠵᠤ᠂ ᠮᠠᠰᠢᠨ ᠲᠡᠷᠭᠡ ᠬᠥᠳᠡᠯᠵᠤ ᠴᠢᠳᠠᠬᠤ ᠦᠭᠡᠢ ᠪᠣᠯᠵᠤ᠂ ᠬᠥᠮᠥᠨ ᠨᠢ ᠥᠯᠥᠰᠴᠦ ᠳᠠᠭᠠᠷᠠᠭᠠᠳ ᠪᠠᠢᠳᠠᠯ ᠲᠤᠢᠯ᠎ᠤᠨ ᠲᠦᠭᠰᠢᠭᠦᠷᠢᠲᠡᠢ ᠪᠣᠯᠪᠠ᠃ ᠭᠠᠨᠭᠪᠤᠯᠤᠳ ᠠᠪᠤᠷᠠᠯ ᠭᠤᠶᠤᠬᠤ ᠤᠲᠠᠰᠤ᠎ᠶᠢ ᠲᠤᠰᠤᠮᠠᠭᠴᠠ ᠥᠴᠥᠬᠡᠨ ᠴᠦ᠍ ᠲᠠᠲᠠᠭᠠᠯᠵᠠᠯ ᠦᠭᠡᠢ᠎ᠪᠡᠷ ᠴᠠᠰᠤ ᠰᠢᠭᠤᠷᠭᠠᠨ᠎ᠢ ᠰᠦᠷᠦᠨ ᠣᠷᠣᠪᠠ᠃ ᠴᠠᠰᠤ ᠬᠡᠲᠦᠷᠬᠡᠢ ᠵᠤᠵᠠᠭᠠᠨ ᠪᠣᠯᠤᠭᠰᠠᠨ᠎ᠡᠴᠡ ᠲᠡᠭᠦᠨ᠎ᠦ ᠲᠡᠷᠭᠡ ᠴᠦ᠍ ᠬᠡᠳᠦᠨᠲᠡ ᠴᠠᠰᠤᠨ᠎ᠳᠤ ᠰᠢᠭᠢᠳᠴᠦ᠂ ᠵᠦᠪᠬᠡᠨ ᠲᠡᠷᠭᠡᠨ᠎ᠡᠴᠡ ᠪᠡᠨ ᠪᠠᠭᠤᠵᠤ ᠬᠦᠷᠵᠡ᠎ᠪᠡᠷ ᠬᠤᠷᠠᠭᠰᠠᠨ ᠴᠠᠰᠤ᠎ᠶᠢ ᠮᠠᠯᠲᠠᠵᠤ᠂ ᠳᠠᠬᠢᠨ ᠬᠡᠰᠡᠭ ᠵᠢᠯᠤᠭᠤᠳᠤᠨ ᠡᠨᠡ ᠮᠡᠲᠦ ᠪᠡᠷ ᠶᠠᠪᠤᠭᠰᠠᠭᠠᠷ ᠪᠠᠢᠵᠤ ᠰᠠᠶᠢ ᠠᠪᠤᠷᠠᠨ ᠲᠤᠰᠠᠯᠠᠬᠤ ᠭᠠᠵᠠᠷ᠎ᠲᠤ ᠬᠦᠷᠴᠦ ᠢᠷᠡᠵᠡᠶ᠃ ᠠᠪᠤᠷᠠᠨ ᠲᠤᠰᠠᠯᠠᠵᠤ ᠳᠠᠭᠤᠰᠤᠭᠰᠠᠨ᠎ᠤ ᠳᠠᠷᠠᠭ᠎ᠠ᠂ ᠵᠢᠭᠤᠯᠴᠢᠯᠠᠭᠰᠠᠳ ᠭᠠᠨᠭᠪᠤᠯᠤᠳᠤᠨ ᠭᠠᠷ᠎ᠢ ᠴᠢᠩᠭ᠎ᠠ ᠠᠳᠬᠤᠵᠤ᠄ 《ᠵᠠᠰᠠᠮᠠᠯ ᠵᠠᠮ᠎ᠤᠨ ᠬᠠᠵᠠᠭᠤ᠎ᠳᠤ ᠲᠠᠨ᠎ᠤ ᠠᠪᠤᠷᠠᠨ ᠲᠤᠰᠠᠯᠠᠬᠤ ᠫᠠᠢᠰᠠ᠎ᠶᠢ ᠣᠯᠵᠤ ᠦᠵᠡᠭᠰᠡᠨ᠎ᠳᠡᠭᠡᠨ ᠪᠣᠯᠵᠠᠢ᠂ ᠬᠡᠷᠪᠡ ᠥᠨᠥᠳᠥᠷ ᠲᠠ ᠪᠠᠢᠭᠰᠠᠨ ᠦᠭᠡᠢ ᠪᠣᠯ᠂ ᠡᠢᠮᠦ ᠬᠡᠴᠡᠭᠦᠦ ᠠᠭᠤᠷ ᠠᠮᠢᠰᠬᠤᠯ᠎ᠳᠤ ᠪᠠᠢᠳᠠᠯ ᠶᠠᠮᠠᠷ ᠪᠤᠯᠬᠤ ᠵᠢ ᠦᠨᠡᠬᠡᠷ ᠲᠦᠰᠦᠭᠡᠯᠡᠬᠦᠶ᠎ᠡ ᠪᠡᠷᠭᠡ》 ᠭᠡᠵᠦ ᠨᠢᠯᠪᠤᠰᠤ ᠠᠰᠬᠠᠷᠠᠭᠤᠯᠤᠨ ᠬᠡᠯᠡᠪᠡ᠃ ᠭᠠᠨᠭᠪᠤᠯᠤᠳ ᠬᠢᠯᠢ᠎ᠶᠢᠨ ᠬᠠᠮᠠᠭᠠᠯᠠᠯᠲᠠ᠎ᠶᠢᠨ ᠵᠠᠰᠠᠮᠠᠯ ᠵᠠᠮ᠎ᠤᠨ 160 ᠭᠠᠷᠤᠢ ᠺᠢᠯᠤᠮᠸᠲᠷ᠎ᠤᠨ ᠬᠡᠪᠴᠢᠶᠡᠨ᠎ᠳᠦ᠂ ᠨᠠᠭᠠᠰᠢ ᠴᠠᠭᠠᠰᠢ ᠵᠤᠷᠴᠢᠬᠤ ᠲᠦᠮᠡ ᠭᠠᠷᠤᠢ ᠬᠠᠰᠢᠬᠳᠠᠭᠰᠠᠨ ᠮᠠᠰᠢᠨ ᠲᠡᠷᠭᠡ᠎ᠶᠢ ᠠᠪᠤᠷᠠᠨ ᠲᠤᠰᠠᠯᠠᠵᠤ᠂ ᠴᠠᠭ ᠠᠭᠤᠷᠬᠡᠴᠡᠭᠦᠦ ᠪᠠᠢᠳᠠᠯ᠎ᠳᠦ ᠬᠢᠯᠢ᠎ᠶᠢᠨ ᠱᠤᠭᠤᠮ ᠳᠡᠭᠡᠷ᠎ᠡ ᠬᠠᠰᠢᠭ᠍ᠳᠠᠭᠰᠠᠨ 36 ᠵᠢᠯᠣᠭᠣᠴᠢ᠎ᠶᠢ ᠠᠶᠤᠯ ᠡᠴᠡ ᠠᠪᠤᠷᠠᠵᠤ᠂ 8400 ᠭᠠᠷᠤᠢ ᠲᠡᠭᠰᠢ ᠳᠥᠷᠪᠡᠯᠵᠢᠨ ᠺᠢᠯᠤᠮᠸᠲᠷ᠂ ᠡᠷᠬᠢᠨ ᠲᠣᠭᠣᠷᠢᠨ᠎ᠤ 5 ᠰᠤᠮᠤ᠎ᠶᠢᠨ 27 ᠭᠠᠴᠡᠭ᠎ᠠ᠎ᠳᠤ ᠬᠣᠯᠪᠣᠭᠳᠠᠭᠰᠠᠨ 430 ᠭᠠᠷᠤᠢ ᠮᠠᠯᠴᠢᠳ᠎ᠲᠤ ᠡᠯ᠎ᠡ ᠲᠦᠷᠦᠯ᠎ᠦᠨ ᠮᠠᠰᠢᠨ ᠲᠡᠷᠭᠡ᠎ᠶᠢ ᠰᠡᠯᠪᠢᠨ ᠵᠠᠰᠠᠵᠤ᠂ ᠤᠯᠠᠨ ᠲᠦᠮᠡᠨ᠎ᠦ ᠲᠤᠯᠭᠠᠮ ᠠᠰᠠᠭᠤᠳᠠᠯ᠎ᠢ ᠪᠦᠲᠦᠮᠵᠢᠲᠡᠢ ᠰᠢᠢᠳᠪᠦᠷᠢᠯᠡᠪᠡ᠃
ᠲᠣᠭᠠᠯᠠᠰᠢ ᠦᠭᠡᠢ ᠤᠯᠠᠨ ᠰᠥᠨᠢ ᠳᠦᠯᠢ᠎ᠪᠡᠷ ᠲᠡᠷᠡ ᠶᠠᠳᠠᠷᠠᠵᠤ ᠴᠢᠯᠡᠵᠤ ᠪᠠᠢᠭᠰᠠᠨ ᠴᠦ᠍ ᠬᠡᠳᠦᠨ ᠠᠷᠪᠠᠨ ᠺᠢᠯᠣᠮᠧᠲᠷ ᠲᠡᠷᠭᠡ ᠪᠡᠨ ᠵᠢᠯᠤᠭᠤᠳᠤᠨᠬᠠᠰᠢᠭ᠍ᠳᠠᠭᠰᠠᠳᠢ ᠠᠪᠤᠷᠠᠨ ᠲᠤᠰᠠᠯᠠᠭᠰᠠᠭᠠᠷ ᠢᠷᠡᠪᠡ; ᠲᠡᠭᠷᠢ ᠲᠤᠯᠤᠮ᠎ᠠ ᠡᠯᠡᠰᠦ ᠰᠢᠭᠤᠷᠭᠠᠨ᠎ᠳᠦ᠂ ᠲᠡᠷᠡ ᠲᠥᠭᠡᠷᠢᠭᠰᠡᠨ ᠨᠠᠰᠤᠲᠠᠨ᠎ᠢ ᠠᠮᠤᠷ ᠲᠦᠪᠰᠢᠨ᠎ᠢᠶᠡᠷ ᠭᠡᠷ ᠲᠦ᠍ᠨᠢ ᠬᠦᠷᠭᠡᠵᠦ ᠥᠭᠪᠡ; ᠠᠶᠤᠩᠭ᠎ᠠ ᠨᠢᠵᠢᠭᠢᠨᠡᠵᠤ ᠪᠤᠷᠤᠭ᠎ᠠ ᠱᠠᠭᠢᠭᠰᠠᠨ ᠰᠥᠨᠢ ᠳᠦᠯᠢ ᠪᠡᠷ ᠠᠭᠰᠠᠭ᠎ᠠ ᠡᠪᠡᠳᠴᠢᠨ ᠨᠢ ᠬᠦᠳᠡᠯᠵᠦ ᠠᠮᠢᠨᠳᠦ᠎ᠨᠢ ᠬᠦᠷᠬᠦ ᠰᠢᠬᠠᠭᠰᠠᠨ ᠤᠳᠠᠭ᠎ᠠ ᠲᠠᠢ᠂ ᠪᠠᠰᠠ ᠠᠪᠤᠷᠠᠨ ᠲᠤᠰᠠᠯᠠᠯᠲᠠ᠎ᠪᠠᠨ ᠳᠠᠭᠤᠰᠬᠠᠭᠠᠳ ᠪᠤᠴᠠᠬᠤ ᠵᠠᠮ᠎ᠳᠠᠭᠠᠨ ᠲᠡᠷᠭᠡᠨ ᠡᠨᠳᠡᠯ ᠭᠠᠷᠤᠭᠰᠠᠨ ᠴᠦ᠍ ᠪᠤᠢ᠂ ᠡᠳᠡᠬᠡᠷ ᠬᠥᠮᠥᠨ᠎ᠢ ᠰᠣᠴᠢᠭᠠᠮ᠎ᠠ ᠥᠩᠭᠡᠷᠡᠯᠲᠡᠨᠦᠭᠦᠳ ᠨᠢ ᠲᠡᠭᠦᠨ᠎ᠢ ᠬᠠᠯᠢᠷᠠᠭᠤᠯᠤᠭᠰᠠᠨ ᠦᠭᠡᠢ᠎ᠪᠡᠷ ᠦᠯᠦ ᠪᠠᠷᠠᠮ ᠲᠡᠭᠦᠨ᠎ᠦ ᠡᠨᠡ ᠬᠦ᠌ ᠲᠠᠯ᠎ᠠ ᠨᠤᠲᠤᠭ᠎ᠢᠶᠠᠨ ᠰᠠᠬᠢᠨ ᠬᠠᠮᠠᠭᠠᠯᠠᠬᠤ ᠵᠣᠷᠢᠭ᠋᠎ᠢ ᠨᠢ ᠤᠯᠠᠮ ᠪᠠᠲᠤᠳᠬᠠᠪᠠ᠃ ᠭᠠᠨᠭᠪᠤᠯᠤᠳ ᠥᠪᠡᠷ᠎ᠦᠨ ᠦᠢᠯᠡ ᠠᠵᠢᠯᠯᠠᠭ᠎ᠠ᠎ᠪᠠᠷ᠎ᠢᠶᠠᠨ 《ᠤᠯᠤᠰ᠎ᠤᠨ ᠬᠡᠦᠬᠡᠳ》 ᠤ᠋ᠨ ᠬᠣᠢᠴᠢ ᠦᠶ᠎ᠡ᠎ᠶᠢᠨ ᠡᠭᠦᠷᠭᠡ ᠬᠠᠷᠢᠭᠤᠴᠠᠯᠭ᠎ᠠ᠎ᠶᠢ ᠲᠠᠢᠯᠪᠤᠷᠢᠯᠠᠵᠤ᠂ ᠬᠢᠯᠢ ᠬᠢᠵᠠᠭᠠᠷ᠎ᠤᠨ ᠠᠮᠤᠷ ᠠᠮᠤᠭᠤᠯᠠᠩ᠎ᠢ ᠬᠠᠮᠠᠭᠠᠯᠠᠭᠰᠠᠨ᠎ᠢᠶᠠᠷ ᠪᠠᠷᠠᠬᠤ ᠦᠭᠡᠢ᠂ ᠮᠠᠯᠴᠢᠳ᠎ᠤᠨ ᠰᠡᠳᠬᠢᠯ᠎ᠢ ᠨᠡᠩ ᠳᠤᠯᠠᠭᠠᠴᠠᠭᠤᠯᠵᠠᠢ᠃
ᠬᠣᠶᠠᠷ᠂ ᠦᠨᠡᠨ ᠶᠣᠰᠣᠨ᠎ᠤ ᠲᠥᠯᠥᠭᠡ ᠡᠷᠡᠯᠬᠡᠭᠯᠡᠨ ᠲᠡᠮᠡᠴᠡᠭᠰᠡᠳ (5 ᠬᠥᠮᠥᠨ)
1. ᠳ᠋ᠢᠩ ᠵᠢᠶᠠᠨ ᠫᠢᠩ᠄ ᠡᠭᠡᠯ ᠪᠤᠷᠤᠭᠵᠢᠭᠤᠨ ᠲᠣᠰᠬᠣᠨ᠎ᠤ ᠠᠷᠠᠳ ᠠᠷᠪᠠᠨ ᠬᠡᠳᠦᠨ ᠵᠢᠯ᠎ᠦᠨ ᠬᠣᠭᠣᠷᠣᠨᠳᠤ ᠤᠷᠢᠳ ᠬᠣᠵᠢᠳ ᠭᠤᠷᠪᠠ ᠤᠳᠠᠭ᠎ᠠ ᠡᠷᠡᠯᠬᠡᠭᠯᠡᠨ ᠬᠥᠮᠥᠨ ᠠᠪᠤᠷᠠᠵᠤ᠂ 7 ᠬᠥᠮᠥᠨ ᠠᠪᠤᠷᠠᠭᠳᠠᠪᠠ
ᠳ᠋ᠢᠩ ᠵᠢᠶᠠᠨ ᠫᠢᠩ ᠲᠡᠷᠭᠡ ᠤᠨᠤᠭ᠎ᠠ ᠬᠥᠷᠪᠡᠬᠦ᠂ ᠬᠥᠮᠥᠨ ᠬᠠᠷ᠎ᠠ ᠲᠡᠷᠭᠡᠨ᠎ᠳᠤ ᠳᠠᠷᠤᠭᠳᠠᠬᠤ᠂ ᠲᠡᠷᠭᠡ ᠤᠨᠤᠭ᠎ᠠ ᠤᠰᠤᠨ᠎ᠳᠤ ᠤᠨᠠᠬᠤ ᠵᠡᠷᠭᠡ ᠪᠠᠴᠢᠮ ᠲᠦᠭᠰᠢᠭᠦᠷᠢᠲᠡᠢ ᠪᠠᠢᠳᠠᠯ᠎ᠳᠤ 3 ᠤᠳᠠᠭ᠎ᠠ ᠲᠠᠭᠠᠷᠠᠵᠤ᠂ ᠬᠦᠴᠢᠷ ᠪᠡᠷᠬᠡᠰᠢᠶᠡᠯ ᠬᠠᠷᠰᠢ ᠰᠠᠭᠠᠳ᠎ᠢ ᠬᠠᠢᠬᠤᠷᠤᠯ ᠦᠭᠡᠢ᠎ᠪᠡᠷ ᠡᠷᠡᠯᠬᠡᠭᠯᠡᠨ ᠤᠷᠤᠭᠰᠢᠯᠠᠵᠤ᠂ 7 ᠬᠦᠮᠦᠨ᠎ᠢ ᠠᠮᠵᠢᠯᠲᠠ᠎ᠲᠠᠢ᠎ᠪᠠᠷ ᠠᠪᠤᠷᠠᠨ ᠭᠠᠷᠭᠠᠵᠠᠢ᠃ ᠲᠡᠭᠦᠨ᠎ᠦ ᠡᠷᠡᠯᠬᠡᠭ ᠦᠢᠯᠡ ᠠᠵᠢᠯᠯᠠᠭ᠎ᠠ ᠨᠢ ᠨᠢᠭᠡ ᠴᠠᠭ᠎ᠤᠨ ᠬᠡᠢᠷᠬᠡᠯ ᠪᠢᠰᠢ᠂ ᠬᠠᠷᠢᠨ ᠰᠡᠳᠬᠢᠯ᠎ᠳᠤ᠎ᠨᠢ ᠬᠠᠳᠠᠩᠰᠢᠭ᠍ᠰᠠᠨ ᠰᠠᠢᠨ ᠰᠠᠨᠠᠭ᠎ᠠ ᠪᠣᠯᠣᠨ ᠬᠠᠷᠢᠭᠤᠴᠠᠯᠭ᠎ᠠ ᠡᠭᠦᠷᠭᠡᠯᠡᠯ ᠨᠢ ᠠᠶᠤᠯ ᠲᠦᠭᠰᠢᠭᠦᠷᠢ᠎ᠶᠢᠨ ᠵᠠᠩᠭᠢᠯᠠᠭ᠎ᠠ᠎ᠶᠢᠨ ᠦᠶ᠎ᠡ᠎ᠳᠦ ᠡᠷᠬᠡ ᠦᠭᠡᠢ ᠣᠷᠭᠢᠯ᠎ᠤᠨ ᠭᠠᠷᠤᠭᠰᠠᠨ ᠶᠠᠪᠤᠳᠠᠯ ᠪᠣᠯᠬᠤ ᠶᠤᠮ᠃ ᠲᠡᠭᠦᠨ᠎ᠦ ᠭᠤᠷᠪᠠ ᠤᠳᠠᠭ᠎ᠠ᠎ᠶᠢᠨ ᠡᠷᠡᠯᠬᠡᠭ ᠠᠵᠢᠯᠯᠠᠭ᠎ᠠ ᠨᠢ ᠤᠳᠠᠭ᠎ᠠ ᠪᠦᠷᠢ ᠠᠶᠤᠯ ᠲᠦᠭᠰᠢᠭᠦᠷᠢ ᠲᠡᠢ ᠦᠷᠢᠰᠦᠨ᠂ ᠡᠷᠯᠢᠭ ᠨᠤᠮ᠎ᠤᠨ ᠬᠠᠭᠠᠨ ᠲᠡᠢ ᠤᠷᠤᠯᠳᠤᠵᠤ᠂ ᠠᠮᠢ ᠨᠠᠰᠤᠨ᠎ᠤ ᠠᠭᠤᠤ ᠳᠠᠭᠤᠯᠠᠯ ᠪᠤᠯᠤᠭᠰᠠᠨ ᠪᠠᠢᠳᠠᠭ᠃
2023 ᠣᠨ᠎ᠤ ᠬᠠᠬᠢᠷ ᠡᠪᠦᠯ᠂ ᠶᠠᠰᠤ ᠶᠠᠨᠭᠭᠢᠨᠠᠮᠠ ᠮᠥᠰᠥᠨ ᠭᠣᠣᠯ᠎ᠳᠡᠬᠢ ᠠᠮᠢ ᠨᠠᠰᠤᠨ᠎ᠤ ᠰᠠᠬᠢᠶ᠎ᠡ᠃ 2023 ᠣᠨ᠎ᠤ 11 ᠰᠠᠷ᠎ᠠ᠎ᠶᠢᠨ 10 ᠤ᠋ ᠥᠷᠯᠥᠭᠡ᠂ ᠳ᠋ᠢᠩ ᠵᠢᠶᠠᠨ ᠫᠢᠩ ᠡᠬᠡᠨᠡᠷ ᠮᠠᠶᠢᠨ ᠮᠧᠢᠲᠠᠢᠪᠡᠨ ᠡᠭᠡᠯ ᠵᠢᠷ᠎ᠦᠨ ᠡᠳᠦᠷᠦᠳᠲᠠᠢ ᠠᠳᠠᠯᠢ᠎ᠪᠠᠷ᠂ ᠮᠠᠰᠢᠨ ᠲᠡᠷᠭᠡ᠎ᠪᠡᠨ ᠵᠢᠯᠣᠭᠣᠳᠤᠨ ᠰᠢᠶᠠᠨ ᠤᠷᠤᠭᠤ ᠥᠪᠡᠷ᠎ᠦᠨ ᠵᠢᠵᠢᠭ ᠳᠡᠯᠭᠡᠭᠦᠷᠲᠡᠬᠡᠨ ᠪᠠᠷᠠᠭ᠎ᠠ ᠤᠷᠤᠭᠤᠯᠬᠤ ᠪᠡᠷ ᠮᠤᠷᠳᠠᠵᠠᠢ᠃ ᠮᠠᠰᠢᠨ ᠲᠡᠷᠭᠡ ᠰᠢᠨ ᠬᠥᠩ ᠵᠥᠩ ᠵᠧᠨ ᠪᠠᠯᠭᠠᠰᠤᠨ᠎ᠤ ᠣᠢᠷᠠᠯᠴᠠᠭᠠᠬᠢ ᠽᠤᠤ ᠾᠧ ᠴᠢᠦᠢ ᠬᠥᠭᠥᠷᠭᠡᠨ᠎ᠳᠦ ᠬᠦᠷᠬᠦ᠎ᠳᠦ᠂ ᠪᠠᠴᠢᠮ ᠪᠥᠭᠡᠳ ᠠᠶᠤᠨ ᠭᠡᠯᠮᠡᠭᠳᠡᠭᠰᠡᠨ ᠠᠪᠤᠷᠠᠯ ᠭᠤᠶᠤᠬᠤ ᠲᠠᠭᠤᠨ ᠨᠠᠮᠲᠠᠢᠪᠤᠩ ᠦᠷ᠎ᠦᠨ ᠲᠡᠭᠷᠢ᠎ᠳᠦ ᠬᠠᠳᠠᠪᠠ᠄《ᠠᠮᠢ ᠠᠪᠤᠷᠠ! ᠲᠡᠷᠭᠡ ᠰᠤᠪᠠᠭ᠎ᠲᠤ ᠤᠨᠠᠴᠢᠬᠠᠯ᠎ᠠ ! ᠲᠡᠷᠭᠡᠨ ᠳᠣᠲᠣᠷ᠎ᠠ ᠪᠠᠰᠠ ᠬᠥᠮᠥᠨ ᠪᠠᠢᠨ᠎ᠠ!》 ᠃ 《 ᠵᠣᠭᠰᠣ᠌!》 ᠭᠡᠵᠦ ᠳ᠋ᠢᠩ ᠵᠢᠶᠠᠨ ᠫᠢᠩ ᠳᠣᠲᠣᠷ᠎ᠠ᠎ᠪᠠᠨ ᠬᠡᠯᠡᠬᠦ ᠰᠢᠤᠬᠠᠨ ᠪᠤᠯᠤᠭᠠᠳ ᠲᠣᠷᠮᠣᠰᠯᠠᠭᠤᠷ ᠵᠢᠡᠨ ᠭᠢᠰᠬᠢᠪᠡ᠃ ᠡᠬᠡᠨᠡᠷ ᠲᠡᠢ ᠪᠡᠨ ᠬᠣᠶᠠᠭᠤᠯᠠ ᠲᠡᠷᠭᠡᠨ᠎ᠡᠴᠡ᠎ᠪᠡᠨ ᠲᠦᠷᠭᠡᠨ ᠪᠠᠭᠤᠵᠤ ᠰᠤᠪᠠᠭ᠎ᠤᠨ ᠲᠡᠢᠰᠢ ᠭᠦᠶᠦᠬᠦ᠎ᠳᠦ᠂ ᠨᠢᠳᠦᠨ᠎ᠳᠦ ᠬᠠᠷᠠᠭᠳᠠᠬᠤ ᠪᠠᠢᠳᠠᠯ ᠲᠡᠳᠡᠨ᠎ᠢ ᠨᠡᠩ ᠰᠠᠨᠳᠤᠷᠭᠠᠨ ᠵᠤᠪᠠᠭᠠᠪᠠ᠄ ᠨᠢᠭᠡᠨ ᠴᠠᠭᠠᠨ ᠵᠢᠵᠢᠭ ᠰᠠᠭᠤᠳᠠᠯ᠎ᠤᠨ ᠮᠠᠰᠢᠨ ᠪᠤᠯᠠᠩᠭᠢᠷᠲᠤ ᠰᠤᠪᠠᠭ᠎ᠤᠨ ᠤᠰᠤᠨ᠎ᠳᠤ ᠬᠠᠵᠷᠠᠭᠤ ᠪᠡᠷ ᠵᠢᠡᠨ ᠲᠤᠰᠴᠦ᠂ ᠲᠡᠷᠭᠡᠨ᠎ᠦ ᠶᠡᠬᠡᠩᠬᠢ ᠬᠡᠰᠡᠭ ᠨᠢ ᠨᠢᠭᠡᠨᠲᠡ ᠵᠢᠪᠴᠦ᠂ ᠭᠣᠣᠯ᠎ᠤᠨ ᠤᠰᠤ ᠶᠠᠭ ᠮᠠᠰᠢ ᠲᠦᠷᠭᠡᠨ ᠵᠢᠡᠷ ᠲᠡᠷᠭᠡᠨ ᠳᠣᠲᠣᠷ᠎ᠠ ᠤᠷᠤᠰ᠎ᠤᠨ ᠣᠷᠣᠵᠤ᠂ ᠲᠡᠷᠭᠡᠨ ᠣᠷᠣᠢ ᠨᠢ ᠪᠠᠷᠤᠭ ᠤᠰᠤᠨ ᠲᠦᠪᠰᠢᠨ᠎ᠲᠠᠢ ᠲᠡᠭᠰᠢᠬᠡᠨ ᠪᠤᠯᠵᠤ᠂ ᠪᠦᠷᠢᠮᠦᠰᠦᠨ ᠵᠢᠪᠴᠦ ᠤᠷᠤᠮᠠᠷ ᠪᠠᠢᠯ᠎ᠠ᠃ 《ᠠᠪᠤᠷᠠᠨ ᠲᠤᠰᠠᠯᠠᠯᠲᠠ᠎ᠶᠢ ᠬᠦᠯᠢᠶᠡᠵᠦ ᠠᠮᠵᠢᠬᠤ ᠦᠭᠡᠢ ᠪᠣᠯᠵᠠᠢ᠂ ᠤᠳᠠᠪᠠᠯ ᠬᠥᠮᠥᠨ᠎ᠢ ᠠᠪᠤᠷᠠᠵᠤ ᠳᠡᠢᠯᠬᠦ ᠦᠭᠡᠢ ᠪᠣᠯᠴᠢᠬᠠᠨ᠎ᠠ!》 ᠲᠡᠷᠡ ᠠᠭᠱᠠᠨ ᠵᠠᠭᠤᠷ᠎ᠠ ᠰᠢᠢᠳ ᠭᠠᠷᠭᠠᠵᠤ᠂ ᠡᠬᠡᠨᠡᠷᠲᠡᠬᠡᠨ ᠬᠠᠨᠳᠤᠵᠤ᠄ 《ᠲᠦᠷᠭᠡᠨ ᠲᠤᠰᠬᠤ ᠶᠠᠭᠤᠮ᠎ᠠ ᠣᠯᠤᠭᠠᠷᠠᠢ!》 ᠭᠡᠵᠦ ᠬᠠᠰᠬᠢᠷᠪᠡ᠃ ᠳᠠᠷᠠᠭ᠎ᠠ ᠨᠢ ᠲᠡᠷᠡ ᠵᠠᠮ᠎ᠤᠨ ᠬᠠᠵᠠᠭᠤ᠎ᠳᠠᠬᠢ ᠬᠠᠭᠠᠰ ᠮᠧᠲᠷ ᠬᠢᠷᠢᠲᠡᠢ ᠲᠡᠮᠦᠷ ᠰᠢᠳᠠᠮᠢ ᠤᠯᠵᠤ ᠬᠠᠷᠠᠪᠠ ︱ ᠲᠡᠷᠡ ᠨᠢ ᠲᠡᠭᠦᠨ᠎ᠦ ᠡᠩ᠎ᠦᠨ ᠦᠶᠡᠰ ᠲᠦ᠍ ᠪᠠᠷᠠᠭ᠎ᠠ ᠠᠴᠢᠬᠤ᠎ᠳᠦ ᠬᠦᠨᠳᠦ ᠶᠠᠭᠤᠮ᠎ᠠ᠎ᠶᠢ ᠬᠥᠰᠢᠵᠦ ᠬᠥᠳᠡᠯᠭᠡᠳᠡᠭ ᠪᠠᠭᠠᠵᠢ ᠪᠠᠢᠵᠤ᠂ ᠤᠳᠤ ᠬᠠᠷᠢᠨ ᠬᠥᠮᠥᠨ ᠠᠪᠤᠷᠠᠬᠤ᠎ᠳᠦ ᠬᠡᠷᠡᠭᠳᠡᠢ ᠶᠠᠭᠤᠮ᠎ᠠ ᠪᠤᠯᠪᠠ᠃ ᠳᠠᠷᠠ ᠳᠠᠷᠤᠢ᠎ᠳᠤ᠎ᠨᠢ ᠲᠡᠮᠦᠷ ᠰᠢᠳᠠᠮᠢ ᠰᠢᠭᠦᠷᠦᠨ ᠠᠪᠴᠤ ᠦᠴᠦᠬᠡᠨᠴᠦ᠍ ᠲᠠᠲᠠᠭᠠᠯᠵᠠᠯ ᠦᠭᠡᠢ ᠪᠡᠷ ᠰᠤᠪᠠᠭ᠎ᠤᠨ ᠤᠰᠤᠨ᠎ᠳᠤ ᠦᠰᠦᠷᠦᠨ ᠣᠷᠣᠪᠠ᠃ ᠨᠢᠭᠡ ᠬᠠᠰᠢᠭ᠍ᠳᠠᠭᠰᠠᠨ ᠬᠥᠮᠥᠨ᠎ᠢ ᠲᠡᠷᠭᠡᠨ ᠲᠤᠳᠤᠷ᠎ᠠ ᠪᠡᠨ ᠲᠠᠲᠠᠵᠤ ᠭᠠᠷᠭᠠᠬᠤ᠎ᠪᠠᠷ ᠬᠦᠴᠦᠯᠡᠨ᠎ᠡ᠃ ᠰᠤᠪᠠᠭ᠎ᠤᠨ ᠬᠥᠪᠡᠭᠡᠨ᠎ᠳᠦ᠂ ᠡᠬᠡᠨᠡᠷ ᠮᠠᠶᠢᠨ ᠮᠧᠢ ᠨᠢ ᠳᠡᠭᠡᠰᠦ ᠪᠠᠷᠢᠵᠤ᠂ ᠪᠡᠶ᠎ᠡ ᠪᠥᠬᠥᠢᠨ ᠬᠠᠰᠢᠭ᠍ᠳᠠᠭᠰᠠᠳᠢ ᠴᠢᠩᠭ᠎ᠠ ᠠᠳᠬᠤᠵᠤ᠂ ᠡᠷ᠎ᠡ ᠡᠮ᠎ᠡ ᠬᠣᠶᠠᠭᠤᠯᠠ ᠬᠦᠴᠦ᠎ᠪᠡᠨ ᠬᠠᠮᠲᠤᠳᠬᠠᠵᠤ᠂ ᠡᠴᠦᠰ᠎ᠲᠡᠬᠡᠨ ᠠᠶᠤᠯ᠎ᠳᠤ ᠤᠴᠠᠷᠠᠭᠰᠠᠨ ᠨᠢᠭᠡᠳᠦᠭᠡᠷ ᠬᠦᠮᠦᠨ᠎ᠢ ᠠᠮᠵᠢᠯᠲᠠ᠎ᠲᠠᠢ᠎ᠪᠠᠷ ᠡᠷᠭᠢ᠎ᠳᠦ ᠠᠪᠤᠷᠠᠨ ᠭᠠᠷᠭᠠᠪᠠ᠃ ᠭᠡᠲᠡᠯ᠎ᠡ ᠠᠪᠤᠷᠠᠭᠳᠠᠭᠰᠠᠨ ᠲᠡᠷᠡ ᠬᠦᠮᠦᠨ 《ᠲᠡᠷᠭᠡᠨ ᠳᠣᠲᠣᠷ᠎ᠠ …… ᠪᠠᠰᠠ ᠨᠢᠭᠡ ᠬᠦᠮᠦᠨ ……》 ᠭᠡᠵᠦ ᠰᠤᠯᠠᠬᠠᠨᠶᠠᠷᠢᠬᠤᠶᠢ ᠰᠣᠨᠣᠰᠤᠭᠠᠳ ᠲᠡᠷᠡ ᠥᠴᠥᠬᠡᠨ ᠴᠦ᠍ ᠲᠠᠲᠠᠭᠠᠯᠵᠠᠭᠰᠠᠨ ᠦᠭᠡᠢ᠃ 《ᠪᠢ ᠳᠠᠬᠢᠭᠠᠳ ᠤᠴᠢᠨ᠎ᠠ!》 ᠭᠡᠵᠦ ᠲᠠᠰᠤᠷᠬᠠᠢ ᠭᠡᠯᠡᠯ᠎ᠡ᠃ ᠲᠡᠷᠡ ᠪᠡᠶ᠎ᠡ ᠡᠷᠬᠢᠵᠤ᠂ ᠣᠭᠲᠣ᠌ ᠲᠠᠲᠠᠭᠠᠯᠵᠠᠯ ᠦᠭᠡᠢ᠎ᠪᠡᠷ ᠮᠥᠰᠥᠨ ᠭᠣᠣᠯ᠎ᠳᠤ ᠬᠣᠶᠠᠳᠠᠭᠢ ᠤᠳᠠᠭ᠎ᠠ ᠦᠰᠦᠷᠦᠨ ᠣᠷᠣᠪᠠ᠃ ᠠᠳᠠᠯᠢᠬᠠᠨ ᠡᠷᠢᠵᠤ ᠬᠠᠢᠵᠤ᠂ ᠬᠦᠴᠦᠯᠡᠨ ᠴᠢᠷᠮᠠᠢᠵᠤ᠂ ᠬᠠᠮᠤᠭ ᠡᠴᠦᠰ᠎ᠦᠨ ᠬᠦᠴᠦ᠎ᠪᠡᠨ ᠰᠢᠪᠬᠠᠵᠤ ᠪᠠᠢᠭᠠᠳ᠂ ᠬᠣᠶᠠᠳᠠᠬᠢ ᠬᠥᠮᠥᠨ᠎ᠢ ᠠᠮᠵᠢᠯᠲᠠ᠎ᠲᠠᠢ᠎ᠪᠠᠷ ᠠᠪᠤᠷᠠᠨ ᠭᠠᠷᠭᠠᠵᠠᠢ᠃
2010 ᠣᠨ᠎ᠤ ᠵᠤᠨ᠂ ᠰᠢᠷᠦᠭᠦᠨ ᠪᠣᠷᠣᠭᠠᠨ᠎ᠳᠦ ᠭᠦᠨ ᠭᠤᠤ᠎ᠳᠡᠬᠢ ᠡᠷᠡᠯᠭᠡᠭ ᠠᠪᠤᠷᠠᠯᠳᠠ᠃ ᠳ᠋ᠢᠩ ᠵᠢᠶᠠᠨ ᠫᠢᠩ ᠡᠬᠡᠨᠡᠷ ᠮᠠᠶᠢᠨ ᠮᠧᠶᠲᠠᠢᠪᠡᠨ ᠲᠡᠷᠭᠡ ᠵᠢᠯᠣᠭᠣᠳᠤᠨ ᠲᠢᠶᠠᠨ ᠵᠢᠢ᠎ᠲᠠᠢ ᠪᠠᠯᠭᠠᠰᠤᠨ᠎ᠡᠴᠡ ᠯᠢᠨ ᠾᠧ ᠲᠣᠭᠣᠷᠢᠭ᠋᠎ᠲᠤ ᠬᠦᠷᠬᠦ ᠲᠣᠰᠬᠣᠨ᠎ᠤ ᠵᠠᠰᠠᠮᠠᠯ ᠵᠠᠮ᠎ᠳᠤ ᠬᠦᠷᠬᠦ᠎ᠳᠦ ᠭᠡᠨᠡᠳᠲᠡ ᠡᠮᠦᠨ᠎ᠡ ᠨᠢ 《ᠫᠸᠩ》 ᠭᠡᠬᠦ ᠨᠦᠰᠡᠷ ᠳᠠᠭᠤᠨ ᠰᠣᠨᠣᠰᠳᠠᠵᠤ᠂ ᠵᠠᠯᠭᠠᠭᠠᠳ ᠴᠢᠬᠢ ᠭᠠᠳᠠᠮ᠎ᠠ ᠲᠣᠷᠣᠮᠰᠤᠯᠠᠬᠤ ᠳᠠᠭᠤᠨ ᠪᠠ ᠰᠢᠯ ᠬᠠᠭᠠᠷᠠᠬᠤ ᠳᠠᠭᠤᠨ ᠰᠣᠨᠣᠰᠳᠠᠪᠠ᠃ 《ᠬᠡᠷᠡᠭ ᠭᠠᠷᠴᠠᠢ!》 ᠭᠡᠵᠦ ᠳ᠋ᠢᠩ ᠵᠢᠶᠠᠨ ᠫᠢᠩ ᠲᠡᠷᠡ ᠳᠠᠷᠤᠢ ᠳ᠋ᠤᠨᠢ ᠲᠡᠷᠭᠡ᠎ᠪᠡᠨ ᠵᠣᠭᠰᠣᠭᠠᠵᠤ ᠪᠣᠷᠣᠭᠠᠨ᠎ᠤ ᠳᠤᠮᠳᠠᠭᠤᠷ ᠬᠦᠶᠤᠨ ᠤᠴᠢᠵᠤ ᠦᠵᠡᠪᠡ᠃ ᠨᠢᠭᠡ ᠬᠠᠷ᠎ᠠ ᠰᠠᠭᠤᠳᠠᠯ᠎ᠤᠨ ᠮᠠᠰᠢᠨ ᠵᠠᠮ᠎ᠤᠨ ᠬᠠᠯᠳᠤᠷᠢᠯ ᠡᠴᠡ ᠪᠤᠯᠵᠤ ᠡᠵᠡᠮᠳᠡᠯ᠎ᠢᠶᠡᠨ ᠠᠯᠳᠠᠵᠤ᠂ ᠵᠠᠮ᠎ᠡᠴᠡ ᠳᠠᠭᠠᠷᠢᠨ ᠭᠠᠷᠴᠤ᠂ ᠭᠤᠷᠪᠠᠨ ᠮᠧᠲᠷ ᠰᠢᠬᠠᠮ ᠭᠦᠨ ᠵᠠᠮ᠎ᠤᠨ ᠬᠠᠵᠠᠭᠤ᠎ᠶᠢᠨ ᠭᠤᠤ᠎ᠳᠤ ᠬᠦᠷᠪᠡᠵᠤ ᠣᠷᠣᠭᠰᠠᠨ ᠪᠠᠢᠯ᠎ᠠ᠃ ᠲᠡᠷᠭᠡᠨ᠎ᠤ ᠳᠥᠷᠪᠡᠨ ᠬᠦᠷᠳᠦ ᠲᠡᠭᠷᠢ ᠥᠭᠡᠳᠡ ᠬᠠᠨᠳᠤᠨ᠂ ᠤᠰᠤ ᠰᠢᠪᠠᠷ᠎ᠢᠶᠠᠷ ᠳᠦᠭᠦᠷᠦᠭᠰᠡᠨ ᠭᠤᠤᠳᠦ ᠬᠥᠮᠥᠷᠢᠨ ᠲᠤᠰᠴᠦ᠂ ᠲᠡᠷᠭᠡᠨ᠎ᠦ ᠳᠦᠷᠰᠦ ᠬᠡᠯᠪᠡᠷᠢ ᠨᠢ ᠨᠣᠴᠢᠲᠠᠢ ᠡᠪᠳᠡᠭᠳᠡᠵᠤ᠂ ᠴᠣᠩᠬᠣᠨ᠎ᠤ ᠰᠢᠯ ᠨᠢ ᠪᠦᠬᠦᠨ᠎ᠢᠶᠡᠷ᠎ᠢᠶᠡᠨ ᠬᠠᠭᠠᠷᠠᠵᠤ᠂ ᠪᠠᠢᠳᠠᠯ ᠲᠤᠢᠯ᠎ᠤᠨ ᠲᠦᠭᠰᠢᠭᠦᠷᠢᠲᠡᠢ ᠪᠠᠢᠪᠠ᠃ 《ᠪᠤᠰᠢᠭᠤᠯᠠ! ᠬᠥᠮᠥᠨ ᠠᠪᠤᠷᠠᠶ᠎ᠠ!》 ᠭᠡᠵᠦ ᠳ᠋ᠢᠩ ᠵᠢᠶᠠᠨ ᠫᠢᠩ ᠦᠨᠳᠦᠷ ᠳᠠᠭᠤᠨ᠎ᠢᠶᠠᠷ ᠬᠠᠰᠬᠢᠷᠴᠦ᠂ ᠭᠤᠤ ᠵᠢᠯᠠᠭ᠎ᠠ᠎ᠶᠢ ᠬᠠᠢᠬᠤᠷᠤᠯ ᠦᠭᠡᠢ᠎ᠪᠡᠷ ᠭᠤᠯᠭᠤᠨ ᠪᠠᠭᠤᠬᠤ᠎ᠳᠤ᠂ ᠮᠠᠶᠢᠨ ᠮᠧᠶ ᠴᠦ᠍ ᠬᠣᠢᠨ᠎ᠠ᠎ᠡᠴᠡ ᠨᠢ ᠳᠠᠭᠠᠵᠤ ᠶᠠᠪᠤᠪᠠ᠃ ᠭᠤᠤ᠎ᠶᠢᠨ ᠢᠷᠤᠭᠠᠷ᠎ᠲᠤ ᠰᠢᠪᠠᠷ ᠱᠠᠯᠴᠢᠭ ᠶᠡᠬᠡᠳᠡᠢ᠂ ᠬᠥᠳᠡᠯᠵᠦ ᠪᠠᠷᠢᠬᠤ᠎ᠳᠤ ᠬᠦᠴᠢᠷ ᠪᠠᠢᠪᠠ᠃ ᠲᠡᠷᠡ ᠲᠡᠷᠭᠡ᠎ᠶᠢ ᠲᠣᠭᠣᠷᠢᠨ ᠠᠵᠢᠭ᠍ᠯᠠᠬᠤ᠎ᠳᠤ ᠲᠡᠷᠭᠡᠨ᠎ᠦ ᠬᠣᠢᠲᠤ ᠴᠣᠩᠬᠣᠨ᠎ᠳᠤ ᠨᠢᠭᠡ ᠴᠣᠭᠣᠷᠬᠠᠶ ᠪᠠᠢᠬᠤ᠎ᠶᠢ ᠣᠯᠵᠤ ᠮᠡᠳᠡᠭᠡᠳ᠄《ᠳᠣᠲᠣᠷ᠎ᠠ ᠬᠥᠮᠥᠨ ᠪᠠᠢᠨ᠎ᠠ᠎ᠤᠤ? ᠰᠣᠨᠣᠰᠴᠤ ᠪᠠᠢᠨ᠎ᠠ᠎ᠤᠤ?》 ᠭᠡᠵᠦ ᠬᠠᠰᠬᠢᠷᠪᠠ᠃ ᠬᠠᠷᠢᠭᠤ ᠦᠭᠬᠦ ᠰᠤᠯᠠᠬᠠᠨ ᠳᠠᠭᠤ ᠲᠡᠷᠭᠡᠨ ᠳᠣᠲᠣᠷ᠎ᠠ᠎ᠡᠴᠡ ᠰᠤᠨᠤᠰᠲᠠᠵᠤ᠂ ᠠᠮᠢᠳᠦ ᠪᠠᠢᠬᠤ ᠵᠢᠨ ᠰᠢᠨᠵᠢ ᠲᠡᠮᠳᠡᠭ᠎ᠢ ᠳᠠᠮᠵᠢᠭᠤᠯᠪᠠ! ᠳ᠋ᠢᠩ ᠵᠢᠶᠠᠨ ᠫᠢᠩ ᠶᠠᠭᠤᠨ᠎ᠤ ᠡᠮᠦᠨ᠎ᠡ ᠭᠠᠷ᠎ᠢᠶᠠᠷ ᠵᠢᠡᠨ ᠴᠤᠭᠤᠷᠬᠠᠢ ᠨᠦᠬᠡ᠎ᠶᠢᠨ ᠡᠷᠬᠢᠨ ᠲᠣᠭᠣᠷᠢᠨ᠎ᠤ ᠬᠠᠭᠠᠷᠬᠠᠢ ᠰᠢᠯᠢ ᠨᠠᠷᠢᠨ ᠨᠢᠮᠪᠠᠢ ᠴᠡᠪᠡᠷᠯᠡᠵᠦ᠂ ᠬᠠᠰᠢᠭ᠍ᠳᠠᠭᠰᠠᠳᠢ ᠳᠠᠬᠢᠨ ᠰᠢᠷᠬᠠᠲᠤᠭᠤᠯᠬᠤ᠎ᠡᠴᠡ ᠰᠡᠷᠭᠡᠢᠯᠡᠬᠦ᠎ᠶᠢᠨ ᠬᠠᠮᠲᠤ ᠲᠠᠰᠤᠷᠠᠯᠲᠠ ᠦᠭᠡᠢ ᠴᠤᠭᠤᠷᠬᠠᠢ ᠨᠦᠬᠡ ᠪᠡᠷ ᠬᠠᠰᠢᠭ᠍ᠳᠠᠭᠰᠠᠳᠲᠠᠢ ᠶᠠᠷᠢᠯᠴᠠᠵᠤ᠂ ᠤᠷᠮ᠎ᠠ ᠰᠡᠳᠬᠢᠯᠭᠡ᠎ᠶᠢ ᠨᠢ ᠲᠠᠢᠳᠬᠤᠷᠠᠭᠤᠯᠵᠤ᠄《ᠲᠡᠰᠴᠦ ᠪᠠᠢᠭᠠᠵᠠᠢ᠂ ᠠᠪᠤᠷᠠᠨ ᠲᠤᠰᠠᠯᠠᠯᠲᠠ ᠤᠳᠠᠯ ᠦᠭᠡᠢ ᠬᠦᠷᠴᠦ ᠢᠷᠡᠨ᠎ᠡ᠂ ᠪᠢᠳᠡ ᠶᠠᠭ ᠠᠷᠭ᠎ᠠ ᠪᠤᠳᠤᠵᠤ ᠪᠠᠢᠨ᠎ᠠ!》 ᠭᠡᠪᠡ᠃ ᠳᠠᠷᠠᠭ᠎ᠠ ᠳ᠋ᠤᠨᠢ᠂ ᠲᠡᠷᠡ ᠬᠣᠢᠨ᠎ᠠ ᠬᠣᠢᠨ᠎ᠠ᠎ᠡᠴᠡ᠎ᠪᠠᠨ ᠬᠦᠷᠦᠯᠴᠡᠨ ᠢᠷᠡᠭᠰᠡᠨ ᠪᠤᠰᠤᠳ ᠬᠠᠯᠠᠭᠤᠨ ᠰᠡᠳᠬᠢᠯᠲᠦ ᠲᠣᠰᠬᠣᠨ᠎ᠤ ᠠᠷᠠᠳ᠎ᠲᠠᠢ ᠬᠠᠮᠲᠤ ᠪᠠᠷ᠂ ᠪᠠᠭᠠᠵᠢ ᠬᠡᠷᠡᠭᠰᠡᠯ ᠠᠰᠢᠭ᠍ᠯᠠᠵᠤ᠂ ᠬᠡᠯᠪᠡᠷᠢ ᠨᠢ ᠬᠤᠪᠢᠷᠠᠭᠰᠠᠨ ᠲᠡᠷᠭᠡᠨ ᠡᠭᠦᠳᠡ᠎ᠶᠢ ᠬᠦᠰᠢᠨ ᠨᠡᠬᠡᠭᠡᠵᠤ᠂ ᠬᠠᠰᠢᠭ᠍ᠳᠠᠭᠰᠠᠨ ᠬᠥᠮᠥᠰ᠎ᠢ ᠠᠪᠤᠷᠠᠨ ᠭᠠᠷᠭᠠᠪᠠ᠃
2013 ᠣᠨ᠎ᠤ ᠨᠠᠮᠤᠷ᠂ ᠲᠠᠷᠢᠶᠠᠨ ᠠᠵᠢᠯ᠎ᠤᠨ ᠶᠠᠭᠠᠷᠠᠤ ᠴᠠᠭ ᠦᠶ᠎ᠡ᠎ᠳᠡᠬᠢ ᠡᠷᠡᠰ ᠰᠢᠭᠤᠷᠬᠠᠢ ᠠᠪᠤᠷᠠᠨ ᠲᠤᠰᠠᠯᠠᠯᠲᠠ᠃ ᠳ᠋ᠢᠩ ᠵᠢᠶᠠᠨ ᠫᠢᠩ ᠲᠥᠪᠡᠳ ᠬᠠᠰᠢ ᠳᠦᠭᠦᠷᠲᠡᠯ᠎ᠡ ᠲᠡᠭᠡᠭᠡᠭᠰᠡᠨ ᠲᠠᠷᠢᠶᠠᠯᠠᠩ᠎ᠳᠤ ᠬᠡᠷᠡᠭᠯᠡᠬᠦ ᠳᠦᠷᠪᠡᠨ ᠬᠦᠷᠳᠦᠲᠦ ᠲᠡᠷᠭᠡ ᠬᠠᠵᠠᠭᠤ ᠪᠡᠷ ᠵᠢᠡᠨ ᠬᠥᠷᠪᠡᠵᠦ᠂ ᠮᠠᠰᠢᠨ᠎ᠤ ᠲᠡᠭᠡᠭᠡᠰᠢ ᠨᠢ ᠵᠢᠯᠣᠭᠣᠴᠢ᠎ᠶᠢ ᠬᠦᠳᠡᠯᠵᠤ ᠴᠢᠳᠠᠬᠤ ᠦᠭᠡᠢ ᠪᠤᠯᠳᠠᠯ᠎ᠠ ᠳᠠᠷᠤᠵᠤ᠂ ᠳᠡᠭᠡᠷ᠎ᠡ ᠬᠠᠭᠠᠰ ᠪᠡᠶ᠎ᠡ ᠨᠢ ᠯᠡ ᠭᠠᠷᠴᠦ᠂ ᠴᠢᠷᠠᠢ ᠨᠢ ᠬᠤᠵᠢᠢᠵᠤ᠂ ᠠᠮᠢᠰᠬᠤᠯ ᠨᠢ ᠰᠤᠯᠠᠷᠠᠵᠤ᠂ ᠠᠮᠢ ᠨᠠᠰᠤ ᠨᠢ ᠠᠶᠤᠯ᠎ᠳᠤ ᠲᠤᠯᠭᠠᠷᠠᠭᠰᠠᠨᠢ ᠣᠯᠵᠤ ᠮᠡᠳᠡᠪᠡ᠃ ᠡᠷᠬᠢᠨ ᠲᠤᠭᠤᠷᠢᠨ᠎ᠤ ᠴᠤᠭᠯᠠᠷᠠᠭᠰᠠᠨ ᠤᠯᠠᠨ ᠲᠦᠮᠡᠨ ᠠᠪᠤᠷᠠᠨ ᠲᠤᠰᠠᠯᠠᠬᠤ ᠲᠤᠷᠰᠢᠯᠭ᠎ᠠ ᠪᠠ ᠪᠠᠭᠠᠵᠢ ᠬᠡᠷᠡᠭᠰᠡᠯ ᠳᠤᠲᠠᠮᠠᠭ᠎ᠡᠴᠡ ᠪᠣᠯᠵᠤ᠂ ᠪᠠᠴᠢᠮᠳᠠᠨ ᠰᠠᠨᠳᠤᠷᠴᠤ᠂ ᠮᠠᠰᠢᠨ ᠲᠡᠷᠭᠡ᠎ᠶᠢ ᠳᠤᠷ᠎ᠠ ᠪᠡᠷ ᠰᠢᠯᠵᠢᠭᠦᠯᠬᠦ᠎ᠡᠴᠡ ᠵᠢᠷᠦᠬᠡᠰᠢᠶᠡᠵᠦ᠂ ᠳᠠᠬᠢᠨ ᠰᠢᠷᠬᠠᠲᠤᠭᠤᠯᠬᠤ᠎ᠡᠴᠡ ᠠᠶᠤᠵᠤ ᠪᠠᠢᠯ᠎ᠠ᠃ ᠪᠠᠴᠢᠮ ᠲᠦᠭᠰᠢᠭᠦᠷᠢᠲᠡᠢ ᠦᠶ᠎ᠡ᠎ᠳᠦ᠂ ᠳ᠋ᠢᠩ ᠵᠢᠶᠠᠨ ᠫᠢᠩ ᠳᠠᠷᠤᠢ ᠲᠦᠷᠭᠡᠨ ᠬᠦᠳᠡᠯᠵᠤ᠂ ᠲᠤᠬᠠᠢ᠎ᠶᠢᠨ ᠲᠠᠯᠠᠪᠤᠷ᠎ᠤᠨ ᠪᠠᠢᠳᠠᠯ᠎ᠢ ᠬᠢᠨᠠᠭᠤᠷ ᠯᠠᠪᠳᠠᠭᠤᠨ ᠠᠵᠢᠭ᠍ᠯᠠᠪᠠ᠃ ᠬᠠᠵᠠᠭᠤᠰᠢ ᠪᠡᠨ ᠬᠥᠷᠪᠡᠭᠰᠡᠨ ᠲᠡᠷᠭᠡᠨ᠎ᠦ ᠨᠢᠭᠡ ᠲᠠᠯ᠎ᠠ ᠨᠢ ᠶᠠᠭ ᠰᠠᠶᠢᠬᠠᠨ ᠨᠢᠭᠡᠨ ᠵᠢᠵᠢᠭ ᠳᠤᠪᠤᠴᠠᠭ ᠳᠡᠭᠡᠷ᠎ᠡ ᠲᠤᠰᠴᠦ᠂ ᠨᠢᠭᠡᠨ ᠲᠣᠭᠲᠠᠭᠤᠨ ᠪᠤᠰᠤ ᠲᠤᠯᠭᠠᠭᠤᠷᠢᠯᠠᠬᠤ ᠴᠡᠭ ᠪᠣᠯᠤᠭᠰᠠᠨ᠎ᠢ ᠲᠡᠷᠡ ᠣᠯᠵᠤ ᠮᠡᠳᠡᠪᠡ᠃ 《ᠣᠯᠠᠨ᠎ᠢᠶᠠᠷ᠎ᠢᠶᠠᠨ ᠪᠢᠲᠡᠭᠡᠢ ᠰᠠᠨᠳᠤᠷ! ᠮᠢᠨᠤ ᠵᠢᠯᠣᠭᠣᠳᠤᠯᠭ᠎ᠠ᠎ᠶᠢ ᠰᠤᠨᠤᠰᠤᠭᠠᠷᠠᠢ᠂ ᠪᠢᠳᠡ ᠬᠠᠮᠲᠤ᠎ᠪᠠᠷ ᠬᠦᠴᠦᠯᠡᠵᠦ ᠪᠠᠢ᠍ᠭᠠᠳ ᠲᠡᠷᠭᠡ ᠵᠢ ᠵᠢᠭᠠᠬᠠᠨ ᠡᠷᠭᠦᠶ᠎ᠡ!》 ᠲᠡᠷᠡ ᠲᠤᠬᠠᠢ᠎ᠶᠢᠨ ᠲᠠᠯᠠᠪᠠᠢ᠎ᠶᠢᠨ ᠤᠯᠠᠨ ᠲᠦᠮᠡᠨ᠎ᠢ ᠰᠢᠭᠤᠷᠬᠠᠢ ᠵᠣᠬᠢᠶᠠᠨ ᠪᠠᠢᠭᠤᠯᠵᠤ ᠠᠪᠤᠷᠠᠨ ᠲᠤᠰᠠᠯᠠᠪᠠ᠃ ᠲᠡᠷᠡ ᠳᠤᠷᠤᠭᠰᠢ ᠪᠥᠬᠥᠢᠵᠦ᠂ ᠬᠦᠴᠦᠯᠡᠬᠦ ᠴᠡᠭ ᠣᠯᠵᠤ᠂ ᠮᠥᠷᠥᠪᠡᠷᠢᠶᠡᠨ ᠲᠡᠷᠭᠡ ᠵᠢ ᠲᠤᠯᠵᠤ᠂ ᠦᠨᠳᠦᠷ ᠳᠠᠭᠤᠨ᠎ᠢᠶᠠᠷ᠄ 《ᠨᠢᠭᠡ᠂ ᠬᠣᠶᠠᠷ᠂ ᠭᠤᠷᠪᠠ᠂ ᠡᠷᠭᠦ!》 ᠭᠡᠵᠦ ᠬᠠᠰᠬᠢᠷᠪᠠ᠃ ᠲᠡᠭᠦᠨ᠎ᠦ ᠳᠠᠭᠠᠭᠤᠯᠭ᠎ᠠ᠎ᠪᠠᠷ᠂ ᠲᠣᠰᠬᠣᠨ᠎ᠤ ᠠᠷᠠᠳ ᠬᠣᠢᠨ᠎ᠠ ᠬᠣᠢᠨ᠎ᠠ᠎ᠡᠴᠡ᠎ᠪᠠᠨ ᠤᠷᠤᠵᠠᠭᠠᠨ᠂ ᠬᠦᠴᠦ᠎ᠪᠡᠨ ᠬᠠᠮᠲᠤᠳᠬᠠᠵᠤ ᠪᠠᠢᠭᠠᠳ ᠡᠴᠦᠰ᠎ᠲᠡᠬᠡᠨ ᠬᠦᠨᠳᠦ ᠨᠦᠰᠡᠷ ᠲᠡᠷᠭᠡᠨ᠎ᠦ ᠲᠡᠭᠡᠭᠡᠰᠢ ᠵᠢ ᠨᠢᠭᠡᠨ ᠵᠠᠪᠰᠠᠷᠭᠠᠷᠭᠠᠪᠠ᠃ ᠳ᠋ᠢᠩ ᠵᠢᠶᠠᠨ ᠫᠢᠩ ᠥᠴᠥᠬᠡᠨ ᠴᠦ᠍ ᠲᠠᠲᠠᠭᠠᠯᠵᠠᠯ ᠦᠭᠡᠢ ᠠᠶᠤᠯ ᠲᠦᠭᠰᠢᠭᠦᠷᠢ᠎ᠶᠢ ᠬᠠᠢᠬᠤᠷᠤᠯ ᠦᠭᠡᠢ᠎ᠪᠡᠷ ᠲᠡᠷᠭᠡᠨ᠎ᠦ ᠳᠤᠤᠷ᠎ᠠ ᠰᠢᠷᠭᠤᠨ ᠣᠷᠣᠵᠤ᠂ ᠬᠠᠷᠰᠢ ᠰᠠᠭᠠᠳ᠎ᠡᠴᠡ ᠬᠢᠴᠢᠶᠡᠮᠵᠢᠲᠡᠢ ᠵᠠᠢᠯᠠᠵᠤ᠂ ᠳᠠᠷᠤᠭᠳᠠᠭᠰᠠᠨ ᠵᠢᠯᠣᠭᠣᠴᠢ᠎ᠶᠢ ᠴᠢᠷᠴᠦ ᠭᠠᠷᠭᠠᠪᠠ᠃ ᠳᠠᠷᠠᠭ᠎ᠠ ᠨᠢ ᠲᠡᠷᠡ ᠵᠢᠯᠤᠭᠤᠴᠢ ᠵᠢᠨ ᠠᠮᠢᠰᠬᠤᠯ ᠪᠠ ᠮᠡᠳᠡᠭᠡ ᠰᠡᠬᠡᠭᠡ ᠵᠢ ᠪᠠᠢᠴᠠᠭᠠᠵᠤ᠂ ᠲᠡᠭᠦᠨ᠎ᠢ ᠬᠡᠪᠲᠡᠭᠦᠯᠬᠦ᠎ᠶᠢ ᠪᠠᠲᠤᠯᠠᠬᠤ᠎ᠶᠢᠨ ᠬᠠᠮᠲᠤ ᠪᠤᠰᠤᠳ ᠬᠥᠮᠥᠰ᠎ᠢ ᠪᠠᠴᠢᠮ ᠠᠪᠤᠷᠠᠯᠲᠠ᠎ᠶᠢᠨ ᠤᠲᠠᠰᠤ ᠠᠪᠬᠤ ᠵᠢ ᠱᠠᠯᠠᠪᠳᠠᠭᠤᠯᠪᠠ᠃ ᠲᠦᠷᠭᠡᠨ ᠠᠪᠤᠷᠠᠯᠲᠠ᠎ᠶᠢᠨ ᠲᠡᠷᠭᠡ᠎ᠶᠢ ᠬᠦᠯᠢᠶᠡᠬᠦ ᠶᠠᠪᠤᠴᠠ᠎ᠳᠤ ᠲᠡᠷᠡ ᠰᠢᠷᠬᠠᠲᠤᠭᠰᠠᠳ᠎ᠤᠨ ᠬᠠᠵᠠᠭᠤ᠎ᠳᠤ ᠰᠠᠬᠢᠨ ᠰᠠᠭᠤᠵᠤ᠂ ᠲᠠᠰᠤᠷᠠᠯᠲᠠ ᠦᠭᠡᠢ ᠰᠡᠷᠢᠭᠡᠨ ᠳᠠᠭᠤᠳᠠᠵᠤ᠂ ᠲᠡᠭᠦᠨ᠎ᠢ ᠰᠡᠬᠡᠭᠡ ᠲᠡᠢ ᠪᠠᠢᠯᠭᠠᠬᠤ ᠵᠢ ᠬᠢᠴᠢᠶᠡᠪᠡ᠃ ᠲᠡᠭᠦᠨ᠎ᠦ ᠡᠷᠡᠰ ᠰᠢᠭᠤᠷᠬᠠᠢ ᠰᠢᠢᠳᠪᠦᠷᠢᠯᠡᠯᠲᠡ ᠪᠠ ᠰᠢᠨᠵᠢᠯᠡᠬᠦ ᠤᠬᠠᠭᠠᠨᠴᠢ ᠠᠪᠤᠷᠠᠯᠳᠠ ᠬᠢᠭᠰᠡᠨ᠎ᠡᠴᠡ ᠰᠢᠷᠬᠠᠲᠤᠭᠰᠠᠳ᠎ᠲᠤ ᠡᠷᠬᠢᠮ ᠨᠠᠨᠳᠢᠨ ᠠᠪᠤᠷᠠᠯᠳᠠ᠎ᠶᠢᠨ ᠴᠠᠭ᠎ᠢ ᠣᠯᠭᠣᠭᠰᠠᠨ ᠪᠠᠢᠨ᠎ᠠ᠃
2. ᠯᠢᠦ ᠱᠧᠩ᠄ ᠲᠤᠬᠠᠢᠯᠠᠭᠰᠠᠨ ᠠᠵᠢᠯ᠎ᠳᠠᠭᠠᠨ ᠰᠠᠭᠤᠷᠢᠯᠠᠨ ᠭᠠᠪᠢᠶ᠎ᠠ ᠵᠢᠳᠬᠦᠯ ᠭᠠᠷᠭᠠᠵᠤ᠂ ᠡᠭᠡᠯ ᠵᠢᠷ᠎ᠦᠨ ᠠᠵᠢᠯ᠎ᠤᠨ ᠪᠠᠢᠷᠢ᠎ᠳᠤ ᠦᠨᠡᠨᠴᠢ ᠰᠢᠳᠤᠷᠭᠤ ᠪᠡᠷ ᠵᠢᠳᠬᠦᠵᠤ᠂ ᠠᠶᠤᠯ ᠲᠦᠭᠰᠢᠭᠦᠷᠢᠲᠡᠢ ᠵᠠᠩᠭᠢᠯᠠᠭ᠎ᠠ᠎ᠶᠢᠨ ᠦᠶ᠎ᠡ᠎ᠳᠦ ᠬᠠᠷᠢᠭᠤᠴᠠᠯᠭ᠎ᠠ ᠡᠭᠦᠷᠭᠡᠯᠡᠵᠦ᠂ ᠴᠡᠷᠢᠭ ᠬᠥᠮᠥᠨ᠎ᠦ ᠮᠥᠨ ᠴᠢᠨᠠᠷ᠎ᠢ ᠬᠠᠷᠠᠭᠤᠯᠪᠡ
ᠯᠢᠦ ᠱᠧᠩ ᠴᠡᠷᠢᠭ᠎ᠲᠦ ᠣᠷᠣᠭᠰᠠᠨ᠎ᠡᠴᠡ ᠨᠠᠭᠠᠰᠢᠬᠢ 16 ᠵᠢᠯ᠎ᠦᠨ ᠲᠤᠷᠰᠢ᠂ ᠪᠠᠢᠯᠳᠤᠭ᠍ᠴᠢ᠂ ᠠᠩᠬᠢ ᠵᠢᠨ ᠳᠠᠷᠤᠭ᠎ᠠ ᠵᠡᠷᠭᠡ ᠲᠤᠰᠢᠶᠠᠯ᠎ᠢ ᠬᠠᠷᠢᠭᠤᠴᠠᠵᠤ᠂ ᠵᠣᠬᠢᠶᠠᠨ ᠪᠠᠢᠭᠤᠯᠤᠯᠲᠠ᠎ᠡᠴᠡ ᠲᠡᠭᠦᠨ᠎ᠢ ᠬᠠᠮᠢᠭ᠎ᠠ ᠲᠠᠯᠪᠢᠪᠠᠯ ᠲᠡᠨᠳᠡ ᠯᠠᠪᠳᠠᠭᠤᠨ᠎ᠢᠶᠠᠷ ᠠᠵᠢᠯᠯᠠᠵᠤ ᠪᠠᠢᠪᠠ᠃ ᠢᠯᠡᠷᠡᠯ ᠨᠢ ᠲᠣᠪᠣᠢᠮ᠎ᠠ ᠪᠣᠯᠬᠣᠷ᠂ ᠵᠣᠬᠢᠶᠠᠨ ᠪᠠᠢᠭᠤᠯᠤᠯᠲᠠ᠎ᠡᠴᠡ ᠲᠡᠭᠦᠨ᠎ᠢ ᠪᠠᠢᠭᠤᠯᠭ᠎ᠠ᠎ᠶᠢᠨ ᠳᠡᠳ᠋ ᠡᠷᠬᠢᠯᠡᠭᠴᠢ᠎ᠶᠢᠨ ᠠᠵᠢᠯ᠎ᠤᠨ ᠪᠠᠢᠷᠢᠨ᠎ᠳᠤ ᠲᠣᠬᠢᠷᠠᠭᠤᠯᠤᠭᠰᠠᠨ᠎ᠡᠴᠡ ᠲᠡᠭᠦᠨ᠎ᠦ ᠮᠥᠷᠥᠨ ᠳᠡᠭᠡᠷᠡᠬᠢ ᠡᠭᠦᠷᠭᠡ ᠨᠡᠩ ᠬᠦᠨᠳᠦᠷᠡᠵᠦ᠂ ᠪᠡᠶ᠎ᠡ ᠳᠡᠭᠡᠷᠡᠬᠢ ᠬᠠᠷᠢᠭᠤᠴᠠᠯᠭ᠎ᠠ ᠨᠡᠩ ᠶᠡᠬᠡ ᠪᠣᠯᠵᠤ᠂ ᠡᠭᠦᠷᠭᠡ ᠱᠠᠭᠠᠷᠳᠠᠯᠭ᠎ᠠ ᠴᠤ᠌ ᠨᠡᠩ ᠥᠨᠳᠥᠷ ᠪᠣᠯᠤᠭᠰᠠᠨ᠎ᠢ ᠲᠡᠷᠡ ᠭᠦᠨ ᠣᠢᠯᠠᠭᠠᠪᠠ᠃ ᠡᠳᠦᠷ ᠲᠤᠳᠤᠮ᠎ᠤᠨ ᠪᠣᠯᠪᠠᠰᠤᠷᠠᠯ ᠳᠤᠮᠳᠠ᠂ ᠲᠡᠷᠡ ᠨᠠᠷᠢᠨ ᠬᠢᠨᠠᠮᠠᠭᠠᠢ᠂ ᠠᠵᠢᠯ ᠶᠠᠪᠤᠳᠠᠯ ᠬᠢᠬᠦ᠎ᠳᠡᠭᠡᠨ ᠦᠨᠡᠨᠴᠢ᠂ ᠡᠳᠦᠷ ᠪᠦᠷᠢ ᠲᠦᠷᠦᠭᠦᠯᠡᠨ ᠡᠷᠲᠡ᠎ᠶᠢᠨ ᠲᠠᠮᠢᠷ ᠬᠢᠵᠦ᠂ ᠦᠢᠯᠡᠴᠢᠯᠡᠭᠡᠨ᠎ᠦ ᠪᠣᠯᠪᠠᠰᠤᠷᠠᠯ ᠬᠢᠵᠦ᠂ ᠰᠤᠷᠢᠯᠳᠠ ᠬᠢᠵᠤ᠂ ᠡᠷᠡᠭᠦᠯ ᠬᠠᠮᠠᠭᠠᠯᠠᠯ᠎ᠢ ᠠᠳᠬᠤᠵᠤ᠂ ᠪᠣᠯᠪᠠᠰᠤᠷᠠᠯ ᠳᠤᠮᠳᠠ᠎ᠪᠠᠨ 《ᠨᠠᠳᠠ ᠤᠷᠤᠭᠤ ᠬᠠᠷ᠎ᠠ᠂ ᠨᠠᠳᠠ ᠲᠡᠢ ᠬᠠᠮᠳᠦ ᠤᠷᠤᠭᠰᠢᠯᠠᠶ᠎ᠠ》 ᠭᠡᠵᠦ ᠤᠷᠢᠶᠠᠯᠠᠵᠤ᠂ ᠵᠢᠩᠬᠢᠨᠢ ᠡᠮᠬᠢ ᠳᠢᠭ᠌ᠯᠢᠮ᠎ᠦᠨ ᠳᠤᠮᠳᠠ 《ᠮᠢᠨᠤ ᠬᠢᠬᠦ ᠵᠢ ᠬᠠᠷ᠎ᠠ᠂ ᠨᠠᠳᠠ᠎ᠡᠴᠡ ᠰᠤᠷᠤᠯᠴᠠᠶ᠎ᠠ》 ᠭᠡᠵᠦ ᠪᠠᠷᠢᠮᠵᠢᠶᠠᠯᠠᠵᠤ᠂ ᠲᠡᠭᠦᠨ᠎ᠦ ᠳᠠᠢᠴᠢᠯᠠᠯᠲᠠ ᠵᠣᠷᠢᠭ᠍ᠵᠢᠭᠤᠯᠤᠯ ᠪᠠ ᠨᠠᠷᠢᠨ ᠨᠢᠮᠪᠠᠢ ᠵᠢᠯᠣᠭᠣᠳᠤᠯᠭ᠎ᠠ ᠳᠣᠣᠷ᠎ᠠ᠂ ᠬᠠᠷᠢᠶ᠎ᠠ ᠳᠠᠷᠤᠭ᠎ᠠ ᠪᠠᠢᠯᠳᠤᠭ᠍ᠴᠢᠳ᠎ᠤᠨ ᠴᠡᠷᠢᠭ᠎ᠦᠨ ᠶᠠᠪᠤᠳᠠᠯ᠎ᠤᠨ ᠬᠢᠨᠠᠨ ᠰᠢᠯᠭᠠᠯᠲᠠ᠎ᠶᠢᠨ ᠬᠢᠷᠢ ᠪᠦᠲᠦᠮᠵᠢ ᠨᠢ ᠴᠡᠷᠢᠭ᠎ᠦᠨ ᠬᠤᠪᠢᠶᠠᠷᠢ ᠲᠣᠭᠣᠷᠢᠭ᠋᠎ᠲᠤ ᠵᠢᠯ ᠲᠤᠷᠰᠢ 《ᠲᠦᠷᠦᠭᠦᠯᠡᠵᠤ》᠂ ᠳᠡᠭᠡᠳᠦ ᠱᠠᠲᠤᠨ᠎ᠤ ᠪᠠᠢᠭᠤᠯᠭ᠎ᠠ᠎ᠶᠢᠨ ᠰᠠᠨᠠᠭ᠎ᠠ ᠠᠮᠤᠷ ᠭᠠᠵᠠᠷ ᠪᠣᠯᠤᠭᠰᠠᠨ ᠪᠠᠢᠨ᠎ᠠ᠃
2024 ᠣᠨ᠎ᠤ 10 ᠰᠠᠷ᠎ᠠ᠎ᠶ᠋ᠢᠨ 25 ᠤ᠋ ᠦᠳᠡᠰᠢ ᠪᠡᠷ᠂ ᠠᠮᠠᠷᠠᠯᠳᠠ ᠪᠠᠨ ᠠᠪᠴᠤ ᠪᠠᠢᠭ᠍ᠰᠠᠨ ᠯᠢᠦ ᠱᠧᠩ ᠬᠡᠷᠭᠡᠢᠲᠡᠶᠪᠡᠨ ᠭᠤᠶᠠᠭᠤᠯᠠ ᠭᠤᠤᠯ᠎ᠤᠨ ᠬᠥᠪᠡᠭᠡ ᠪᠡᠷ ᠰᠡᠯᠡᠭᠦᠴᠡᠨ ᠠᠯᠬᠤᠵᠤ ᠪᠠᠢᠬᠤ᠎ᠳᠠᠭᠠᠨ ᠤᠰᠤᠨ᠎ᠳᠤ ᠤᠨᠠᠭᠰᠠᠨ ᠨᠢᠭᠡ ᠬᠦᠮᠦᠨ ᠠᠪᠤᠷᠠᠯ ᠭᠤᠶᠤᠵᠤ ᠪᠠᠢᠬᠤ᠎ᠶ᠋ᠢ ᠣᠯᠵᠤ ᠰᠣᠨᠣᠰᠴᠠᠶ᠂ ᠯᠢᠦ ᠱᠧᠩ ᠳᠠᠷᠤᠢᠬᠠᠨ ᠬᠤᠪᠴᠠᠰᠤ᠎ᠪᠠᠨ ᠳᠡᠢᠯᠵᠦ᠍ ᠡᠷᠡᠭᠡᠯᠵᠡᠯ ᠦᠭᠡᠢ ᠪᠡᠷ ᠤᠰᠤᠨ᠎ᠳᠤ ᠦᠰᠦᠷᠴᠦ᠍ ᠣᠷᠣᠭᠠᠳ ᠤᠰᠤᠨ᠎ᠳᠤ ᠤᠨᠠᠭ᠍ᠰᠠᠨ ᠬᠥᠮᠦᠨ᠎ᠢ ᠴᠢᠭᠯᠡᠪᠡ᠃ ᠳᠤᠰ ᠭᠤᠤᠯ ᠨᠢ ᠦᠶᠡᠷ ᠵᠠᠯᠠᠬᠤ ᠵᠠᠮ ᠪᠤᠯᠬᠤᠷ ᠭᠤᠤᠯ᠎ᠤᠨ ᠰᠠᠪᠠ ᠨᠢ ᠡᠩᠬᠡᠯ ᠳᠤᠩᠬᠤᠯ ᠪᠠᠢᠵᠤ᠂ ᠵᠠᠷᠢᠮ ᠬᠡᠰᠡᠭ᠎ᠤᠨ ᠤᠰᠤᠨ᠎ᠤ ᠭᠦᠨ ᠨᠢ 2 ᠮᠧᠲ᠋ᠷ᠎ᠡᠴᠡ ᠳᠡᠭᠡᠭ᠌ᠰᠢ᠎ᠳᠦ ᠬᠦᠷᠴᠦ᠂ ᠳᠤᠳᠤ ᠤᠯᠵᠤ ᠬᠠᠷᠠᠬᠤ ᠦᠭᠡᠢ ᠦᠶᠡᠰ ᠤᠰᠤᠨ᠎ᠳᠤ ᠣᠷᠣᠬᠤ ᠨᠢ ᠲᠤᠢᠯ᠎ᠤᠨ ᠠᠶᠤᠯᠲᠠᠶ ᠪᠠᠢᠵᠠᠢ᠂ ᠠᠵᠠ᠎ᠪᠠᠷ ᠯᠢᠦ ᠱᠧᠩ᠎ᠦᠨ ᠥᠩᠭᠡᠷᠡᠭ᠌ᠰᠡᠨ ᠭᠠᠵᠠᠷ᠎ᠤᠨ ᠤᠰᠤ ᠲᠡᠢᠮᠦ᠍ ᠭᠦᠨ ᠪᠢᠰᠢ ᠪᠣᠯᠬᠣᠷ ᠭᠤᠤᠯ ᠭᠠᠳᠤᠯᠠᠨ ᠬᠦᠮᠦᠨ᠎ᠢ ᠠᠪᠤᠷᠠᠵᠤ ᠪᠣᠯᠤᠨ᠎ᠠ᠃ ᠭᠡᠪᠡᠴᠦ᠍ ᠲᠤᠬᠠᠶ᠎ᠶ᠋ᠢᠨ ᠦᠶ᠎ᠡ᠎ᠳᠦ ᠠᠭᠠᠷ᠎ᠤᠨ ᠳᠤᠯᠠᠭᠠᠨ ᠨᠢᠭᠡᠨᠲᠡ ᠲᠡᠭ ᠭᠷᠠᠳᠦ᠋ᠰ᠎ᠲᠦ ᠣᠢᠷᠠᠳᠴᠤ᠌᠂ ᠤᠰᠤᠨ ᠭᠠᠳᠠᠷᠭᠤ ᠨᠢᠮᠭᠡᠨ ᠴᠠᠷᠴᠠᠵᠤ᠂ ᠭᠤᠤᠯ᠎ᠤᠨ ᠤᠰᠤ ᠶᠠᠰᠤ ᠵᠢᠩᠭᠢᠨᠡᠮ᠎ᠡ ᠬᠦᠶ᠋ᠲᠡᠨ ᠮᠦᠷᠳᠡᠭᠡᠨ ᠯᠠᠭ ᠱᠢᠪᠠᠷ ᠬᠠᠯᠲᠤᠷᠢᠭᠠᠨ ᠲᠠᠢ ᠪᠠᠢᠵᠤ᠂ ᠨᠦᠬᠦᠴᠡᠯ ᠲᠤᠢᠯ᠎ᠤᠨ ᠠᠶᠤᠯ ᠲᠦᠭ᠌ᠰᠢᠭᠦᠷᠢᠲᠡᠶ ᠮᠥᠷᠲᠡᠭᠡᠨ ᠪᠤᠳᠤᠯᠢᠶᠠᠨᠲᠠᠶ ᠪᠠᠢᠪᠠ᠃ ᠴᠡᠷᠢᠭ᠎ᠦᠨ ᠬᠥᠮᠦᠨ᠎ᠦ ᠡᠭᠦᠷᠭᠡ᠎ᠶ᠋ᠢᠨ ᠤᠷᠢᠶᠠᠯᠠᠭ᠎ᠠ ᠳᠣᠣᠷ᠎ᠠ᠂ ᠯᠢᠦ ᠱᠧᠩ ᠬᠠᠬᠢᠷ ᠬᠦᠢᠳᠡᠨ᠂ ᠬᠦᠯᠳᠡᠬᠦᠦ ᠮᠥᠰᠥ ᠵᠢ ᠦᠯᠦ ᠬᠠᠢᠬᠤᠷᠤᠨ᠂ ᠤᠰᠤᠨ᠎ᠳᠤ ᠤᠨᠠᠭ᠍ᠰᠠᠨ ᠬᠥᠮᠦᠨ᠎ᠢ ᠴᠢᠭᠯᠡᠪᠡ᠂ ᠳᠤᠬᠠᠢ᠎ᠶᠢᠨ ᠦᠶ᠎ᠡ᠎ᠳᠦ᠂ ᠤᠰᠤᠨ᠎ᠳᠤ ᠤᠨᠠᠭ᠍ᠰᠠᠨ ᠬᠥᠮᠦᠨ ᠨᠢᠭᠡᠨᠲᠡ ᠤᠬᠠᠭᠠᠨ ᠠᠯᠳᠠᠴᠢᠬᠠᠭᠰᠠᠨ ᠪᠠᠢᠪᠠ᠂ ᠯᠢᠦ ᠱᠧᠩ ᠬᠦᠴᠦ ᠪᠠᠨ ᠰᠢᠪᠬᠠᠨ ᠲᠡᠭᠦᠨ᠎ᠢ ᠡᠷᠭᠢ᠎ᠳᠦ ᠴᠢᠷᠦᠨ ᠭᠠᠷᠭᠠᠵᠤ᠂ ᠠᠪᠤᠷᠠᠯᠳᠠ᠎ᠶ᠋ᠢᠨ ᠲᠡᠷᠭᠡ ᠬᠦᠷᠴᠦ᠍ ᠢᠷᠡᠬᠦ᠌ ᠪᠤᠯᠳᠠᠯ᠎ᠠ ᠬᠡᠷᠭᠡᠢᠲᠡᠶᠪᠡᠨ ᠬᠤᠶᠠᠭᠤᠯᠠ ᠴᠠᠭ᠎ᠢ ᠠᠮᠵᠢᠨ ᠪᠠᠴᠢᠮ ᠠᠪᠤᠷᠠᠯᠳᠠ ᠬᠢᠵᠦ᠂ ᠡᠭᠦᠨ ᠤ᠋ ᠠᠴᠢ ᠪᠡᠷ ᠨᠦᠬᠦᠭᠡ ᠤᠰᠤᠨ᠎ᠳᠤ ᠤᠨᠠᠭ᠍ᠰᠠᠨ ᠡᠷᠡᠭ᠌ᠲᠡᠢ ᠠᠮᠢ ᠨᠠᠰᠤᠨ᠎ᠤ ᠠᠶᠤᠯ ᠡᠴᠡ ᠮᠤᠯᠲᠤᠷᠠᠪᠠ᠃ 《ᠠᠷᠠᠳ ᠤᠯᠠᠨ ᠠᠶᠤᠯ ᠲᠦᠭ᠌ᠰᠢᠭᠦᠷᠢ᠎ᠳᠦ ᠤᠴᠠᠷᠠᠬᠤ ᠦᠶ᠎ᠡ᠎ᠳᠦ᠂ ᠡᠮᠦᠨ᠎ᠡ ᠨᠢ ᠭᠠᠪᠱᠢᠭᠠᠢᠯᠠᠬᠤ ᠪᠣᠯ ᠴᠡᠷᠢᠭ ᠬᠥᠮᠦᠨ᠎ᠦ ᠲᠥᠷᠥᠯᠬᠢ ᠴᠢᠳᠠᠪᠤᠷᠢ ᠪᠣᠯᠤᠨ᠎ᠠ》 ᠭᠡᠵᠦ᠍ ᠯᠢᠦ ᠱᠧᠩ ᠵᠠᠭᠤᠴᠢᠯᠠᠭᠤᠷ᠎ᠤᠨ ᠰᠤᠷᠪᠤᠯᠵᠢᠯᠠᠭ᠎ᠠ᠎ᠶ᠋ᠢ ᠬᠦᠯᠢᠶᠡᠬᠦ᠌᠎ᠳᠡᠭᠡᠨ ᠬᠡᠯᠡᠯ᠎ᠠ᠃
ᠤᠢ᠍ᠢᠷ᠎ᠠ᠎ᠶ᠋ᠢᠨ ᠵᠢᠯ᠂ ᠴᠡᠷᠢᠭ ᠪᠣᠯᠪᠠᠰᠤᠷᠠᠭᠤᠯᠵᠤ ᠲᠠᠢ᠌ᠨ᠎ᠳᠦ ᠪᠡᠯᠡᠳᠭᠡᠬᠦ᠌ ᠡᠭᠦᠷᠭᠡ ᠬᠦᠨᠳᠦᠷᠡᠬᠦ᠌ᠶ᠋ᠢ ᠲᠠᠭᠠᠯᠳᠤᠨ᠂ ᠲᠡᠭᠦᠨ᠎ᠦ ᠪᠠᠢᠭ᠎ᠠ ᠨᠢᠭᠡᠴᠢ ᠪᠦᠬᠦ᠌ ᠵᠢᠯ᠎ᠳᠦ ᠶᠡᠬᠡ ᠡᠭᠦᠷᠭᠡ ᠦᠨᠳᠦᠰᠦᠨ᠎ᠳᠡᠭᠡᠨ ᠲᠠᠰᠤᠷᠠᠯ ᠦᠭᠡᠢ ᠦᠷᠭᠦᠯᠵᠢᠯᠡᠵᠦ᠍᠂ ᠠᠴᠢᠶ᠎ᠠ ᠭᠦᠢᠴᠡᠳ ᠠᠵᠢᠯᠯᠠᠵᠤ᠂ ᠪᠠᠲᠤᠯᠠᠭ᠎ᠠ᠎ᠶ᠋ᠢᠨ ᠳᠠᠷᠤᠯᠲᠠ ᠮᠠᠰᠢ ᠶᠡᠬᠡ ᠪᠤᠯᠪᠠ᠃ ᠱᠢᠨ᠎ᠡ ᠪᠠᠢᠳᠠᠯ ᠱᠢᠨ᠎ᠡ ᠡᠭᠦᠷᠭᠡ ᠱᠢᠨ᠎ᠡ ᠱᠠᠭᠠᠷᠳᠠᠯᠭ᠎ᠠ᠎ᠶ᠋ᠢᠨ ᠡᠮᠦᠨ᠎ᠡ᠂ ᠯᠢᠦ ᠱᠧᠩ ᠭᠠᠷᠠᠭ ᠪᠦᠷᠢ ᠬᠥᠮᠥᠷᠭᠡ᠎ᠳᠦ ᠢᠯᠡᠭᠦᠦ ᠨᠢᠭᠡ ᠤᠳᠠᠭ᠎ᠠ ᠣᠷᠣᠬᠤ᠎ᠶ᠋ᠢ ᠪᠠᠷᠢᠮᠲᠠᠯᠠᠵᠤ᠂ ᠵᠡᠪᠰᠡᠭ ᠲᠣᠨᠣᠭ᠍ᠯᠠᠯ᠎ᠤᠨ ᠲᠣᠭ᠎ᠠ ᠬᠡᠮᠵᠢᠶᠡᠨ᠎ᠦ ᠲᠠᠷᠬᠠᠯᠲᠠ᠎ᠶ᠋ᠢ ᠡᠵᠡᠮᠱᠢᠵᠦ᠍᠂ ᠬᠡᠷᠡᠭ᠌ᠯᠡᠭ᠌ᠰᠡᠨᠦ ᠲᠠᠷᠠᠭ᠎ᠠ ᠵᠡᠪᠰᠡᠭ᠎ᠢ ᠢᠯᠡᠬᠦᠦ ᠨᠢᠭᠡ ᠤᠳᠠᠭ᠎ᠠ ᠠᠷᠠᠴᠢᠯᠠᠬᠤ᠎ᠶ᠋ᠢ ᠪᠠᠷᠢᠮᠲᠠᠯᠠᠵᠤ᠂ ᠵᠡᠪᠰᠡᠭ ᠲᠣᠨᠣᠭ᠍ᠯᠠᠯ᠎ᠤᠨ ᠴᠢᠳᠠᠪᠬᠢ᠎ᠶ᠋ᠢᠨ ᠪᠣᠯᠵᠣᠯᠲᠤ ᠲᠣᠭ᠎ᠠ᠎ᠶ᠋ᠢ ᠪᠠᠲᠤᠯᠠᠵᠤ᠂ ᠠᠵᠢᠯ᠎ᠳᠤ ᠲᠦᠬᠦᠮ᠂ ᠪᠣᠯᠪᠠᠰᠤᠷᠠᠯ ᠬᠢᠬᠦ᠌᠎ᠳᠦ ᠠᠱᠢᠭ᠍ᠲᠠᠢ ᠪᠠᠢᠬᠤ ᠵᠠᠷᠴᠢᠮ᠎ᠢ ᠪᠠᠷᠢᠮᠲᠠᠯᠠᠵᠤ᠂ ᠤᠯᠠᠷᠢᠯ᠎ᠢᠶᠠᠷ ᠲᠠᠯᠠᠪᠤᠷ ᠭᠠᠵᠠᠷ᠎ᠳᠦ ᠲᠤᠬᠢᠷᠠᠭᠤᠯᠤᠯᠳᠠ ᠬᠢᠵᠦ᠍᠂ ᠤᠢ᠍ᠢᠷ᠎ᠠ᠎ᠶ᠋ᠢᠨ ᠬᠡᠳᠦᠨ ᠵᠢᠯ᠎ᠦᠨ ᠡᠯ᠎ᠡ ᠲᠦᠷᠦᠯ᠎ᠦᠨ ᠶᠡᠬᠡ ᠡᠭᠦᠷᠭᠡ᠎ᠶ᠋ᠢᠨ ᠳᠤᠮᠳᠠ᠂ ᠲᠡᠷᠡ ᠶᠡᠷᠦ᠎ᠨᠢ ᠬᠥᠮᠦᠰ᠎ᠢ ᠳᠠᠭᠠᠭᠤᠯᠤᠨ ᠵᠡᠪᠰᠡᠭ ᠲᠣᠨᠣᠭ᠍ᠯᠠᠯ᠎ᠢ ᠪᠠᠲᠤᠯᠠᠨ ᠲᠤᠬᠢᠷᠠᠭᠤᠯᠬᠤ ᠪᠠ ᠲᠠᠯᠠᠪᠤᠷ ᠭᠠᠵᠠᠷ᠎ᠤᠨ ᠤᠯᠤᠯᠴᠠᠭ᠎ᠠ ᠵᠣᠬᠢᠴᠠᠭᠤᠯᠭ᠎ᠠ᠎ᠶ᠋ᠢ ᠭᠠᠷᠮᠠᠭᠠᠢ ᠪᠡᠶᠡᠯᠡᠭᠦᠯᠵᠦ᠍᠂ ᠡᠯ᠎ᠡ ᠱᠠᠲᠤᠨ᠎ᠤ ᠬᠢᠨ᠎ᠦ ᠰᠠᠢ᠌ᠨ ᠦᠨᠡᠯᠡᠯᠲᠡ᠎ᠶ᠋ᠢ ᠣᠯᠵᠠᠢ᠃ ᠲᠡᠭᠦᠨ᠎ᠦ ᠪᠣᠳᠠᠲᠠᠶ ᠠᠳᠭᠤᠵᠤ᠂ ᠢᠳᠡᠪᠬᠢᠲᠡᠶ ᠠᠵᠢᠯᠯᠠᠭ᠍ᠰᠠᠨ ᠤ᠋ ᠰᠠᠢᠨ᠎ᠢᠶᠡᠷ᠂ 2024 ᠣᠨ᠎ᠤ 12 ᠰᠠᠷ᠎ᠠ᠎ᠳᠤ᠂ ᠠᠵᠢᠯᠯᠠᠵᠤ ᠪᠠᠢᠭ᠎ᠠ ᠨᠢᠭᠡᠴᠢ᠎ᠨᠢ ᠳᠡᠭᠡᠳᠦ ᠱᠠᠲᠤᠨ᠎ᠳᠤ 《ᠱᠢᠯᠢᠳᠡᠭ》 ᠢ᠋ᠶ᠋ᠠᠷ ᠦᠨᠡᠯᠡᠭ᠌ᠳᠡᠪᠡ᠃
3. ᠷᠧᠨ ᠸᠧᠶ᠄ ᠴᠡᠷᠢᠭ᠎ᠡᠴᠡ ᠬᠠᠯᠠᠭᠳᠠᠭᠰᠠᠨ ᠬᠦᠮᠦᠨ ᠵᠡᠪᠰᠡᠭ ᠪᠠᠷᠢᠵᠤ ᠬᠡᠷᠴᠡᠭᠡᠢᠯᠡᠨ ᠠᠭᠠᠱᠢᠯᠠᠭ᠍ᠰᠠᠳᠲᠠᠶ ᠲᠡᠮᠡᠴᠡᠵᠦ᠍ ᠬᠦᠴᠢᠷᠳᠡᠯ᠎ᠳᠦ ᠲᠤᠯᠭᠠᠷᠠᠭ᠍ᠰᠠᠨ ᠡᠮᠡᠭᠳᠡᠢ ᠵᠢ ᠠᠪᠤᠷᠠᠵᠤ ᠭᠡᠮ ᠦᠭᠡᠶ ᠵᠠᠮ᠎ᠤᠨ ᠬᠥᠮᠦᠨ ᠰᠢᠷᠬᠠᠳᠤᠬᠤ ᠡᠴᠡ ᠰᠡᠷᠬᠡᠢᠯᠡᠪᠡ
2024 ᠣᠨ᠎ᠤ 11 ᠰᠠᠷ᠎ᠠ᠎ᠶ᠋ᠢᠨ 29 ᠤ᠋ ᠡᠳᠦᠷ᠎ᠦᠨ ᠦᠳᠡ᠎ᠶ᠋ᠢᠨ ᠡᠮᠦᠨᠡᠬᠢ 8 ᠴᠠᠭ 30 ᠮᠢᠨᠦ᠋ᠲ᠎ᠦᠨ ᠦᠶ᠎ᠡ᠎ᠪᠡᠷ᠂ ᠡᠪᠦᠯ᠎ᠦᠨ ᠡᠬᠢᠨ ᠤ᠋ ᠦᠬᠠᠶ ᠬᠣᠲᠠ᠎ᠳᠦ ᠬᠦᠶ᠋ᠲᠡᠨᠤ ᠡᠷᠴᠢ ᠴᠢᠩᠭᠠᠷᠠᠵᠦ᠂ ᠵᠡᠭᠡᠯᠢ ᠭᠤᠳᠤᠮᠵᠢ᠎ᠪᠠᠷ ᠲᠡᠷᠭᠡ ᠤᠨᠤᠭ᠎ᠠ ᠰᠦᠯᠵᠢᠯᠳᠦᠨ᠂ ᠬᠦᠮᠦᠰ ᠡᠷᠳᠡ᠎ᠶᠢᠨ ᠠᠵᠢᠯ᠎ᠳᠠᠭᠠᠨ ᠭᠠᠷᠬᠤ ᠪᠡᠷ ᠶᠠᠭᠠᠷᠴᠤ ᠪᠠᠢᠯ᠎ᠠ᠃ ᠷᠧᠨ ᠸᠧᠶ ᠬᠡᠪ᠎ᠤᠨ ᠶᠤᠰᠤᠭᠠᠷ ᠴᠠᠬᠢᠯᠭᠠᠨ ᠬᠥᠳᠡᠯᠭᠡᠭᠦᠷᠲᠦ ᠲᠡᠷᠭᠡ ᠤᠨᠤᠵᠤ ᠪᠠᠢᠭᠤᠯᠭ᠎ᠠ ᠪᠠᠨ ᠵᠤᠷᠢᠪᠠ᠃ ᠳᠡᠷᠡᠪᠡᠷ ᠬᠤᠲᠠ᠎ᠶ᠋ᠢᠨ ᠠᠷᠠᠳ᠎ᠤᠨ ᠡᠮᠨᠡᠯᠭᠡ᠎ᠶ᠋ᠢᠨ ᠬᠤᠷᠢᠶ᠎ᠠ᠎ᠶᠢᠨ ᠤᠢ᠍ᠢᠷ᠎ᠠ ᠬᠠᠪᠢ᠎ᠶ᠋ᠢᠨ ᠵᠠᠮ᠎ᠤᠨ ᠠᠭᠤᠯᠵᠠᠷ᠎ᠲᠤ ᠬᠦᠷᠬᠦ᠌᠎ᠳᠦ᠂ ᠬᠥᠮᠦᠰ᠎ᠦᠨ ᠵᠢᠷ᠎ᠤᠨ ᠪᠤᠰᠤ ᠦᠢᠮᠡᠭᠡᠨ ᠳᠡᠭᠦᠨ ᠤ᠋ ᠰᠣᠨᠣᠷ ᠰᠡᠷᠡᠮᠵᠢ᠎ᠶ᠋ᠢ ᠲᠠᠲᠠᠪᠠ᠃ ᠬᠠᠷᠠᠵᠤ ᠦᠵᠡᠪᠡᠯ ᠨᠢᠳᠦᠨ ᠬᠠᠷᠠᠴᠠ ᠨᠢ ᠬᠡᠷᠴᠡᠭᠡᠢ ᠨᠢᠭᠡ ᠡᠷᠡᠭ᠌ᠲᠡᠢ ᠵᠡᠪᠰᠡᠭ ᠠᠳᠭᠤᠨ ᠵᠠᠮ᠎ᠤᠨ ᠬᠠᠵᠠᠭᠤ᠎ᠳᠤ ᠵᠣᠭ᠍ᠰᠣᠵᠤ᠂ ᠡᠮᠦᠨ᠎ᠡ ᠨᠢ ᠪᠠᠢᠭ᠎ᠠ ᠴᠠᠬᠢᠯᠭᠠᠨ ᠲᠡᠷᠭᠡ ᠤᠨᠤᠵᠤ ᠪᠠᠢᠭ᠎ᠠ ᠨᠢᠭᠡ ᠬᠥᠮᠦᠨ᠎ᠢ ᠠᠵᠢᠭᠯᠠᠨ᠂ ᠳᠠᠭᠠᠷᠢᠯᠲᠠ ᠬᠢᠬᠦ᠌᠎ᠪᠡᠷ ᠤᠷᠤᠯᠳᠤᠵᠤ ᠪᠠᠢᠯ᠎ᠠ᠃ ᠡᠨᠡ ᠦᠶᠡᠰ᠂ ᠨᠢᠭᠡ ᠴᠠᠭ᠍ᠳᠠᠭᠠᠨ᠎ᠤ ᠲᠡᠷᠭᠡ ᠶᠠᠭ ᠰᠠᠢᠬᠠᠨ ᠵᠠᠮ᠎ᠢᠶᠠᠷ ᠥᠩᠭᠡᠷᠡᠪᠡ᠃ ᠬᠠᠷᠭᠢᠰᠯᠠᠨ ᠬᠡᠷᠴᠡᠭᠡᠢᠯᠡᠵᠦ᠍ ᠪᠠᠢᠭᠰᠠᠨ ᠨᠦᠭᠦᠭᠡ ᠡᠷᠡᠭ᠌ᠲᠡᠶ ᠲᠡᠷᠡ ᠳᠣᠣᠷ᠎ᠠ ᠨᠢ ᠨᠤᠮᠤᠬᠠᠨ᠎ᠢᠶᠡᠷ ᠤᠪᠯᠠᠵᠤ᠂ ᠠᠵᠢᠭ ᠴᠤ᠌ ᠦᠭᠡᠢ ᠶᠠᠪᠤᠵᠤ ᠤᠳᠬᠤ ᠭᠡᠪᠡ᠃ ᠡᠨᠡ ᠬᠦ᠌ ᠪᠠᠭ᠎ᠠ ᠰᠠᠭ᠎ᠠ ᠬᠤᠪᠢᠷᠠᠯᠲᠠ ᠵᠢ ᠡᠩ ᠬᠥᠮᠦᠨ ᠤᠪᠠᠢᠯᠠᠬᠤ ᠦᠭᠡᠢ ᠮᠠᠭᠠᠳ᠂ ᠭᠡᠪᠡᠴᠦ᠍ ᠡᠨᠡ ᠨᠢ ᠴᠡᠷᠢᠭ ᠠᠩᠭᠢ᠎ᠶ᠋ᠢᠨ ᠴᠢᠩᠭ᠎ᠠ ᠪᠣᠯᠪᠠᠰᠤᠷᠠᠯ ᠬᠦᠷᠳᠡᠵᠦ ᠥᠩᠭᠡᠷᠡᠭᠡᠭ᠌ᠰᠡᠨ ᠷᠧᠨ ᠸᠧᠶ ᠵᠢ ᠬᠠᠭᠤᠷᠴᠤ ᠴᠢᠳᠠᠭᠰᠠᠨ ᠦᠭᠡᠢ᠃ ᠤᠯᠠᠨ ᠵᠢᠯ᠎ᠦᠨ ᠴᠡᠷᠢᠭ ᠠᠩᠬᠢ᠎ᠶ᠋ᠢᠨ ᠠᠮᠢᠳᠤᠷᠠᠯ ᠳᠤᠮᠳᠠ ᠬᠦᠮᠦᠵᠢᠬᠦᠯᠦᠭᠰᠡᠨ ᠴᠢᠩᠭ᠎ᠠ ᠬᠠᠷᠢᠭᠤᠴᠠᠯᠭᠠᠲᠤ ᠰᠡᠳᠭᠢᠯᠭᠡ ᠪᠣᠯᠤᠨ ᠲᠤᠬᠠᠢᠯᠠᠭ᠍ᠰᠠᠨ ᠠᠵᠢᠯ᠎ᠤᠨ ᠬᠤᠷᠴᠠ ᠰᠡᠷᠭᠡᠭ ᠴᠢᠳᠠᠪᠤᠷᠢ ᠪᠡᠷ ᠷᠧᠨ ᠸᠧᠢ ᠤᠤᠯ ᠭᠠᠵᠠᠷ᠎ᠲᠠᠭᠠᠨ ᠬᠤᠴᠤᠷᠠᠵᠤ᠂ ᠨᠦᠬᠦᠭᠡ ᠡᠷᠡᠭ᠌ᠲᠡᠢ ᠵᠢᠨ ᠬᠠᠨᠳᠤᠰᠢ ᠵᠢ ᠨᠠᠷᠢᠨ ᠠᠵᠢᠭ᠍ᠯᠠᠵᠠᠢ᠃ ᠰᠠᠨᠠᠭᠰᠠᠨ ᠡᠴᠡ ᠵᠦᠷᠢᠭᠰᠡᠨ ᠦᠭᠡᠢ᠂ ᠴᠠᠭ᠍ᠳᠠᠭᠠᠨ᠎ᠤ ᠲᠡᠷᠭᠡ ᠬᠤᠯᠠᠳᠠᠮᠠᠭᠴᠠ ᠦᠨᠦ ᠡᠷᠡᠭᠳᠡᠢ ᠳᠣᠣᠷ᠎ᠠ᠎ᠪᠠᠨ ᠡᠷᠬᠢᠵᠦ᠂ ᠴᠢᠷᠠᠢ ᠨᠢ ᠬᠤᠪᠢᠷᠠᠨ᠂ ᠬᠥᠮᠦᠰ᠎ᠦᠨ ᠳᠤᠮᠳᠠ ᠭᠠᠯᠵᠠᠭᠤᠷᠠᠭ᠍ᠰᠠᠨ ᠮᠡᠲᠦ ᠳᠠᠭᠠᠷᠢᠨ ᠣᠷᠤᠵᠤ᠂ ᠭᠠᠷ᠎ᠲᠠᠬᠢ ᠵᠡᠪᠰᠡᠭ᠎ᠢᠶᠡᠨ ᠡᠷᠭᠦᠵᠦ᠍᠂ ᠥᠴᠦᠬᠡᠨ ᠴᠦ᠍ ᠰᠡᠷᠭᠡᠢᠯᠡᠯᠲᠡ ᠦᠭᠡᠢ ᠪᠠᠢᠭᠰᠠᠨ ᠶᠠᠪᠠᠭᠠᠨ ᠬᠥᠮᠦᠨ᠎ᠢ ᠬᠦᠴᠦᠲᠡᠶ ᠳᠠᠭᠠᠷᠢᠵᠤ ᠡᠬᠢᠯᠡᠪᠡ! ᠡᠭᠦᠨ᠎ᠢ ᠬᠠᠷᠠᠭᠰᠠᠨ ᠷᠧᠨ ᠸᠧᠶ ᠰᠡᠷᠳ᠋ᠡᠬᠢᠪᠡ᠂ ᠴᠠᠭ ᠮᠥᠴᠡ ᠪᠣᠯ ᠠᠮᠢ ᠨᠠᠰᠤ᠂ ᠣᠯᠠᠨ ᠲᠦᠮᠡᠨ᠎ᠦ ᠠᠮᠤᠷ ᠲᠦᠪᠱᠢᠨ ᠳᠡᠭᠡᠰᠦᠨ ᠳᠦᠷᠦᠭᠡᠨ ᠳᠡᠭᠡᠷ᠎ᠡ ᠳᠠᠯᠪᠢᠭᠳᠠᠪᠠ᠃ ᠲᠡᠷᠡᠪᠡᠷ ᠬᠤᠪᠢ ᠪᠡᠶ᠎ᠡ᠎ᠶᠢᠨ ᠠᠮᠤᠷ ᠲᠦᠪᠱᠢᠨ᠎ᠢ ᠪᠣᠳᠣᠵᠤ ᠠᠮᠵᠢᠯ ᠦᠭᠡᠢ ᠪᠡᠷ ᠥᠴᠦᠬᠡᠨ ᠴᠦ᠍ ᠲᠠᠲᠠᠭᠠᠯᠵᠠᠯ ᠦᠭᠡᠢ ᠨᠦᠬᠦᠭᠡ ᠶᠠᠷᠭᠠᠴᠢᠨ ᠵᠦᠭ ᠳᠠᠭᠠᠷᠢᠪᠠ! ᠡᠨᠡ ᠦᠶ᠎ᠡ᠎ᠳᠦ᠂ ᠭᠠᠯᠵᠠᠭᠤ ᠪᠠᠯᠠᠮᠠᠳ ᠡᠳᠡᠭᠡᠳ ᠨᠢᠭᠡᠳᠦᠭᠡᠷ ᠬᠣᠣᠷ ᠠᠮᠰᠠᠭ᠍ᠴᠢ᠎ᠶ᠋ᠢ ᠡᠨᠳᠡᠭᠦᠯᠦᠭᠰᠡᠨᠤ ᠳᠠᠷᠠᠭ᠎ᠠ᠂ ᠬᠠᠷᠠᠯᠲᠠ᠎ᠪᠠᠨ ᠥᠭᠡᠷ᠎ᠡ ᠨᠢᠭᠡ ᠭᠡᠮ ᠦᠭᠡᠢ ᠶᠠᠪᠠᠭᠠᠨ ᠬᠥᠮᠦᠨ᠎ᠳᠦ ᠱᠢᠯᠵᠢᠭᠦᠯᠵᠦ᠍᠂ ᠳᠠᠬᠢᠨᠲᠠ ᠵᠡᠪᠰᠡᠭ ᠡᠷᠭᠢᠭᠦᠯᠦᠨ ᠪᠠᠰᠠ ᠨᠢᠭᠡ ᠬᠦᠮᠦᠨ᠎ᠢ ᠳᠠᠭᠠᠷᠢᠪᠠ᠃ ᠬᠠᠷᠭᠢᠰᠯᠠᠭ᠍ᠴᠢ ᠭᠤᠷᠪᠠᠳᠤᠭᠠᠷ ᠶᠠᠪᠠᠭᠠᠨ ᠬᠥᠮᠦᠨ᠎ᠢ ᠳᠠᠭᠠᠷᠢᠬᠤ ᠦᠶ᠎ᠡ᠎ᠳᠦ᠂ ᠥᠪᠡᠷ ᠵᠦᠭ ᠨᠢ ᠴᠢᠭᠯᠡᠨ ᠢᠷᠡᠵᠦ ᠪᠠᠢᠭ᠎ᠠ ᠷᠧᠨ ᠸᠧᠶ ᠵᠦᠭ᠎ᠶ᠋ᠢ ᠣᠯᠵᠤ ᠦᠵᠡᠭᠡᠳ ᠳᠣᠣᠷ᠎ᠠ᠎ᠪᠠᠨ ᠳᠤᠲᠠᠭᠠᠬᠤ᠎ᠪᠠᠷ ᠤᠷᠤᠯᠳᠤᠪᠠ᠃ ᠷᠧᠨ ᠸᠧᠢ᠎ᠶᠢᠨ ᠰᠡᠳᠭᠢᠯ᠎ᠳᠦ 《ᠶᠠᠭᠠᠬᠢᠭ᠍ᠰᠠᠨ ᠴᠤ᠌ ᠲᠡᠭᠦᠨ᠎ᠢ ᠳᠤᠲᠠᠭᠠᠯᠭᠠᠵᠤ᠂ ᠨᠠᠩ ᠣᠯᠠᠨ ᠬᠥᠮᠦᠨ᠎ᠢ ᠱᠢᠷᠬᠠᠲᠤᠭᠤᠯᠵᠤ ᠪᠣᠯᠬᠤ ᠥᠬᠡᠶ!》 ᠭᠡᠬᠦ ᠭᠠᠭ᠍ᠴᠠᠬᠠᠨ ᠪᠤᠳᠤᠯᠭ᠎ᠠ ᠪᠠᠢᠪᠠ᠃ ᠴᠡᠷᠢᠭ ᠠᠩᠬᠢ᠎ᠳᠦ ᠤᠷᠳᠤ ᠬᠤᠭᠤᠴᠠᠭ᠎ᠠ᠎ᠪᠠᠷ ᠬᠠᠲᠠᠭᠤᠵᠢᠨ ᠪᠣᠯᠪᠠᠰᠤᠷᠠᠭ᠍ᠰᠠᠨ ᠪᠡᠶ᠎ᠡ ᠮᠠᠬᠠᠪᠣᠳ᠎ᠤᠨ ᠬᠡᠪ ᠴᠢᠨᠠᠷ ᠪᠣᠯᠤᠨ ᠬᠤᠷᠴᠠ ᠰᠡᠷᠭᠡᠭ ᠬᠠᠷᠢᠭᠤ ᠲᠤᠰᠭᠠᠯ᠎ᠤᠨ ᠴᠢᠳᠠᠪᠤᠷᠢ᠎ᠳᠠᠭᠠᠨ ᠲᠦᠱᠢᠭ᠌ᠯᠡᠨ ᠳᠡᠷᠡᠪᠡᠷ ᠳᠤᠲᠠᠭᠠᠬᠤ᠎ᠪᠠᠷ ᠭᠣᠷᠢᠳᠠᠵᠤ ᠪᠠᠢᠭ᠍ᠰᠠᠨ ᠪᠠᠯᠠᠮᠠᠳ ᠠᠮᠢᠲᠠᠨ᠎ᠢ ᠨᠡᠬᠡᠮᠵᠢᠯᠡᠨ ᠬᠦᠷᠪᠡ᠃ ᠴᠠᠭ ᠲᠣᠬᠢᠶᠠᠯ᠎ᠢ ᠣᠨᠣᠪᠴᠢᠲᠠᠢ ᠦᠵᠡᠵᠦ᠍᠂ ᠷᠧᠨ ᠸᠧᠶ ᠡᠷᠡᠰ ᠱᠢᠭᠤᠷᠬᠠᠢ᠎ᠪᠠᠷ ᠭᠠᠷ ᠬᠥᠳᠡᠯᠵᠦ᠍᠂ ᠬᠣᠣᠷᠯᠠᠭ᠍ᠴᠢᠶ᠋ᠢ ᠳᠠᠷᠤᠵᠤ ᠤᠨᠠᠭᠠᠪᠠ! ᠤᠳᠠᠯ ᠦᠭᠡᠢ᠂ ᠬᠠᠯᠠᠭᠤᠨ ᠰᠡᠳᠭᠢᠯ᠎ᠲᠡᠶ ᠣᠯᠠᠨ ᠲᠦᠮᠡᠨ ᠴᠠᠭ᠍ᠳᠠᠭ᠎ᠠ᠎ᠳᠤ ᠪᠠᠢᠳᠠᠯ᠎ᠢ ᠮᠡᠳᠡᠭᠦᠯᠵᠦ᠂ ᠴᠠᠭ᠍ᠳᠠᠭ᠎ᠠ ᠳᠠᠷᠤᠶ ᠲᠦᠷᠭᠡᠨ ᠲᠤᠬᠠᠶ᠎ᠶ᠋ᠢᠨ ᠲᠠᠯᠠᠪᠠᠢ᠎ᠳᠤ ᠬᠦᠷᠴᠦ᠍ ᠢᠷᠡᠪᠡ᠃ ᠴᠠᠭ᠍ᠳᠠᠭ᠎ᠠ᠎ᠶ᠋ᠢ ᠤᠯᠵᠤ ᠬᠠᠷᠠᠭᠠᠳ ᠷᠧᠨ ᠸᠧᠶ᠎ᠶ᠋ᠢᠨ ᠪᠠᠴᠢᠮᠳᠠᠭᠰᠠᠨ ᠰᠡᠳᠬᠢᠯ ᠰᠠᠶᠢ ᠵᠢᠭᠠᠬᠠᠨ ᠳᠠᠢᠪᠤᠰᠢᠷᠠᠪᠠ᠃ ᠲᠡᠷᠡ ᠢᠳᠡᠪᠬᠢᠲᠡᠢ ᠬᠠᠮᠵᠢᠯᠴᠠᠵᠤ᠂ ᠴᠠᠭ᠍ᠳᠠᠭᠠᠨ᠎ᠤ ᠲᠠᠯ᠎ᠠ᠎ᠳᠤ ᠪᠠᠢᠳᠠᠯ᠎ᠢ ᠳᠥᠭᠥᠮᠬᠡᠨ ᠲᠣᠳᠣᠷᠬᠠᠢᠯᠠᠵᠤ᠂ ᠨᠢᠭᠡᠨᠲᠡ ᠪᠠᠷᠢᠪᠴᠢᠯᠠᠭ᠍ᠳᠠᠭ᠍ᠰᠠᠨ ᠶᠠᠷᠭᠠᠴᠢᠨ ᠵᠢᠴᠢ ᠶᠠᠷᠭᠠᠯᠠᠬᠤ ᠪᠠᠭᠠᠵᠢ ᠵᠢ ᠬᠠᠮᠲᠤᠳᠤᠨᠢ ᠴᠠᠭ᠍ᠳᠠᠭ᠎ᠠ᠎ᠳᠤ ᠱᠢᠯᠵᠢᠭᠦᠯᠦᠨ ᠥᠭ᠌ᠪᠡ᠃ ᠤᠴᠢᠷ ᠶᠠᠪᠤᠳᠠᠯ᠎ᠢ ᠱᠢᠶ᠋ᠳᠪᠦᠷᠢᠯᠡᠵᠦ᠍᠂ ᠲᠤᠬᠠᠶ᠎ᠶ᠋ᠢᠨ ᠲᠠᠯᠠᠪᠠᠢ᠎ᠶ᠋ᠢ ᠴᠠᠭ᠍ᠳᠠᠭ᠎ᠠ᠎ᠳᠤ ᠲᠤᠱᠢᠶᠠᠨ ᠦᠭᠭᠦᠭᠡᠳ ᠷᠧᠨ ᠸᠧᠶ ᠴᠠᠬᠢᠯᠭᠠᠨ ᠬᠥᠳᠡᠯᠭᠡᠭᠦᠷᠲᠦ ᠲᠡᠷᠭᠡ᠎ᠪᠡᠨ ᠲᠦᠱᠢᠵᠦ᠍᠂ ᠲᠤᠬᠠᠶ᠎ᠶ᠋ᠢᠨ ᠲᠠᠯᠠᠪᠤᠷ ᠡᠴᠡ ᠴᠢᠮᠡᠭᠡ ᠦᠭᠡᠢ ᠰᠠᠯᠵᠤ ᠪᠠᠢᠭᠤᠯᠭ᠎ᠠ᠎ᠳᠠᠭᠠᠨ ᠬᠦᠷᠴᠦ᠍ ᠠᠵᠢᠯᠯᠠᠵᠠᠢ᠃
4. ᠬᠤᠸᠠᠩ ᠴᠢ ᠳ᠋ᠦᠩ ᠄ ᠠᠵᠢᠯ ᠡᠴᠡ᠎ᠪᠠᠨ ᠠᠮᠠᠷᠠᠬᠤ ᠡᠴᠡ 22 ᠡᠳᠦᠷ ᠯᠡ ᠦᠯᠡᠳᠡᠵᠦ᠍ ᠪᠠᠢᠬᠤ᠎ᠳᠠᠭᠠᠨ ᠪᠤᠰᠤᠳ᠎ᠤᠨ ᠲᠦᠯᠦᠭᠡ ᠠᠷᠢᠭᠤᠨ ᠠᠮᠢ ᠪᠠᠨ ᠵᠤᠷᠢᠭᠤᠯᠵᠤ ᠡᠷᠡᠯᠬᠡᠭ᠎ᠢᠶᠡᠷ ᠤᠰᠤᠨ ᠳ᠋ᠤ ᠤᠨᠠᠬᠰᠠᠨ 2 ᠬᠥᠮᠦᠨ᠎ᠢ ᠠᠪᠤᠷᠠᠭᠰᠠᠨ ᠤ᠋ ᠳᠠᠷᠠᠭ᠎ᠠ ᠠᠵᠠ ᠪᠤᠰᠤ᠎ᠪᠠᠷ ᠨᠠᠰᠤ ᠪᠠᠷᠠᠵᠠᠶ
ᠬᠤᠸᠠᠩ ᠴᠢ ᠳ᠋ᠦᠩ᠎ᠦᠨ ᠪᠤᠰᠤᠳ᠎ᠤᠨ ᠲᠦᠯᠦᠬᠡ ᠬᠠᠯᠠᠭᠤᠨ ᠠᠮᠢ ᠪᠠᠨ ᠡᠷᠭᠦᠨ ᠵᠤᠷᠢᠭᠤᠯᠤᠭᠰᠠᠨ ᠡᠷᠡᠯᠬᠡᠭ ᠪᠠᠭᠠᠲᠤᠷᠯᠢᠭ ᠦᠢᠯᠡ ᠠᠵᠢᠯᠯᠠᠭ᠎ᠠ ᠨᠢ ᠨᠠᠮ᠎ᠤᠨ ᠭᠡᠱᠢᠭᠦᠨ᠎ᠦ ᠤᠤᠷ ᠴᠢᠨᠠᠷ᠎ᠢ ᠲᠠᠢᠯᠪᠤᠷᠢᠯᠠᠪᠠ᠃ 2025 ᠣᠨ᠎ᠤ 10 ᠰᠠᠷ᠎ᠠ᠎ᠶ᠋ᠢᠨ 2᠎ᠤ᠋ᠨ ᠡᠳᠦᠷ᠎ᠦᠨ 16 ᠴᠠᠭ 44 ᠮᠢᠨᠦ᠋ᠲ᠎ᠦᠨ ᠦᠶ᠎ᠡ᠎ᠪᠡᠷ᠂ ᠬᠥᠬᠡᠬᠣᠲᠠ᠎ᠶ᠋ᠢᠨ ᠰᠠᠢᠬᠠᠨ ᠲᠣᠭᠣᠷᠢᠭ᠎ᠤᠨ ᠵᠢᠩ ᠶᠤᠸᠠᠨ ᠰᠠᠭᠤᠭᠠᠯᠢ ᠲᠣᠭᠣᠷᠢᠭ᠎ᠤᠨ ᠬᠠᠵᠠᠭᠤ᠎ᠳᠠᠬᠢ ᠪᠠᠭ᠎ᠠ ᠳᠦᠷᠭᠡᠨ ᠭᠤᠤᠯ᠎ᠤᠨ ᠬᠦᠪᠡᠭᠡᠨ᠎ᠳᠦ ᠲᠤᠬᠯᠠᠵᠤ ᠪᠠᠢᠭᠰᠠᠨ 6 ᠨᠠᠰᠤᠲᠠᠶ ᠬᠦᠦ ᠰᠠᠨᠠᠮᠰᠠᠷ ᠥᠬᠡᠶ᠎ᠪᠡᠷ ᠤᠰᠤᠨ᠎ᠳᠤ ᠤᠨᠠᠵᠤ᠂ ᠬᠡᠦᠬᠡᠳ᠎ᠦᠨ ᠠᠪᠤ᠎ᠨᠢ ᠬᠦᠦ ᠪᠠᠨ ᠠᠪᠤᠷᠠᠬᠤ ᠬᠡᠰᠡᠨᠴᠤ ᠤᠮᠪᠠᠵᠤ ᠴᠢᠳᠠᠬᠤ ᠦᠭᠡᠢ ᠪᠤᠯᠬᠤᠷ ᠬᠣᠶᠠᠭᠤᠯᠠ᠎ᠪᠠᠨ ᠴᠥᠮ ᠤᠰᠤᠨ᠎ᠳᠦ ᠤᠨᠠᠵᠠᠢ᠃ ᠪᠦᠰᠡᠭᠦᠢ ᠲᠠᠢ ᠪᠠᠨ ᠰᠡᠯᠡᠭᠦᠴᠡᠨ ᠠᠯᠬᠤᠯᠠᠵᠤ ᠪᠠᠢᠭ᠍ᠰᠠᠨ ᠬᠤᠸᠠᠩ ᠴᠢ ᠳ᠋ᠦᠩ ᠡᠨᠡ ᠲᠦᠭ᠌ᠰᠢᠭᠦᠷᠢᠲᠦ ᠪᠠᠢᠳᠠᠯ᠎ᠢ ᠣᠯᠵᠤ ᠮᠡᠳᠡᠪᠡ᠃ ᠭᠱᠠᠨ ᠵᠠᠭᠤᠷ᠎ᠠ ᠴᠤ᠌ ᠲᠠᠲᠠᠭᠠᠯᠵᠠᠭ᠍ᠰᠠᠨ ᠦᠭᠡᠢ ᠳᠡᠷᠡᠪᠡᠷ ᠬᠤᠪᠴᠠᠰᠤᠪᠠᠨᠴᠤ ᠲᠠᠢᠯᠵᠤ ᠠᠮᠵᠢᠭ᠍ᠰᠠᠨ ᠦᠭᠡᠢ ᠪᠡᠷ ᠠᠮᠢ ᠪᠡᠶ᠎ᠡ᠎ᠪᠡᠨ ᠬᠠᠢᠬᠤᠷᠤᠯ ᠦᠭᠡᠢ ᠪᠡᠷ ᠭᠣᠣᠯ᠎ᠳᠦ ᠬᠠᠷᠠᠢᠵᠦ ᠣᠷᠣᠪᠠ᠃ ᠲᠡᠷᠡ ᠤᠷᠢᠳ᠎ᠢᠶᠡᠷ ᠬᠡᠦᠬᠡᠳ᠎ᠤᠨ ᠵᠦᠭ ᠤᠮᠪᠠᠵᠤ᠂ ᠬᠦᠴᠦ᠍ ᠪᠠᠨ ᠰᠢᠪᠬᠠᠨ ᠲᠡᠭᠦᠨ᠎ᠢ ᠡᠷᠭᠢ᠎ᠳᠦ ᠡᠷᠬᠦᠨ ᠭᠠᠷᠭᠠᠪᠠ᠃ ᠳᠠᠷᠠᠭ᠎ᠠ ᠨᠢ ᠠᠮᠢᠰᠭᠤᠭ᠎ᠠ ᠠᠪᠬᠤ᠎ᠶᠢᠨ ᠵᠠᠪ ᠦᠭᠡᠢ ᠪᠡᠷ ᠤᠰᠤᠨ᠎ᠳᠤ ᠲᠡᠯᠴᠢᠯᠡᠭ᠌ᠰᠡᠭᠡᠷ ᠪᠠᠢᠭ᠎ᠠ ᠬᠡᠦᠬᠡᠳ᠎ᠤᠨ ᠡᠴᠢᠭᠡ ᠵᠢ ᠴᠢᠭᠯᠡᠨ ᠤᠮᠪᠠᠪᠠ᠃ ᠵᠢᠷᠠᠨ ᠨᠠᠰᠤ ᠤᠢᠷᠠᠳᠤᠭᠰᠠᠨ ᠬᠤᠸᠠᠩ ᠴᠢ ᠳ᠋ᠦᠩ ᠲᠡᠷᠡ ᠦᠶ᠎ᠡ᠎ᠳᠦ ᠨᠢᠭᠡᠨᠲᠡ ᠬᠦᠴᠦ᠍ ᠲᠠᠮᠢᠷ ᠨᠢ ᠪᠠᠷᠠᠭᠳᠠᠭᠰᠠᠨᠴᠤ ᠬᠤᠪᠢ ᠬᠥᠮᠦᠨ᠎ᠦ ᠠᠮᠤᠷ ᠲᠦᠪᠱᠢᠨ ᠠᠶᠤᠯ ᠲᠦᠭ᠌ᠰᠢᠭᠦᠷᠢ᠎ᠶ᠋ᠢ ᠦᠯᠦ᠍ ᠬᠠᠢᠬᠤᠷᠤᠨ ᠡᠴᠦᠰ᠎ᠦᠨ ᠬᠦᠴᠦ᠍᠎ᠪᠡᠨ ᠱᠢᠪᠬᠠᠨ᠂ ᠤᠰᠤᠨ᠎ᠳᠤ ᠤᠨᠠᠭ᠍ᠰᠠᠨ ᠬᠡᠦᠬᠡᠳ᠎ᠤᠨ ᠡᠴᠢᠭᠡ ᠵᠢ ᠡᠷᠭᠢ ᠳᠡᠢᠰᠢ ᠬᠦᠴᠦᠯᠡᠨ ᠲᠦᠯᠬᠢᠪᠡ᠃ ᠤᠰᠤᠨ᠎ᠳᠤ ᠤᠨᠠᠭ᠍ᠰᠠᠨ ᠬᠥᠮᠦᠰ ᠠᠪᠤᠷᠠᠭ᠍ᠳᠠᠪᠠ᠂ ᠭᠡᠲᠡᠯ᠎ᠡ ᠬᠤᠸᠠᠩ ᠴᠢ ᠳ᠋ᠦᠩ ᠨᠥᠬᠥᠷ ᠬᠠᠷᠢᠨ ᠬᠦᠴᠦᠨ ᠮᠡᠬᠦᠰᠳᠡᠵᠦ᠍᠂ ᠤᠰᠤᠨ᠎ᠳᠦ ᠵᠢᠪᠴᠦ᠍᠂ ᠨᠢᠳᠤ ᠢᠷᠮᠡᠬᠦ ᠵᠢᠨ ᠵᠠᠭᠤᠷ᠎ᠠ ᠪᠠᠷ᠎ᠠ ᠳᠠᠰᠤᠷᠠᠪᠠ᠃ ᠳᠣᠲᠣᠭᠠᠳᠤ᠎ᠶ᠋ᠢ ᠬᠠᠮᠠᠭᠠᠯᠠᠬᠤ᠂ ᠭᠠᠯ ᠤᠨᠲᠠᠷᠠᠭᠠᠬᠤ᠂ ᠲᠦᠷᠭᠡᠨ ᠠᠪᠤᠷᠠᠯᠳᠠ᠂ ᠯᠠᠨ ᠲᠢᠶᠠᠨ ᠠᠪᠤᠷᠠᠨ ᠳᠤᠰᠠᠯᠠᠬᠤ ᠠᠩᠬᠢ᠂ ᠤᠯᠤᠰ᠎ᠤᠨ ᠠᠭᠠᠷ᠎ᠤᠨ ᠠᠶᠠᠯᠠᠯ᠎ᠤᠨ ᠥᠪᠥᠷ ᠮᠣᠩᠭᠣᠯ᠎ᠤᠨ ᠺᠣᠮᠫᠠᠨᠢ ᠵᠡᠷᠭᠡ ᠤᠯᠠᠨ ᠲᠠᠯ᠎ᠠ᠎ᠶ᠋ᠢᠨ ᠬᠦᠴᠦᠨ ᠬᠦᠷᠦᠯᠴᠡᠨ ᠢᠷᠡᠵᠤ ᠪᠠᠴᠢᠮ ᠠᠪᠤᠷᠠᠯᠳᠠ ᠬᠢᠪᠡ᠃ ᠬᠣᠶᠠᠷ ᠴᠠᠭ᠎ᠤᠨ ᠳᠠᠷᠠᠭ᠎ᠠ ᠬᠤᠸᠠᠩ ᠴᠢ ᠳ᠋ᠦᠩ ᠨᠥᠬᠥᠷ᠎ᠢ ᠬᠠᠢᠵᠤ ᠤᠯᠤᠭᠰᠠᠨ ᠪᠤᠯᠪᠠᠴᠤ ᠳᠡᠷᠡᠪᠡᠷ ᠨᠢᠭᠡᠨᠳᠡ ᠶᠢᠷᠳᠢᠨᠴᠤ᠎ᠶᠢᠨ ᠮᠦᠩᠬᠡ ᠪᠤᠰᠤ ᠵᠢ ᠦᠵᠡᠬᠦᠯᠵᠦ᠂ ᠥᠪᠡᠷ᠎ᠦᠨ ᠠᠮᠢ ᠨᠠᠰᠤ᠎ᠪᠠᠷ᠎ᠢᠶᠠᠨ ᠤᠨᠳᠤᠤ ᠨᠢᠭᠡ ᠭᠡᠷ ᠪᠦᠯᠢ᠎ᠶ᠋ᠢᠨ ᠡᠯᠢᠭᠡ ᠪᠦᠳᠦᠨ ᠠᠮᠢᠳᠤᠷᠠᠯ᠎ᠢ ᠰᠣᠯᠢᠪᠠ᠃
ᠬᠤᠸᠠᠩ ᠴᠢ ᠳ᠋ᠦᠩ ᠪᠣᠯ ᠨᠢᠭᠡᠨ ᠱᠢᠷᠭᠠᠭᠤ ᠬᠠᠲᠠᠭᠤᠵᠢᠯᠲᠠᠢ 《ᠰᠤᠷᠤᠯᠴᠠᠬ᠍ᠴᠢ》 ᠮᠥᠨ᠃ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠠᠵᠢᠯᠲᠠᠨ ᠪᠣᠯᠤᠭ᠍ᠰᠠᠨ᠎ᠤ ᠬᠤᠪᠢ᠎ᠳᠤ᠂ ᠲᠡᠷᠡ ᠠᠶᠤᠯᠭᠦᠢ ᠦᠢᠯᠡᠳᠪᠦᠷᠢᠯᠡᠯ᠎ᠦᠨ ᠬᠠᠤᠯᠢ ᠲᠣᠭ᠍ᠲᠠᠭᠠᠯ ᠪᠠ ᠠᠵᠢᠯᠯᠠᠬᠤ ᠳᠦᠷᠢᠮ᠎ᠢ ᠲᠠᠰᠤᠷᠠᠯᠲᠠ ᠦᠭᠡᠢ ᠰᠤᠷᠤᠯᠴᠠᠵᠤ᠂ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠠᠷᠭ᠎ᠠ ᠪᠠ ᠠᠵᠢᠯ᠎ᠤᠨ ᠤᠷ᠎ᠠ ᠮᠡᠷᠭᠡᠵᠢᠯ᠎ᠢᠶᠡᠨ ᠲᠠᠰᠤᠷᠠᠯᠲᠠ ᠦᠭᠡᠢ ᠱᠢᠨᠡᠴᠢᠯᠡᠵᠦ᠍᠂ ᠪᠦᠬᠦ᠌ ᠺᠣᠮᠫᠠᠨᠢ᠎ᠶ᠋ᠢᠨ ᠠᠶᠤᠯᠭᠦᠢ ᠦᠢᠯᠡᠳᠪᠦᠷᠢᠯᠡᠯ᠎ᠦᠨ ᠠᠵᠢᠯ᠎ᠤᠨ ᠲᠤᠬᠠᠢ ᠨᠡᠩ ᠭᠦᠨᠵᠡᠭᠡᠢ ᠣᠢᠯᠠᠭᠠᠯᠲᠠ ᠲᠠᠢ ᠪᠣᠯᠬᠤ᠎ᠪᠠᠷ ᠴᠢᠷᠮᠠᠢᠪᠠ᠃ ᠬᠤᠸᠠᠩ ᠴᠢ ᠳ᠋ᠦᠩ ᠪᠣᠯ ᠨᠢᠭᠡᠨ ᠪᠠᠳᠤ ᠴᠢᠩᠭ᠎ᠠ 《ᠰᠠᠬᠢᠨ ᠬᠠᠮᠠᠭᠠᠯᠠᠭ᠍ᠴᠢ》 ᠮᠥᠨ᠃ ᠠᠶᠤᠯᠭᠦᠢ ᠦᠢᠯᠡᠳᠪᠦᠷᠢᠯᠡᠯ᠎ᠦᠨ ᠬᠢᠨᠠᠯᠲᠠ ᠬᠠᠮᠢᠶᠠᠷᠤᠯᠲᠠ᠎ᠶ᠋ᠢᠨ ᠶᠠᠪᠤᠴᠠ᠎ᠳᠤ ᠲᠡᠷᠡ᠂ 《ᠵᠣᠷᠢᠭ᠍ᠲᠠᠢ ᠠᠳᠭᠤᠬᠤ᠂ ᠵᠣᠷᠢᠭ᠍ᠲᠠᠢ ᠬᠠᠮᠢᠶᠠᠷᠬᠤ᠂ ᠵᠣᠷᠢᠭ᠍ᠲᠠᠢ ᠬᠢᠨᠠᠨ ᠱᠢᠯᠭᠠᠬᠤ》 ᠵᠢ ᠲᠤᠪᠤᠢ᠌ᠯᠭᠠᠨ ᠴᠢᠬᠤᠯᠠᠴᠢᠯᠠᠵᠤ᠂ ᠨᠢᠭᠤᠷ ᠲᠠᠯ᠎ᠠ ᠬᠠᠷᠠᠬᠤ ᠦᠭᠡᠢ ᠴᠢᠩᠭ᠎ᠠ ᠨᠢᠮᠪᠠᠢ ᠣᠪᠣᠷ᠎ᠢᠶᠠᠷ ᠺᠣᠮᠫᠠᠨᠢ᠎ᠶ᠋ᠢᠨ ᠠᠮᠤᠷ ᠲᠦᠪᠱᠢᠨ ᠥᠨᠳᠥᠷ ᠪᠦᠲᠦᠮᠵᠢᠲᠡᠢ ᠬᠢᠨᠠᠯᠲᠠ ᠬᠠᠮᠢᠶᠠᠷᠤᠯᠲᠠ᠎ᠶ᠋ᠢᠨ ᠲᠣᠭ᠍ᠲᠠᠴᠠ᠎ᠶ᠋ᠢᠨ ᠪᠠᠲᠤ ᠪᠡᠬᠢ ᠨᠠᠢᠳᠠᠪᠤᠷᠢᠲᠠᠢ ᠭᠣᠭ᠍ᠴᠣᠭ᠎ᠠ ᠵᠢ ᠰᠠᠬᠢᠨ ᠬᠠᠮᠠᠭᠠᠯᠠᠬᠴᠢ ᠪᠣᠯᠪᠠ᠃
ᠬᠤᠸᠠᠩ ᠴᠢ ᠳ᠋ᠦᠩ ᠪᠣᠯ ᠢᠳᠡᠪᠬᠢᠲᠡᠢ 《ᠪᠦᠳᠦᠭᠡᠨ ᠪᠠᠢᠭᠤᠯᠤᠭ᠍ᠴᠢ》 ᠮᠥᠨ᠃ ᠲᠡᠷᠡ ᠬᠠᠮᠢᠶᠠᠷᠤᠯᠲᠠ᠎ᠶ᠋ᠢᠨ ᠠᠵᠢᠯ᠎ᠤᠨ ᠳᠤᠮᠳᠠ᠎ᠪᠠᠨ ᠬᠤᠪᠢᠰᠤᠯᠲᠠ ᠪᠠ ᠱᠢᠨ᠎ᠡ᠎ᠶ᠋ᠢ ᠡᠭᠦᠳᠬᠦ᠌ ᠤᠬᠠᠮᠰᠠᠷ᠎ᠢ ᠢᠳᠡᠪᠬᠢᠲᠡᠢ ᠬᠥᠮᠦᠵᠢᠭᠦᠯᠵᠦ᠍᠂ ᠠᠰᠠᠭᠤᠳᠠᠯ᠎ᠤᠨ ᠦᠨᠳᠦᠰᠦ ᠰᠤᠷᠪᠤᠯᠵᠢ᠎ᠶ᠋ᠢ ᠭᠦᠨᠵᠡᠭᠡᠢ ᠵᠠᠳᠠᠯᠵᠤ᠂ ᠦᠢᠯᠡᠳᠪᠦᠷᠢᠯᠡᠯ᠎ᠦᠨ ᠨᠢᠭᠡᠴᠢ᠎ᠲᠡᠶ ᠢᠳᠡᠪᠬᠢᠲᠡᠢ ᠬᠠᠮᠵᠢᠯᠴᠠᠨ ᠰᠤᠳᠤᠯᠵᠤ᠂ ᠵᠠᠳᠠᠯᠤᠯᠲᠠ ᠬᠢᠵᠦ᠍᠂ ᠦᠨᠡᠨ ᠬᠦ᠌ ᠬᠡᠷᠡᠭ᠌ᠵᠢᠭᠦᠯᠵᠦ᠍ ᠪᠣᠯᠬᠤᠢᠴᠠ ᠴᠡᠭ᠌ᠴᠡᠯᠡᠨ ᠰᠠᠢᠵᠢᠷᠠᠭᠤᠯᠬᠤ ᠰᠠᠨᠠᠭᠤᠯᠭ᠎ᠠ ᠳᠤᠷᠠᠳᠪᠠ᠃ ᠠᠵᠢᠯ ᠡᠴᠡ᠎ᠪᠠᠨ ᠠᠮᠠᠷᠠᠬᠤ ᠬᠤᠭᠤᠴᠠᠭ᠎ᠠ ᠤᠢᠷᠠᠳᠴᠤ ᠢᠷᠡᠭᠰᠡᠨ ᠴᠤ᠌᠂ ᠲᠡᠷᠡ ᠮᠥᠨ ᠬᠦ᠌ ᠰᠠᠨᠠᠭᠠᠴᠢᠯᠠᠭ᠎ᠠ ᠡᠴᠡ᠎ᠪᠠᠨ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠪᠣᠯᠪᠠᠰᠤᠷᠠᠯ᠎ᠳᠤ ᠣᠷᠣᠯᠴᠠᠬᠤ᠎ᠪᠠᠷ ᠭᠤᠶᠤᠴᠢᠯᠠᠵᠤ᠂ ᠲᠤᠬᠠᠢᠯᠠᠭ᠍ᠰᠠᠨ ᠠᠵᠢᠯ᠎ᠤᠨ ᠰᠠᠭᠤᠷᠢ ᠡᠴᠡ ᠡᠬᠢᠯᠡᠨ ᠠᠳᠭᠤᠵᠤ᠂ ᠲᠤᠰ ᠪᠡᠶ᠎ᠡ᠎ᠶ᠋ᠢᠨ ᠠᠮᠤᠷ ᠲᠦᠪᠱᠢᠨ᠎ᠦ ᠬᠠᠮᠢᠶᠠᠷᠤᠯᠲᠠ᠎ᠶ᠋ᠢᠨ ᠲᠦᠪᠱᠢᠨ᠎ᠢᠶᠡᠨ ᠲᠠᠰᠤᠷᠠᠯᠳᠠ ᠦᠭᠡᠢ ᠳᠡᠭᠡᠭ᠌ᠰᠢᠯᠡᠭᠦᠯᠪᠡ᠃
ᠬᠤᠸᠠᠩ ᠴᠢ ᠳ᠋ᠦᠩ᠎ᠦᠨ ᠠᠪᠤ ᠡᠵᠢ ᠨᠢ ᠠᠮᠧᠷᠢᠺᠠ᠎ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠲᠠᠢ᠌ᠨ᠎ᠳᠦ ᠣᠷᠣᠯᠴᠠᠵᠤ ᠥᠩᠭᠡᠷᠡᠵᠡᠢ᠂ ᠠᠪᠤ ᠡᠵᠢ᠎ᠶ᠋ᠢᠨ᠎ᠢᠶᠡᠨ ᠨᠥᠯᠥᠭᠡ᠎ᠶ᠋ᠢ ᠬᠦᠷᠳᠡᠭᠰᠡᠨ ᠲᠡᠷᠡ ᠨᠠᠮ᠎ᠤᠨ ᠭᠡᠱᠢᠭᠦᠨ᠎ᠦ ᠬᠠᠷᠢᠭᠤᠴᠠᠯᠭ᠎ᠠ ᠪᠣᠯᠤᠨ ᠡᠭᠦᠷᠭᠡᠯᠡᠯ᠎ᠢ ᠨᠡᠩ ᠨᠠᠨᠳᠢᠩᠨᠠᠨ ᠦᠢᠯᠡᠳᠦᠯᠭᠡᠵᠢᠭᠦᠯᠪᠡ᠃ ᠬᠠᠮᠲᠤ ᠠᠵᠢᠯᠯᠠᠬᠰᠠᠳ᠎ᠤᠨ ᠨᠢᠳᠦᠨ᠎ᠳᠦ ᠲᠡᠷᠡ ᠲᠤᠬᠠᠢᠯᠠᠭ᠍ᠰᠠᠨ ᠠᠵᠢᠯ᠎ᠳᠠᠭᠠᠨ ᠴᠠᠭᠠᠷᠠᠭ᠍ᠰᠠᠨ ᠲᠤᠰᠭᠠᠶ ᠮᠡᠷᠭᠡᠵᠢᠯᠲᠡᠨ ᠪᠣᠯᠬᠤ᠎ᠪᠠᠷ ᠪᠠᠷᠠᠬᠤ ᠦᠭᠡᠢ᠂ ᠨᠠᠩ ᠴᠤ᠌ ᠪᠤᠰᠤᠳ᠎ᠲᠦ ᠦᠨᠡᠨᠴᠢ᠂ ᠪᠤᠰᠤᠳ᠎ᠢ ᠬᠠᠪᠰᠤᠷᠬᠤ ᠳᠤᠷᠠᠲᠠᠶ ᠠᠬᠠᠮᠠᠳ ᠨᠦᠬᠦᠷ ᠪᠠ ᠳᠣᠲᠣᠨᠣ ᠨᠠᠢᠵᠠ ᠶᠤᠮ᠃ ᠠᠪᠤ ᠡᠵᠢ᠎ᠶ᠋ᠢᠨ᠎ᠢᠶᠡᠨ ᠨᠢᠳᠦᠨ᠎ᠳᠦ ᠲᠡᠷᠡ ᠪᠣᠯ ᠨᠢᠭᠡᠨ ᠠᠴᠢᠯᠠᠯ᠎ᠲᠠᠶ ᠬᠦᠦ ᠶᠤᠮ᠂ ᠠᠪᠤ ᠨᠢ ᠡᠪᠡᠳᠴᠢᠯᠡᠭᠰᠡᠨ ᠭᠤᠷᠪᠠᠨ ᠵᠢᠯ᠎ᠤᠨ ᠳᠤᠷᠰᠢ ᠲᠡᠷᠡ ᠡᠳᠦᠷ ᠪᠦᠷᠢ ᠠᠵᠢᠯ ᠡᠴᠡ᠎ᠪᠠᠨ ᠪᠠᠭᠤᠮᠠᠭᠴᠠ ᠬᠠᠷᠠᠭᠠᠯᠵᠠᠬᠤ᠎ᠪᠠᠷ ᠣᠴᠢᠵᠤ᠂ ᠰᠥᠨᠢ ᠳᠤᠵᠢ ᠨᠠᠰᠤᠳᠠᠢ ᠠᠪᠤ ᠪᠠᠨ ᠰᠠᠬᠢᠵᠤ ᠬᠤᠨᠤᠳᠠᠭ᠃ ᠪᠦᠰᠡᠭᠦᠢ᠎ᠶᠢᠨ᠎ᠢᠶᠡᠨ ᠨᠢᠳᠦᠨ᠎ᠳᠦ ᠲᠡᠷᠡ ᠪᠣᠯ ᠰᠠᠢᠨ ᠡᠷ᠎ᠡ ᠨᠥᠬᠥᠷ ᠮᠦᠨ᠂ ᠬᠤᠷᠢᠮᠯᠠᠭᠰᠠᠨ ᠬᠡᠳᠦᠨ ᠠᠷᠪᠠᠨ ᠵᠢᠯ᠎ᠤᠨ ᠳᠤᠷᠰᠢ ᠳᠡᠳᠡ ᠬᠠᠷᠢᠯᠴᠠᠨ ᠬᠦᠨᠳᠦᠳᠭᠡᠵᠦ᠍᠂ ᠬᠠᠷᠢᠯᠴᠠᠨ ᠬᠠᠪᠰᠤᠷᠤᠯᠴᠠᠪᠠ᠃ ᠬᠦᠦ᠍᠎ᠶ᠋ᠢᠨ᠎ᠢᠶᠡᠨ ᠰᠡᠳᠭᠢᠯ᠎ᠳᠦ᠂ ᠲᠡᠷᠡ ᠪᠣᠯ ᠡᠶᠡᠯᠳᠡᠭ ᠡᠨᠡᠷᠢᠩᠭᠦᠶ ᠠᠪᠤ ᠬᠦᠮᠦᠨ ᠪᠢᠯᠡ᠂ ᠶᠡᠷᠦ᠍᠎ᠡᠴᠡ ᠥᠨᠳᠥᠷ ᠳᠠᠭᠤᠨ᠎ᠢᠶᠠᠷ ᠵᠢᠮᠡᠯᠡᠬᠦ᠌ ᠦᠭᠡᠢ᠂ ᠬᠠᠷᠢᠨ ᠦᠭᠡ ᠶᠠᠷᠢᠶ᠎ᠠ ᠦᠢᠯᠡ ᠠᠵᠢᠯᠯᠠᠭ᠎ᠠ᠎ᠪᠠᠷ᠎ᠢᠶᠠᠨ ᠲᠠᠭᠤᠷᠢᠶᠠᠯ ᠪᠤᠯᠵᠤ ᠰᠤᠷᠭᠠᠳᠠᠭ᠃ ᠲᠡᠷᠡ ᠪᠣᠯ ᠬᠥᠷᠰᠢ ᠰᠠᠭᠠᠬᠠᠯᠲᠠ᠎ᠶ᠋ᠢᠨ᠎ᠢᠶᠠᠨ ᠳᠤᠮᠳᠠᠬᠢ ᠬᠠᠯᠠᠭᠤᠨ ᠰᠡᠳᠭᠢᠯᠳᠠᠨ᠂ ᠵᠠᠩ ᠠᠭᠠᠰᠢ ᠡᠶᠡᠯᠳᠡᠭ᠂ ᠡᠶ᠎ᠡ ᠨᠠᠢᠷᠲᠠᠢ᠂ ᠦᠷᠭᠦᠯᠵᠢ ᠬᠠᠷᠢᠯᠴᠠᠨ ᠬᠠᠪᠰᠤᠷᠤᠯᠴᠠᠳᠠᠭ ᠡᠴᠡ ᠤᠯᠠᠨ᠎ᠢᠶᠠᠷ᠎ᠢᠶᠠᠨ ᠬᠤᠸᠠᠩ ᠴᠢ ᠳ᠋ᠦᠩ ᠨᠥᠬᠥᠷ᠎ᠢ ᠮᠠᠰᠢ ᠦᠨᠳᠦᠷ ᠢᠶᠡᠷ ᠦᠨᠡᠯᠡᠳᠡᠭ᠃
5.ᠬᠠᠨ ᠪᠢᠩ᠄ ᠠᠶᠤᠯ ᠲᠦᠭ᠌ᠰᠢᠭᠦᠷᠢᠲᠡᠶ ᠴᠠᠭ ᠮᠥᠴᠡ᠎ᠳᠦ ᠭᠠᠯ ᠭᠠᠷᠤᠭᠰᠠᠨ ᠭᠠᠵᠠᠷ᠎ᠲᠦ ᠭᠤᠷᠪᠠᠨᠲᠠ ᠣᠷᠣᠵᠤ ᠬᠣᠶᠠᠷ ᠬᠡᠦᠬᠡᠳ᠎ᠢ ᠠᠪᠤᠷᠠᠪᠠ
6 ᠰᠠᠷ᠎ᠠ᠎ᠶ᠋ᠢᠨ 25 ᠤ᠋ ᠦᠳᠡᠰᠢ᠂ ᠰᠠᠶᠢᠬᠠᠨ ᠠᠵᠢᠯ ᠡᠴᠡ᠎ᠪᠠᠨ ᠪᠠᠭᠤᠭ᠍ᠰᠠᠨ ᠬᠠᠨ ᠪᠢᠩ ᠡᠬᠡᠨᠡᠷᠲᠡᠶᠪᠡᠨ ᠬᠠᠮᠲᠤ ᠬᠡᠦᠬᠡᠳ᠎ᠢᠶᠡᠨ ᠲᠣᠰᠭᠣᠪᠠᠷ ᠣᠴᠢᠬᠤ ᠵᠠᠮ ᠵᠠᠭᠤᠷ᠎ᠠ ᠣᠢᠷ᠎ᠠ ᠬᠠᠪᠢ᠎ᠶ᠋ᠢᠨ ᠰᠠᠭᠤᠭᠠᠯᠢ ᠲᠣᠭᠣᠷᠢᠭ᠎ᠲᠦ ᠡᠭᠦᠰᠦᠭᠰᠡᠨ ᠳᠡᠯᠪᠡᠷᠡᠯᠲᠡ᠎ᠶ᠋ᠢᠨ ᠲᠠᠭᠤᠨ᠎ᠢ ᠤᠯᠵᠤ ᠰᠤᠨᠤᠰᠪᠠ᠃ ᠣᠯᠠᠨ ᠶᠠᠭᠤᠮ᠎ᠠ ᠪᠣᠳᠣᠵᠤ ᠠᠮᠵᠢᠯ ᠦᠭᠡᠢ ᠪᠡᠷ ᠬᠠᠨ ᠪᠢᠩ ᠡᠬᠡᠨᠡᠷ᠎ᠢᠶᠡᠨ ᠲᠡᠷᠡ ᠭᠠᠵᠠᠷ ᠲᠤᠨᠢ ᠵᠤᠬᠰᠤᠭᠠᠵᠤ ᠦᠪᠡᠷ᠎ᠢᠶᠡᠨ ᠳᠡᠯᠪᠡᠷᠡᠯᠳᠡ᠎ᠶᠢᠨ ᠳᠠᠭᠤᠨ ᠡᠭᠦᠰᠦᠭᠰᠡ ᠭᠠᠵᠠᠷ᠎ᠢ ᠴᠢᠭᠯᠡᠨ ᠬᠦᠶᠦᠪᠡ᠃ ᠬᠤᠯᠠ ᠦᠭᠡᠢ ᠪᠠᠢᠭ᠎ᠠ ᠨᠢᠭᠡᠨ ᠠᠰᠠᠷ ᠡᠴᠡ ᠬᠠᠷ᠎ᠠ ᠤᠲᠤᠭ᠎ᠠ ᠪᠠᠭᠠᠬᠢᠵᠤ ᠪᠠᠢᠯ᠎ᠠ᠃ ᠬᠦᠷᠴᠦ ᠤᠴᠢᠪᠠᠯ᠂ ᠠᠰᠠᠷ᠎ᠤᠨ ᠴᠣᠩᠬᠣ ᠨᠢᠭᠡᠨᠲᠡ ᠳᠡᠯᠪᠡᠴᠢᠭ᠌ᠳᠡᠨ ᠰᠦᠢᠷᠡᠵᠦ᠂ ᠭᠠᠯ᠎ᠤᠨ ᠣᠴᠢ ᠥᠳᠭᠡᠨ ᠤᠲᠤᠭ᠎ᠠ ᠬᠣᠶᠠᠳᠤᠭᠠᠷ ᠠᠰᠠᠷ᠎ᠤᠨ ᠴᠣᠩᠬᠣ᠎ᠪᠠᠷ ᠤᠷᠬᠢᠯ᠎ᠤᠨ ᠭᠠᠷᠴᠤ᠂ ᠭᠠᠯ ᠦᠳᠲᠡᠷ ᠲᠦᠷᠭᠡᠨ ᠲᠠᠪᠤᠳᠤᠭᠠᠷ ᠳᠠᠪᠬᠤᠷ ᠳᠡᠢᠰᠢ ᠨᠤᠴᠤᠵᠤ᠂ ᠠᠰᠠᠷ᠎ᠤᠨ ᠡᠮᠦᠨ᠎ᠡ ᠲᠠᠯ᠎ᠠ ᠨᠠᠶᠠᠨ ᠮᠧᠲ᠋ᠷ ᠵᠠᠢᠲᠠᠶ ᠭᠠᠵᠠᠷ᠎ᠲᠤ ᠪᠦᠷ ᠱᠢᠯ᠎ᠦᠨ ᠬᠡᠮᠬᠡᠷᠬᠡᠢ ᠪᠣᠯᠵᠠᠢ᠃ ᠰᠠᠭᠤᠭᠠᠯᠢ ᠠᠷᠠᠳ᠎ᠤᠨ ᠠᠰᠠᠷ ᠨᠢᠭᠡᠨᠲᠡ ᠲᠦᠷᠡᠯᠵᠡᠨ ᠨᠤᠴᠤᠬᠤ ᠭᠠᠯ᠎ᠤᠨ ᠲᠤᠮᠳᠠ ᠪᠦᠰᠡᠯᠡᠭᠳᠡᠵᠤ᠂ ᠥᠳᠭᠡᠨ ᠤᠲᠤᠭ᠎ᠠ ᠪᠠᠭᠠᠭᠢᠵᠤ ᠪᠠᠢᠪᠠ᠃ ᠭᠠᠯ ᠤᠨᠲᠠᠷᠠᠭᠠᠬᠤ ᠲᠡᠷᠭᠡ ᠢᠷᠡᠵᠦ ᠠᠮᠵᠢᠭᠠᠳᠤᠢ ᠪᠠᠢᠯ᠎ᠠ᠂ ᠡᠨᠡ ᠦᠶ᠎ᠡ᠎ᠳᠦ ᠳᠠᠪᠤᠳ᠋ᠤᠭᠠᠷ ᠠᠰᠠᠷ᠎ᠤᠨ ᠡᠮᠦᠨ᠎ᠡ ᠵᠤᠭᠰᠤᠵᠤ ᠪᠠᠢᠭᠰᠠᠨ ᠬᠠᠨ ᠪᠢᠩ ᠨᠢᠭᠡᠨ ᠡᠮᠡᠭ᠌ᠲᠡᠢ ᠵᠢᠨ᠄ 《ᠮᠢᠨᠦ᠍ ᠬᠡᠦᠬᠡᠳ ᠭᠡᠷ ᠲᠤᠳᠤᠷ᠎ᠠ ᠪᠠᠢᠨ᠎ᠠ》 ᠭᠡᠵᠤ ᠰᠠᠨᠳᠤᠷᠤᠨ ᠪᠠᠷᠬᠢᠷᠠᠬᠤ ᠲᠠᠭᠤᠨ᠎ᠢ ᠤᠯᠵᠤ ᠰᠤᠨᠤᠰᠪᠠ᠃ ᠬᠠᠨ ᠪᠢᠩ ᠲᠡᠷᠡ ᠡᠮᠡᠭ᠌ᠲᠡᠢ ᠡᠴᠡ᠄ ᠬᠡᠦᠬᠡᠳ ᠴᠢᠨᠢ ᠬᠡᠳᠦᠳᠦᠭᠡᠷ ᠳᠠᠪᠬᠤᠷᠯᠢᠭ ᠲᠤ᠌ ᠪᠠᠢᠬᠤ ᠵᠢ ᠠᠰᠠᠭᠤᠬᠤ᠎ᠳᠦ᠂ ᠲᠡᠷᠡ ᠡᠮᠡᠭᠳᠡᠢ᠄ 3 ᠳ᠋ᠤᠭᠠᠷ ᠳᠠᠪᠬᠤᠷᠯᠢᠭ ᠭᠡᠵᠦ ᠬᠠᠷᠢᠭᠤᠯᠪᠠ᠃ ᠬᠠᠨ ᠪᠢᠩ᠄ ᠶᠠᠪᠤᠶ᠎ᠠ᠂ ᠪᠢ ᠴᠢᠮ᠎ᠠ᠎ᠲᠠᠶ ᠬᠠᠮᠲᠤ ᠳᠡᠭᠡᠭᠰᠢ ᠭᠠᠷᠴᠤ᠂ ᠬᠤᠶᠠᠭᠤᠯᠠ ᠤᠴᠢᠵᠤ ᠬᠡᠦᠬᠡᠨ᠎ᠢ ᠴᠢᠨᠢ ᠠᠪᠤᠷᠠᠶ᠎ᠠ ᠭᠡᠪᠡ᠃ ᠲᠤᠬᠠᠢ᠎ᠶ᠋ᠢᠨ ᠦᠶ᠎ᠡ᠎ᠳᠦ ᠳᠡᠯᠪᠡᠷᠡᠯᠲᠡ ᠡᠭᠦᠰᠦᠭ᠌ᠰᠡᠨ 201 ᠨᠣᠮᠧᠷᠲᠤ ᠥᠷᠥᠭᠡᠨ᠎ᠦ ᠡᠭᠦᠳᠡ ᠨᠢ ᠳᠡᠯᠪᠡᠴᠢᠭ᠌ᠳᠡᠨ ᠨᠡᠭᠡᠭᠡᠭ᠌ᠳᠡᠵᠦ᠍᠂ ᠭᠤᠷᠪᠠᠳᠤᠭᠠᠷ ᠳᠠᠪᠬᠤᠷᠯᠢᠭᠲᠤ᠌ ᠬᠦᠷᠬᠦ᠌ ᠠᠰᠠᠷ᠎ᠤᠨ ᠱᠠᠳᠤ᠎ᠶ᠋ᠢ ᠪᠥᠭ᠌ᠯᠡᠪᠡ᠂ ᠬᠠᠨ ᠪᠢᠩ ᠵᠠᠮ ᠬᠠᠱᠢᠭᠰᠠᠨ ᠡᠭᠦᠳᠡ᠎ᠶ᠋ᠢ ᠰᠢᠯᠵᠢᠬᠦᠯᠵᠦ᠂ ᠬᠡᠦᠬᠡᠳ᠎ᠤᠨ ᠡᠵᠢ ᠨᠢ ᠭᠤᠷᠪᠠᠳᠤᠭᠠᠷ ᠳᠠᠪᠬᠤᠷᠯᠢᠭ ᠲᠤ᠌ ᠭᠦᠶᠦᠨ ᠭᠠᠷᠴᠤ᠌ 301 ᠨᠣᠮᠧᠷᠲᠤ ᠬᠡᠷ᠎ᠤᠨ ᠡᠭᠦᠳᠡᠨ᠎ᠳᠦ ᠪᠠᠢᠭᠰᠠᠨ ᠬᠡᠦᠬᠡᠨ᠎ᠢᠶᠡᠨ ᠲᠠᠲᠠᠨ ᠭᠠᠷᠭᠠᠪᠠ᠂ ᠬᠠᠨ ᠪᠢᠩ ᠡᠵᠢ ᠬᠡᠦᠬᠡᠨ ᠬᠤᠶᠠᠭᠤᠯᠠ ᠵᠢ ᠨᠢᠭᠡᠳᠦᠭᠡᠷ ᠳᠠᠪᠬᠤᠷᠯᠢᠭ ᠲᠤ᠌ᠬᠠᠮᠠᠭᠠᠯᠠᠨ ᠬᠦᠷᠭᠡᠵᠡᠢ᠂ ᠡᠨᠡ ᠦᠶ᠎ᠡ᠎ᠳᠦ ᠠᠪᠤᠷᠠᠬᠳᠠᠬᠰᠠᠨ ᠲᠡᠷᠡ ᠬᠡᠦᠬᠡᠨ᠄ ᠭᠤᠷᠪᠠᠳᠤᠭᠠᠷ ᠳᠠᠪᠬᠤᠷᠯᠢᠭ ᠲᠤ᠌ ᠪᠠᠰᠠ ᠨᠢᠭᠡ ᠬᠡᠦᠬᠡᠳ ᠪᠠᠢᠨ᠎ᠠ ᠭᠡᠪᠡ᠃ ᠬᠣᠶᠠᠳᠤᠭᠠᠷ ᠳᠠᠪᠬᠤᠷᠯᠢᠭ ᠭᠤᠷᠪᠠᠳᠤᠭᠠᠷ ᠳᠠᠪᠬᠤᠷᠯᠢᠭ᠎ᠤᠨ ᠭᠠᠯ᠎ᠤᠨ ᠪᠠᠢᠳᠠᠯ ᠮᠠᠰᠢ ᠶᠡᠬᠡ ᠪᠣᠯᠬᠣᠷ ᠬᠠᠨ ᠪᠢᠩ ᠨᠢᠭᠡᠳᠦᠭᠡᠷ ᠳᠠᠪᠬᠤᠷᠯᠢᠭ᠎ᠤᠨ 102 ᠥᠷᠥᠭᠡ᠎ᠡᠴᠡ ᠨᠢᠭᠡ ᠬᠥᠨᠵᠢᠯᠡ ᠣᠯᠵᠤ᠂ ᠤᠰᠤᠨ᠎ᠳᠤ ᠨᠣᠷᠭᠠᠭᠠᠳ ᠪᠡᠶ᠎ᠡ᠎ᠪᠡᠨ ᠣᠷᠢᠶᠠᠵᠤ᠂ ᠲᠡᠬᠢᠨᠳᠡ ᠭᠤᠷᠪᠠᠳᠤᠭᠠᠷ ᠳᠠᠪᠬᠤᠷᠯᠢᠭ ᠳᠡᠢᠰᠢ ᠮᠠᠴᠤᠪᠠ᠃ ᠭᠠᠯ᠎ᠤᠨ ᠤᠲᠤᠭ᠎ᠠ ᠶᠠᠪᠤᠬᠤ ᠲᠤᠳᠤᠮ ᠦᠳᠬᠡᠷᠡᠵᠦ ᠶᠠᠭᠤ᠎ᠴᠤ ᠣᠯᠵᠤ ᠬᠠᠷᠠᠬᠤ ᠦᠭᠡᠢ ᠪᠠᠢᠭᠰᠠᠨ ᠬᠠᠨ ᠪᠢᠩ ᠪᠠᠷᠬᠢᠷᠠᠬᠤ ᠳᠠᠭᠤᠨ᠎ᠢ ᠳᠠᠭᠠᠵᠤ ᠭᠤᠷᠪᠠᠳᠤᠭᠠᠷ ᠲᠠᠪᠬᠤᠷᠯᠢᠭ ᠡᠴᠡ ᠨᠢᠭᠡᠨ ᠬᠦᠦ᠍᠎ᠶ᠋ᠢ ᠡᠷᠢᠵᠦ᠍ ᠣᠯᠪᠠ᠂ ᠲᠤᠬᠠᠢ᠎ᠶ᠋ᠢᠨ ᠦᠶ᠎ᠡ᠎ᠳᠦ ᠵᠢᠭᠠᠯ ᠬᠦᠦ ᠨᠡᠯᠢᠶᠡᠳ ᠤᠳᠠᠳᠠᠯ᠎ᠠ ᠤᠳᠤᠭ᠎ᠠ ᠰᠣᠷᠣᠵᠤ ᠣᠷᠣᠭᠤᠯᠤᠭ᠍ᠰᠠᠨ ᠡᠴᠡ ᠪᠣᠯᠵᠤ ᠪᠠᠶ᠎ᠠ ᠨᠢ ᠲᠠᠲᠠᠪᠠᠯᠵᠠᠵᠤ᠂ ᠳᠥᠷᠪᠡᠨ ᠮᠥᠴᠢ ᠨᠢ ᠰᠤᠯᠳᠠᠢᠭᠰᠠᠨ ᠪᠠᠢᠪᠠ᠂ ᠬᠠᠨ ᠪᠢᠩ ᠥᠪᠡᠷ᠎ᠦᠨ ᠣᠷᠢᠶᠠᠵᠤ ᠪᠠᠢᠭ᠍ᠰᠠᠨ ᠬᠥᠨᠵᠢᠯᠡ ᠪᠡᠷ᠎ᠢᠶᠡᠨ ᠬᠦᠦ ᠵᠢ ᠤᠷᠢᠶᠠᠵᠤ ᠲᠡᠪᠡᠷᠢᠨ ᠭᠠᠳᠠᠭᠰᠢ ᠪᠠᠨ ᠬᠦᠶᠦᠪᠡ᠃
《ᠭᠠᠯ᠎ᠤᠨ ᠪᠠᠢᠳᠠᠯ ᠤᠯᠠᠮ ᠶᠡᠬᠡᠳᠦᠵᠦ᠂ ᠪᠢ ᠳᠠᠭᠠᠷᠢᠨ ᠣᠷᠣᠬᠤ ᠦᠶ᠎ᠡ᠎ᠳᠦ ᠬᠣᠶᠠᠳᠤᠭᠠᠷ ᠳᠠᠪᠬᠤᠷᠯᠢᠭ ᠲᠤ᠌ ᠤᠳᠤᠭ᠎ᠠ ᠪᠠᠭᠠᠬᠢᠵᠤ᠂ ᠭᠠᠯ ᠣᠨᠴᠠᠭᠠᠢ ᠶᠡᠬᠡ ᠪᠤᠯᠵᠠᠢ᠃ ᠲᠤᠬᠠᠢ᠎ᠶ᠋ᠢᠨ ᠦᠶ᠎ᠡ᠎ᠳᠦ ᠪᠢ ᠪᠠᠢᠭᠤᠯᠭ᠎ᠠ᠎ᠳᠠᠭᠠᠨ ᠤᠷᠤᠯᠴᠠᠬᠰᠠᠨ ᠭᠠᠯ᠎ᠢ ᠰᠡᠷᠭᠡᠢᠯᠡᠬᠦ ᠰᠣᠷᠢᠯᠲᠠ᠎ᠶ᠋ᠢ ᠪᠤᠳᠤᠵᠤ ᠣᠯᠤᠭᠠᠳ᠂ ᠨᠢᠭᠡᠳᠦᠭᠡᠷ ᠳᠠᠪᠬᠤᠷᠯᠢᠭ ᠲᠤ᠌ ᠪᠤᠴᠠᠵᠤ ᠨᠢᠬᠡᠨ ᠠᠯᠴᠢᠭᠤᠷ ᠤᠯᠵᠤ ᠠᠪᠤᠭᠰᠠᠨ ᠪᠦᠬᠡᠳ ᠤᠰᠤᠨ᠎ᠳᠦ ᠨᠤᠷᠭᠠᠪᠠ᠂ ᠪᠠᠰᠠ ᠬᠠᠪᠢ᠎ᠳᠤᠨᠢ ᠪᠠᠢᠭᠰᠠᠨ ᠨᠤᠢᠳᠠᠨ ᠬᠥᠪᠥᠩ ᠬᠥᠨᠵᠢᠯᠡ ᠵᠢ ᠨᠦᠮᠦᠷᠴᠦ ᠭᠤᠷᠪᠠᠳᠤᠭᠠᠷ ᠳᠠᠪᠬᠤᠷᠯᠢᠭ ᠲᠤ᠌ ᠭᠠᠷᠪᠠ᠂ ᠳᠡᠷᠡ ᠦᠶ᠎ᠡ᠎ᠳᠦ ᠠᠰᠠᠷ ᠳᠤᠳᠤᠷ᠎ᠠ ᠬᠠᠪ ᠬᠠᠷᠠᠩᠭᠤᠢ ᠶᠠᠭᠤ ᠴᠤ᠌ ᠣᠯᠵᠤ ᠦᠵᠡᠬᠦ᠌ ᠦᠭᠡᠢ᠂ ᠪᠢ ᠬᠡᠦᠬᠡᠳ᠎ᠦᠨ ᠤᠬᠢᠯᠠᠬᠤ ᠳᠠᠭᠤᠨ᠎ᠢ ᠰᠣᠨᠣᠰᠤᠭᠠᠳ ᠳᠡᠷᠭᠡᠳᠡ ᠨᠢ ᠲᠡᠮᠲᠡᠷᠢᠨ ᠬᠦᠷᠬᠦ᠎ᠳᠦ ᠵᠢᠭᠠᠯ ᠬᠦᠦ ᠮᠢᠨᠦ᠍ ᠬᠦᠯ᠎ᠢ ᠲᠡᠪᠡᠷᠢᠨ ᠠᠪᠤᠪᠠ᠂ ᠲᠤᠬᠠᠢ᠎ᠶ᠋ᠢᠨ ᠦᠶ᠎ᠡ᠎ᠳᠦ ᠲᠡᠭᠦᠨ᠎ᠦ ᠬᠠᠮᠠᠷ᠂ ᠠᠮᠠ᠂ ᠨᠢᠳᠦᠨ᠎ᠡᠴᠡ ᠨᠢ ᠪᠦᠷ ᠬᠠᠷ᠎ᠠ ᠱᠢᠩᠭᠡᠨ ᠭᠣᠭᠣᠵᠢᠵᠤ ᠪᠠᠢᠭ᠍ᠰᠠᠨ ᠱᠢᠭ᠋ ᠰᠠᠨᠠᠭ᠍ᠳᠠᠪᠠ᠂ ᠪᠦᠬᠦ᠌ ᠪᠡᠶ᠎ᠡ ᠨᠢ ᠲᠠᠲᠠᠪᠠᠯᠵᠠᠵᠤ ᠪᠠᠢᠭᠰᠠᠨ》 ᠭᠡᠵᠦ ᠬᠠᠨ ᠪᠢᠩ ᠡᠷᠭᠢᠴᠡᠭᠦᠯᠦᠨ ᠬᠡᠯᠡᠪᠡ᠃
《ᠦᠰᠦ ᠬᠡᠵᠢᠭᠡ ᠨᠢ ᠰᠢᠳᠠᠬᠳᠠᠵᠤ᠂ ᠬᠠᠴᠠᠷ ᠨᠢ ᠪᠠᠰᠠ ᠭᠠᠯ ᠳ᠋ᠤ ᠬᠠᠯᠠᠭᠠᠭ᠍ᠳᠠᠭ᠍ᠰᠠᠨ ᠣᠷᠣᠮ᠎ᠲᠠᠶ᠃ ᠪᠢ ᠬᠠᠷᠠᠭᠠᠳ ᠨᠦᠬᠦᠷ᠎ᠢᠶᠡᠨ ᠮᠠᠰᠢ ᠥᠷᠥ᠍ ᠡᠪᠡᠳᠦᠭᠰᠡᠨ᠂ ᠶᠠᠭᠤ ᠬᠢᠬᠦ᠌᠎ᠪᠡᠷ ᠶᠠᠪᠤᠭ᠍ᠰᠠᠨᠢ ᠨᠢ ᠠᠰᠠᠭᠤᠭ᠍ᠰᠠᠨ ᠴᠢᠨᠢ᠂ ᠲᠡᠷᠡ ᠮᠠᠰᠢ ᠲᠠᠢᠪᠤᠭᠤᠬᠠᠨ᠎ᠢᠶᠠᠷ᠂ 〈ᠪᠢ ᠰᠠᠶᠢᠬᠠᠨ ᠬᠣᠶᠠᠷ ᠬᠡᠦᠬᠡᠳ᠎ᠢ ᠠᠪᠤᠷᠠᠭ᠍ᠰᠠᠨ〉 ᠭᠡᠪᠠ᠂ ᠪᠢ ᠨᠦᠬᠦᠷ᠎ᠢᠶᠡᠨ ᠥᠷᠥ᠍ ᠡᠪᠡᠳᠦᠭᠰᠡᠨ ᠮᠦᠨᠴᠤ ᠳᠡᠭᠦᠨ᠎ᠤ ᠲᠥᠯᠥᠭᠡ ᠣᠮᠣᠭ᠍ᠰᠢᠭᠰᠠᠨ》 ᠭᠡᠵᠦ᠍ ᠬᠠᠨ ᠪᠢᠩ᠎ᠦᠨ ᠡᠬᠡᠨᠡᠷ ᠯᠢ ᠳ᠋ᠦᠩ ᠳ᠋ᠦᠩ ᠬᠡᠯᠡᠪᠡ᠃
《ᠡᠢᠮᠦ᠍ ᠪᠠᠢᠳᠠᠯ ᠳᠠᠬᠢᠨᠲᠠ ᠳᠤᠬᠢᠶᠠᠯᠳᠤᠭᠰᠠᠨ ᠴᠤ᠌ ᠪᠢ ᠡᠷᠡᠭᠡᠯᠵᠡᠯ ᠦᠭᠡᠢ᠎ᠪᠡᠷ ᠳᠠᠭᠠᠷᠢᠨ ᠣᠷᠣᠨ᠎ᠠ᠂ ᠤᠴᠢᠷ ᠨᠢ ᠪᠢ ᠪᠣᠯ ᠨᠢᠭᠡᠨ ᠴᠡᠷᠢᠭ᠎ᠤᠨ ᠠᠯᠪᠠ ᠡᠴᠡ ᠬᠠᠯᠠᠭ᠍ᠳᠠᠭ᠍ᠰᠠᠨ ᠬᠦᠮᠦᠨ᠂ ᠬᠣᠶᠠᠷ ᠬᠡᠦᠬᠡᠳ᠎ᠢ ᠠᠪᠤᠷᠠᠭ᠍ᠰᠠᠨ ᠨᠢ ᠮᠦᠨᠴᠤ ᠬᠣᠶᠠᠷ ᠭᠡᠷ ᠪᠦᠯᠢ᠎ᠶ᠋ᠢ ᠠᠪᠤᠷᠠᠭ᠍ᠰᠠᠨ ᠶᠠᠪᠤᠳᠠᠯ ᠪᠤᠯᠤᠨ᠎ᠠ᠂ ᠡᠢᠮᠦ᠍᠎ᠡᠴᠡ ᠪᠢ ᠮᠠᠰᠢ ᠣᠮᠣᠭ᠍ᠰᠢᠵᠤ ᠪᠠᠢᠨ᠎ᠠ》 ᠭᠡᠵᠦ᠍ ᠬᠠᠨ ᠪᠢᠩ ᠬᠡᠯᠡᠪᠡ᠃
ᠶᠠᠭ ᠡᠨᠡ ᠬᠦ᠌ ᠲᠡᠬᠦᠨ᠎ᠤ ᠴᠢᠰᠦ ᠮᠢᠬᠠᠨ ᠳ᠋ᠤᠨᠢ ᠰᠢᠩᠬᠡᠭᠰᠡᠨ ᠴᠠᠢᠯᠭᠠᠨ ᠴᠠᠭᠠᠪᠤᠷ ᠰᠡᠳᠭᠢᠯ ᠨᠢ ᠲᠡᠭᠦᠨ᠎ᠢ ᠦᠬᠦᠵᠤ ᠰᠡᠭᠡᠬᠦ᠌᠎ᠶ᠋ᠢᠨ ᠭᠱᠠᠨ᠎ᠳᠤ ᠶᠠᠭᠤᠨ ᠡᠴᠡ ᠴᠤ᠌ ᠠᠶᠤᠬᠤ ᠦᠭᠡᠢ ᠪᠡᠷ ᠡᠭᠦᠷᠭᠡ ᠬᠠᠷᠢᠭᠤᠴᠠᠯᠭ᠎ᠠ ᠪᠠᠨ ᠬᠦᠢᠴᠡᠳᠬᠡᠬᠦ ᠰᠤᠩᠭᠤᠯᠳᠠ ᠵᠢ ᠬᠢᠯᠬᠡᠵᠡᠢ᠃ ᠢᠷᠠᠭᠤ ᠠᠯᠳᠠᠷ᠎ᠤᠨ ᠡᠮᠦᠨ᠎ᠡ᠂ ᠲᠡᠷᠡ ᠬᠡᠵᠢᠶᠡᠳᠡ ᠳᠠᠷᠤᠤ ᠬᠢᠴᠢᠶᠡᠩᠭᠦᠢ ᠪᠠᠢᠵᠤ᠂ ᠥᠪᠡᠷ᠎ᠢ᠎ᠪᠡᠨ ᠪᠠᠭᠠᠲᠤᠷ ᠪᠢᠰᠢ᠂ ᠵᠥᠪᠬᠡᠨ ᠡᠭᠡᠯ ᠵᠢᠷ᠎ᠦᠨ ᠬᠥᠮᠦᠨ᠎ᠳᠦ ᠪᠠᠢᠪᠠᠰᠤ ᠵᠣᠬᠢᠬᠤ ᠬᠠᠯᠠᠭᠤᠨ ᠳᠤᠯᠠᠭᠠᠨ ᠪᠠ ᠰᠥᠰᠥ᠍ ᠵᠣᠷᠢᠭ᠎ᠢ ᠢᠯᠡᠷᠡᠬᠦᠯᠦᠭᠰᠡᠨ ᠳᠡᠳᠦᠢ ᠭᠡᠵᠦ᠍ ᠬᠡᠯᠡᠳᠡᠭ᠃
ᠭᠤᠷᠪᠠ᠂ ᠦᠨᠡᠨᠴᠢ ᠰᠢᠳᠤᠷᠭᠤ ᠢᠲᠡᠭᠡᠯ᠎ᠢ ᠡᠷᠬᠢᠮᠯᠡᠭᠰᠡᠳ (5 ᠬᠥᠮᠦᠨ᠂ ᠳᠤᠭᠤᠢᠯᠠᠩ)
1. ᠱᠢᠤᠢ ᠨᠠᠢ ᠴᠤᠤ᠂ ᠯᠢ ᠸᠸᠨ ᠨᠠ᠄ ᠲᠡᠭᠡᠷ᠎ᠡ ᠵᠠᠭᠤᠨ᠎ᠤ 《ᠶᠡᠷᠡᠭᠡᠳ ᠣᠨ᠎ᠳᠤ ᠲᠥᠷᠥᠭ᠌ᠰᠡᠨ》 ᠬᠢᠯᠢ ᠬᠢᠵᠠᠭᠠᠷ ᠢ᠋ ᠰᠠᠬᠢᠨ ᠬᠠᠮᠠᠭᠠᠯᠠᠵᠤ ᠪᠠᠢᠭ᠎ᠠ ᠡᠷ᠎ᠠ ᠨᠦᠬᠦᠷ ᠭᠡᠷᠭᠡᠢ ᠬᠤᠶᠠᠭᠤᠯᠠ᠂ 《ᠤᠯᠤᠰ᠎ᠢᠶᠡᠨ ᠰᠠᠬᠢᠨ ᠬᠠᠮᠠᠭᠠᠯᠠᠬᠤ ᠪᠤᠯ ᠳᠠᠷᠤᠢ ᠭᠡᠷ ᠵᠢᠡᠨ ᠰᠠᠬᠢᠨ ᠬᠠᠮᠠᠭᠠᠯᠠᠵᠤ ᠪᠠᠢᠨ᠎ᠠ》 ᠭᠡᠬᠦ ᠡᠷᠡᠰ ᠪᠠᠲᠤ ᠢᠲᠡᠭᠡᠯ ᠵᠣᠷᠢᠭ᠎ᠢᠶᠠᠷ ᠭᠣᠪᠢ᠎ᠶ᠋ᠢᠨ ᠬᠢᠵᠠᠭᠠᠷ ᠤᠷᠤᠨ ᠳ᠋ᠤ ᠦᠨᠳᠦᠰᠦᠯᠡᠵᠦ᠍᠂ 《ᠬᠢᠯᠢ ᠬᠢᠵᠠᠭᠠᠷ᠎ᠢᠶᠠᠨ ᠰᠠᠬᠢᠨ ᠬᠠᠮᠠᠭᠠᠯᠠᠬᠤ ᠡᠷ᠎ᠡ ᠨᠦᠬᠦᠷ ᠭᠡᠷᠭᠡᠢ ᠵᠢᠨ ᠴᠠᠭ᠍ᠳᠠᠭᠠᠨ᠎ᠤ ᠶᠠᠪᠤᠳᠠᠯ᠎ᠤᠨ ᠲᠠᠰᠤᠭ》 ᠢ᠋ ᠪᠠᠲᠤ ᠰᠠᠬᠢᠪᠠ
2022 ᠣᠨ᠎ᠤ 2 ᠰᠠᠷ᠎ᠠ᠎ᠳᠤ᠂ ᠵᠣᠬᠢᠶᠠᠨ ᠪᠠᠢᠭᠤᠯᠤᠯᠲᠠ᠎ᠶ᠋ᠢᠨ ᠤᠷᠢᠶᠠᠯᠠᠭ᠎ᠠ᠎ᠶ᠋ᠢ ᠴᠤᠤᠷᠢᠶᠠᠲᠤᠨ ᠳᠠᠭᠠᠵᠤ᠂ ᠬᠢᠯᠢ ᠬᠢᠵᠠᠭᠠᠷ ᠢ᠋ ᠬᠦᠴᠦᠷᠬᠡᠭ᠌ᠵᠢᠭᠦᠯᠵᠦ᠍ ᠰᠡᠷᠭᠡᠢᠯᠡᠯᠲᠡ᠎ᠶ᠋ᠢ ᠪᠡᠬᠢᠵᠢᠭᠦᠯᠬᠦ᠌ ᠬᠡᠷᠡᠭ᠌ᠴᠡᠭᠡ᠎ᠳᠦ ᠦᠶ᠋ᠯᠡᠴᠢᠯᠡᠬᠦ᠌᠎ᠶ᠋ᠢᠨ ᠲᠥᠯᠥᠭᠡ᠂ ᠠᠯᠠᠱᠠᠬᠢᠯᠢᠶ᠋ᠢᠨ ᠬᠠᠮᠢᠶᠠᠷᠤᠯᠲᠠ᠎ᠶ᠋ᠢᠨ ᠰᠠᠯᠪᠤᠷᠢ ᠠᠩᠭᠢ ᠬᠢᠯᠢ ᠵᠢᠨ ᠴᠠᠭ᠍ᠳᠠᠭᠠᠨ᠎ᠤ ᠶᠠᠪᠤᠳᠠᠯ᠎ᠤᠨ ᠲᠠᠰᠤᠭ ᠪᠠᠢᠭᠤᠯᠬᠤ᠎ᠪᠠᠷ ᠲᠥᠯᠥᠪᠯᠡᠪᠡ᠃ ᠱᠢᠤᠢ ᠨᠠᠢ ᠴᠤᠤ ᠲᠡᠷᠡ ᠳᠠᠷᠤᠶᠳᠤᠨᠢ ᠰᠠᠨᠠᠭᠠᠴᠢᠯᠠᠭ᠎ᠠ᠎ᠡᠴᠡ᠎ᠪᠠᠨ ᠭᠤᠶᠤᠴᠢᠯᠠᠯ ᠳᠡᠪᠰᠢᠭᠦᠯᠵᠤ᠂ ᠡᠭᠦᠷᠭᠡ᠎ᠪᠡᠨ ᠡᠷᠡᠰ ᠪᠡᠶᠡᠯᠡᠭᠦᠯᠦᠨ᠎ᠡ ᠭᠡᠵᠦ᠍ ᠲᠥᠪ ᠴᠢᠩᠭ᠎ᠠ᠎ᠪᠠᠷ ᠠᠮᠠᠯᠳᠠᠵᠠᠶ᠃ ᠲᠡᠭᠦᠨ ᠤ᠋ ᠡᠬᠡᠨᠡᠷ ᠯᠢ ᠸᠸᠨ ᠨᠠ ᠨᠢ ᠴᠦ᠍ ᠵᠣᠬᠢᠶᠠᠨ ᠪᠠᠢᠭᠤᠯᠤᠯᠲᠠ᠎ᠳᠤ ᠡᠷᠡᠰ ᠱᠢᠭᠤᠷᠬᠠᠶ᠎ᠪᠠᠷ ᠭᠤᠶᠤᠴᠢᠯᠠᠯ ᠳᠡᠪᠰᠢᠭᠦᠯᠵᠤ᠂ ᠡᠷ᠎ᠡ ᠨᠥᠬᠥᠷ᠎ᠲᠡᠶ᠎ᠪᠡᠨ ᠮᠥᠷᠥ᠍ ᠵᠡᠷᠭᠡᠴᠡᠨ ᠬᠢᠯᠢ ᠵᠢ ᠰᠠᠬᠢᠬᠤ᠎ᠪᠠᠷ ᠲᠠᠩᠭᠠᠷᠢᠭ᠍ᠯᠠᠵᠠᠶ᠃ ᠵᠣᠬᠢᠶᠠᠨ ᠪᠠᠢᠭᠤᠯᠤᠯᠲᠠ᠎ᠶ᠋ᠢᠨ ᠵᠥᠪᠱᠢᠶᠡᠷᠡᠯ᠎ᠢᠶᠡᠷ᠂ ᠥᠪᠥᠷ ᠮᠣᠩᠭᠣᠯ᠎ᠤᠨ ᠬᠢᠯᠢ᠎ᠶ᠋ᠢᠨ ᠪᠠᠢᠴᠠᠭᠠᠯᠲᠠ᠎ᠶ᠋ᠢᠨ ᠶᠡᠷᠦᠩᠬᠡᠶ ᠥᠷᠲᠡᠭᠡ᠎ᠶ᠋ᠢᠨ ᠠᠩᠬᠠᠳᠠᠭ᠍ᠴᠢ 《ᠬᠢᠯᠢ ᠰᠠᠬᠢᠬᠤ ᠡᠷ᠎ᠡ ᠨᠦᠬᠦᠷ ᠭᠡᠷᠭᠡᠢ ᠵᠢᠨ ᠴᠠᠭ᠍ᠳᠠᠭᠠᠨ᠎ᠤ ᠶᠠᠪᠤᠳᠠᠯ᠎ᠤᠨ ᠲᠠᠰᠤᠭ》 ᠵᠢᠩᠬᠢᠨᠢ᠎ᠪᠡᠷ ᠪᠠᠢᠭᠤᠯᠤᠭ᠍ᠳᠠᠵᠤ᠂ ᠲᠠᠳᠠ ᠪᠣᠳᠠᠲᠤ ᠠᠵᠢᠯᠯᠠᠭ᠎ᠠ᠎ᠪᠠᠷ᠎ᠢᠶᠠᠨ ᠨᠠᠮ ᠪᠠ ᠤᠯᠤᠰ᠎ᠲᠤ ᠦᠨᠡᠨᠴᠢ ᠱᠢᠳᠤᠷᠭᠤ ᠪᠠᠢᠬᠤ ᠠᠮᠠᠯᠠᠯᠲᠠ᠎ᠪᠠᠨ ᠪᠡᠶᠡᠯᠡᠭᠦᠯᠪᠡ᠃
ᠲᠤᠰ ᠴᠠᠭ᠍ᠳᠠᠭᠠᠨ᠎ᠤ ᠶᠠᠪᠤᠳᠠᠯ᠎ᠤᠨ ᠲᠠᠰᠤᠭ ᠨᠢ ᠭᠣᠪᠢ᠎ᠶ᠋ᠢᠨ ᠭᠦᠨ ᠳ᠋ᠤ ᠪᠠᠢᠷᠢᠯᠠᠵᠤ᠂ ᠬᠢᠯᠢ᠎ᠶ᠋ᠢᠨ ᠱᠤᠭᠤᠮ᠎ᠡᠴᠡ 15 ᠺᠢᠯᠣᠮᠧᠲ᠋ᠷ ᠯᠠ ᠵᠠᠢᠲᠠᠶ ᠪᠠᠢᠵᠤ᠂ ᠵᠢᠯ ᠲᠤᠵᠢ ᠰᠠᠯᠬᠢ ᠱᠢᠭᠤᠷᠭ᠎ᠠ ᠳᠡᠭ᠌ᠳᠡᠵᠦ᠍᠂ ᠵᠣᠨ᠎ᠤ ᠤᠯᠠᠷᠢᠯ᠎ᠳᠤ ᠠᠭᠠᠭᠢᠮ᠎ᠠ ᠬᠠᠯᠠᠭᠤᠨ᠂ ᠡᠪᠦᠯ᠎ᠦᠨ ᠤᠯᠠᠷᠢᠯ᠎ᠳᠤ ᠬᠠᠬᠢᠷ ᠬᠦᠶ᠋ᠲᠡᠨ᠂ ᠠᠮᠢᠳᠤᠷᠠᠯ᠎ᠤᠨ ᠨᠥᠬᠥᠴᠡᠯ ᠨᠢ ᠲᠤᠢᠯ᠎ᠤᠨ ᠳᠥᠭᠥᠮ ᠪᠡᠷᠭᠡ ᠬᠠᠳᠠᠭᠤᠵᠢᠯᠳᠠᠢ ᠶᠤᠮ᠃ ᠭᠡᠪᠡᠴᠤ᠂ ᠳᠡᠳᠡ ᠬᠣᠶᠠᠭᠤᠯᠠ ᠡᠭᠦᠷᠭᠡ ᠬᠠᠷᠢᠭᠤᠴᠠᠯᠭ᠎ᠠ᠎ᠪᠠᠨ ᠢᠮᠠᠭ᠍ᠲᠠ ᠪᠠᠲᠤ ᠴᠡᠭᠡᠵᠢᠯᠡᠵᠦ᠍᠂ ᠣᠷᠴᠢᠨ ᠲᠣᠭᠣᠷᠢᠨ ᠪᠡᠷᠬᠡ ᠬᠠᠲᠠᠭᠤᠵᠢᠯᠲᠠᠶ ᠪᠤᠯᠪᠠᠴᠤ ᠶᠡᠷᠦ᠍᠎ᠡᠴᠡ ᠭᠤᠢᠪᠢᠯᠵᠠᠭ᠍ᠰᠠᠨ ᠥᠬᠡᠶ᠃ ᠲᠡᠳᠡ ᠬᠠᠷᠢᠶ᠎ᠠ ᠣᠷᠣᠨ᠎ᠤ ᠪᠠᠨ 60 ᠡᠷᠦᠬᠡ᠎ᠶ᠋ᠢᠨ 183 ᠮᠠᠯᠴᠢᠳ᠎ᠢ ᠬᠠᠪᠰᠤᠷᠤᠨ ᠲᠡᠳᠬᠦᠬᠦ᠌ ᠡᠭᠦᠷᠭᠡ᠎ᠶ᠋ᠢ ᠰᠠᠨᠠᠭᠠᠴᠢᠯᠠᠭ᠎ᠠ᠎ᠡᠴᠡ ᠪᠠᠨ ᠡᠭᠦᠷᠭᠡᠯᠡᠵᠦ᠍᠂ ᠮᠠᠯᠴᠢᠳ᠎ᠢ ᠬᠠᠪᠰᠤᠷᠤᠨ ᠤᠰᠤ ᠴᠢᠳᠬᠤᠵᠤ ᠡᠯᠡᠰᠦ ᠵᠢ ᠲᠣᠭ᠍ᠲᠠᠪᠤᠷᠢᠵᠢᠭᠤᠯᠬᠤ᠂ ᠮᠠᠯ ᠤᠨᠤᠭ᠎ᠠ᠎ᠶ᠋ᠢ ᠬᠠᠷᠠᠭᠠᠯᠵᠠᠬᠤ᠂ ᠬᠥᠷᠰᠢ ᠵᠡᠷᠭᠡᠯᠡᠳᠡᠭᠡ᠎ᠶ᠋ᠢᠨ ᠵᠠᠭᠤᠷᠠᠯᠳᠤᠭᠠᠨ᠎ᠢ ᠡᠶᠡᠳᠡᠭᠦᠯᠬᠦ᠌᠂ ᠭᠠᠭᠴᠠᠭᠠᠷᠳᠠᠭᠰᠠᠨ ᠨᠠᠰᠤᠲᠠᠨ᠎ᠢ ᠬᠠᠯᠠᠮᠵᠢᠯᠠᠬᠤ ᠵᠡᠷᠭᠡ ᠠᠯᠢ ᠵᠢ ᠨᠢ ᠴᠤ᠌ ᠴᠥᠮ ᠬᠡᠯᠡᠭ᠌ᠰᠡᠨ᠎ᠳᠡᠭᠡᠨ ᠬᠦᠷᠳᠡᠯ᠎ᠠ ᠬᠢᠵᠤ ᠴᠢᠳᠠᠵᠠᠢ᠃ ᠮᠠᠯᠴᠢᠳ᠎ᠤᠨ ᠠᠮᠢᠳᠤᠷᠠᠯ᠎ᠳᠤ ᠤᠯᠠᠮ ᠲᠥᠬᠥᠮ ᠦᠵᠡᠭᠦᠯᠬᠦ᠌᠎ᠶ᠋ᠢᠨ ᠲᠥᠯᠥᠭᠡ᠂ ᠲᠠᠳᠠ ᠴᠠᠭ᠍ᠳᠠᠭᠠᠨ᠎ᠤ ᠶᠠᠪᠤᠳᠠᠯ᠎ᠤᠨ ᠲᠠᠰᠤᠭ᠎ᠤᠨ ᠦᠶ᠋ᠯᠡᠴᠢᠯᠡᠭᠡᠨ᠎ᠦ ᠦᠢᠯᠡᠳᠦᠯ ᠴᠢᠳᠠᠮᠵᠢ᠎ᠪᠠᠨ ᠥᠷᠭᠡᠳᠭᠡᠵᠤ᠂ ᠠᠷᠠᠳ᠎ᠲᠤ ᠲᠥᠬᠥᠮ ᠦᠵᠡᠭᠦᠯᠬᠦ᠌ ᠳᠡᠯᠭᠡᠭᠦᠷ᠂ ᠡᠷᠡᠭᠦᠯ ᠬᠠᠮᠠᠭᠠᠯᠠᠯ᠎ᠤᠨ ᠲᠠᠰᠤᠭ᠂ ᠲᠦᠷᠭᠡᠨ ᠬᠦᠷᠭᠡᠯᠲᠡ᠎ᠶ᠋ᠢᠨ ᠴᠡᠭ ᠵᠡᠷᠭᠡ᠎ᠶ᠋ᠢ ᠪᠠᠢᠭᠤᠯᠵᠤ᠂ 《ᠠᠵᠢᠯᠲᠠᠨ ᠠᠵᠢᠯᠴᠢᠨ᠎ᠤ ᠵᠢᠵᠢᠭ ᠬᠡᠷ》 ᠢ᠋ ᠣᠯᠠᠨ ᠲᠦᠮᠡᠨ᠎ᠳᠦ ᠦᠶ᠋ᠯᠡᠴᠢᠯᠡᠬᠦ᠌ 《ᠦᠨᠡᠨᠴᠢ ᠢᠲᠡᠭᠡᠮᠵᠢ᠎ᠶ᠋ᠢᠨ ᠤᠯᠠᠭ᠎ᠠ ᠥᠷᠲᠡᠭᠡ》 ᠪᠣᠯᠭᠠᠨ ᠪᠠᠢᠭᠤᠯᠵᠤ᠂ ᠬᠠᠷᠢᠶ᠎ᠠ ᠣᠷᠣᠨ᠎ᠤ ᠣᠯᠠᠨ ᠲᠦᠮᠡᠨ᠎ᠦ ᠥᠷᠭᠡᠨ ᠳᠡᠯᠭᠡᠷ ᠮᠠᠭ᠍ᠲᠠᠭᠠᠯ ᠰᠠᠢᠱᠢᠶᠠᠯ ᠪᠠ ᠭᠦᠨ ᠵᠤᠵᠠᠭᠠᠨ ᠢᠲᠡᠭᠡᠯ᠎ᠢ ᠣᠯᠵᠠᠢ᠃ ᠴᠠᠭ᠍ᠳᠠᠭᠠᠨ᠎ᠤ ᠶᠠᠪᠤᠳᠠᠯ᠎ᠤᠨ ᠲᠠᠰᠤᠭ ᠪᠠᠢᠭᠤᠯᠤᠭ᠍ᠳᠠᠭ᠍ᠰᠠᠨ᠎ᠡᠴᠡ ᠨᠠᠭᠠᠰᠢ᠂ ᠲᠠᠳᠠ ᠨᠡᠢᠲᠡ 600 ᠭᠠᠷᠤᠶ ᠤᠳᠠᠭ᠎ᠠ ᠬᠠᠮᠲᠤᠷᠠᠨ ᠬᠠᠢᠨ ᠪᠠᠢᠴᠠᠭᠠᠵᠤ᠂ ᠵᠥᠷᠢᠴᠡᠯ ᠵᠠᠭᠤᠷᠠᠯᠳᠤᠭᠠᠨ᠎ᠢ 17 ᠤᠳᠠᠭ᠎ᠠ ᠰᠢᠢᠳᠪᠦᠷᠢᠯᠡᠨ ᠨᠠᠮᠳᠠᠭᠤᠯᠵᠤ᠂ ᠠᠶᠤᠯ᠎ᠳᠤ ᠤᠴᠠᠷᠠᠭ᠍ᠰᠠᠨ ᠣᠯᠠᠨ ᠲᠦᠮᠡᠨ᠎ᠢ 21 ᠬᠥᠮᠦᠨ ᠤᠳᠠᠭ᠎ᠠ ᠠᠪᠤᠷᠠᠨ ᠲᠤᠰᠠᠯᠠᠵᠤ᠂ ᠬᠢᠯᠢ᠎ᠳᠤ ᠤᠢᠷᠠᠳᠤᠬᠰᠠᠨ 3000 ᠭᠠᠷᠤᠶ ᠬᠥᠮᠦᠨ᠎ᠢ ᠢᠳᠭᠠᠨ ᠪᠤᠴᠠᠭᠠᠵᠤ᠂ 800 ᠭᠠᠷᠤᠶ ᠤᠳᠠᠭ᠎ᠠ ᠠᠷᠠᠳ ᠢ᠋ ᠬᠠᠢᠷᠠᠯᠠᠬᠤ ᠠᠢᠯᠴᠢᠯᠠᠯᠳᠠ ᠥᠷᠨᠢᠭᠦᠯᠪᠡ᠃ ᠲᠣᠭ᠎ᠠ ᠪᠠᠷᠢᠮᠲᠠ ᠨᠢᠭᠡᠪᠦᠷᠢ ᠨᠢ ᠴᠥᠮ ᠲᠡᠳᠡᠨ᠎ᠦ ᠡᠭᠦᠷᠭᠡ ᠬᠠᠷᠢᠭᠤᠴᠠᠯᠭ᠎ᠠ᠎ᠪᠠᠨ ᠪᠠᠲᠤ ᠰᠠᠬᠢᠭᠰᠠᠨ ᠪᠠᠷᠢᠮᠳᠠᠯᠠᠯ ᠪᠤᠯᠤᠨ᠎ᠠ᠃ ᠲᠠᠳᠠ ᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠬᠥᠮᠦᠵᠢᠯ᠎ᠦᠨ ᠰᠠᠭᠤᠷᠢᠨ᠂ ᠪᠠᠭᠠᠴᠤᠳ᠎ᠤᠨ ᠬᠣᠱᠢᠭᠤᠴᠢ ᠠᠩᠭᠢ᠎ᠶ᠋ᠢᠨ ᠦᠶ᠋ᠯᠡᠳᠦᠯᠭᠡ᠎ᠶ᠋ᠢᠨ ᠰᠠᠭᠤᠷᠢᠨ ᠢ ᠪᠠᠢᠭᠤᠯᠬᠤ᠎ᠶ᠋ᠢ ᠠᠬᠢᠭᠤᠯᠵᠤ᠂ ᠡᠯ᠎ᠡ ᠲᠥᠷᠥᠯ᠎ᠦᠨ ᠪᠠᠭᠠᠵᠢ ᠬᠡᠷᠡᠭ᠌ᠰᠡᠯ ᠨᠣᠮ ᠪᠢᠴᠢᠭ᠎ᠢ ᠲᠣᠬᠢᠷᠠᠭᠤᠯᠵᠤ᠂ ᠦᠨᠡᠨᠴᠢ ᠱᠢᠳᠤᠷᠭᠤ ᠦᠨᠡᠨᠴᠢ ᠢᠲᠡᠭᠡᠮᠵᠢ ᠵᠢᠨ ᠦᠷ᠎ᠡ᠎ᠶ᠋ᠢ ᠬᠢᠯᠢ ᠬᠢᠵᠠᠭᠠᠷ ᠣᠷᠣᠨ᠎ᠤ ᠵᠠᠯᠠᠭᠤᠴᠤᠳ ᠪᠠᠭᠠᠴᠤᠳ᠎ᠤᠨ ᠰᠡᠳᠭᠢᠯ᠎ᠳᠦ ᠰᠠᠴᠤᠪᠠ᠃
ᠱᠢᠤᠢ ᠨᠠᠢ ᠴᠤᠤ᠂ ᠯᠢ ᠸᠸᠨ ᠨᠠ ᠬᠣᠶᠠᠭᠤᠯᠠ ᠡᠬᠡ ᠤᠯᠤᠰ᠎ᠤᠨ ᠤᠮᠠᠷᠠᠲᠤ ᠬᠢᠯᠢ᠎ᠶ᠋ᠢᠨ ᠭᠣᠪᠢ ᠴᠦᠯ᠎ᠳᠦ ᠵᠠᠯᠠᠭᠤ ᠨᠠᠰᠤ ᠪᠣᠯᠤᠨ ᠬᠠᠯᠠᠭᠤᠨ ᠴᠢᠰᠤ᠎ᠪᠠᠷ᠎ᠢᠶᠠᠨ ᠨᠠᠮ᠂ ᠡᠬᠡ ᠤᠯᠤᠰ᠂ ᠠᠷᠠᠳ ᠲᠦᠮᠡᠨ᠎ᠳᠡᠭᠡᠨ ᠦᠭᠭᠦᠭᠰᠡᠨ ᠲᠥᠪ ᠴᠢᠩᠭ᠎ᠠ ᠠᠮᠠᠯᠠᠯᠲᠠ᠎ᠪᠠᠨ ᠪᠠᠲᠤ ᠰᠠᠬᠢᠵᠤ᠂ ᠱᠢᠨ᠎ᠡ ᠴᠠᠭ ᠦᠶ᠎ᠡ᠎ᠶ᠋ᠢᠨ 《ᠦᠨᠡᠨᠴᠢ ᠢᠲᠡᠭᠡᠮᠵᠢ》 ᠵᠢᠨ ᠰᠡᠳᠭᠢᠯ ᠬᠥᠳᠡᠯᠭᠡᠮ᠎ᠡ ᠬᠠᠭᠤᠳᠠᠰᠤ᠎ᠶ᠋ᠢ ᠪᠢᠴᠢᠭ᠌ᠯᠡᠪᠡ᠂ ᠲᠠᠳᠠ ᠪᠣᠯ ᠤᠮᠠᠷᠠᠲᠤ ᠵᠢᠨ ᠬᠢᠯᠢ᠎ᠶ᠋ᠢᠨ ᠱᠤᠭᠤᠮ ᠳᠡᠭᠡᠷᠡᠬᠢ ᠬᠠᠮᠤᠭ᠎ᠤᠨ ᠢᠲᠡᠭᠡᠮᠵᠢᠲᠡᠶ᠂ ᠬᠠᠮᠤᠭ᠎ᠤᠨ ᠨᠠᠢᠳᠠᠪᠤᠷᠢᠲᠠᠶ ᠱᠢᠳᠤᠷᠭᠤ ᠬᠠᠮᠠᠭᠠᠯᠠᠭ᠍ᠴᠢ ᠮᠥᠨ᠃
2. ᠵᠢᠶᠠ ᠶᠦᠨ᠄ ᠲᠡᠷᠡ ᠬᠡᠷᠡᠭᠯᠡᠭᠴᠢ᠂ ᠠᠵᠢᠯᠴᠢᠳ᠂ ᠨᠡᠢᠭᠡᠮ ᠭᠤᠷᠪᠠ ᠳ᠋ᠤ ᠦᠨᠡᠨᠴᠢ ᠢᠲᠡᠭᠡᠮᠵᠢ᠎ᠲᠠᠢ ᠪᠠᠢᠬᠤ ᠪᠡᠷ ᠬᠠᠷᠢᠭᠤᠴᠠᠯᠭ᠎ᠠ ᠡᠬᠦᠷᠭᠡᠯᠡᠯ ᠪᠣᠯᠭᠠᠵᠤ᠂ ᠦᠨᠡᠨᠴᠢ ᠢᠲᠡᠭᠡᠮᠵᠢ᠎ᠶ᠋ᠢ ᠠᠵᠤ ᠠᠬᠤᠢᠯᠠᠯ᠎ᠤᠨ ᠡᠵᠡᠩᠨᠡᠯᠲᠡ ᠪᠣᠯᠤᠨ ᠨᠡᠢᠭᠡᠮ ᠳ᠋ᠤ ᠦᠢᠯᠡᠴᠢᠯᠡᠬᠦ ᠠᠵᠢᠯ ᠶᠠᠪᠤᠳᠠᠯ ᠨᠢᠭᠡ ᠪᠦᠷᠢᠳᠦ ᠠᠭᠤᠰᠭᠠᠵᠠᠶ
ᠵᠢᠶᠠ ᠶᠦᠨ 7 ᠲᠥᠭᠥᠷᠢᠭ᠎ᠦᠨ ᠲᠡᠷᠭᠡᠨ ᠪᠢᠯᠧᠲ ᠤ᠋ᠨ ᠠᠮᠠᠯᠠᠯᠲᠠ᠎ᠪᠠᠨ 25 ᠵᠢᠯ ᠪᠠᠳᠤ ᠴᠠᠬᠡᠵᠢᠯᠠᠨ ᠦᠢᠯᠡᠳᠦᠯᠬᠡᠵᠢᠬᠦᠯᠪᠡ; ᠬᠡᠷᠡᠭ᠌ᠯᠡᠭ᠌ᠴᠢ ᠳ᠋ᠤ ᠠᠮᠠᠯᠳᠠᠭᠰᠠᠨ ᠶᠠᠰᠤ ᠴᠢᠨᠠᠷ᠎ᠤᠨ ᠪᠠᠳᠤᠯᠠᠭ᠎ᠠ ᠪᠠᠨ ᠲᠡᠷᠡ ᠨᠢᠭᠡ ᠨᠠᠰᠤ᠎ᠪᠠᠷ᠎ᠢᠶᠠᠨ ᠰᠠᠬᠢᠨ᠎ᠠ; ᠠᠵᠢᠯᠴᠢᠳ ᠵᠢᠡᠨ ᠬᠠᠪᠰᠤᠷᠤᠨ ᠲᠡᠳᠬᠦᠬᠦ᠌ ᠠᠮᠠᠯᠠᠯᠲᠠ ᠪᠠᠨ ᠲᠡᠷᠡ ᠶᠠᠭᠠᠬᠢᠭ᠍ᠰᠠᠨ ᠴᠤ᠌ ᠬᠤᠭᠤᠰᠤᠨ ᠦᠬᠡ ᠪᠤᠯᠭᠠᠬᠤ ᠦᠭᠡᠢ᠃ ᠬᠡᠳᠦᠨ ᠠᠷᠪᠠᠨ ᠲᠦᠮᠡᠨ ᠲᠥᠭᠥᠷᠢᠭ᠎ᠦᠨ 《ᠪᠠᠷᠢᠮᠵᠢᠶ᠎ᠠ᠎ᠳᠤ ᠬᠦᠷᠦᠭ᠌ᠰᠡᠨ ᠪᠣᠯᠪᠠᠴᠤ᠌ ᠴᠢᠨᠠᠷ ᠨᠢ ᠠᠨᠠᠢ》 ᠬᠠᠷ᠎ᠠ ᠠᠷᠢᠬᠢ᠎ᠶ᠋ᠢ ᠪᠢᠲᠡᠭᠦᠮᠵᠢᠯᠡᠨ ᠬᠠᠳᠠᠭᠠᠯᠠᠭ᠍ᠰᠠᠨ᠎ᠡᠴᠡ ᠠᠪᠤᠭᠠᠳ 380 ᠲᠦᠮᠡᠨ ᠲᠦᠭᠦᠷᠢᠭ ᠤ᠋ᠨ ᠠᠵᠢᠯᠲᠠᠨ ᠠᠵᠢᠯᠴᠢᠨ᠎ᠤ ᠬᠠᠷᠢᠯᠴᠠᠨ ᠬᠠᠪᠰᠤᠷᠤᠯᠴᠠᠬᠤ ᠰᠠᠭᠤᠷᠢ ᠮᠥᠩᠭᠥ᠎ᠶ᠋ᠢ ᠪᠠᠢᠭᠤᠯᠤᠭ᠍ᠰᠠᠨ ᠬᠦᠷᠲᠡᠯ᠎ᠡ᠂ ᠳᠠᠬᠢᠭᠠᠳ ᠠᠷᠪᠠᠨ ᠵᠢᠯ᠎ᠦᠨ ᠳᠣᠲᠣᠷ᠎ᠠ 200 ᠡᠷᠦᠬᠡ ᠲᠠᠷᠢᠶᠠᠴᠢᠳ᠎ᠢ ᠳᠠᠢᠴᠢᠯᠠᠨ ᠪᠠᠶᠠᠵᠢᠭᠤᠯᠵᠤ᠂ 80 ᠡᠷᠦᠬᠡ ᠲᠠᠷᠢᠶᠠᠴᠢᠳ᠎ᠢ ᠶᠠᠳᠠᠭᠤ᠎ᠡᠴᠡ ᠠᠩᠭᠢᠵᠢᠷᠠᠭᠤᠯᠵᠤ᠂ 5.5 ᠳ᠋ᠦᠩᠱᠢᠭᠤᠷ ᠲᠥᠭᠥᠷᠢᠭ᠎ᠦᠨ ᠳᠡᠭᠡᠳᠦ ᠱᠠᠲᠤᠨ᠎ᠤ ᠡᠳ᠋᠎ᠦᠨ ᠵᠠᠰᠠᠭ᠎ᠤᠨ ᠪᠠᠯᠠ ᠮᠥᠩᠭᠥ ᠵᠢ ᠭᠤᠶᠤᠴᠢᠯᠠᠨ ᠤᠯᠵᠤ ᠳ᠋ᠦᠩ ᠾᠧ ᠲᠣᠭᠣᠷᠢᠭ᠎ᠤᠨ ᠵᠡᠭᠡᠯᠢ ᠭᠤᠳᠤᠮᠵᠢ᠎ᠶ᠋ᠢᠨ ᠳᠦᠷᠢ ᠲᠥᠷᠬᠦ᠌᠎ᠶ᠋ᠢ ᠥᠭᠡᠷᠡᠴᠢᠯᠡᠭᠰᠡᠨ ᠬᠦᠷᠳᠡᠯ᠎ᠠ᠂ ᠲᠡᠷᠡ 37 ᠵᠢᠯ᠎ᠦᠨ ᠬᠥᠮᠦᠨ᠎ᠦ ᠠᠮᠢᠳᠤᠷᠠᠯ᠎ᠤᠨ ᠦᠢᠯᠡᠳᠦᠯᠭᠡ᠎ᠪᠡᠷ᠎ᠢᠶᠡᠨ 《ᠬᠡᠯᠡᠭ᠌ᠰᠡᠨ᠎ᠳᠡᠭᠡᠨ ᠵᠠᠪᠠᠯ ᠬᠦᠷᠬᠦ᠌》 ᠠᠮᠠᠯᠠᠯᠳᠠ ᠵᠢ ᠬᠥᠮᠦᠨ᠎ᠦ ᠠᠮᠢᠳᠤᠷᠠᠯ᠎ᠤᠨ ᠠᠯᠬᠤᠮ ᠪᠦᠷᠢᠳᠦ ᠪᠡᠶᠡᠯᠡᠬᠦᠯᠪᠡ᠃
22 ᠨᠠᠰᠤᠲᠠᠢ ᠵᠢᠶᠠ ᠶᠦᠨ ᠬᠠᠷ᠎ᠠ ᠬᠦᠴᠦ᠍ᠨ ᠳ᠋ᠡᠭᠡᠨ ᠲᠦᠰᠢᠭᠯᠡᠵᠤ ᠠᠪᠤ᠎ᠪᠠᠨ ᠤᠷᠤᠯᠠᠨ 10 ᠵᠢᠯ᠎ᠦᠨ ᠡᠮᠦᠨ᠎ᠡ ᠳᠠᠭᠠᠭᠠᠵᠤ ᠠᠪᠤᠬᠰᠠᠨ 800 ᠲᠥᠭᠥᠷᠢᠭ᠎ᠦᠨ ᠲᠠᠷᠢᠶᠠᠯᠠᠩ᠎ᠤᠨ ᠬᠤᠷᠱᠢᠶ᠎ᠠ᠎ᠶ᠋ᠢᠨ ᠵᠢᠭᠡᠯᠡᠯᠭᠡ᠎ᠶ᠋ᠢᠨ ᠦᠷᠢ ᠵᠢ ᠲᠦᠯᠦᠪᠡ᠂ ᠭᠡᠲᠡᠯ᠎ᠡ ᠡᠨᠡ ᠦᠶ᠎ᠡ᠎ᠳᠦ ᠲᠣᠰᠭᠣᠨ᠎ᠤ ᠣᠯᠠᠩᠬᠢ ᠶᠠᠳᠠᠭᠤ ᠬᠦᠴᠢᠷᠳᠡᠯᠲᠡᠢ ᠭᠡᠷ ᠪᠦᠯᠢ ᠠᠯᠢ ᠡᠷᠲᠡ ᠡᠨᠡ ᠬᠤᠪᠢ ᠥᠷᠢ ᠲᠦᠯᠦᠬᠡᠰᠦᠪᠡᠨ ᠮᠠᠷᠳᠠᠴᠢᠬᠠᠭᠰᠠᠨ ᠪᠠᠢᠨ᠎ᠠ᠃ ᠡᠨᠡ ᠶᠠᠪᠤᠳᠠᠯ ᠡᠴᠡ ᠡᠬᠢᠯᠡᠭᠡᠳ ᠵᠢᠶᠠ ᠶᠦᠨ ᠤ᠋ 《ᠦᠨᠡᠨᠴᠢ ᠢᠳᠡᠭᠡᠮᠵᠢ》 ᠵᠢ ᠬᠥᠮᠦᠨ ᠪᠦᠬᠦᠨ ᠮᠡᠳᠡᠳᠡᠭ ᠪᠣᠯᠵᠠᠶ᠃ 1988 ᠣᠨ᠎ᠳᠤ᠂ ᠵᠢᠶᠠ ᠶᠦᠨ ᠤᠯᠠᠭᠠᠨᠴᠠᠪ᠎ᠡᠴᠡ ᠪᠤᠭᠤᠲᠤ᠎ᠳᠤ ᠬᠦᠷᠴᠦ᠍ ᠠᠵᠢᠯᠯᠠᠬᠤ ᠦᠶ᠎ᠡ᠎ᠳᠦ᠂ ᠭᠡᠷ ᠪᠦᠯᠢ ᠨᠢ ᠶᠠᠳᠠᠭᠤ᠎ᠡᠴᠡ ᠪᠤᠯᠵᠤ᠂ 7 ᠲᠥᠭᠥᠷᠢᠭ᠎ᠦᠨ ᠵᠠᠮ᠎ᠤᠨ ᠵᠠᠷᠤᠳᠠᠯ᠎ᠢ ᠴᠤ᠌ ᠴᠤᠭ᠍ᠯᠠᠭᠤᠯᠵᠤ ᠳᠡᠢᠯᠬᠦ᠌ ᠦᠭᠡᠢ ᠪᠠᠢᠪᠠ᠃ ᠶᠠᠭ ᠲᠡᠷᠡ ᠲᠤᠢᠯ᠎ᠢᠶᠠᠷ ᠪᠠᠴᠢᠮᠳᠠᠵᠤ ᠪᠠᠢᠭ᠍ᠰᠠᠨ ᠦᠶ᠎ᠡ᠎ᠳᠦ᠂ ᠲᠡᠬᠦᠨ᠎ᠤ ᠬᠠᠮᠲᠤ ᠰᠤᠷᠤᠭ᠍ᠴᠢ ᠯᠢ ᠵᠢᠶᠦ᠋ᠨ ᠨᠢᠭᠡᠨ ᠲᠡᠷᠭᠡᠨ ᠪᠢᠯᠸᠲ ᠠᠪᠴᠤ ᠦᠭᠬᠦᠭᠡᠳ᠄ 《ᠠᠪᠴᠢᠬ᠎ᠠ᠂ ᠪᠤᠭᠤᠲᠤ᠎ᠳᠤ ᠣᠴᠢᠭᠠᠳ ᠰᠠᠢᠲᠤᠷ ᠠᠵᠢᠯᠯᠠ᠂ ᠰᠡᠬᠦᠯᠡᠷ ᠵᠣᠭᠣᠰ᠎ᠲᠠᠶ ᠪᠣᠯᠤᠭ᠍ᠰᠠᠨ ᠬᠣᠢᠨ᠎ᠠ ᠪᠤᠴᠠᠭᠠᠭᠠᠷᠠᠢ》 ᠭᠡᠪᠡ᠂ ᠡᠨᠡ ᠬᠦ᠌ ᠵᠢᠵᠢᠭ᠌ᠬᠡᠨ ᠲᠡᠷᠭᠡᠨ ᠪᠢᠯᠧᠲ ᠨᠢ ᠵᠢᠶᠠ ᠶᠦᠨ ᠤ᠋ ᠰᠡᠳᠭᠢᠯ᠎ᠳᠡᠬᠢ ᠬᠠᠳᠠᠭᠤ ᠠᠮᠠᠯᠠᠯᠲᠠ ᠪᠣᠯᠵᠠᠶ᠃ 2013 ᠣᠨ᠎ᠳᠤ᠂ ᠨᠢᠭᠡ ᠤᠳᠠᠭᠠᠨ᠎ᠤ ᠭᠡᠨᠡᠳᠲᠡ᠎ᠶ᠋ᠢᠨ ᠲᠣᠬᠢᠶᠠᠯ᠎ᠢᠶᠠᠷ᠂ ᠲᠡᠷᠡ ᠬᠠᠮᠳᠤ ᠰᠤᠷᠤᠬᠴᠢ ᠯᠢ ᠵᠢᠶᠦ᠋ᠨ ᠾᠸᠪᠸᠢ ᠵᠢᠨ ᠴᠧᠩᠳ᠋ᠧ᠎ᠳᠦ ᠠᠵᠢᠯᠯᠠᠵᠤ ᠪᠠᠢᠬᠤ᠎ᠶ᠋ᠢ ᠣᠯᠵᠤ ᠮᠡᠳᠡᠪᠡ᠃ ᠭᠠᠷ᠎ᠲᠠᠬᠢ ᠠᠵᠢᠯ᠎ᠢᠶᠠᠨ ᠬᠠᠶᠠᠵᠤ᠂ ᠵᠢᠶᠠ ᠶᠦᠨ ᠮᠠᠱᠢᠨ ᠲᠡᠷᠭᠡ᠎ᠪᠡᠷ 800 ᠭᠠᠷᠤᠶ ᠺᠢᠯᠣᠮᠧᠲ᠋ᠷ ᠠᠶᠠᠯᠠᠵᠤ᠂ ᠱᠢᠭᠤᠳ ᠴᠧᠩᠳ᠋ᠧ᠎ᠳᠦ ᠬᠦᠷᠪᠡ᠃ ᠲᠡᠷᠡ ᠯᠢ ᠵᠢᠶᠦ᠋ᠨ᠎ᠲᠡᠶ ᠠᠭᠤᠯᠵᠠᠭᠠᠳ 3000 ᠲᠥᠭᠥᠷᠢᠭ ᠭᠠᠷᠭᠠᠵᠤ 《ᠥᠷᠢ᠎ᠪᠡᠨ ᠲᠦᠯᠦᠬᠦ᠌》 ᠦᠶ᠎ᠡ᠎ᠳᠦ᠂ ᠯᠢ ᠵᠢᠶᠦ᠋ᠨ ᠠᠯᠢ ᠡᠷᠲᠡ ᠲᠤᠬᠠᠢ᠎ᠶ᠋ᠢᠨ ᠵᠢᠯ᠎ᠦᠨ ᠲᠡᠷᠡ ᠵᠢᠵᠢᠭᠬᠡᠨ ᠤᠴᠢᠷ᠎ᠢ ᠮᠠᠷᠲᠠᠴᠢᠬᠠᠭᠰᠠᠨ ᠪᠠᠢᠵᠠᠢ᠃
ᠵᠢᠶᠠ ᠶᠦᠨ ᠬᠡᠵᠢᠶᠡᠳᠡ ᠲᠠᠯᠠᠷᠬᠠᠯ ᠤ᠋ᠨ ᠰᠡᠳᠭᠢᠯ ᠵᠢᠡᠷ ᠬᠠᠵᠠᠭᠤ ᠬᠠᠪᠢ᠎ᠶ᠋ᠢᠨ ᠬᠥᠮᠦᠰ᠎ᠲᠡᠬᠡᠨ ᠬᠠᠨᠳᠤᠳᠠᠭ᠃ ᠲᠡᠷᠡ ᠤᠷᠢᠳ ᠬᠣᠵᠢᠳ 15 ᠲᠦᠮᠡ ᠭᠠᠷᠤᠢ ᠲᠥᠭᠥᠷᠢᠭ ᠭᠠᠷᠭᠠᠵᠤ ᠵᠡᠮᠳᠡᠭ᠌ᠴᠦᠳ᠂ ᠭᠠᠭᠴᠠᠭᠠᠷᠳᠠᠭᠰᠠᠨ ᠨᠠᠰᠤᠲᠠᠨ᠂ ᠠᠷᠪᠠᠳᠤᠭᠠᠷ ᠳᠤᠮᠳᠠᠳᠤ ᠰᠤᠷᠭᠠᠭᠤᠯᠢ ᠪᠠ ᠬᠤᠷᠢᠨ ᠳᠦᠷᠪᠡᠳᠦᠭᠡᠷ ᠳᠤᠮᠳᠠᠳᠤ ᠰᠤᠷᠭᠠᠭᠤᠯᠢ᠎ᠶ᠋ᠢᠨ ᠬᠦᠴᠢᠷᠳᠡᠯᠲᠡᠢ ᠰᠤᠷᠤᠭ᠍ᠴᠢᠳ᠎ᠢ ᠬᠠᠪᠰᠤᠷᠪᠠ; ᠬᠢᠵᠢᠭ᠎ᠦᠨ ᠬᠤᠭᠤᠴᠠᠭᠠᠨ᠎ᠳᠤ᠂ ᠬᠤᠪᠢ ᠬᠥᠮᠦᠨ 3 ᠲᠦᠮᠡᠨ ᠲᠥᠭᠥᠷᠢᠭ ᠬᠠᠨᠳᠢᠪᠯᠠᠵᠤ᠂ ᠪᠠᠰᠠ ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠨ᠂ ᠬᠤᠳᠠᠯᠳᠤᠭᠠᠴᠢᠳ᠎ᠤᠨ ᠡᠪᠯᠡᠯ᠎ᠢ ᠵᠣᠬᠢᠶᠠᠨ ᠪᠠᠢᠭᠤᠯᠵᠤ ᠬᠠᠨᠳᠤᠯᠭᠠᠲᠠᠶᠪᠠᠷ 100 ᠲᠦᠮᠡᠨ ᠲᠥᠭᠥᠷᠢᠭ᠎ᠦᠨ ᠡᠳ᠋ ᠪᠣᠳᠠᠰ ᠬᠠᠨᠳᠢᠪᠯᠠᠪᠠ᠃ 2025 ᠣᠨ᠎ᠤ ᠬᠤᠷ᠎ᠠ ᠲᠣᠨᠳᠠᠰᠤ ᠥᠩᠭᠡᠷᠡᠭ᠌ᠰᠡᠨ ᠵᠢᠯ᠎ᠦᠨ ᠬᠢ᠎ᠡᠴᠡ ᠢᠯᠡᠭᠦᠦ ᠪᠣᠯᠤᠬᠰᠠᠨ᠎ᠢᠶᠡᠷ ᠯᠦᠸᠸ ᠲᠦᠸᠸ ᠠᠷᠢᠬᠢᠨ᠎ᠤ ᠦᠢᠯᠡᠰ᠎ᠦᠨ ᠺᠤᠮᠫᠠᠨᠢ ᠵᠢᠨ ᠳ᠋ᠸᠩᠺᠸᠤ ᠱᠢᠶᠠᠨ ᠤ᠋ ᠪᠤᠷᠤᠯᠠᠭᠤᠯᠭ᠎ᠠ ᠵᠢᠨ ᠬᠤᠳᠠᠯᠳᠤᠭᠠᠴᠢᠨ ᠴᠢ ᠲᠢᠶ᠍ᠸ ᠵᠦ᠍ ᠳ᠋ᠤ ᠶᠠᠪᠤᠭᠤᠯᠤᠭᠰᠠᠨ 300 ᠲᠦᠮᠡᠨ ᠲᠥᠭᠥᠷᠢᠭ᠎ᠦᠨ ᠪᠠᠷᠠᠭᠠᠨ᠎ᠤ ᠪᠣᠭᠣᠳᠠᠯ ᠴᠦᠮ ᠡᠪᠳᠡᠭ᠌ᠳᠡᠵᠤ ᠠᠪᠬᠤ ᠵᠢᠨ ᠠᠷᠭ᠎ᠠ ᠦᠬᠡᠢ ᠪᠤᠯᠵᠠᠢ᠂ ᠲᠡᠷᠡ ᠳᠠᠷᠤᠢᠬᠠᠨ ᠪᠤᠭᠤᠳᠠᠯ ᠢ᠋ ᠨᠢ ᠰᠣᠯᠢᠵᠤ ᠦᠭᠬᠦᠨ᠂ ᠦᠨᠡᠨᠴᠢ ᠢᠲᠡᠭᠡᠮᠵᠢ᠎ᠪᠠᠷ ᠵᠢᠡᠨ ᠴᠢ ᠲᠢᠶ᠍ᠸ ᠵᠦ᠍ ᠵᠢᠨ ᠬᠣᠬᠢᠷᠠᠯ᠎ᠢ ᠲᠦᠯᠦᠪᠡ᠃
2000 ᠣᠨ᠎ᠳᠤ᠂ ᠯᠦᠸᠸ ᠲᠦᠸᠸ ᠠᠷᠢᠬᠢᠨ᠎ᠤ ᠦᠶ᠋ᠯᠡᠰ ᠨᠢ ᠲᠥᠯᠥᠪᠯᠡᠭᠡᠲᠦ ᠠᠵᠤ ᠠᠬᠤᠶ᠎ᠡᠴᠡ ᠵᠠᠬ᠎ᠠ ᠳᠡᠯᠭᠡᠭᠦᠷ᠎ᠦᠨ ᠠᠵᠤ ᠠᠬᠤᠶ ᠳᠠᠢᠰᠢ ᠬᠡᠯᠪᠡᠷᠢ᠎ᠪᠡᠨ ᠬᠤᠪᠢᠷᠠᠭᠤᠯᠬᠤ ᠦᠶ᠎ᠠ᠎ᠳᠤ᠂ ᠵᠢᠶᠠ ᠶᠦᠨ ᠨᠢᠭᠡ ᠪᠦᠯᠦᠭ 《ᠬᠠᠭᠤᠴᠢᠨ ᠪᠤᠭᠤᠲᠤ》 ᠬᠠᠷ᠎ᠠ ᠠᠷᠢᠬᠢ᠎ᠶ᠋ᠢ ᠬᠠᠷᠠᠵᠤ᠂ ᠡᠷᠡᠰ ᠱᠢᠭᠤᠷᠬᠠᠶ᠎ᠪᠠᠷ ᠡᠢᠨᠬᠦ ᠰᠢᠢᠳᠪᠦᠷᠢ ᠭᠠᠷᠭᠠᠪᠠ᠄ 《ᠡᠨᠡ ᠪᠦᠯᠦᠭ ᠦᠶ᠋ᠯᠡᠳᠬᠦᠨ ᠨᠢ ᠬᠡᠳᠦᠢᠪᠡᠷ ᠤᠯᠤᠰ᠎ᠤᠨ ᠪᠠᠷᠢᠮᠵᠢᠶ᠎ᠠ᠎ᠳᠤ ᠨᠡᠢᠴᠡᠬᠦ᠌ ᠪᠣᠯᠪᠠᠴᠤ᠌ ᠮᠠᠨ᠎ᠤ ᠠᠵᠤ ᠠᠬᠤᠢᠯᠠᠯ᠎ᠤᠨ ᠳᠣᠲᠣᠭᠠᠳᠤ᠎ᠶ᠋ᠢᠨ ᠪᠠᠷᠢᠮᠵᠢᠶ᠎ᠠ᠎ᠡᠴᠡ ᠳᠤᠤᠷ᠎ᠠ᠂ ᠡᠢᠮᠦ ᠡᠴᠡ ᠪᠦᠬᠦᠨ᠎ᠢ ᠪᠢᠲᠡᠭᠦᠮᠵᠢᠯᠡᠨ ᠬᠠᠳᠠᠭᠠᠯᠠᠵᠤ᠂ ᠵᠠᠬ᠎ᠠ ᠳᠡᠯᠭᠡᠭᠦᠷ᠎ᠲᠦ ᠣᠷᠣᠭᠤᠯᠵᠤ ᠪᠣᠯᠬᠤ ᠥᠬᠡᠶ!》᠂ ᠲᠤᠬᠠᠶ᠎ᠶ᠋ᠢᠨ ᠦᠶ᠎ᠡ᠎ᠳᠦ᠂ ᠡᠨᠡ ᠪᠦᠯᠦᠭ ᠬᠠᠷ᠎ᠠ ᠠᠷᠢᠬᠢ ᠨᠢ 30 ᠭᠠᠷᠤᠶ ᠲᠦᠮᠡᠨ ᠲᠥᠭᠥᠷᠢᠭ᠎ᠤᠨ ᠦᠷᠳᠡᠭ ᠲᠠᠢ ᠪᠠᠢᠵᠤ᠂ ᠴᠥᠭᠡᠨ ᠪᠤᠰᠤ ᠬᠥᠮᠦᠰ ᠲᠡᠭᠦᠨ᠎ᠢ 《ᠨᠠᠢᠷ ᠲᠠᠯᠪᠢᠭᠠᠴᠢ》 ᠭᠡᠵᠦ᠍ ᠢᠳᠭᠠᠭ᠍ᠰᠠᠨ ᠪᠣᠯᠪᠠᠴᠤ᠌ ᠵᠢᠶᠠ ᠶᠦᠨ ᠥᠴᠦᠬᠡᠨ ᠴᠦ᠍ ᠭᠤᠢᠪᠢᠯᠵᠠᠭ᠍ᠰᠠᠨ ᠦᠭᠡᠶ᠃ 2015 ᠣᠨ᠎ᠳᠤ᠂ ᠲᠡᠷᠡ ᠳᠡᠳ᠋ ᠶᠡᠷᠦᠩᠬᠡᠢ ᠳᠠᠭᠠᠭᠠᠮᠠᠯ᠎ᠤᠨ ᠲᠤᠱᠢᠶᠠᠯ᠎ᠢ ᠡᠭᠦᠷᠭᠡᠯᠡᠵᠦ᠍᠂ ᠶᠠᠰᠤ ᠴᠢᠨᠠᠷ᠎ᠤᠨ ᠠᠵᠢᠯ᠎ᠢ ᠬᠤᠪᠢᠳᠠᠨ ᠬᠠᠮᠢᠶᠠᠷᠪᠠ᠃ 《ᠠᠵᠤ ᠠᠬᠤᠢᠯᠠᠯ ᠢ᠋ ᠬᠦᠭᠵᠢᠭᠦᠯᠬᠦ ᠳ᠋ᠤ᠂ ᠦᠨᠡᠨᠴᠢ ᠢᠲᠡᠭᠡᠮᠵᠢᠲᠡᠶ᠎ᠪᠡᠷ ᠡᠵᠡᠩᠨᠡᠬᠦ᠌ ᠪᠣᠯ ᠦᠨᠳᠦᠰᠦ ᠮᠥᠨ᠂ ᠶᠠᠰᠤ ᠴᠢᠨᠠᠷ ᠪᠣᠯ ᠦᠨᠡᠨᠴᠢ ᠢᠲᠡᠭᠡᠮᠵᠢ᠎ᠶ᠋ᠢᠨ ᠰᠠᠭᠤᠷᠢ ᠮᠥᠨ》 ᠭᠡᠵᠦ᠍ ᠵᠢᠶᠠ ᠶᠦᠨ ᠬᠡᠯᠡᠪᠡ᠃ ᠢᠲᠡᠭᠡᠮᠵᠢ᠎ᠶ᠋ᠢᠨ ᠥᠷᠲᠡᠭ ᠨᠢ ᠯᠦᠸᠸ ᠲᠦᠸᠸ ᠠᠷᠢᠬᠢᠨ᠎ᠤ ᠦᠶ᠋ᠯᠡᠰ᠎ᠦᠨ ᠪᠣᠷᠣᠯᠠᠭᠤᠯᠭ᠎ᠠ᠎ᠶ᠋ᠢ 10 ᠵᠢᠯ ᠳᠠᠷᠠᠭᠠᠯᠠᠨ 4500 ᠲᠦᠮᠡᠨ ᠲᠥᠭᠥᠷᠢᠭ᠎ᠡᠴᠡ 3.5 ᠳ᠋ᠦᠩᠱᠢᠭᠤᠷ ᠲᠥᠭᠥᠷᠢᠭ ᠪᠣᠯᠭᠠᠨ ᠨᠡᠮᠡᠭ᠌ᠳᠡᠭᠦᠯᠵᠦ᠍᠂ ᠵᠢᠯ᠎ᠳᠦ 1.2 ᠳ᠋ᠦᠩᠱᠢᠭᠤᠷ ᠲᠥᠭᠥᠷᠢᠭ᠎ᠦᠨ ᠭᠠᠢᠯᠢ ᠲᠤᠰᠢᠶᠠᠪᠠ᠃
ᠲᠡᠷᠡ 《ᠯᠦᠸᠸ ᠲᠦᠸᠸ ᠠᠷᠢᠬᠢᠨ᠎ᠤ ᠦᠶ᠋ᠯᠡᠰ ᠤ᠋ᠨ ᠬᠦᠴᠢᠷᠳᠡᠯᠲᠡᠶ ᠠᠵᠢᠯᠳᠠᠨ ᠠᠵᠢᠯᠴᠢᠨ᠎ᠢ ᠠᠪᠤᠷᠠᠨ ᠲᠤᠰᠠᠯᠠᠬᠤ ᠪᠠᠯᠠ ᠮᠥᠩᠭᠥ》 ᠵᠢ ᠪᠠᠢᠭᠤᠯᠵᠤ᠂ ᠣᠲᠣ ᠪᠣᠯᠲᠠᠯ᠎ᠠ᠂ 125 ᠬᠦᠨᠳᠦ ᠡᠪᠡᠳᠴᠢᠨ᠎ᠲᠡᠶ ᠠᠵᠢᠯᠲᠠᠨ ᠠᠵᠢᠯᠴᠢᠨ ᠢ᠋ ᠲᠤᠰᠠᠯᠠᠵᠤ᠂ 156 ᠬᠥᠮᠦᠨ ᠤ᠋ ᠰᠤᠷᠤᠯᠭ᠎ᠠ ᠵᠢ ᠳᠡᠳᠭᠦᠵᠤ᠂ ᠬᠦᠴᠢᠷᠳᠡᠯᠲᠡᠶ ᠠᠵᠢᠯᠳᠠᠨ ᠠᠵᠢᠯᠴᠢᠨ ᠢ᠋ 1500 ᠭᠠᠷᠤᠢ ᠬᠦᠮᠦᠨ ᠤᠳᠠᠭ᠎ᠠ ᠠᠪᠤᠷᠠᠨ ᠲᠤᠰᠠᠯᠠᠵᠤ᠂ ᠲᠤᠰᠠᠯᠠᠬᠰᠠᠨ ᠶᠡᠷᠦᠩᠬᠡᠶ ᠵᠣᠭᠣᠰ᠎ᠤᠨ ᠲᠣᠭ᠎ᠠ᠎ᠨᠢ 520 ᠭᠠᠷᠤᠶ ᠲᠦᠮᠡᠨ ᠲᠥᠭᠥᠷᠢᠭ᠎ᠲᠦ ᠬᠦᠷᠴᠡᠶ᠃ ᠲᠡᠭᠦᠨ᠎ᠦ ᠠᠬᠢᠭᠤᠯᠤᠯ ᠳᠣᠣᠷ᠎ᠠ᠂ ᠠᠵᠤ ᠠᠬᠤᠢᠯᠠᠯ ᠨᠢ 10 ᠭᠠᠷᠤᠢ ᠵᠦᠢᠯ᠎ᠦᠨ ᠲᠦᠷᠢᠮ ᠲᠣᠭ᠍ᠲᠠᠭᠠᠯ᠎ᠢ ᠲᠡᠭᠦᠯᠳᠡᠷᠵᠢᠭᠦᠯᠵᠦ᠍᠂ ᠠᠵᠢᠯᠳᠠᠨ ᠠᠵᠢᠯᠴᠢᠨ᠎ᠤ ᠠᠩᠬᠠᠷᠴᠤ᠌ ᠪᠠᠢᠭ᠎ᠠ 168 ᠠᠰᠠᠭᠤᠳᠠᠯ᠎ᠢ ᠱᠢᠢᠳᠪᠦᠷᠢᠯᠡᠪᠡ; 5700 ᠭᠠᠷᠤᠢ ᠬᠥᠮᠦᠨ ᠤᠳᠠᠭ᠎ᠠ᠎ᠶ᠋ᠢᠨ ᠠᠵᠢᠯᠳᠠᠨ ᠠᠵᠢᠯᠴᠢᠨ᠎ᠢ ᠵᠣᠬᠢᠶᠠᠨ ᠪᠠᠢᠭᠤᠯᠵᠤ ᠠᠵᠢᠯᠳᠠᠨ ᠠᠵᠢᠯᠴᠢᠨ᠎ᠤ ᠬᠠᠷᠢᠯᠴᠠᠨ ᠲᠤᠰᠠᠯᠠᠯᠴᠠᠬᠤ ᠳᠠᠭᠠᠳᠭᠠᠯ᠎ᠳᠤ ᠣᠷᠣᠯᠴᠠᠭᠤᠯᠪᠠ; 9600 ᠲᠡᠭᠰᠢ ᠳᠦᠷᠪᠡᠯᠵᠢᠨ ᠮᠸᠲᠷ ᠦᠢᠯᠡᠳᠪᠦᠷᠢᠯᠡᠯ᠎ᠦᠨ ᠲᠣᠭᠣᠷᠢᠭ᠎ᠢ ᠥᠭᠡᠷᠡᠴᠢᠯᠡᠵᠦ᠍ ᠠᠵᠢᠯᠲᠠᠨ ᠠᠵᠢᠯᠴᠢᠨ᠎ᠤ ᠠᠮᠠᠷᠠᠬᠤ ᠥᠷᠥᠭᠡ᠂ ᠰᠣᠶᠣᠯ ᠲᠠᠮᠢᠷ᠎ᠤᠨ ᠬᠥᠳᠡᠯᠭᠡᠭᠡᠨ᠎ᠦ ᠥᠷᠥᠭᠡ᠂ ᠠᠵᠢᠯᠲᠠᠨ ᠠᠵᠢᠯᠴᠢᠨ᠎ᠤ ᠨᠣᠮ᠎ᠤᠨ ᠥᠷᠥᠭᠡ᠂ ᠬᠠᠢᠷ᠎ᠠ ᠬᠠᠯᠠᠮᠵᠢᠳᠤ ᠡᠵᠢ ᠵᠢᠨ ᠥᠷᠥᠭᠡ ᠵᠡᠷᠭᠡ᠎ᠳᠦ ᠬᠡᠷᠡᠭ᠌ᠯᠡᠵᠦ᠍᠂ ᠠᠵᠤ ᠠᠬᠤᠢᠯᠠᠯ ᠨᠢ ᠤᠷᠢᠳ ᠬᠣᠵᠢᠳ 《ᠪᠦᠬᠦ᠌ ᠤᠯᠤᠰ᠎ᠤᠨ ᠵᠢᠱ᠌ᠢᠶᠡᠴᠢ ᠠᠵᠢᠯᠲᠠᠨ ᠠᠵᠢᠯᠴᠢᠨ᠎ᠤ ᠭᠡᠷ᠂ ᠥᠪᠡᠷᠲᠡᠭᠡᠨ ᠵᠠᠰᠠᠬᠤ ᠣᠷᠣᠨ᠎ᠤ ᠬᠠᠢᠷ᠎ᠠ ᠬᠠᠯᠠᠮᠵᠢᠳᠤ ᠡᠵᠢ᠎ᠶ᠋ᠢᠨ ᠥᠷᠥᠭᠡ》 ᠵᠡᠷᠭᠡ ᠢᠷᠠᠭᠤ ᠠᠯᠳᠠᠷ᠎ᠢ ᠬᠦᠷᠲᠡᠪᠡ᠃
《ᠪᠢᠳᠡ ᠲᠠᠷᠢᠶᠠᠴᠢᠨ ᠡᠷᠦᠬᠡ᠎ᠲᠡᠶ ᠬᠤᠳᠠᠯᠳᠤᠨ ᠠᠪᠬᠤ ᠵᠦᠪᠯᠡᠯᠴᠡᠬᠡᠷ ᠲᠣᠭ᠍ᠲᠠᠭ᠍ᠰᠠᠨ ᠪᠣᠯᠬᠣᠷ ᠡᠷᠬᠡᠪᠰᠢ ᠬᠡᠯᠡᠭ᠌ᠰᠡᠨ᠎ᠳᠡᠭᠡᠨ ᠬᠦᠷᠬᠦ᠌ ᠬᠡᠷᠡᠭ᠌ᠲᠡᠶ᠂ ᠲᠠᠷᠢᠶᠠᠴᠢᠨ ᠡᠷᠦᠬᠡ᠎ᠶ᠋ᠢ ᠬᠣᠨᠵᠢᠭ᠍ᠳᠠᠭᠤᠯᠵᠤ ᠪᠣᠯᠬᠤ ᠦᠭᠡᠢ》᠂ 2016 ᠣᠨ᠎ᠡᠴᠡ ᠨᠠᠭᠠᠰᠢ᠂ ᠵᠢᠶᠠ ᠶᠦᠨ ᠯᠦᠸᠸ ᠲᠦᠸᠸ ᠠᠷᠢᠬᠢᠨ᠎ᠤ ᠦᠶ᠋ᠯᠡᠰ ᠤ᠋ᠨ ᠺᠤᠮᠫᠠᠨᠢ ᠪᠣᠯᠤᠨ ᠲᠦᠮᠡᠳ ᠪᠠᠷᠠᠭᠤᠨ ᠬᠣᠱᠢᠭᠤᠨ᠎ᠤ ᠲᠤᠰᠭᠠᠶ ᠬᠣᠷᠱᠢᠶ᠎ᠠ ᠵᠢᠨ ᠵᠠᠬᠢᠶᠠᠯᠠᠭ᠎ᠠ + ᠲᠠᠷᠢᠶᠠᠴᠢᠨ ᠡᠷᠦᠬᠡ᠎ᠶ᠋ᠢᠨ ᠵᠠᠭ᠍ᠪᠤᠷ᠎ᠢ ᠬᠡᠷᠡᠭ᠌ᠯᠡᠵᠦ᠍᠂ ᠲᠦᠮᠡᠨ ᠮᠦ᠍ ᠱᠢᠰᠢ ᠲᠠᠷᠢᠬᠤ ᠰᠠᠭᠤᠷᠢᠨ᠎ᠢ ᠪᠠᠢᠭᠤᠯᠵᠤ᠂ ᠲᠠᠷᠢᠶᠠᠴᠢᠳ᠎ᠢ ᠬᠠᠪᠰᠤᠷᠤᠨ ᠤᠯᠠᠮᠵᠢᠯᠠᠯᠲᠤ ᠲᠠᠷᠢᠮᠠᠯ ᠤ᠋ᠨ ᠵᠠᠭ᠍ᠪᠤᠷ᠎ᠢ ᠨᠢ ᠬᠤᠪᠢᠷᠠᠭᠤᠯᠵᠤ ᠂ ᠬᠠᠳᠤᠨ ᠭᠤᠤᠯ ᠤ᠋ᠨ ᠡᠷᠭᠢᠨ ᠲᠤᠭᠤᠷᠢᠨ ᠤ᠋ ᠬᠤᠵᠢᠷᠯᠢᠭ ᠭᠠᠵᠠᠷ᠎ᠢ ᠠᠱᠢᠭ᠍ᠯᠠᠨ ᠱᠢᠰᠢ ᠲᠠᠷᠢᠪᠠ᠃ ᠠᠷᠪᠠᠨ ᠵᠢᠯ᠎ᠦᠨ ᠲᠤᠷᠰᠢ᠂ ᠬᠡᠳᠦᠢᠪᠡᠷ ᠵᠠᠬ᠎ᠠ ᠳᠡᠯᠭᠡᠭᠦᠷ᠎ᠦᠨ ᠦᠨ᠎ᠡ ᠬᠠᠩᠰᠢ᠎ᠶ᠋ᠢᠨ ᠬᠡᠯᠪᠡᠯᠵᠡᠯᠳᠠᠳᠦ ᠤᠴᠠᠷᠠᠭ᠍ᠰᠠᠨ ᠴᠤ᠌ ᠯᠦᠸᠸ ᠲᠦᠸᠸ ᠠᠷᠢᠬᠢᠨ᠎ᠤ ᠦᠶ᠋ᠯᠡᠰ᠎ᠨᠢ ᠶᠡᠷᠦ ᠡᠴᠡ ᠲᠠᠷᠢᠶᠠᠴᠢᠨ ᠡᠷᠦᠬᠡ ᠳ᠋ᠤ ᠨᠢᠭᠡ ᠮᠦᠩᠭᠦ ᠴᠤ᠌ ᠦᠷᠢᠳᠦᠵᠤ ᠥᠩᠭᠡᠷᠡᠭᠡ ᠥᠬᠡᠶ ᠪᠥᠭᠡᠳ ᠬᠤᠳᠠᠯᠳᠤᠨ ᠠᠪᠬᠤ ᠨᠢᠭᠡᠴᠢ ᠦᠨ᠎ᠡ᠎ᠶ᠋ᠢ ᠶᠡᠷᠦ᠍᠎ᠡᠴᠡ ᠪᠠᠭᠤᠷᠠᠭᠤᠯᠤᠬᠰᠠᠨ ᠤᠳᠠᠭ᠎ᠠ ᠥᠬᠡᠶ ᠶᠤᠮ᠃
3. ᠼᠠᠢ ᠰᠦᠸᠸ ᠮᠢᠩ᠄ ᠠᠷᠪᠠ ᠭᠠᠷᠤᠶ ᠵᠢᠯ᠎ᠦᠨ ᠲᠤᠷᠰᠢ᠂ ᠪᠡᠶ᠎ᠠ ᠨᠢ ᠲᠠᠮᠪᠠᠷᠠᠭᠰᠠᠨ ᠬᠠᠮᠲᠤ ᠠᠵᠢᠯᠯᠠᠭ᠍ᠴᠢ ᠸᠠᠩ ᠶᠦᠩ ᠬᠣᠩ᠎ᠢ ᠨᠠᠷᠢᠨ ᠨᠢᠮᠪᠠᠶ ᠠᠰᠠᠷᠠᠨ ᠬᠠᠷᠠᠭᠠᠯᠵᠠᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠦᠨᠡᠨᠴᠢ ᠢᠲᠡᠭᠡᠮᠵᠢ ᠲᠠᠢ᠂ ᠬᠡᠯᠡᠭ᠌ᠰᠡᠨ᠎ᠳᠡᠭᠡᠨ ᠰᠠᠭᠤᠳᠠᠭ ᠡᠷᠬᠢᠮ ᠳᠡᠭᠡᠳᠦ ᠵᠠᠩ ᠰᠤᠷᠲᠠᠯ ᠢ᠋ ᠲᠠᠢᠯᠪᠤᠷᠢᠯᠠᠪᠠ
ᠼᠠᠢ ᠰᠦᠸᠸ ᠮᠢᠩ 2010 ᠣᠨ᠎ᠳᠤ ᠡᠷᠡᠭᠦᠯ ᠮᠡᠨᠳᠦ᠍᠎ᠶ᠋ᠢᠨ ᠱᠢᠯᠲᠠᠭᠠᠨ᠎ᠡᠴᠡ ᠪᠣᠯᠵᠣ ᠡᠮᠦᠨ᠎ᠡ ᠹᠷᠣᠨᠲ ᠤ᠋ᠨ ᠠᠵᠢᠯ᠎ᠤᠨ ᠪᠠᠢᠷᠢ᠎ᠡᠴᠡ ᠱᠢᠯᠵᠢᠪᠡ᠃ ᠡᠷᠡᠭᠦᠯᠵᠢᠬᠦ ᠬᠤᠭᠤᠴᠠᠭᠠᠨ᠎ᠳᠤ᠂ ᠲᠡᠷᠡ ᠬᠠᠮᠲᠤ ᠠᠵᠢᠯᠯᠠᠭ᠍ᠴᠢ ᠸᠠᠩ ᠶᠦᠩ ᠬᠣᠩ᠎ᠲᠠᠶ ᠠᠭᠤᠯᠵᠠᠪᠠ᠃ ᠸᠠᠩ ᠶᠦᠩ ᠬᠣᠩ ᠮᠣᠳᠣᠨ ᠮᠠᠲ᠋ᠧᠷᠢᠶᠠᠯ᠎ᠤᠨ ᠦᠶ᠋ᠯᠡᠳᠪᠦᠷᠢᠯᠡᠯ᠎ᠦᠨ ᠲᠤᠮᠳᠠᠬᠢ ᠡᠨᠳᠡᠯ ᠡᠴᠡ ᠪᠤᠯᠵᠤ ᠪᠡᠶ᠎ᠠ ᠨᠢ ᠲᠠᠮᠪᠠᠷᠠᠵᠤ᠂ ᠪᠡᠯᠭᠡᠭᠦᠰᠦ ᠬᠡᠰᠡᠭ᠎ᠡᠴᠡ ᠳᠣᠷᠣᠭ᠍ᠰᠢ ᠬᠡᠰᠡᠭ ᠨᠢ ᠮᠡᠳᠡᠷᠡᠯ᠎ᠢᠶᠡᠨ ᠪᠦᠷᠢᠮᠦᠰᠦᠨ ᠠᠯᠳᠠᠵᠤ᠂ ᠠᠮᠢᠳᠤᠷᠠᠯ᠎ᠢᠶᠠᠨ ᠠᠷᠭᠠᠴᠠᠭᠠᠵᠤ ᠴᠢᠳᠠᠬᠤ ᠥᠬᠡᠶ ᠪᠣᠯᠵᠣ᠂ ᠡᠪᠡᠳᠴᠢᠨ ᠡᠮᠭᠡᠭ᠎ᠲᠦ ᠣᠷᠢᠶᠠᠭ᠍ᠳᠠᠵᠤ᠂ ᠲᠥᠷᠥᠯ ᠰᠠᠳᠤᠨ ᠵᠢᠡᠨ ᠴᠤ᠌ ᠠᠯᠳᠠᠪᠠ᠃ ᠰᠤᠪᠢᠯᠠᠭ᠍ᠴᠢ ᠨᠢ ᠪᠠᠢᠨ ᠳᠠᠬᠢᠨ ᠰᠣᠯᠢᠭᠳᠠᠵᠤ᠂ ᠤᠷᠳᠤ ᠬᠤᠭᠤᠴᠠᠭ᠎ᠠ ᠪᠡᠷ ᠬᠠᠷᠠᠭᠠᠯᠵᠠᠬᠤ ᠬᠦᠮᠦᠨ ᠦᠭᠡᠢ ᠪᠠᠢᠪᠠ᠃ ᠼᠠᠢ ᠰᠦᠧᠧ ᠮᠢᠩ ᠸᠠᠩ ᠶᠦᠩ ᠬᠣᠩ᠎ᠤᠨ ᠡᠪᠡᠳᠴᠢᠨ ᠵᠣᠪᠠᠯᠠᠩ᠎ᠳᠤ ᠲᠠᠷᠴᠢᠯᠠᠭᠠᠭ᠍ᠳᠠᠵᠤ ᠪᠠᠢᠬᠤ ᠪᠠᠢᠳᠠᠯ᠎ᠢ ᠬᠠᠷᠠᠭᠠᠳ᠄ 《ᠪᠢ ᠴᠢᠮᠠᠶ᠋ᠢ ᠬᠠᠷᠠᠭᠠᠯᠵᠠᠵᠤ᠂ ᠪᠡᠶ᠎ᠠ᠎ᠶ᠋ᠢ ᠴᠢᠨᠢ ᠰᠠᠢᠨ ᠪᠣᠯᠭᠠᠵᠤ ᠠᠪᠤᠶ᠎ᠠ》 ᠬᠡᠵᠤ ᠠᠮᠠᠯᠳᠠᠪᠠ᠃
ᠠᠮᠠᠯᠠᠯᠳᠠ ᠬᠢᠬᠦ᠎ᠳᠤ ᠠᠮᠠᠷ ᠪᠣᠯᠪᠠᠴᠤ᠌ ᠦᠢᠯᠡᠳᠦᠯᠭᠡᠵᠢᠭᠦᠯᠬᠦ᠌᠎ᠳᠦ ᠪᠡᠷᠬᠡ ᠶᠤᠮ᠃ ᠵᠡᠮᠳᠡᠭ ᠪᠤᠯᠤᠭᠰᠠᠨ ᠡᠪᠡᠳᠴᠢᠳᠡᠨ ᠢ᠋ ᠰᠤᠪᠢᠯᠠᠬᠤ᠎ᠳᠤ ᠪᠡᠶ᠎ᠠ ᠪᠠ ᠰᠡᠳᠭᠢᠴᠡ᠎ᠶ᠋ᠢᠨ ᠳᠠᠪᠬᠤᠷ ᠥᠷᠢᠰᠥᠯᠳᠦᠭᠡᠨ᠎ᠢ ᠢᠯᠠᠨ ᠳᠠᠪᠠᠬᠤ ᠬᠡᠷᠡᠭ᠌ᠲᠡᠶ᠃ ᠦᠳᠬᠡᠨ ᠰᠢᠩᠬᠡ᠎ᠨᠢ ᠨᠢ ᠴᠡᠪᠡᠷᠯᠡᠵᠤ᠂ ᠰᠢᠷᠬ᠎ᠠ ᠰᠤᠷᠪᠢ ᠵᠢ ᠨᠢ ᠠᠷᠢᠭᠤᠳᠬᠠᠨ ᠴᠡᠪᠡᠷᠯᠡᠵᠤ᠂ ᠬᠣᠭᠣᠯᠠ ᠤᠮᠳᠠ ᠬᠦᠷᠭᠡᠨ᠎ᠠ ᠁ ᠬᠠᠮᠠᠷ ᠭᠠᠳᠠᠮ᠎ᠠ ᠦᠮᠡᠬᠡᠢ ᠦᠨᠦᠷ ᠼᠠᠢ ᠰᠦᠸᠸ ᠮᠢᠩ᠎ᠢ ᠪᠥᠭᠡᠯᠵᠢᠰᠦ ᠬᠦᠷᠦᠬᠦᠯᠦᠨ᠎ᠡ᠂ ᠭᠡᠪᠡᠴᠦ᠍ ᠲᠡᠷᠡ ᠬᠡᠵᠢᠶᠡᠳᠡ ᠥᠪᠡᠷ᠎ᠦᠨ ᠪᠡᠶ᠎ᠡ᠎ᠳᠡᠭᠡᠨ᠄ 《ᠨᠢᠭᠡᠨᠲᠡ ᠠᠮᠠᠯᠳᠠᠭᠰᠠᠨ ᠶᠤᠮ ᠴᠢᠨᠢ᠂ ᠵᠠᠪᠠᠯ ᠰᠠᠢᠬᠠᠨ ᠰᠤᠪᠢᠯᠠᠬᠤ ᠬᠡᠷᠡᠭ᠌ᠲᠡᠶ!》 ᠬᠡᠵᠤ ᠵᠠᠬᠢᠳᠠᠭ᠂ ᠲᠡᠷᠡ ᠸᠠᠩ ᠶᠦᠩ ᠬᠣᠩ᠎ᠢ ᠦᠪᠡᠷ᠎ᠤᠨ ᠭᠡᠷ ᠤ᠋ᠨ ᠬᠥᠮᠦᠨ᠎ᠢᠶᠡᠷ ᠦᠵᠡᠵᠦ᠍᠂ ᠬᠦᠨᠳᠦ ᠨᠦᠰᠡᠷ ᠰᠤᠪᠢᠯᠠᠯᠲᠠ᠎ᠶ᠋ᠢᠨ ᠠᠵᠢᠯ᠎ᠳᠤ ᠠᠭᠠᠵᠢᠮ᠎ᠢᠶᠠᠷ ᠵᠣᠬᠢᠴᠠᠪᠠ᠃ ᠪᠠᠭᠠᠰᠤ ᠨᠢ ᠬᠠᠲᠠᠵᠤ ᠪᠦᠭᠯᠡᠷᠡᠬᠦ ᠦᠶᠡᠰ᠂ ᠲᠡᠷᠡ ᠭᠠᠷ᠎ᠢᠶᠠᠷ᠎ᠢᠶᠠᠨ ᠪᠠᠭ᠎ᠠ ᠪᠠᠭ᠎ᠠ᠎ᠪᠠᠷ ᠤᠬᠤᠵᠤ ᠭᠠᠷᠭᠠᠨ᠎ᠠ; ᠶᠠᠷ᠎ᠠ ᠰᠢᠷᠬ᠎ᠠ ᠨᠢ ᠢᠯᠵᠢᠷᠡᠭ᠌ᠰᠡᠨ ᠦᠶ᠎ᠡ᠎ᠳᠦ ᠢᠳᠡᠭᠡ ᠴᠢᠰᠤ᠎ᠶ᠋ᠢ ᠨᠢ ᠬᠠᠯᠠᠱᠢᠷᠠᠯ ᠦᠭᠡᠢ ᠤᠬᠢᠶᠠᠨ ᠡᠮ ᠵᠢᠡᠷ ᠠᠷᠢᠭᠤᠳᠬᠠᠨ᠎ᠠ᠃ ᠸᠠᠩ ᠶᠦᠩ ᠬᠣᠩ ᠲᠡᠭᠦᠨ᠎ᠢ ᠣᠯᠠᠨ ᠤᠳᠠᠭ᠎ᠠ 《ᠨᠠᠳᠠ ᠵᠢ ᠬᠠᠮᠢᠶᠠᠷᠴᠤ ᠢᠩᠬᠢᠵᠤ ᠦᠢᠯᠡ ᠪᠠᠨ ᠪᠠᠷᠠᠵᠤ ᠪᠤᠯᠬᠤ ᠦᠬᠡᠢ》 ᠭᠡᠵᠤ ᠢᠳᠬᠠᠭᠰᠠᠨ ᠪᠤᠯᠪᠠᠴᠤ᠂ ᠼᠠᠢ ᠰᠦᠸᠸ ᠮᠢᠩ ᠶᠡᠷᠦ᠍ ᠨᠢ ᠡᠷᠡᠰ ᠱᠢᠭᠤᠷᠬᠠᠢ᠎ᠪᠠᠷ᠄ 《ᠳᠠᠳᠴᠢᠬᠠᠬᠰᠠᠨ ᠶᠤᠮ᠂ ᠬᠠᠮᠢᠶ᠎ᠠ ᠦᠬᠡᠢ᠂ ᠪᠢ ᠯᠠᠪ ᠴᠢᠮ᠎ᠠ᠎ᠵᠢ ᠬᠠᠶᠠᠬᠤ ᠦᠬᠡᠢ》 ᠭᠡᠵᠦ᠍ ᠬᠠᠷᠢᠭᠤᠯᠳᠠᠭ᠃
ᠠᠮᠠᠯᠠᠯᠲᠠ᠎ᠪᠠᠨ ᠪᠡᠶᠡᠯᠡᠭᠦᠯᠬᠦ᠌ ᠨᠢ ᠡᠳᠦᠷ ᠲᠤᠳᠤᠮ᠎ᠤᠨ ᠬᠠᠷᠠᠭᠠᠯᠵᠠᠬᠤ ᠲᠡᠳᠦᠢ ᠪᠢᠰᠢ᠂ ᠨᠠᠩ ᠴᠤ᠌ ᠣᠶᠤᠨ ᠰᠠᠨᠠᠭᠠᠨ᠎ᠤ ᠲᠠᠯ᠎ᠠ ᠪᠡᠷ ᠠᠪᠤᠷᠠᠬᠤ ᠬᠡᠷᠡᠭᠳᠡᠢ ᠭᠡᠳᠡᠭ᠎ᠢ ᠼᠠᠢ ᠰᠦᠸᠸ ᠮᠢᠩ ᠭᠦᠨᠵᠡᠭᠡᠶ ᠣᠢᠯᠠᠭᠠᠵᠤ ᠪᠠᠢᠯ᠎ᠠ᠃ ᠸᠠᠩ ᠶᠦᠩ ᠬᠣᠩ ᠠᠮᠢᠳᠦᠷᠠᠯ ᠳ᠋ᠤ ᠭᠣᠷᠢ ᠲᠠᠰᠤᠷᠠᠵᠤ ᠪᠡᠶ᠎ᠡ᠎ᠪᠡᠨ ᠬᠣᠣᠷᠯᠠᠵᠤ᠂ ᠡᠮᠨᠡᠭᠦᠯᠬᠦ᠌᠎ᠶ᠋ᠢ ᠲᠡᠪᠴᠢᠭ᠌ᠰᠡᠨ ᠦᠶ᠎ᠠ᠎ᠳᠦ᠂ ᠼᠠᠢ ᠰᠦᠸᠸ ᠮᠢᠩ ᠲᠡᠭᠦᠨ᠎ᠦ ᠰᠡᠳᠭᠢᠯ ᠤ᠋ᠨ ᠦᠭᠡ ᠵᠢ ᠰᠣᠨᠣᠰᠤᠭ᠍ᠴᠢ ᠪᠠ ᠢᠳᠭᠠᠭ᠍ᠴᠢ ᠪᠤᠯᠵᠤ᠂ ᠬᠦᠯᠢᠴᠡᠩᠭᠦᠢ᠎ᠪᠡᠷ ᠢᠳᠬᠠᠬᠤ ᠪᠡᠷ ᠲᠠᠮᠵᠢᠨ ᠲᠡᠭᠦᠨ᠎ᠢ ᠲᠡᠬᠢᠨ ᠠᠮᠢᠳᠤᠷᠠᠯ ᠳ᠋ᠡᠭᠠᠨ ᠢᠲᠡᠭᠡᠯ ᠲᠠᠢ ᠪᠤᠯᠭᠠᠵᠠᠢ᠃ ᠸᠠᠩ ᠶᠦᠩ ᠬᠣᠩ᠎ᠳᠤ ᠭᠡᠷ ᠪᠦᠯᠢ᠎ᠶ᠋ᠢᠨ ᠬᠠᠢᠷ᠎ᠠ ᠬᠠᠯᠠᠮᠵᠢ᠎ᠶ᠋ᠢ ᠬᠦᠷᠲᠡᠭᠡᠬᠦ᠌᠎ᠶ᠋ᠢᠨ ᠲᠥᠯᠥᠭᠡ᠂ ᠼᠠᠢ ᠰᠦᠸᠸ ᠮᠢᠩ ᠪᠡᠶ᠎ᠡ᠎ᠪᠡᠷ᠎ᠢᠶᠡᠨ ᠭᠡᠷ ᠪᠠᠢᠱᠢᠩ᠎ᠢ ᠨᠢ ᠴᠡᠪᠡᠷᠯᠡᠵᠦ᠍᠂ ᠵᠤᠤᠬ᠎ᠠ᠎ᠶ᠋ᠢ ᠨᠢ ᠰᠡᠯᠪᠢᠨ ᠵᠠᠰᠠᠵᠤ᠂ ᠭᠡᠷ ᠪᠦᠯᠢ᠎ᠶ᠋ᠢ ᠨᠢ ᠳᠤᠯᠠᠭᠠᠨ ᠭᠡᠭᠡᠨ ᠪᠣᠯᠭᠠᠪᠠ᠃ ᠲᠡᠷᠡ ᠪᠠᠰᠠ ᠨᠢᠭᠡ ᠴᠠᠬᠢᠯᠭᠠᠨ ᠬᠥᠳᠡᠯᠭᠡᠭᠦᠷᠲᠦ ᠭᠤᠷᠪᠠᠨ ᠬᠦᠷᠳᠦᠲᠦ ᠲᠡᠷᠭᠡ ᠣᠯᠵᠤ᠂ ᠸᠠᠩ ᠶᠦᠩ ᠬᠣᠩ᠎ᠢ ᠰᠠᠭᠤᠯᠭᠠᠨ ᠭᠠᠳᠠᠨ᠎ᠠ ᠭᠠᠷᠴᠤ ᠨᠡᠷᠡᠨ᠎ᠳᠦ ᠡᠭᠡᠭᠡᠵᠦ᠍᠂ ᠵᠡᠭᠡᠯᠢ᠎ᠶ᠋ᠢᠨ ᠦᠵᠡᠮᠵᠢ ᠰᠣᠨᠢᠷᠬᠠᠭᠤᠯᠵᠤ᠂ ᠴᠢᠨᠠᠭ᠍ᠰᠢᠯᠠᠨ ᠲᠡᠭᠦᠨ᠎ᠢ ᠭᠤᠷᠪᠠᠨ ᠬᠦᠷᠳᠦᠳᠦ ᠲᠡᠷᠭᠡ ᠪᠠᠨ ᠦᠪᠡᠷ᠎ᠢᠶᠡᠨ ᠵᠢᠯᠣᠭᠣᠳᠴᠤ ᠰᠤᠷᠬᠤ᠎ᠶ᠋ᠢ ᠵᠣᠷᠢᠭ᠍ᠵᠢᠭᠤᠯᠪᠠ᠃ ᠸᠠᠩ ᠶᠦᠩ ᠬᠣᠩ ᠲᠡᠷᠭᠡ᠎ᠶ᠋ᠢ ᠠᠭᠠᠵᠢᠮ᠎ᠢᠶᠠᠷ ᠵᠢᠯᠤᠭᠤᠳᠬᠤ ᠦᠶ᠎ᠡ᠎ᠳᠦ᠂ ᠲᠡᠬᠦᠨ᠎ᠤ ᠴᠢᠷᠠᠶ ᠳᠡᠭᠡᠷᠡᠬᠢ ᠢᠨᠢᠶᠡᠮᠰᠦᠭ᠌ᠯᠡᠯ᠎ᠨᠢ ᠼᠠᠢ ᠰᠦᠧᠧ ᠮᠢᠩ᠎ᠦᠨ ᠠᠯᠢᠪᠠ ᠴᠢᠷᠮᠠᠢᠯᠭ᠎ᠠ ᠬᠡᠴᠢᠨᠠᠨ ᠦᠨ᠎ᠠ ᠦᠷᠳᠡᠭ ᠲᠠᠢ ᠬᠡᠳᠡᠭ᠎ᠢ ᠭᠡᠷᠡᠴᠢᠯᠡᠪᠡ᠃
ᠠᠷᠪᠠ ᠭᠠᠷᠤᠢ ᠵᠢᠯ᠎ᠦᠨ ᠲᠤᠷᠰᠢ᠂ ᠼᠠᠢ ᠰᠦᠸᠸ ᠮᠢᠩ ᠵᠠᠯᠠᠭᠤ ᠨᠠᠰᠤᠨ ᠡᠴᠡ ᠪᠠᠨ ᠢᠳᠡᠷ ᠨᠠᠰᠤᠨ ᠳ᠋ᠤ ᠣᠷᠣᠬᠰᠠᠨ ᠪᠤᠯᠪᠠᠴᠤ ᠸᠠᠩ ᠶᠦᠩ ᠬᠣᠩ᠎ᠢ ᠡᠭᠦᠷᠴᠤ ᠡᠮᠴᠢ ᠳ᠋ᠤ ᠤᠴᠢᠬᠤ ᠠᠯᠬᠤᠭ᠎ᠠ ᠨᠢ ᠶᠡᠷᠦ᠍᠎ᠡᠴᠡ ᠵᠣᠭ᠍ᠰᠣᠭ᠍ᠰᠠᠨ ᠦᠭᠡᠢ᠃ ᠨᠠᠰᠤ ᠵᠢᠯ ᠨᠡᠮᠡᠭ᠌ᠳᠡᠭᠰᠡᠨ ᠨᠢ ᠲᠡᠭᠦᠨ᠎ᠢ ᠦᠷᠭᠦᠯᠵᠢ ᠰᠠᠨᠠᠭ᠎ᠠ ᠪᠠᠢᠭᠠᠳ ᠤᠨᠤᠭ᠎ᠠ ᠬᠦᠷᠬᠦ᠌ ᠦᠭᠡᠢ ᠪᠠᠢᠳᠠᠯ ᠳ᠋ᠤ ᠤᠷᠤᠭᠤᠯᠤᠨ᠎ᠠ ᠂ ᠭᠡᠪᠡᠴᠦ᠍ ᠲᠡᠷᠡ ᠬᠡᠵᠢᠶᠡᠳᠡ᠄ 《ᠪᠢ ᠴᠢᠮᠠᠶ᠋ᠢ ᠡᠭᠦᠷᠴᠦ᠍ ᠲᠠᠢᠯᠵᠤ ᠯᠡ ᠪᠠᠢᠪᠠᠯ ᠯᠠᠪ ᠬᠠᠶᠠᠬᠤ ᠦᠬᠡᠢ》 ᠭᠡᠵᠤ ᠢᠨᠢᠶᠡᠮᠰᠦᠭᠯᠡᠨ᠎ᠡ᠃ ᠨᠢᠭᠡ ᠦᠷᠦᠭᠡᠨ ᠤ᠋ ᠡᠪᠡᠳᠴᠢᠳᠡᠳ ᠪᠠ ᠡᠮᠴᠢ ᠰᠤᠪᠢᠯᠠᠭ᠍ᠴᠢᠨᠠᠷ᠄ 《ᠲᠥᠷᠥᠭ᠌ᠰᠡᠨ ᠠᠬ᠎ᠠ ᠳᠡᠭᠦᠦ᠍᠎ᠨᠡᠷ ᠴᠦ᠍ ᠢᠩᠭᠢᠵᠦ᠍ ᠬᠢᠬᠦ᠌᠎ᠳᠦ ᠪᠡᠷᠬᠡ ᠶᠤᠮ! 》 ᠭᠡᠵᠤ ᠡᠷᠡᠬᠡᠢ ᠬᠤᠷᠤᠭᠤ ᠭᠠᠷᠭᠠᠨ᠎ᠠ᠃
ᠼᠠᠢ ᠰᠦᠸᠸ ᠮᠢᠩ ᠬᠥᠮᠦᠨ᠎ᠦ ᠠᠮᠢᠳᠤᠷᠠᠯ᠎ᠤᠨ ᠬᠠᠮᠤᠭ᠎ᠤᠨ ᠡᠷᠬᠢᠮ ᠨᠠᠨᠳᠢᠨ ᠴᠠᠭ ᠮᠥᠴᠡ ᠵᠢ ᠵᠤᠷᠢᠭᠤᠯᠵᠤ ᠨᠢᠬᠡ ᠤᠳᠠᠭ᠎ᠠ ᠵᠢᠨ ᠠᠮᠠᠯᠠᠯᠲᠠ᠎ᠶ᠋ᠢ ᠠᠯᠲᠠ ᠪᠤᠯᠭᠠᠨ ᠬᠤᠪᠢᠷᠠᠭᠤᠯᠪᠠ᠃ ᠲᠡᠭᠦᠨ᠎ᠦ ᠦᠯᠢᠭᠡᠷ ᠨᠢ 《ᠬᠡᠯᠡᠭᠰᠡᠨ ᠳ᠋ᠡᠭᠡᠨ ᠵᠠᠪᠠᠯ ᠬᠦᠷᠬᠦ》 ᠳᠤᠮᠳᠠᠳᠤ᠎ᠶ᠋ᠢᠨ ᠦᠨᠳᠦᠰᠦᠲᠡᠨ᠎ᠦ ᠤᠯᠠᠮᠵᠢᠯᠠᠯᠲᠤ ᠰᠠᠢᠬᠠᠨ ᠰᠤᠷᠲᠠᠯ᠎ᠢ ᠢᠯᠡᠷᠡᠭᠦᠯᠵᠦ᠍᠂ ᠦᠨᠡᠨᠴᠢ ᠢᠲᠡᠭᠡᠮᠵᠢᠲᠡᠢ᠂ ᠪᠡᠶ᠎ᠡ᠎ᠪᠡᠨ ᠴᠦᠯᠡᠵᠦ᠍ ᠪᠤᠰᠤᠳ᠎ᠤᠨ ᠲᠥᠯᠥᠭᠡ ᠵᠢᠳᠬᠦᠬᠦ᠌ ᠡᠷᠬᠢᠮ ᠳᠡᠭᠡᠳᠦ ᠵᠠᠩ ᠴᠢᠨᠠᠷ᠎ᠢ ᠢᠯᠡᠷᠡᠭᠦᠯᠪᠡ᠃ ᠲᠡᠷᠡ ᠱᠢᠭᠤᠢᠲᠤ ᠣᠷᠣᠨ᠎ᠤ ᠣᠮᠣᠭ᠍ᠰᠢᠯ ᠪᠣᠯᠬᠤ᠎ᠪᠠᠷ ᠪᠠᠷᠠᠬᠤ ᠦᠭᠡᠶ ᠨᠡᠩ ᠴᠤ᠌ ᠨᠡᠢᠭᠡᠮ᠎ᠦᠨ ᠦᠨᠡᠨᠴᠢ ᠢᠲᠡᠭᠡᠮᠵᠢ᠎ᠶ᠋ᠢᠨ ᠱᠢᠰᠲ᠋ᠧᠮ᠎ᠦᠨ ᠦᠢᠯᠡᠳᠦᠯᠭᠡᠵᠢᠭᠦᠯᠦᠭ᠌ᠴᠢ ᠪᠠ ᠬᠠᠮᠠᠭᠠᠯᠠᠭ᠍ᠴᠢ ᠮᠥᠨ᠃ ᠲᠡᠭᠦᠨ᠎ᠦ ᠦᠢᠯᠡ ᠠᠵᠢᠯᠯᠠᠭ᠎ᠠ ᠨᠢ ᠬᠡᠷᠡᠯᠳᠤ ᠳ᠋ᠧᠩ ᠮᠡᠲᠦ ᠪᠡᠷ ᠤᠮᠠᠷᠠᠲᠤ ᠬᠢᠯᠢ᠎ᠶ᠋ᠢᠨ ᠣᠢ ᠱᠢᠭᠤᠶ᠎ᠶ᠋ᠢ ᠭᠡᠷᠡᠯᠲᠦᠭᠦᠯᠵᠦ᠍᠂ ᠪᠦᠬᠦ᠌ ᠨᠡᠢᠭᠡᠮ᠎ᠢ ᠳᠤᠯᠠᠭᠠᠴᠡᠭᠤᠯᠤᠨᠠ᠃
4. ᠱᠢᠶᠦ᠋ᠩ ᠱᠸᠤ ᠵᠢᠶᠦ᠋ᠨ᠄ ᠨᠢᠬᠡᠨ ᠲᠠᠷᠢᠶᠠᠴᠢᠨ᠎ᠡᠴᠡ ᠥᠰᠴᠦ᠍ ᠪᠣᠢᠵᠢᠭ᠍ᠰᠠᠨ ᠠᠵᠤ ᠠᠬᠤᠢᠯᠠᠯᠲᠠᠨ ᠦᠨᠡᠨᠴᠢ ᠢᠲᠡᠭᠡᠮᠵᠢᠲᠡᠶ ᠡᠵᠡᠩᠨᠡᠯᠲᠡ ᠪᠡᠷ ᠨᠡᠷ᠎ᠡ ᠵᠢ ᠨᠢ ᠴᠤ᠌ ᠮᠡᠳᠡᠬᠦ ᠬᠦᠮᠦᠨ ᠦᠭᠡᠶ ᠪᠠᠢᠭᠰᠠᠨ 《ᠳ᠋ᠠ ᠹᠠ ᠬᠥᠩ》 ᠭᠤᠯᠢᠷᠢ ᠥᠪᠥᠷ ᠮᠣᠩᠭᠣᠯ᠎ᠤᠨ 《ᠨᠡᠷᠡᠲᠦ ᠲᠠᠸᠠᠷ᠎ᠤᠨ ᠲᠡᠮᠳᠡᠭ》 ᠪᠣᠯᠭᠠᠪᠠ
ᠱᠢᠶᠦ᠋ᠩ ᠱᠸᠤ ᠵᠢᠶᠦ᠋ᠨ 1990 ᠣᠨ᠎ᠳᠤ ᠳ᠋ᠠ ᠹᠠ ᠬᠥᠩ ᠭᠤᠯᠢᠷ᠎ᠤᠨ ᠦᠶ᠋ᠯᠡᠳᠪᠦᠷᠢ᠎ᠶ᠋ᠢ ᠡᠭᠦᠳᠦᠨ ᠪᠠᠢᠭᠤᠯᠵᠤ᠂ ᠱᠢᠷᠭᠠᠭᠤ ᠬᠠᠲᠠᠭᠤᠵᠢᠯᠲᠠᠶ ᠲᠡᠮᠡᠴᠡᠬᠦ᠌᠎ᠪᠡᠷ ᠳᠡᠮᠵᠢᠨ᠂ 2001 ᠣᠨ᠎ᠳᠤ ᠬᠠᠩᠭᠢᠨ ᠬᠣᠢᠲᠤ ᠬᠣᠱᠢᠭᠤᠨ᠎ᠤ ᠤ᠋ᠤᠢ ᠯᠢᠨ ᠭᠤᠯᠢᠷ᠎ᠤᠨ ᠬᠢᠵᠠᠭᠠᠷᠲᠤ ᠺᠣᠮᠫᠠᠨᠢ᠎ᠶ᠋ᠢ ᠪᠠᠢᠭᠤᠯᠵᠤ᠂ ᠥᠪᠡᠷ᠎ᠦᠨ ᠭᠤᠯᠢᠷ᠎ᠤᠨ ᠦᠶ᠋ᠯᠡᠰ᠎ᠢᠶᠡᠨ ᠬᠡᠪᠴᠢᠶᠡᠵᠢᠭᠦᠯᠦᠨ ᠬᠥᠭ᠌ᠵᠢᠭᠦᠯᠦᠭ᠌ᠰᠡᠨᠦ ᠳᠠᠷᠠᠭ᠎ᠠ᠂ 2005 ᠣᠨ᠎ᠳᠤ ᠤᠯᠤᠰ᠎ᠤᠨ ᠳᠣᠲᠣᠭᠠᠳᠤ᠎ᠶ᠋ᠢᠨ ᠭᠤᠯᠢᠷ ᠦᠶ᠋ᠯᠡᠳᠬᠦ᠌ ᠲᠡᠷᠢᠭᠦᠨ᠎ᠦ ᠲᠦᠪᠰᠢᠨ᠎ᠲᠡᠶ ᠬᠠᠩᠭᠢᠨ ᠬᠣᠢᠲᠤ ᠬᠣᠱᠢᠭᠤᠨ᠎ᠤ ᠳ᠋ᠠ ᠹᠠ ᠭᠦᠩ ᠭᠤᠯᠢᠷ᠎ᠤᠨ ᠬᠢᠵᠠᠭᠠᠷᠲᠤ ᠺᠣᠮᠫᠠᠨᠢ᠎ᠶ᠋ᠢ ᠡᠭᠦᠳᠦᠨ ᠪᠠᠢᠭᠤᠯᠵᠤ᠂ ᠯᠠᠪᠳᠠᠭᠤᠨ ᠪᠠᠲᠤᠲᠠᠶ᠎ᠪᠠᠷ ᠠᠵᠢᠯᠯᠠᠵᠤ ᠠᠵᠢᠯ ᠦᠶ᠋ᠯᠡᠰ᠎ᠢᠶᠡᠨ ᠬᠥᠭ᠌ᠵᠢᠭᠦᠯᠪᠡ᠃
ᠬᠠᠩᠭᠢᠨ ᠬᠣᠢᠲᠤ ᠬᠣᠱᠢᠭᠤᠨ᠎ᠤ ᠳ᠋ᠠ ᠹᠠ ᠭᠦᠩ ᠭᠤᠯᠢᠷ᠎ᠤᠨ ᠺᠣᠮᠫᠠᠨᠢ᠎ᠶ᠋ᠢᠨ ᠵᠢᠯ᠎ᠦᠨ ᠦᠶ᠋ᠯᠡᠳᠪᠦᠷᠢᠯᠡᠯ᠎ᠦᠨ ᠬᠡᠮᠵᠢᠶ᠎ᠡ ᠨᠢ 2 ᠲᠦᠮᠡᠨ ᠲᠣᠨ᠎ᠡᠴᠡ ᠳᠡᠭᠡᠭ᠌ᠰᠢ ᠪᠠᠢᠵᠤ᠂ ᠲᠦᠭᠦᠬᠡᠶ ᠮᠠᠲ᠋ᠧᠷᠢᠶᠠᠯ ᠬᠤᠳᠠᠯᠳᠤᠨ ᠠᠪᠬᠤ ᠳ᠋ᠠᠭᠠᠨ ᠪᠡᠯᠡᠨ ᠵᠣᠭᠣᠰ᠎ᠢᠶᠠᠷ ᠲᠤᠭᠠᠴᠠᠭ᠎ᠠ ᠬᠢᠵᠤ᠂ ᠲᠠᠷᠢᠶᠠᠴᠢᠨ᠎ᠤ ᠵᠤᠭᠤᠰ ᠢ᠋ ᠶᠡᠷᠦ᠍᠎ᠡᠴᠡ ᠥᠷᠢᠲᠦᠬᠦ᠌ ᠥᠬᠡᠶ᠃ ᠠᠵᠤ ᠠᠬᠤᠢᠯᠠᠯ ᠨᠢ ᠡᠳ᠋᠎ᠦᠨ ᠵᠠᠰᠠᠭ ᠭᠠᠢᠯᠢ᠎ᠶ᠋ᠢᠨ ᠲᠦᠷᠦ᠍᠎ᠶ᠋ᠢᠨ ᠪᠤᠳᠤᠯᠭ᠎ᠠ᠎ᠶ᠋ᠢᠨ ᠶᠣᠰᠣᠭᠠᠷ᠂ ᠲᠤᠭ᠎ᠠ ᠶᠤᠰᠤᠭᠠᠷ ᠨᠢ ᠭᠠᠢᠯᠢ ᠲᠤᠱᠢᠶᠠᠵᠤ᠂ ᠲᠤᠱᠢᠶᠠᠬᠤ ᠶᠣᠰᠣᠲᠠᠢ ᠭᠠᠢᠯᠢ᠎ᠪᠠᠨ ᠭᠦᠢᠴᠡᠳ ᠲᠤᠱᠢᠶᠠᠵᠤ᠂ ᠭᠠᠢᠯᠢ ᠵᠢ ᠥᠷᠢᠲᠦᠬᠦ ᠦᠭᠡᠢ ᠪᠠᠢᠵᠤ᠂ ᠺᠣᠮᠫᠠᠨᠢ ᠨᠢ ᠵᠢᠯ ᠪᠦᠷᠢ 20 ᠭᠠᠷᠤᠢ ᠲᠦᠮᠡᠨ ᠲᠥᠭᠥᠷᠢᠭ᠎ᠦᠨ ᠭᠠᠢᠯᠢ ᠲᠤᠱᠢᠶᠠᠵᠤ ᠪᠠᠢᠨ᠎ᠠ᠃ ᠺᠣᠮᠫᠠᠨᠢ᠎ᠶ᠋ᠢᠨ ᠠᠵᠢᠯᠴᠢᠨ ᠨᠢ ᠪᠦᠷ ᠲᠤᠬᠠᠶ᠎ᠶ᠋ᠢᠨ ᠭᠠᠵᠠᠷ᠎ᠤᠨ ᠦᠯᠡᠭᠦᠦ ᠬᠥᠳᠡᠯᠮᠦᠷᠢ ᠬᠦᠴᠦ᠍ᠨ ᠪᠠᠢᠵᠤ᠂ ᠠᠵᠢᠯᠴᠢᠨ᠎ᠤ ᠳᠤᠮᠳᠠᠴᠢ ᠴᠠᠯᠢᠩ ᠨᠢ ᠰᠠᠷ᠎ᠠ ᠪᠦᠷᠢ 3000 ᠭᠠᠷᠤᠶ ᠲᠥᠭᠥᠷᠢᠭ ᠪᠠᠢᠬᠤ ᠪᠦᠬᠡᠳ ᠲᠠᠰᠤᠷᠠᠯᠲᠠ ᠦᠭᠡᠢ ᠦᠰᠴᠤ᠂ ᠲᠤᠬᠠᠶ᠎ᠶ᠋ᠢᠨ ᠭᠠᠵᠠᠷ᠎ᠤᠨ ᠠᠳᠠᠯᠢ ᠲᠥᠷᠥᠯ᠎ᠦᠨ ᠠᠵᠤ ᠠᠬᠤᠢᠯᠠᠯ᠎ᠡᠴᠡ ᠥᠨᠳᠥᠷ ᠪᠤᠯᠪᠠ᠃ ᠴᠠᠯᠢᠩ᠎ᠢ ᠰᠠᠷ᠎ᠠ ᠪᠦᠷᠢ ᠴᠠᠭ ᠲᠤᠬᠠᠶ᠎ᠳᠤᠨᠢ ᠥᠭ᠌ᠴᠦ᠂ ᠶᠡᠷᠦ᠍᠎ᠡᠴᠡ ᠥᠷᠢᠲᠦᠬᠦ᠌ ᠦᠭᠡᠢ᠃ ᠺᠣᠮᠫᠠᠨᠢ ᠨᠢ ᠥᠪᠡᠷ᠎ᠦᠨ ᠠᠵᠢᠯᠳᠠᠨ ᠠᠵᠢᠯᠴᠢᠨ ᠤ᠋ ᠠᠰᠠᠭᠤᠳᠠᠯ ᠢ᠋ ᠱᠢᠢᠳᠪᠦᠷᠢᠯᠡᠬᠦ᠌᠎ᠶ᠋ᠢᠨ ᠬᠠᠮᠲᠤ ᠪᠠᠰᠠ ᠡᠷᠬᠢᠨ ᠲᠣᠭᠣᠷᠢᠨ᠎ᠤ ᠬᠥᠳᠡᠭᠡ ᠲᠣᠰᠭᠣᠨ᠎ᠤ ᠦᠯᠡᠭᠦᠦ ᠬᠥᠳᠡᠯᠮᠦᠷᠢ ᠬᠦᠴᠦᠨ᠎ᠦ ᠠᠵᠢᠯ ᠤᠯᠬᠤ ᠬᠡᠷᠡᠭ᠌ᠴᠡᠭᠡ᠎ᠶ᠋ᠢ ᠱᠢᠢᠳᠪᠦᠷᠢᠯᠡᠵᠦ᠍᠂ ᠬᠥᠳᠡᠭᠡ ᠲᠣᠰᠭᠣᠨ᠎ᠤ ᠦᠯᠡᠭᠦᠦ ᠬᠥᠳᠡᠯᠮᠦᠷᠢ ᠬᠦᠴᠦᠨ᠎ᠦ ᠱᠢᠯᠵᠢᠯᠲᠡ᠎ᠳᠦ ᠰᠠᠢ᠌ᠨ ᠠᠵᠢᠯ᠎ᠤᠨ ᠪᠠᠢᠷᠢ ᠬᠠᠩᠭᠠᠵᠤ᠂ ᠬᠥᠳᠡᠭᠡ ᠲᠣᠰᠭᠣᠨ᠎ᠤ ᠨᠡᠢᠭᠡᠮ᠎ᠦᠨ ᠲᠣᠭ᠍ᠲᠠᠭᠤᠨ᠂ ᠲᠠᠷᠢᠶᠠᠴᠢᠳ᠎ᠤᠨ ᠣᠷᠣᠯᠭ᠎ᠠ᠎ᠵᠢ ᠨᠡᠮᠡᠭᠳᠡᠭᠦᠯᠬᠦ᠎ᠳᠤ ᠢᠳᠡᠪᠬᠢᠲᠡᠢ ᠬᠤᠪᠢ ᠨᠡᠮᠡᠷᠢ ᠦᠵᠡᠭᠦᠯᠵᠦ᠍᠂ ᠰᠠᠢ᠌ᠨ ᠰᠠᠢᠬᠠᠨ ᠨᠡᠢᠭᠡᠮ᠎ᠦᠨ ᠦᠷ᠎ᠡ ᠠᠱᠢᠭ᠎ᠢ ᠡᠭᠦᠳᠦᠭᠰᠡᠨ ᠪᠠᠢᠨ᠎ᠠ᠃ ᠪᠠᠯᠭᠠᠰᠤᠨ᠎ᠤ ᠵᠠᠰᠠᠭ᠎ᠤᠨ ᠣᠷᠳᠣᠨ᠎ᠲᠠᠶ 2 ᠲᠦᠮᠡᠨ ᠲᠣᠨ ᠴᠢᠨᠠᠷ ᠰᠠᠢᠲᠠᠶ ᠪᠣᠭᠣᠳᠠᠶ ᠬᠤᠳᠠᠯᠳᠤᠨ ᠠᠪᠬᠤ ᠭᠡᠷ᠎ᠡ ᠲᠣᠭ᠍ᠲᠠᠪᠠ᠃ ᠡᠷᠭᠢᠨ ᠲᠣᠭᠣᠷᠢᠨ᠎ᠤ ᠱᠢᠶᠠᠩ ᠪᠠᠯᠭᠠᠰᠤᠨ᠎ᠤ 6000 ᠭᠠᠷᠤᠶ ᠲᠠᠷᠢᠶᠠᠴᠢᠨ ᠡᠷᠦᠬᠡ ᠵᠢᠨ ᠪᠣᠷᠣᠯᠠᠭᠤᠯᠭ᠎ᠠ᠎ᠶ᠋ᠢᠨ ᠬᠦᠴᠢᠷᠳᠡᠯ᠎ᠢ ᠨᠢ ᠱᠢᠶ᠋ᠳᠪᠦᠷᠢᠯᠡᠵᠦ᠍ ᠥᠭ᠌ᠴᠡᠶ᠃ ᠡᠭᠦᠨ᠎ᠦ ᠬᠠᠮᠲᠤ᠂ ᠺᠣᠮᠫᠠᠨᠢ᠎ᠨᠢ ᠭᠡᠷ᠎ᠡ᠎ᠶ᠋ᠢᠨ ᠬᠡᠪᠴᠢᠶᠡᠨ ᠳᠣᠲᠣᠷ᠎ᠠ ᠪᠣᠭᠣᠳᠠᠶ ᠬᠤᠳᠠᠯᠳᠤᠨ ᠠᠪᠬᠤ᠎ᠳᠠᠭᠠᠨ ᠪᠤᠰᠤᠳ ᠭᠠᠵᠠᠷ᠎ᠤᠨ ᠬᠢ ᠡᠴᠡ ᠺᠢᠯᠣᠭ᠌ᠷᠠᠮ ᠪᠦᠷᠢᠳ᠋ᠡᠬᠡᠨ 5 ᠮᠥᠩᠭᠥ᠌ ᠣᠷᠴᠢᠮ ᠥᠨᠳᠥᠷ ᠪᠠᠢᠵᠤ᠂ 《ᠺᠣᠮᠫᠠᠨᠢ + ᠰᠠᠭᠤᠷᠢᠨ + ᠲᠠᠷᠢᠶᠠᠴᠢᠨ ᠡᠷᠦᠬᠡ》᠎ᠶ᠋ᠢᠨ ᠬᠠᠮᠲᠤᠷᠠᠯᠴᠠᠭᠠᠨ᠎ᠤ ᠵᠠᠭ᠍ᠪᠤᠷ᠎ᠢᠶᠠᠷ ᠳᠠᠮᠵᠢᠨ᠂ ᠲᠤᠬᠠᠶ᠎ᠶ᠋ᠢᠨ ᠭᠠᠵᠠᠷ᠎ᠤᠨ ᠲᠠᠷᠢᠶᠠᠴᠢᠳ ᠤ᠋ᠨ ᠤᠷᠤᠯᠭ᠎ᠠ ᠵᠢ ᠵᠢᠯ ᠪᠦᠷᠢ 100 ᠲᠦᠮᠡᠨ ᠲᠥᠭᠥᠷᠢᠭ ᠨᠡᠮᠡᠭ᠌ᠳᠡᠭᠦᠯᠵᠦ᠍᠂ ᠲᠠᠷᠢᠶᠠᠴᠢᠨ ᠡᠷᠦᠬᠡ᠎ᠶ᠋ᠢᠨ ᠠᠮᠤ ᠪᠤᠳᠠᠭ᠎ᠠ ᠳᠠᠷᠢᠬᠤ ᠢᠳᠡᠪᠬᠢᠵᠢᠯ᠎ᠢ ᠶᠡᠬᠡᠪᠡᠷ ᠳᠡᠭᠡᠭ᠌ᠰᠢᠯᠡᠭᠦᠯᠦᠨ᠂ ᠲᠤᠬᠠᠶ᠎ᠶ᠋ᠢᠨ ᠭᠠᠵᠠᠷ᠎ᠤᠨ ᠪᠣᠭᠣᠳᠠᠶ᠎ᠶ᠋ᠢᠨ ᠠᠵᠤ ᠦᠶ᠋ᠯᠡᠰ᠎ᠦᠨ ᠬᠥᠭ᠌ᠵᠢᠯᠲᠡ᠎ᠶ᠋ᠢ ᠳᠠᠢᠴᠢᠯᠠᠭ᠍ᠰᠠᠨᠤ ᠬᠠᠮᠲᠤ ᠠᠮᠤ ᠪᠤᠳᠠᠭᠠᠨ᠎ᠤ ᠵᠠᠬ᠎ᠠ ᠳᠡᠯᠭᠡᠭᠦᠷ᠎ᠦᠨ ᠲᠣᠭ᠍ᠲᠠᠭᠤᠨ᠎ᠢ ᠬᠠᠮᠠᠭᠠᠯᠠᠵᠤ᠂ ᠤᠯᠤᠰ᠎ᠤᠨ ᠠᠮᠤ ᠪᠤᠳᠠᠭᠠᠨ᠎ᠤ ᠠᠮᠤᠷ ᠲᠦᠪᠱᠢᠨ᠎ᠳᠦ ᠵᠣᠬᠢᠬᠤ ᠬᠤᠪᠢ ᠨᠡᠮᠡᠷᠢ ᠦᠵᠡᠭᠦᠯᠪᠡ᠃
ᠱᠢᠶᠦ᠋ᠩ ᠱᠸᠦ ᠵᠢᠶᠦ᠋ᠨ᠎ᠦ ᠳᠠᠭᠠᠭᠤᠯᠤᠭ᠍ᠰᠠᠨ ᠬᠠᠩᠭᠢᠨ ᠬᠣᠢᠲᠤ ᠬᠣᠱᠢᠭᠤᠨ᠎ᠤ ᠳ᠋ᠠ ᠹᠠ ᠭᠦᠩ ᠭᠤᠯᠢᠷ᠎ᠤᠨ ᠬᠢᠵᠠᠭᠠᠷᠲᠤ ᠺᠣᠮᠫᠠᠨᠢ ᠤᠨᠢᠨ ᠳᠡᠭᠡᠷ᠎ᠡ ᠨᠢ ᠶᠠᠳᠠᠭᠤ᠎ᠶ᠋ᠢ ᠲᠡᠳᠬᠦᠬᠦ᠌ ᠡᠮᠦᠨ᠎ᠡ ᠹᠷᠣᠨᠲ᠎ᠲᠤ ᠢᠳᠡᠪᠬᠢᠲᠡᠢ ᠣᠷᠣᠯᠴᠠᠪᠠ᠃ ᠠᠵᠤ ᠦᠶ᠋ᠯᠡᠰ᠎ᠢᠶᠡᠷ ᠶᠠᠳᠠᠭᠤ᠎ᠶ᠋ᠢ ᠲᠡᠳᠬᠦᠬᠦ᠌ ᠰᠠᠭᠤᠷᠢᠨ ᠳᠡᠭᠡᠷ᠎ᠡ᠂ 2018 ᠣᠨ᠎ᠡᠴᠡ ᠨᠠᠭᠠᠰᠢ᠂ ᠪᠦᠯᠬᠦᠮᠳᠡᠯ ᠪᠠᠯᠭᠠᠰᠤᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠲᠠᠶ ᠬᠠᠮᠲᠤᠷᠠᠨ᠂ ᠵᠢᠩ ᠪᠦᠷᠢ ᠪᠤᠭᠤᠳᠠᠢ ᠵᠢ ᠵᠠᠬ᠎ᠠ ᠳᠡᠯᠭᠡᠭᠦᠷ᠎ᠦᠨ ᠦᠨ᠎ᠡ ᠬᠠᠩᠰᠢ᠎ᠡᠴᠡ 0.1 ᠲᠥᠭᠥᠷᠢᠭ ᠦᠨᠡᠳᠠᠢ ᠪᠡᠷ ᠲᠠᠩᠰᠠᠯᠡᠵᠤ ᠺᠠᠷᠲ᠋ᠯᠠᠭᠰᠠᠨ ᠶᠠᠳᠠᠭᠤ ᠬᠦᠴᠢᠷᠳᠡᠯᠲᠡᠶ ᠡᠷᠦᠬᠡ᠎ᠶ᠋ᠢᠨ ᠪᠣᠭᠣᠳᠠᠶ᠎ᠶ᠋ᠢ ᠬᠤᠳᠠᠯᠳᠤᠨ ᠠᠪᠴᠤ᠌᠂ ᠤᠨᠢᠨ ᠳᠡᠭᠡᠷ᠎ᠠ ᠨᠢ ᠶᠠᠳᠠᠭᠤ᠎ᠡᠴᠡ ᠠᠩᠭᠢᠵᠢᠷᠠᠭᠤᠯᠬᠤ ᠪᠤᠭᠤᠮᠳᠠ ᠰᠢᠪᠳᠤᠯᠬᠤ ᠳᠠᠢᠯᠠᠯᠳᠤᠭᠠᠨ᠎ᠳᠤ ᠢᠳᠡᠪᠬᠢᠲᠡᠶ ᠣᠷᠣᠯᠴᠠᠪᠠ᠂ ᠵᠥᠪᠬᠡᠨ ᠡᠨᠡ ᠨᠢᠭᠡ ᠵᠦᠶ᠋ᠯ᠎ᠨᠢ ᠵᠢᠯ ᠪᠦᠷᠢ ᠶᠠᠳᠠᠭᠤ ᠬᠦᠴᠢᠷᠳᠡᠯᠲᠡᠶ ᠡᠷᠦᠬᠡ᠎ᠳᠦ 10 ᠭᠠᠷᠤᠶ ᠲᠦᠮᠡᠨ ᠲᠥᠭᠥᠷᠢᠭ᠎ᠦᠨ ᠠᠱᠢᠭ ᠬᠦᠷᠲᠡᠭᠡᠪᠡ᠃ 2019 ᠣᠨ᠎ᠳᠤ 《ᠥᠪᠡᠷᠲᠡᠭᠡᠨ ᠵᠠᠰᠠᠬᠤ ᠣᠷᠣᠨ᠎ᠤ ᠶᠠᠳᠠᠭᠤ᠎ᠶ᠋ᠢ ᠲᠡᠳᠬᠦᠬᠦ᠌ ᠳᠠᠭᠠᠭᠤᠯᠤᠭ᠍ᠴᠢ ᠠᠵᠤ ᠠᠬᠤᠢᠯᠠᠯ》 ᠵᠢᠡᠷ ᠨᠡᠷᠡᠢᠳᠦᠭᠳᠡᠪᠡ᠃
ᠱᠢᠶᠦ᠋ᠩ ᠱᠸᠤ ᠵᠢᠶᠦ᠋ᠨ ᠦᠷᠭᠦᠯᠵᠢ ᠡᠷᠬᠢᠨ ᠲᠣᠭᠣᠷᠢᠨ᠎ᠤ ᠤᠯᠠᠨ ᠲᠦᠮᠡᠨ᠎ᠢ ᠬᠠᠪᠰᠤᠷᠤᠨ ᠦᠢᠯᠡᠳᠪᠦᠷᠢᠯᠡᠯ ᠠᠮᠢᠳᠤᠷᠠᠯ᠎ᠤᠨ ᠳᠤᠮᠳᠠᠬᠢ ᠬᠦᠴᠢᠷ ᠠᠰᠠᠭᠤᠳᠠᠯ᠎ᠢ ᠨᠢ ᠱᠢᠢᠳᠪᠦᠷᠢᠯᠡᠵᠦ᠍ ᠦᠭ᠌ᠳᠡᠭ᠂ ᠪᠦᠷᠢᠨ ᠪᠤᠰᠤ ᠪᠦᠷᠢᠳᠭᠡᠯ᠎ᠢ ᠦᠨᠳᠦᠰᠦᠯᠡᠪᠡᠯ᠂ 1992 ᠣᠨ᠎ᠡᠴᠡ ᠤᠳᠤ ᠪᠣᠯᠲᠠᠯ᠎ᠠ᠂ ᠡᠢᠮᠦᠷᠬᠦᠦ ᠲᠤᠰᠠᠯᠠᠵᠤ ᠬᠠᠪᠰᠤᠷᠤᠬᠰᠠᠨ ᠬᠦᠮᠦᠨ ᠨᠡᠢ᠌ᠳᠡ 1000 ᠭᠠᠷᠤᠢ ᠬᠥᠮᠦᠨ ᠤᠳᠠᠭ᠎ᠠ᠎ᠳᠤ ᠬᠦᠷᠴᠦ᠍᠂ ᠲᠤᠰᠠᠯᠠᠮᠵᠢ ᠪᠠ ᠬᠠᠪᠰᠤᠷᠤᠯᠭ᠎ᠠ᠎ᠶ᠋ᠢᠨ ᠵᠣᠭᠣᠰ ᠮᠥᠩᠭᠥ᠌ ᠡᠳ᠋ ᠪᠣᠳᠠᠰ ᠨᠡᠢ᠌ᠳᠡ 40 ᠭᠠᠷᠤᠢ ᠲᠦᠮᠡᠨ ᠲᠥᠭᠥᠷᠢᠭ᠎ᠲᠦ ᠬᠦᠷᠴᠡᠢ᠃ ᠲᠡᠷᠡ 15 ᠲᠦᠮᠡᠨ ᠲᠥᠭᠥᠷᠢᠭ᠎ᠦᠨ ᠪᠡᠯᠡ ᠴᠤᠭ᠍ᠯᠠᠭᠤᠯᠵᠤ᠂ ᠮᠢᠨ ᠱᠢᠶᠠᠨ ᠲᠣᠰᠭᠣᠨ᠎ᠤ 1᠂ 2᠂ 3᠂ 7 ᠳ᠋ᠤᠭᠠᠷ ᠲᠤᠭᠤᠢᠯᠠᠩ᠎ᠤᠨ ᠤᠯᠠᠨ ᠲᠦᠮᠡᠨ᠎ᠦ ᠤᠤᠭᠤᠬᠤ ᠤᠰᠤᠨ᠎ᠤ ᠠᠰᠠᠭᠤᠳᠠᠯ᠎ᠢ ᠲᠤᠢᠯᠪᠤᠷᠢᠲᠠᠢ ᠱᠢᠢᠳᠪᠦᠷᠢᠯᠡᠪᠡ; ᠮᠢᠨ ᠱᠢᠶᠠᠨ ᠲᠣᠰᠭᠣᠨ ᠤ1 ᠳ᠋ᠤᠭᠡᠷ ᠲᠤᠭᠤᠢᠯᠠᠩ ᠳ᠋ᠤ ᠲᠠᠷᠢᠶᠠᠯᠠᠩ᠎ᠤᠨ ᠰᠤᠪᠠᠭ ᠮᠠᠯᠲᠠᠵᠤ ᠦᠭᠴᠤ᠂ 400 ᠭᠠᠷᠤᠶ ᠮᠦ᠍ ᠲᠠᠷᠢᠶᠠᠨ ᠭᠠᠵᠠᠷ᠎ᠤᠨ ᠤᠰᠤ ᠵᠠᠯᠠᠬᠤ ᠠᠰᠠᠭᠤᠳᠠᠯ᠎ᠢ ᠱᠢᠶ᠋ᠳᠪᠦᠷᠢᠯᠡᠵᠦ᠍᠂ ᠲᠠᠷᠢᠶ᠎ᠠ ᠲᠥᠮᠥᠰᠥ᠎ᠶ᠋ᠢ ᠤᠰᠤᠲᠤᠬᠤ ᠡᠴᠡ ᠰᠡᠷᠬᠡᠢᠯᠡᠪᠡ ; ᠱᠢᠶᠣᠤ ᠨᠠᠨ ᠴᠢᠦᠶ ᠰᠤᠪᠠᠭ᠎ᠢ ᠵᠠᠰᠠᠵᠤ᠂ 160 ᠡᠷᠦᠬᠡ᠎ᠶ᠋ᠢᠨ ᠤᠰᠤᠯᠠᠯᠲᠠ᠎ᠶ᠋ᠢᠨ ᠬᠦᠴᠢᠷ ᠠᠰᠠᠭᠤᠳᠠᠯ᠎ᠢ ᠱᠢᠶ᠋ᠳᠪᠦᠷᠢᠯᠡᠵᠦ᠍᠂ ᠲᠠᠷᠢᠶᠠᠨ ᠭᠠᠵᠠᠷ᠎ᠤᠨ ᠤᠰᠤᠯᠠᠯᠲᠠ᠎ᠶ᠋ᠢ ᠨᠠᠩ ᠤᠷᠤᠭ᠍ᠰᠢᠲᠠᠶ ᠪᠣᠯᠭᠠᠪᠠ᠃
5. ᠾᠦᠸᠸ ᠱ᠌ᠢ ᠵᠦ᠍᠄ ᠦᠨᠡᠨᠴᠢ ᠢᠲᠡᠭᠡᠮᠵᠢᠲᠡᠶ ᠪᠠᠢᠬᠤ ᠤᠤᠷ ᠴᠢᠨᠠᠷ᠎ᠢᠶᠠᠨ ᠪᠠᠲᠤ ᠰᠠᠬᠢᠵᠤ᠂ ᠬᠦᠦ ᠨᠢ ᠠᠵᠠ ᠪᠤᠰᠤ᠎ᠪᠡᠷ ᠨᠠᠰᠤ ᠪᠠᠷᠠᠭ᠍ᠰᠠᠨ᠎ᠤ ᠳᠠᠷᠠᠭ᠎ᠠ᠂ ᠰᠠᠨᠠᠭᠠᠴᠢᠯᠠᠭ᠎ᠠ᠎ᠡᠴᠡ᠎ᠪᠠᠨ 43 ᠲᠦᠮᠡᠨ ᠲᠥᠭᠥᠷᠢᠭ᠎ᠦᠨ ᠥᠷᠢ ᠵᠢ ᠨᠢ ᠡᠭᠦᠷᠭᠡᠯᠡᠭ᠌ᠰᠡᠨ᠎ᠦ ᠬᠠᠮᠲᠤ ᠠᠢᠯ ᠰᠠᠭᠠᠬᠠᠯᠲᠠ᠎ᠪᠠᠨ ᠳᠠᠢᠴᠢᠯᠠᠨ ᠪᠠᠶᠠᠵᠢᠪᠠ
ᠡᡁᠦᠢ᠍ᠸᠸ ᠱ᠌ᠢ ᠵᠦ᠍ ᠠᠵᠢᠯᠴᠢ ᠬᠥᠳᠡᠯᠮᠦᠷᠢᠴᠢ ᠬᠣᠶᠠᠷ ᠭᠠᠷ ᠪᠣᠯᠤᠨ ᠬᠠᠳᠠᠨ ᠵᠣᠷᠢᠭ᠎ᠲᠠᠭᠠᠨ ᠲᠦᠱᠢᠭ᠌ᠯᠡᠨ᠂ ᠶᠠᠳᠠᠭᠤ᠎ᠶ᠋ᠢ ᠲᠡᠳᠬᠦᠬᠦ᠌ ᠺᠠᠳ᠋ᠷ᠎ᠤᠨ ᠨᠠᠷᠢᠨ ᠨᠢᠮᠪᠠᠢ ᠬᠠᠪᠰᠤᠷᠤᠯᠭ᠎ᠠ ᠳᠡᠮᠵᠢᠯᠭᠡ ᠳᠣᠣᠷ᠎ᠠ᠂ ᠲᠠᠪᠤᠨ ᠵᠢᠯ᠎ᠦᠨ ᠬᠤᠭᠤᠴᠠᠭ᠎ᠠ ᠬᠡᠷᠡᠭ᠌ᠰᠡᠵᠦ᠍᠂ 43 ᠲᠦᠮᠡᠨ ᠲᠥᠭᠥᠷᠢᠭ᠎ᠦᠨ ᠥᠷᠢ᠎ᠪᠡᠨ ᠪᠦᠬᠦᠨ᠎ᠢ ᠲᠦᠯᠦᠵᠦ᠍ ᠳᠠᠭᠤᠰᠭᠠᠭ᠍ᠰᠠᠨ᠎ᠤ ᠬᠠᠮᠲᠤ ᠶᠠᠳᠠᠭᠤ ᠬᠦᠴᠢᠷᠳᠡᠯᠲᠡᠢ ᠡᠷᠦᠬᠡ ᠪᠠᠢᠭ᠍ᠰᠠᠨ᠎ᠡᠴᠡ᠎ᠪᠠᠨ ᠪᠠᠶᠠᠵᠢᠯ᠎ᠤᠨ ᠲᠠᠭᠠᠭᠤᠯᠤᠬ᠍ᠴᠢ ᠪᠣᠯᠤᠭ᠍ᠰᠠᠨ ᠬᠤᠪᠢᠷᠠᠯᠲᠠ᠎ᠶ᠋ᠢ ᠪᠡᠶᠡᠯᠡᠭᠦᠯᠪᠡ᠃ ᠲᠡᠷᠡ ᠥᠪᠡᠷ᠎ᠦᠨ ᠬᠠᠭᠠᠰ ᠨᠠᠰᠤᠨ᠎ᠤ ᠬᠠᠳᠠᠭᠤᠵᠢᠯᠳᠠᠢ ᠦᠨᠭᠭᠡᠷᠡᠯᠲᠡᠪᠡᠷᠢᠶᠠᠨ᠄ ᠬᠥᠮᠦᠨ ᠢᠲᠡᠭᠡᠯ ᠦᠭᠡᠢ ᠪᠣᠯ ᠤᠷᠤᠰᠢᠨ ᠲᠣᠭ᠍ᠲᠠᠵᠤ ᠴᠢᠳᠠᠬᠤ ᠦᠭᠡᠢ᠂ ᠡᠨᠡ ᠬᠦ᠌ ᠢᠳᠡᠭᠡᠯ ᠪᠣᠯ ᠪᠤᠰᠤᠳ᠎ᠲᠤ ᠠᠮᠠᠯᠠᠭᠰᠠᠨ ᠠᠮᠠᠯᠠᠯᠲᠠ᠂ ᠥᠪᠡᠷ᠎ᠦᠨ ᠪᠡᠶ᠎ᠡ᠎ᠳᠡᠭᠡᠨ ᠲᠠᠯᠪᠢᠭᠰᠠᠨ ᠬᠠᠷᠢᠭᠤᠴᠠᠯᠭ᠎ᠠ᠂ ᠨᠡᠩ ᠴᠤ᠌ ᠨᠠᠮ᠎ᠳᠠᠭᠠᠨ ᠡᠷᠬᠦᠭᠰᠡᠨ ᠭᠦᠨ ᠲᠠᠯᠠᠷᠬᠠᠯ ᠭᠡᠳᠡᠭ᠎ᠢ ᠭᠡᠷᠡᠴᠢᠯᠡᠪᠡ᠃
ᠨᠤᠭᠤᠷᠠᠯ ᠪᠦᠳᠦᠷᠢᠯ᠎ᠳᠦ ᠤᠴᠠᠷᠠᠵᠤ ᠠᠮᠢᠳᠤᠷᠠᠯ ᠨᠢ ᠬᠦᠴᠢᠷᠳᠡᠯ᠎ᠳᠦ ᠲᠤᠯᠭᠠᠷᠠᠪᠠ᠃ 2015 ᠣᠨ᠎ᠳᠤ᠂ ᠡᡁᠦᠢ᠍ᠸᠸ ᠱ᠌ᠢ ᠵᠦ᠍᠎ᠵᠢᠨ ᠬᠦᠦ ᠨᠢ ᠭᠡᠷ ᠪᠦᠯᠢ᠎ᠶ᠋ᠢᠨ ᠠᠮᠢᠳᠤᠷᠠᠯ᠎ᠢᠶᠠᠨ ᠰᠠᠢᠵᠢᠷᠠᠭᠤᠯᠬᠤ᠎ᠶ᠋ᠢᠨ ᠲᠥᠯᠥᠭᠡ᠂ ᠵᠢᠭᠡᠯᠡᠯᠭᠡ ᠠᠪᠴᠤ ᠭᠠᠵᠠᠷ ᠱᠢᠷᠣᠢ ᠲᠠᠭᠠᠭᠠᠴᠢᠯᠠᠨ ᠮᠣᠳᠣ ᠲᠠᠷᠢᠵᠤ ᠴᠢᠬᠢ ᠮᠣᠳᠣ ᠪᠣᠢᠵᠢᠭᠤᠯᠪᠠ᠃ ᠲᠤᠬᠠᠢ ᠵᠢᠨ ᠵᠢᠯ᠎ᠤᠨ 9 ᠰᠠᠷ᠎ᠠ᠎ᠶ᠋ᠢᠨ 18 ᠤ᠋ ᠡᠳᠦᠷ ᠬᠦᠦ ᠨᠢ ᠲᠷᠠᠺᠲ᠋ᠣᠷ ᠵᠢᠯᠣᠭᠣᠳᠴᠤ᠌ ᠴᠢᠬᠢ ᠮᠣᠳᠣ ᠵᠥᠭᠡᠭᠡᠪᠦᠷᠢᠯᠡᠵᠦ᠍ ᠪᠠᠢᠭᠠᠳ ᠲᠡᠷᠭᠡᠨ ᠡᠨᠳᠡᠯ ᠭᠠᠷᠴᠤ᠌ ᠨᠠᠰᠤ ᠪᠠᠷᠠᠵᠠᠢ᠃ ᠦᠷ᠎ᠡ᠎ᠪᠡᠨ ᠠᠯᠳᠠᠭ᠍ᠰᠠᠨ ᠵᠣᠪᠠᠯᠠᠩ ᠨᠢ ᠾᠦᠸᠧ ᠱ᠌ᠢ ᠵᠦ᠍ᠶ᠋ᠢ ᠡᠳᠦᠷᠵᠢᠨ ᠨᠢᠯᠪᠤᠰᠤᠨ᠎ᠳᠦ ᠲᠡᠪᠳᠦᠭᠡᠵᠦ᠂ ᠬᠥᠳᠡᠯᠮᠦᠷᠢᠯᠡᠬᠦ᠌ ᠰᠡᠳᠭᠢᠯ ᠦᠭᠡᠢ ᠪᠣᠯᠭᠠᠵᠤ᠂ ᠨᠠᠰᠤᠲᠠᠨ᠎ᠢ ᠵᠤᠪᠠᠯᠠᠩ᠎ᠤᠨ ᠲᠠᠯᠠᠢ᠎ᠳᠦ ᠤᠨᠠᠭᠠᠪᠠ᠃ ᠲᠡᠷᠡ ᠴᠢᠨᠠᠬᠰᠢᠯᠠᠨ ᠡᠳᠦᠷᠵᠢᠨ ᠬᠠᠨᠵᠤᠨ ᠳᠡᠭᠡᠷ᠎ᠡ᠎ᠪᠡᠨ ᠬᠡᠪᠲᠡᠵᠦ᠍ ᠠᠷᠢᠬᠢ ᠤᠤᠭᠤᠵᠤ ᠤᠢᠳᠭᠠᠷ᠎ᠢᠶᠠᠨ ᠰᠡᠷᠭᠦᠭᠡᠵᠦ᠍ ᠵᠤᠪᠠᠯᠠᠨᠭᠳᠤ ᠠᠮᠢᠳᠤᠷᠠᠯ᠎ᠢ ᠦᠨᠭᠭᠡᠷᠡᠭᠦᠯᠦᠨᠡ᠃
ᠢᠲᠡᠭᠡᠯ ᠵᠣᠷᠢᠭ᠎ᠢᠶᠠᠨ ᠬᠥᠪᠴᠢᠯᠡᠵᠦ᠍ ᠵᠣᠷᠢᠭ᠍ᠲᠠᠶ᠎ᠪᠠᠷ ᠥᠷᠢ ᠪᠠᠨ ᠲᠥᠯᠥᠪᠡ᠃ ᠬᠠᠪᠰᠤᠷᠤᠨ ᠲᠡᠳᠬᠦᠬᠦ᠌ ᠨᠢᠭᠡᠴᠢ᠎ᠶ᠋ᠢᠨ ᠬᠢᠨ ᠬᠦᠯᠢᠴᠡᠩᠭᠦᠢ ᠪᠥᠭᠡᠳ ᠨᠠᠷᠢᠨ ᠨᠢᠮᠪᠠᠢ ᠬᠠᠪᠰᠤᠷᠤᠨ ᠲᠡᠳᠬᠦᠵᠦ᠍ ᠢᠳᠭᠠᠨ ᠰᠠᠨᠠᠭᠤᠯᠤᠭ᠍ᠰᠠᠨ᠎ᠢᠶᠠᠷ᠂ ᠡᡁᠦᠢ᠍ᠸᠸ ᠱ᠌ᠢ ᠵᠦ᠍ ᠡᠬᠡᠨᠡᠷᠲᠡᠶᠪᠡᠨ ᠬᠤᠶᠠᠭᠤᠯᠠ ᠠᠮᠢᠳᠤᠷᠠᠯ᠎ᠤᠨ ᠬᠦᠰᠡᠯ ᠡᠷᠡᠮᠡᠯᠵᠡᠯ᠎ᠢᠶᠡᠨ ᠳᠠᠬᠢᠨ ᠡᠯᠬᠦᠵᠤ ᠠᠪᠴᠠᠢ᠃ ᠦᠭᠡ ᠳᠠᠭᠤ ᠴᠦᠬᠡᠨᠳᠠᠢ ᠲᠠᠷᠢᠶᠠᠴᠢᠨ ᠡᠷ᠎ᠡ ᠡᡁᠦᠢ᠍ᠸᠸ ᠱ᠌ᠢ ᠵᠦ᠍ ᠠᠩᠬ᠎ᠠ ᠤᠳᠠᠭ᠎ᠠ ᠦᠭᠡᠷ᠎ᠡ ᠬᠥᠮᠦᠨ᠎ᠦ ᠡᠮᠦᠨ᠎ᠡ ᠳᠠᠭᠤ ᠠᠯᠳᠠᠨ ᠤᠬᠢᠯᠠᠪᠠ᠄《ᠬᠥᠮᠦᠨ ᠪᠢᠳᠠᠨ᠎ᠲᠡᠶ ᠰᠠᠳᠤᠨ ᠪᠢᠰᠢ᠂ ᠦᠩᠬᠡᠷᠡᠭᠰᠡᠨ ᠳ᠋ᠤ ᠲᠠᠨᠢᠬᠤ ᠪᠡᠷ ᠴᠤ᠌ ᠦᠬᠡᠢ ᠪᠠᠢᠳᠠᠯ᠎ᠠ ᠢᠩᠭᠢᠵᠦ᠍ ᠦᠨᠡᠨ ᠰᠡᠳᠭᠢᠯ᠎ᠡᠴᠡ᠎ᠪᠡᠨ ᠪᠢᠳᠡᠨ᠎ᠢ ᠬᠠᠪᠰᠤᠷᠤᠨ᠎ᠠ᠂ ᠪᠢᠳᠡ ᠵᠤᠷᠢᠭ ᠲᠠᠢ ᠠᠮᠢᠳᠤᠷᠠᠬᠤ ᠦᠭᠡᠢ ᠪᠣᠯ ᠬᠥᠮᠦᠨ᠎ᠳᠦ ᠣᠰᠣᠯᠳᠠᠨ᠎ᠠ᠃ ᠪᠢ ᠠᠮᠢᠳᠤ ᠪᠠᠢᠳᠠᠭ ᠯᠠ ᠶᠤᠮ ᠪᠣᠯ ᠤᠯᠠᠨ᠎ᠤ ᠨᠢᠭᠡ ᠮᠥᠩᠭᠥ᠌ ᠵᠢ ᠴᠦ᠍ ᠳᠤᠲᠠᠭᠤᠯᠬᠤ ᠦᠭᠡᠢ》! ᠢᠩᠭᠢᠭᠡᠳ ᠡᡁᠦᠢ᠍ᠸᠸ ᠱ᠌ᠢ ᠵᠦ᠍ ᠥᠪᠡᠷ᠎ᠦᠨ ᠪᠡᠶ᠎ᠡ᠎ᠳᠡᠭᠡᠨ ᠬᠠᠮᠢᠶ᠎ᠠ ᠦᠭᠡᠶ ᠥᠷᠢ᠎ᠵᠢ ᠲᠦᠯᠦᠬᠦ ᠪᠡᠷ ᠰᠢᠳᠤ ᠵᠠᠭᠤᠬᠰᠠᠨ ᠪᠠᠢᠨ᠎ᠠ᠃
ᠡᡁᠦᠢ᠍ᠸᠸ ᠱ᠌ᠢ ᠵᠦ᠍ ᠰᠡᠳᠭᠢᠬᠦᠢ᠎ᠪᠡᠨ ᠬᠤᠪᠢᠷᠠᠭᠤᠯᠵᠤ᠂ ᠲᠠᠷᠢᠮᠠᠯ᠎ᠤᠨ ᠪᠦᠲᠦᠴᠡ᠎ᠳᠦ ᠲᠣᠬᠢᠷᠠᠭᠤᠯᠤᠯᠲᠠ ᠬᠢᠵᠦ᠍ ᠠᠵᠤ ᠠᠬᠤᠶ᠎ᠶ᠋ᠢᠨ ᠲᠠᠷᠢᠮᠠᠯ᠎ᠢ ᠬᠥᠭ᠌ᠵᠢᠭᠦᠯᠵᠦ᠍᠂ ᠲᠠᠷᠢᠵᠤ ᠡᠳ᠋ᠱᠢᠭᠦᠯᠦᠨ ᠪᠣᠷᠣᠯᠠᠭᠤᠯᠬᠤ ᠵᠠᠮ᠎ᠢᠶᠠᠷ ᠵᠠᠮᠨᠠᠪᠠ᠃ ᠲᠡᠷᠡ ᠦᠪᠡᠷ᠎ᠤᠨ ᠲᠠᠷᠢᠬᠰᠠᠨ ᠶᠤᠸ᠋ᠮᠠᠶᠪᠠᠨ ᠡᠳ᠋ᠱᠢᠭᠦᠯᠵᠦ ᠪᠣᠭᠣᠳᠠᠯᠯᠠᠭ᠍ᠰᠠᠨᠤ ᠳᠠᠷᠠᠭ᠎ᠠ ᠬᠠᠪᠰᠤᠷᠤᠨ ᠲᠡᠳᠬᠦᠬᠦ᠌ ᠺᠠᠳ᠋ᠷ᠎ᠲᠤ ᠨᠠᠢᠳᠠᠨ ᠪᠣᠷᠣᠯᠠᠭᠤᠯᠬᠤ᠎ᠶ᠋ᠢᠨ ᠬᠠᠮᠲᠤ ᠨᠡᠷᠡᠨ ᠬᠤᠸᠠᠷ᠎ᠤᠨ ᠦᠷ᠎ᠡ᠂ ᠰᠣᠩᠭᠢᠨ᠎ᠠ᠂ ᠵᠦᠷᠵᠢᠮᠰᠡᠭ ᠬᠡᠮᠬᠡ᠂ ᠴᠠᠰᠤᠨ ᠤᠳᠪᠠᠯᠠ ᠵᠡᠷᠭᠡ ᠤᠯᠠᠨ ᠵᠦᠢᠯ᠎ᠤᠨ ᠲᠠᠷᠢᠮᠠᠯ ᠳᠠᠷᠢᠵᠤ᠂ ᠬᠡᠷ ᠤ᠋ᠨ ᠵᠢᠡᠨ ᠬᠦᠷᠢᠶ᠎ᠡ ᠬᠠᠰᠢᠶᠠᠨ᠎ᠳᠠᠭᠠᠨ ᠲᠠᠬᠢᠶ᠎ᠠ ᠲᠡᠵᠢᠭᠡᠬᠦ᠌᠂ ᠬᠣᠨᠢ ᠲᠡᠵᠢᠭᠡᠬᠦ᠌ ᠵᠡᠷᠭᠡ ᠲᠤᠰᠠᠯᠠᠬᠤ ᠠᠵᠤ ᠦᠶ᠋ᠯᠡᠰ ᠢ ᠡᠷᠬᠢᠯᠡᠪᠡ᠃ ᠲᠡᠷᠡ ᠡᠳᠦᠷ ᠨᠢ ᠲᠠᠷᠢᠶ᠎ᠠ ᠲᠠᠷᠢᠵᠤ᠂ ᠲᠠᠷᠢᠶ᠎ᠠ ᠪᠠᠨ ᠤᠰᠤᠯᠠᠵᠤ᠂ ᠣᠷᠣᠢ ᠨᠢ ᠦᠷᠢ ᠪᠠᠨ ᠲᠦᠯᠦᠬᠦ ᠲᠥᠯᠥᠪᠯᠡᠭᠡ᠎ᠪᠡᠨ ᠪᠣᠳᠣᠨ᠎ᠠ᠃ ᠨᠢᠬᠡᠨᠳᠡ ᠲᠠᠪᠢ ᠭᠠᠷᠤᠭ᠍ᠰᠠᠨ ᠲᠡᠷᠡᠪᠡᠷ ᠭᠤᠷᠪᠠᠨ ᠬᠤᠪᠢ ᠠᠵᠢᠯ ᠬᠢᠵᠦ᠍᠂ ᠡᠳᠦᠷ ᠪᠦᠷᠢ ᠬᠠᠳᠠᠭᠤᠵᠢᠯᠳᠠᠢ ᠠᠵᠢᠯᠯᠠᠨ᠂ ᠬᠥᠯᠥᠰᠥ᠍ ᠪᠠᠨ ᠤᠷᠤᠰᠬᠠᠨ ᠤᠯᠤᠭᠰᠠᠨ ᠮᠥᠩᠭᠥ ᠨᠢᠬᠡ ᠪᠦᠷᠢ ᠪᠠᠨ ᠪᠦᠷ ᠤᠯᠠᠭᠠᠨ ᠴᠠᠭᠠᠰᠤ᠎ᠪᠠᠷ ᠪᠠᠭ᠍ᠯᠠᠵᠤ ᠥᠷᠢ᠎ᠶ᠋ᠢᠨ ᠡᠵᠡᠳ᠎ᠲᠦ ᠬᠦᠷᠭᠡᠨ᠎ᠡ᠃ ᠡᠢᠮᠦᠷᠬᠦᠦ ᠭᠠᠩ ᠬᠠᠲᠠᠭᠤ ᠵᠣᠷᠢᠭ᠎ᠲᠠᠭᠠᠨ ᠲᠦᠱᠢᠭ᠌ᠯᠡᠨ᠂ ᠡᡁᠦᠢ᠍ᠸᠸ ᠱ᠌ᠢ ᠵᠦ᠍ 5 ᠵᠢᠯ᠎ᠦᠨ ᠬᠤᠭᠤᠴᠠᠭᠠᠨ᠎ᠳᠤ 43 ᠲᠦᠮᠡᠨ ᠲᠥᠭᠥᠷᠢᠭ᠎ᠦᠨ ᠥᠷᠢ᠎ᠵᠢ ᠳᠥᠯᠥᠵᠦ᠍ ᠳᠠᠭᠤᠰᠭᠠᠵᠠᠶ᠃
ᠦᠨᠡᠨᠴᠢ ᠢᠲᠡᠭᠡᠮᠵᠢᠲᠡᠶ ᠪᠡᠷ ᠡᠵᠡᠩᠨᠡᠵᠦ ᠱᠢᠨ᠎ᠡ ᠬᠠᠭᠤᠳᠠᠰᠤ ᠵᠢ ᠪᠢᠴᠢᠭᠯᠡᠪᠡ᠃ ᠲᠡᠷᠡ ᠪᠣᠬᠢᠷᠲᠤᠯ ᠦᠭᠡᠢ᠎ᠪᠡᠷ ᠲᠠᠷᠢᠬᠤ᠎ᠶ᠋ᠢ ᠪᠠᠷᠢᠮᠲᠠᠯᠠᠵᠤ᠂ ᠲᠠᠷᠢᠶᠠᠯᠠᠩ᠎ᠤᠨ ᠪᠦᠲᠦᠭᠡᠭ᠌ᠳᠡᠬᠦᠨ᠎ᠦ ᠪᠣᠭᠣᠳᠠᠯ ᠳᠡᠭᠡᠷ᠎ᠡ 《ᠡᠭᠡᠯ ᠪᠣᠷᠣᠭ᠍ᠵᠢᠭᠤᠨ ᠬᠦᠳᠡᠭᠡ᠎ᠶ᠋ᠢᠨ ᠬᠥᠮᠦᠨ》 ᠭᠡᠬᠦ᠌ ᠦᠰᠦᠭ ᠰᠡᠢᠯᠦᠭᠰᠡᠨ ᠪᠦᠬᠡᠳ ᠨᠢᠭᠡ ᠨᠠᠰᠤ ᠪᠡᠷ ᠵᠢᠡᠨ ᠡᠳᠡᠭᠡᠷ ᠬᠡᠳᠦᠨ ᠦᠰᠦᠭ᠎ᠢ ᠦᠢᠯᠡᠳᠦᠯᠭᠡᠵᠢᠭᠦᠯᠦᠭᠰᠡᠭᠡᠷ ᠢᠷᠡᠪᠡ᠃ ᠰᠦᠯᠵᠢᠶᠡᠨ ᠳᠡᠭᠡᠷ᠎ᠡ ᠪᠤᠰᠤᠳ ᠬᠥᠮᠦᠨ ᠭᠤᠴᠢᠨ ᠲᠥᠭᠥᠷᠢᠭ ᠵᠢᠡᠷ ᠨᠢᠭᠡ ᠯᠠᠰᠠ ᠴᠠᠰᠤᠨ ᠤᠳᠪᠠᠯᠠ ᠬᠤᠳᠠᠯᠳᠤᠨ᠎ᠠ᠂ ᠲᠡᠷᠡ ᠵᠥᠪᠬᠡᠨ ᠠᠷᠪᠠᠨ ᠲᠥᠭᠥᠷᠢᠭ ᠵᠢᠡᠷ ᠬᠤᠳᠠᠯᠳᠤᠨ᠎ᠠ᠃ ᠵᠠᠷᠢᠮ ᠬᠥᠮᠦᠨ ᠲᠡᠭᠦᠨ᠎ᠡᠴᠡ ᠶᠠᠭᠤᠨ᠎ᠳᠤ ᠡᠢᠮᠦ ᠬᠢᠮᠳᠠ ᠪᠡᠷ ᠬᠤᠳᠠᠯᠳᠤᠬᠤ ᠪᠤᠢ ᠭᠡᠵᠦ᠍ ᠠᠰᠠᠭᠤᠭ᠍ᠰᠠᠨ᠎ᠳᠤ᠂ ᠲᠡᠷᠡ᠄《ᠪᠦᠷ ᠬᠦᠷᠦᠰᠦ ᠱᠢᠷᠣᠢ᠎ᠠᠴᠠ ᠢᠷᠡᠭᠰᠡᠨ᠂ ᠨᠢᠩᠵᠢᠨ ᠰᠡᠳᠭᠢᠯ᠎ᠢ ᠶᠠᠭᠠᠬᠢᠵᠤ ᠬᠠᠨᠭᠰᠢᠯᠠᠬᠤ ᠪᠣᠶ? 》 ᠬᠡᠵᠤ ᠢᠨᠢᠶᠡᠭᠡᠳ ᠦᠩᠬᠡᠷᠡᠬᠦᠯᠦᠨᠡ᠃ ᠲᠡᠬᠦᠨ᠎ᠤ ᠬᠦᠮᠦᠨ ᠮᠦᠰᠦ ᠨᠢ ᠨᠠᠩ ᠤᠯᠠᠨ ᠬᠦᠮᠦᠨ ᠳ᠋ᠤ ᠲᠠᠨᠢᠬᠳᠠᠵᠤ᠂ ᠮᠠᠰᠢ ᠣᠯᠠᠨ ᠬᠠᠭᠤᠴᠢᠨ ᠬᠡᠷᠡᠭ᠌ᠯᠡᠭ᠌ᠴᠢ ᠲᠠᠢ ᠪᠤᠯᠵᠠᠢ᠃
ᠠᠢᠯ ᠰᠠᠭᠠᠬᠠᠯᠲᠠ᠎ᠪᠠᠨ ᠳᠠᠢᠴᠢᠯᠠᠵᠤ ᠱᠢᠨ᠎ᠡ ᠰᠤᠷᠲᠠᠯ᠎ᠢ ᠪᠣᠶ ᠪᠣᠯᠭᠠᠪᠠ᠃ ᠡᡁᠦᠢ᠍ᠸᠸ ᠱ᠌ᠢ ᠵᠦ᠍ ᠵᠢᠨ ᠦᠢᠯᠡ ᠠᠵᠢᠯᠯᠠᠭ᠎ᠠ ᠲᠣᠰᠭᠣᠨ᠎ᠤ ᠲᠤᠮᠳᠠ ᠪᠠᠨ ᠳᠠᠭᠤᠷᠢᠰᠴᠤ᠌᠂ ᠲᠡᠷᠡ ᠥᠪᠡᠷ᠎ᠢᠶᠡᠨ ᠪᠠᠶᠠᠵᠢᠭ᠍ᠰᠠᠨ᠎ᠢᠶᠠᠷ ᠪᠠᠷᠠᠬᠤ ᠦᠭᠡᠢ ᠪᠠᠰᠠ ᠨᠤᠲᠤᠭ᠎ᠤᠨ ᠤᠯᠠᠨ᠎ᠢᠶᠡᠨ ᠲᠠᠢᠴᠢᠯᠠᠨ ᠪᠠᠶᠠᠵᠢᠬᠤ ᠲᠠᠭᠠᠭᠤᠯᠤᠬ᠍ᠴᠢ ᠪᠣᠯᠪᠠ᠃ ᠲᠡᠭᠦᠨ᠎ᠦ ᠲᠠᠭᠠᠭᠤᠯᠭ᠎ᠠ ᠪᠠ ᠬᠠᠪᠰᠤᠷᠤᠯᠭ᠎ᠠ ᠳᠣᠣᠷ᠎ᠠ᠂ ᠡᠷᠬᠢᠨ ᠲᠣᠭᠣᠷᠢᠨ᠎ᠤ 15 ᠪᠠᠢᠭᠠᠯᠢ ᠲᠣᠰᠭᠣᠨ᠎ᠤ 10 ᠭᠠᠷᠤᠢ ᠡᠷᠦᠬᠡ᠎ᠶ᠋ᠢᠨ ᠵᠢᠯ᠎ᠦᠨ ᠳᠤᠮᠳᠠᠴᠢ ᠣᠷᠣᠯᠭ᠎ᠠ ᠲᠦᠮᠡᠨ ᠲᠥᠭᠥᠷᠢᠭ᠎ᠢ ᠳᠠᠪᠠᠪᠠ᠃
ᠳᠥᠷᠪᠡ᠂ ᠠᠵᠢᠯ ᠦᠢᠯᠡᠰ᠎ᠢᠶᠡᠨ ᠳᠡᠭᠡᠳᠦᠯᠡᠵᠦ᠍ ᠬᠤᠪᠢ ᠨᠡᠮᠡᠷᠢ ᠦᠵᠡᠭᠦᠯᠦᠭ᠌ᠰᠡᠳ (5 ᠬᠥᠮᠦᠨ)
1. ᠯᠦᠸᠧ ᠯᠢᠶᠣᠤ ᠹᠦ᠋᠄ 60 ᠭᠠᠷᠤᠶ ᠵᠢᠯ᠎ᠦᠨ ᠲᠤᠷᠰᠢ ᠬᠢᠯᠢ ᠬᠢᠵᠠᠭᠠᠷ ᠣᠷᠣᠨ᠎ᠳᠤ ᠦᠨᠳᠦᠰᠦᠯᠡᠵᠦ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠦᠨ ᠠᠵᠢᠯ ᠬᠢᠵᠦ᠍᠂ 56 ᠳ᠋ᠣᠺᠲ᠋ᠣᠷ᠂ 150 ᠭᠠᠷᠤᠶ ᠠᠰᠫᠢᠷᠠᠨᠲ ᠬᠥᠮᠦᠵᠢᠭᠦᠯᠵᠦ᠍᠂ 300 ᠭᠠᠷᠤᠶ ᠡᠷᠳᠡᠮ ᠱᠢᠨᠵᠢᠯᠡᠭᠡᠨ᠎ᠦ ᠥᠭᠦᠯᠡᠯ ᠨᠡᠢᠲᠡᠯᠡᠭᠦᠯᠵᠦ᠍᠂ 6 ᠪᠣᠲᠢ ᠲᠤᠰᠭᠠᠶ ᠵᠣᠬᠢᠶᠠᠯ ᠪᠦᠳᠦᠭᠡᠯ ᠬᠡᠪᠯᠡᠭᠦᠯᠵᠡᠶ
ᠯᠦᠸᠧ ᠯᠢᠶᠣᠤ ᠹᠦ᠋ ᠤᠷᠳᠤ ᠬᠤᠭᠤᠴᠠᠭᠠᠨ᠎ᠤ ᠲᠤᠷᠰᠢ ᠤᠨᠤᠯ᠎ᠤᠨ ᠹᠢᠽᠢᠺ ᠵᠢᠴᠢ ᠰᠣᠯᠪᠢᠴᠠᠯ ᠱᠢᠨᠵᠢᠯᠡᠭᠡᠨ᠎ᠦ ᠬᠦᠷᠢᠶᠡᠨ᠎ᠳᠦ ᠠᠵᠢᠯ᠎ᠢᠶᠠᠨ ᠭᠦᠨᠵᠡᠭᠡᠢᠷᠡᠭᠦᠯᠵᠦ᠍᠂ ᠮᠠᠨ᠎ᠤ ᠤᠯᠤᠰ᠎ᠤᠨ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠦᠨ ᠦᠢᠯᠡᠰ᠎ᠦᠨ ᠬᠥᠭ᠌ᠵᠢᠯᠲᠡ᠎ᠳᠦ ᠭᠠᠷᠮᠠᠭᠠᠢ ᠬᠤᠪᠢ ᠨᠡᠮᠡᠷᠢ ᠦᠵᠡᠭᠦᠯᠪᠡ᠃ ᠱᠢᠨᠵᠢᠯᠡᠬᠦ᠌ ᠤᠬᠠᠭᠠᠨ᠎ᠤ ᠰᠤᠳᠤᠯᠭᠠᠨ᠎ᠢᠶᠠᠷ ᠤᠯᠤᠰ᠎ᠲᠠᠭᠠᠨ ᠵᠢᠳᠬᠦᠬᠦ᠌ ᠤᠭ ᠰᠠᠨᠠᠭ᠎ᠠ ᠪᠣᠯᠤᠨ ᠰᠤᠷᠭᠠᠨ ᠬᠥᠮᠦᠵᠢᠯ᠎ᠦᠨ ᠬᠥᠮᠦᠨ ᠬᠥᠮᠦᠵᠢᠭᠦᠯᠬᠦ᠌ ᠡᠭᠦᠷᠭᠡ ᠬᠠᠷᠢᠭᠤᠴᠠᠯᠭ᠎ᠠ᠎ᠶ᠋ᠢ ᠢᠮᠠᠭ᠍ᠲᠠ ᠪᠠᠲᠤ ᠰᠠᠬᠢᠵᠤ᠂ 《ᠨᠢᠭᠡ ᠨᠠᠰᠤ᠎ᠪᠠᠷ᠎ᠢᠶᠠᠨ ᠴᠢᠷᠮᠠᠢᠨ ᠲᠡᠮᠡᠴᠡᠬᠦ᠌》 ᠵᠣᠷᠢᠭ ᠰᠠᠨᠠᠭ᠎ᠠ᠎ᠪᠠᠷ ᠤᠨᠤᠯ᠎ᠤᠨ ᠹᠢᠽᠢᠺ ᠵᠢᠴᠢ ᠰᠣᠯᠪᠢᠴᠠᠯ ᠱᠢᠨᠵᠢᠯᠡᠭᠡᠨ᠎ᠦ ᠰᠤᠳᠤᠯᠭᠠᠨ᠎ᠳᠤ ᠭᠦᠨᠵᠡᠭᠡᠢᠷᠡᠵᠦ᠍᠂ ᠮᠥᠬᠥᠯᠢᠭ᠎ᠦᠨ ᠹᠢᠽᠢᠺ᠂ ᠥᠨᠳᠥᠷ ᠡᠨᠧᠷᠭᠢᠲᠦ ᠤᠳᠤᠨ ᠣᠷᠣᠨ᠎ᠤ ᠹᠢᠽᠢᠺ᠂ ᠤᠨᠤᠯ᠎ᠤᠨ ᠠᠮᠢᠳᠤ ᠪᠣᠳᠠᠰ᠎ᠤᠨ ᠹᠢᠽᠢᠺ ᠵᠢᠴᠢ ᠠᠮᠢᠳᠤ ᠪᠣᠳᠠᠰ᠎ᠤᠨ ᠮᠡᠳᠡᠭᠡ ᠵᠠᠩᠭᠢ᠎ᠶ᠋ᠢᠨ ᠤᠬᠠᠭᠠᠨ ᠵᠡᠷᠭᠡ ᠬᠦᠷᠢᠶᠡᠨ᠎ᠳᠦ᠂ ᠡᠷᠳᠡᠮ ᠱᠢᠨᠵᠢᠯᠡᠭᠡᠨ᠎ᠦ ᠰᠤᠳᠤᠯᠭᠠᠨ᠂ ᠴᠢᠳᠠᠪᠤᠷᠢᠲᠠᠨ᠎ᠢ ᠬᠥᠮᠦᠵᠢᠭᠦᠯᠬᠦ᠌᠂ ᠱᠢᠨᠵᠢᠯᠡᠭᠡᠨ᠎ᠦ ᠰᠠᠯᠠᠭᠠᠨ᠎ᠤ ᠪᠠᠢᠭᠤᠯᠤᠯᠲᠠ᠎ᠶ᠋ᠢᠨ ᠲᠠᠯ᠎ᠠ᠎ᠪᠠᠷ ᠦᠯᠡᠮᠵᠢ ᠦᠷ᠎ᠡ ᠪᠦᠲᠦᠭᠡᠯ ᠣᠯᠵᠤ᠂ ᠱᠢᠨ᠎ᠡ ᠴᠠᠭ ᠦᠶ᠎ᠡ᠎ᠶ᠋ᠢᠨ ᠱᠢᠨᠵᠢᠯᠡᠬᠦ᠌ ᠤᠬᠠᠭᠠᠨᠲᠠᠨ᠎ᠤ ᠡᠷᠬᠢᠮ ᠳᠡᠭᠡᠳᠦ ᠬᠡᠪ ᠴᠢᠨᠡᠷ᠎ᠢ ᠠᠮᠢᠳᠤᠯᠢᠭ᠎ᠢᠶᠠᠷ ᠲᠠᠢᠯᠪᠤᠷᠢᠯᠠᠵᠤ᠂ ᠬᠢᠯᠢ ᠬᠢᠵᠠᠭᠠᠷ᠎ᠤᠨ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠦᠨ ᠦᠢᠯᠡᠰ᠎ᠦᠨ ᠬᠥᠭ᠌ᠵᠢᠯᠲᠡ᠎ᠶ᠋ᠢᠨ ᠴᠢᠬᠤᠯᠠ ᠰᠠᠭᠤᠷᠢᠯᠠᠭ᠍ᠴᠢ ᠪᠣᠯᠪᠠ᠃
ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠥᠨᠳᠥᠷ ᠣᠷᠭᠢᠯ᠎ᠳᠤ ᠵᠣᠷᠢᠭ᠍ᠲᠠᠶ ᠠᠪᠠᠷᠢᠪᠠ᠃ ᠯᠦᠸᠧ ᠯᠢᠶᠣᠤ ᠹᠦ᠋ ᠤᠷᠳᠤ ᠬᠤᠭᠤᠴᠠᠭ᠎ᠠ᠎ᠪᠠᠷ ᠤᠨᠤᠯ᠎ᠤᠨ ᠹᠢᠽᠢᠺ ᠵᠢᠴᠢ ᠰᠣᠯᠪᠢᠴᠠᠯ ᠱᠢᠨᠵᠢᠯᠡᠭᠡᠨ᠎ᠦ ᠰᠤᠳᠤᠯᠭᠠᠨ᠎ᠳᠤ ᠬᠦᠴᠦᠯᠡᠵᠦ᠍᠂ ᠢᠮᠠᠭ᠍ᠲᠠ ᠡᠷᠳᠡᠮ ᠱᠢᠨᠵᠢᠯᠡᠭᠡᠨ᠎ᠦ ᠬᠤᠰᠢᠭᠤᠷᠠᠯᠢ ᠮᠦᠷᠳᠡᠨ᠂ ᠤᠨᠤᠯ᠎ᠤᠨ ᠹᠢᠽᠢᠺ᠎ᠦᠨ ᠠᠷᠭ᠎ᠠ᠎ᠶ᠋ᠢᠨ ᠱᠢᠨ᠎ᠡ᠎ᠶ᠋ᠢ ᠡᠭᠦᠳᠬᠦ᠌ ᠴᠢᠨᠠᠷ᠎ᠢ ᠠᠮᠢᠳᠤ ᠪᠣᠳᠠᠰ᠎ᠤᠨ ᠮᠡᠳᠡᠭᠡ ᠵᠠᠩᠭᠢ᠎ᠶ᠋ᠢᠨ ᠤᠬᠠᠭᠠᠨ᠎ᠤ ᠬᠦᠷᠢᠶᠡᠨ᠎ᠳᠦ ᠠᠭᠤᠰᠤᠯᠴᠠᠭᠤᠯᠵᠤ᠂ ᠭᠦᠨ ᠵᠤᠵᠠᠭᠠᠨ ᠡᠷᠳᠡᠮ ᠱᠢᠨᠵᠢᠯᠡᠭᠡᠨ᠎ᠦ ᠬᠤᠷᠠᠮᠳᠤᠯ ᠪᠣᠯᠤᠨ ᠦᠷᠭᠦᠯᠵᠢᠯᠡᠨ ᠱᠢᠨ᠎ᠡ᠎ᠶ᠋ᠢ ᠡᠭᠦᠳᠬᠦ᠌ ᠴᠢᠳᠠᠪᠤᠷᠢ᠎ᠳᠠᠭᠠᠨ ᠲᠦᠱᠢᠭ᠌ᠯᠡᠵᠦ᠍᠂ ᠠᠯᠢ ᠤᠯᠠᠨ ᠡᠭᠦᠳᠦᠯᠲᠡ᠎ᠶ᠋ᠢᠨ ᠴᠢᠨᠠᠷᠲᠠᠢ ᠦᠷ᠎ᠡ ᠪᠦᠲᠦᠭᠡᠯ ᠣᠯᠵᠠᠢ᠃ ᠲᠡᠷᠡ ᠨᠡᠢ᠌ᠳᠡ 300 ᠭᠠᠷᠤᠢ ᠡᠷᠳᠡᠮ ᠱᠢᠨᠵᠢᠯᠡᠭᠡᠨ᠎ᠦ ᠥᠭᠦᠯᠡᠯ ᠨᠡᠢᠲᠡᠯᠡᠵᠦ᠍᠂ 《ᠺᠸᠠᠨ᠋ᠲ ᠲᠠᠯᠠᠪᠠᠢ᠎ᠶ᠋ᠢᠨ ᠤᠨᠤᠯ》᠂ 《ᠲᠡᠩᠴᠡᠭᠦᠷᠢᠲᠦ ᠪᠤᠰᠤ ᠪᠦᠷᠢᠳᠭᠡᠯ᠎ᠦᠨ ᠤᠨᠤᠯ》᠂ 《ᠠᠮᠢ ᠨᠠᠰᠤᠨ᠎ᠤ ᠬᠤᠪᠢᠰᠤᠯ᠎ᠤᠨ ᠹᠢᠽᠢᠺ᠎ᠦᠨ ᠦᠵᠡᠯᠲᠡ》 ᠵᠡᠷᠭᠡ 6 ᠲᠤᠰᠭᠠᠢ ᠪᠦᠲᠦᠭᠡᠯ᠎ᠢᠶᠡᠨ ᠬᠡᠪᠯᠡᠭᠦᠯᠵᠡᠢ; ᠬᠡᠳᠦᠢᠪᠡᠷ ᠨᠠᠰᠤ ᠠᠬᠢᠬᠰᠠᠨ ᠴᠤ᠌ ᠮᠥᠨ ᠬᠦ᠌ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠠᠢᠨ ᠰᠥᠪᠡᠭ᠌ᠴᠢᠯᠡᠯᠲᠡ ᠬᠢᠬᠦ᠌᠎ᠶ᠋ᠢ ᠪᠠᠷᠢᠮᠲᠠᠯᠠᠵᠤ᠂ 2023 ᠣᠨ ᠳ᠋ᠤ᠂ 89 ᠦᠨᠳᠦᠷ ᠨᠠᠰᠤᠳᠠᠢ ᠲᠡᠷᠡᠪᠡᠷ ᠬᠠᠮᠳᠤ ᠵᠢᠨ ᠴᠢᠮᠡᠭᠡ ᠬᠣᠯᠪᠣᠭᠠᠨ᠎ᠤ ᠵᠣᠬᠢᠶᠠᠭ᠍ᠴᠢ ᠵᠢᠨ ᠬᠤᠪᠢ ᠪᠡᠷ᠂ ᠣᠯᠠᠨ ᠤᠯᠤᠰ᠎ᠤᠨ ᠬᠤᠭᠤᠴᠠᠭᠠᠲᠤ ᠰᠡᠳᠬᠦᠯ《Research》 (ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠨᠢᠭᠡᠳᠦᠭᠡᠷ ᠲᠣᠭᠣᠷᠢᠭ᠎ᠤᠨ TOP᠂ IF = 11.036) ᠳ᠋ᠤ ᠴᠢᠬᠤᠯᠠ ᠥᠭᠦᠯᠡᠯ ᠨᠡᠢᠲᠡᠯᠡᠵᠦ᠍᠂ ᠱᠢᠨ᠎ᠡ ᠵᠢ ᠡᠭᠦᠳᠬᠦ ᠴᠢᠨᠠᠷᠲᠠᠶ᠎ᠪᠠᠷ 《Hopfield ᠮᠡᠳᠡᠷᠡᠯ᠎ᠦᠨ ᠲᠤᠤᠷ ᠰᠦᠯᠵᠢᠶ᠎ᠡ᠎ᠳᠦ ᠰᠠᠭᠤᠷᠢᠯᠠᠭ᠍ᠰᠠᠨ ᠡᠨᠧᠷᠭᠢ᠎ᠶ᠋ᠢᠨ ᠭᠦᠶ᠋ᠴᠡᠳᠭᠡᠯ ᠲᠣᠭ᠎ᠠ》 ᠶ᠋ᠢ ᠳᠤᠷᠠᠳᠴᠤ᠌᠂ ᠬᠥᠬᠥᠲᠡᠨ ᠠᠮᠢᠲᠠᠨ᠎ᠤ ᠬᠦᠪᠦᠷᠡᠯ᠎ᠦᠨ ᠪᠣᠢᠵᠢᠯᠲᠠ ᠵᠢᠴᠢ ᠡᠰ᠎ᠦᠨ ᠳᠠᠬᠢᠨ ᠫᠷᠦᠭ᠌ᠷᠠᠮᠯᠠᠬᠤ ᠶᠠᠪᠤᠴᠠ᠎ᠳᠠᠬᠢ ᠢᠯᠭᠠᠷᠠᠯ᠎ᠤᠨ ᠳᠠᠯᠳᠠ ᠴᠢᠳᠠᠪᠤᠷᠢ᠎ᠶ᠋ᠢᠨ ᠲᠤᠬᠠᠶ ᠲᠣᠭ᠍ᠲᠠᠮᠠᠯ ᠬᠡᠮᠵᠢᠶᠡᠲᠦ ᠳᠦᠷᠰᠦᠯᠡᠯᠢ ᠠᠩᠬ᠎ᠠ ᠤᠳᠠᠭ᠎ᠠ ᠪᠡᠶᠡᠯᠡᠭᠦᠯᠵᠦ᠍᠂ ᠪᠤᠳᠤᠯᠭ᠎ᠠ ᠵᠢᠨ ᠠᠮᠢᠳᠤ ᠪᠣᠳᠠᠰ᠎ᠤᠨ ᠤᠬᠠᠭᠠᠨ᠎ᠤ ᠣᠷᠳᠣ ᠬᠤᠭᠤᠴᠠᠭᠠᠨ᠎ᠤ ᠲᠤᠭᠳᠠᠭᠠᠬᠤ ᠵᠠᠭᠪᠤᠷ ᠲᠦ᠍ ᠲᠦᠰᠢᠭᠯᠡᠬᠦ ᠬᠢᠵᠠᠭᠠᠷᠯᠠᠯ᠎ᠢ ᠡᠪᠳᠡᠵᠤ᠂ ᠡᠰ᠎ᠤᠨ ᠬᠤᠪᠢ ᠵᠠᠶᠠᠭ᠎ᠠ ᠵᠢ ᠤᠨᠤᠪᠴᠢᠳᠠᠢ ᠲᠤᠬᠢᠷᠠᠭᠤᠯᠬᠤ᠎ᠳᠦ ᠴᠤ ᠰᠢᠨ᠎ᠡ ᠤᠨᠤᠯ᠎ᠤᠨ ᠪᠠᠭᠠᠵᠢ ᠬᠠᠨᠭᠭᠠᠵᠤ᠂ ᠴᠢᠬᠤᠯᠠ ᠶᠡᠬᠡ ᠰᠢᠨᠵᠢᠯᠡᠬᠦ ᠤᠬᠠᠭᠠᠨ᠎ᠤ ᠦᠨ᠎ᠡ ᠦᠷᠳᠡᠭ ᠲᠠᠢ ᠪᠤᠯᠪᠠ᠃
ᠨᠢᠬᠡ ᠦᠵᠦᠬᠦᠷᠳᠤ ᠰᠡᠳᠭᠢᠯ᠎ᠢᠶᠡᠷ ᠰᠤᠷᠭᠠᠨ ᠬᠥᠮᠦᠵᠢᠯ᠎ᠤᠨ ᠦᠢᠯᠡᠰ ᠲᠦ᠍ ᠵᠢᠳᠭᠦᠵᠦ ᠤᠯᠠᠮᠵᠢᠯᠠᠯ᠎ᠢ ᠵᠠᠯᠭᠠᠮᠵᠢᠯᠠᠪᠠ᠃ ᠯᠦᠸᠧ ᠯᠢᠶᠣᠤ ᠹᠦ᠋ ᠢᠮᠠᠭ᠍ᠲᠠ ᠰᠤᠷᠭᠠᠨ ᠬᠥᠮᠦᠵᠢᠯ᠎ᠦᠨ ᠦᠶ᠋ᠯᠡᠰ᠎ᠲᠦ ᠬᠠᠢᠷᠠᠲᠠᠶ ᠪᠠᠢᠵᠤ᠂ ᠠᠵᠢᠯ᠎ᠡᠴᠡ᠎ᠪᠠᠨ ᠠᠮᠠᠷᠠᠭ᠍ᠰᠠᠨ᠎ᠤ ᠳᠠᠷᠠᠭ᠎ᠠ ᠴᠤ᠌ ᠭᠡᠰᠡᠨ ᠵᠥᠪᠯᠡᠭ᠌ᠴᠢ᠎ᠶ᠋ᠢᠨ ᠬᠤᠪᠢ᠎ᠪᠠᠷ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶ᠋ᠢᠨ ᠠᠮᠢᠳᠤ ᠪᠣᠳᠠᠰ᠎ᠤᠨ ᠹᠢᠽᠢᠺ ᠪᠣᠯᠤᠨ ᠠᠮᠢᠳᠤ ᠪᠣᠳᠠᠰ᠎ᠤᠨ ᠮᠡᠳᠡᠭᠡ ᠵᠠᠩᠭᠢ᠎ᠶ᠋ᠢᠨ ᠤᠬᠠᠭᠠᠨ᠎ᠤ ᠪᠦᠯᠬᠦᠮ᠎ᠦᠨ ᠪᠠᠢᠭᠤᠯᠤᠯᠲᠠ᠎ᠳᠤ ᠭᠦᠨᠵᠡᠭᠡᠶ ᠣᠷᠣᠯᠴᠠᠵᠤ᠂ 《ᠱᠢᠨ᠎ᠡ ᠲᠢᠲᠢᠮᠯᠢᠭ ᠸᠢᠷᠦ᠋ᠰ᠎ᠦᠨ ᠬᠦᠯᠢᠶᠡᠭ᠌ᠴᠢ ᠴᠣᠭ᠍ᠴᠠ᠎ᠶ᠋ᠢᠨ ᠤᠭᠤᠷᠠᠭ᠎ᠤᠨ ᠦᠶ᠋ᠯᠡᠳᠦᠯ᠎ᠦᠨ ᠲᠣᠭ᠍ᠲᠠᠴᠠ》 ᠵᠡᠷᠭᠡ ᠵᠠᠩᠭᠢᠯᠠᠭ᠎ᠠ᠎ᠶ᠋ᠢᠨ ᠰᠡᠳᠦᠪ᠎ᠦᠨ ᠰᠤᠳᠤᠯᠭᠠᠨ᠎ᠳᠤ ᠴᠢᠬᠤᠯᠠ ᠣᠨᠣᠯ᠎ᠤᠨ ᠲᠤᠯᠭᠠᠭᠤᠷᠢᠯᠠᠯ ᠬᠠᠩᠭᠠᠪᠠ᠃ ᠲᠡᠷᠡ ᠴᠢᠳᠠᠪᠤᠷᠢᠲᠠᠨ᠎ᠤ ᠡᠨᠭᠨᠡᠭᠡ᠎ᠵᠢᠨ ᠬᠥᠮᠦᠵᠢᠯ᠎ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ᠂ ᠪᠦᠯᠬᠦᠮ᠎ᠢ ᠭᠣᠣᠯᠯᠠᠨ ᠤᠳᠤᠷᠢᠳᠴᠤ ᠤᠯᠠᠨ ᠵᠢᠯ᠎ᠦᠨ ᠲᠤᠷᠰᠢ ᠨᠡᠢ᠌ᠳᠡ 56 ᠳ᠋ᠣᠺᠲ᠋ᠣᠷ᠂ 150 ᠭᠠᠷᠤᠢ ᠠᠰᠫᠢᠷᠠᠨᠲ᠂ 49 ᠫᠷᠤᠹᠸᠰᠰᠤᠷ (ᠭᠠᠳᠠᠭᠠᠳᠤᠤᠯᠤᠰᠤᠨ ᠬᠢ ᠪᠠᠭ᠍ᠲᠠᠨ᠎ᠠ) ᠢ᠋ ᠬᠥᠮᠦᠵᠢᠭᠦᠯᠪᠠ᠂ ᠡᠭᠦᠨ᠎ᠳᠦ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠵᠠᠩ ᠵᠢᠶ᠍ᠸ ᠠᠺᠠᠳᠧᠮᠢᠴᠢ᠂ ᠵᠤᠤ ᠭᠠᠩ ᠠᠺᠠᠳᠧᠮᠢᠴᠢ ᠵᠢᠴᠢ ᠽᠦᠸᠧ ᠶᠦᠩ ᠴᠦᠨ ᠫᠷᠤᠹᠸᠰᠰᠤᠷ ᠵᠡᠷᠭᠡ ᠱᠢᠨᠵᠢᠯᠡᠭᠡᠨ᠎ᠦ ᠰᠠᠯᠠᠭᠠᠨ᠎ᠤ ᠲᠠᠭᠠᠭᠤᠯᠤᠬ᠍ᠴᠢ ᠴᠢᠳᠠᠪᠤᠷᠢᠲᠠᠨ᠎ᠢ ᠬᠥᠮᠦᠵᠢᠭᠦᠯᠵᠦ᠍᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠢᠯᠡᠰ᠎ᠦᠨ ᠦᠶ᠎ᠡ ᠳᠠᠮᠵᠢᠨ ᠤᠯᠠᠮᠵᠢᠯᠠᠭ᠍ᠳᠠᠬᠤᠶ᠋ᠢ ᠪᠦᠲᠦᠮᠵᠢᠲᠡᠢ ᠠᠬᠢᠭᠤᠯᠵᠤ᠂ ᠮᠠᠨ᠎ᠤ ᠤᠯᠤᠰ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠴᠢᠳᠠᠪᠤᠷᠢᠲᠠᠨ᠎ᠤ ᠡᠩᠨᠡᠭᠡ᠎ᠶ᠋ᠢᠨ ᠪᠠᠢᠭᠤᠯᠤᠯᠲᠠ᠎ᠳᠤ ᠬᠦᠴᠦᠷᠬᠡᠭ ᠶᠡᠬᠡ ᠬᠥᠳᠡᠯᠭᠡᠬᠦ᠌ ᠬᠦᠴᠦᠨ ᠨᠡᠮᠡᠷᠢᠯᠡᠪᠡ᠃
ᠬᠢᠯᠢ ᠬᠢᠵᠠᠭᠠᠷᠲᠤ ᠦᠨᠳᠦᠰᠦᠯᠡᠵᠦ᠍ ᠳᠤᠷᠠᠲᠠᠶ᠎ᠠ ᠬᠤᠪᠢ ᠨᠡᠮᠡᠷᠢ ᠦᠵᠡᠭᠦᠯᠪᠡ᠃ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠦᠨ ᠦᠢᠯᠡᠰ᠎ᠲᠦ ᠣᠷᠣᠯᠴᠠᠭ᠍ᠰᠠᠨ᠎ᠡᠴᠡ ᠨᠠᠭᠠᠰᠢ᠂ ᠯᠦᠸᠧ ᠯᠢᠶᠣᠤ ᠹᠦ᠋ ᠢᠮᠠᠭ᠍ᠲᠠ ᠤᠮᠠᠷᠠᠲᠤ ᠬᠢᠯᠢ᠎ᠳᠦ ᠦᠨᠳᠦᠰᠦᠯᠡᠵᠦ᠂ 60 ᠭᠠᠷᠤᠢ ᠵᠢᠯ᠎ᠢ ᠨᠢᠭᠡ ᠯᠡ ᠡᠳᠦᠷ ᠮᠡᠲᠦ᠍᠎ᠪᠡᠷ ᠦᠩᠬᠡᠷᠡᠭᠡᠵᠤ ᠥᠪᠥᠷ ᠮᠣᠩᠭᠣᠯ᠎ᠤᠨ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠦᠨ ᠦᠢᠯᠡᠰ᠎ᠦᠨ ᠬᠥᠭ᠌ᠵᠢᠯᠲᠡ᠎ᠳᠦ ᠬᠦᠴᠦ᠍ ᠬᠥᠯᠥᠰᠥ᠎ᠪᠡᠨ ᠤᠷᠤᠰᠭᠠᠪᠠ᠃ ᠲᠡᠷᠡ ᠱᠢᠨᠵᠢᠯᠡᠬᠦ᠌ ᠤᠬᠠᠭᠠᠨ᠎ᠤ ᠰᠤᠳᠤᠯᠭᠠᠨ ᠪᠣᠯᠤᠨ ᠰᠤᠷᠭᠠᠨ ᠬᠥᠮᠦᠵᠢᠯ᠎ᠦᠨ ᠦᠷ᠎ᠡ ᠪᠦᠲᠦᠭᠡᠯ᠎ᠢᠶᠡᠷ᠎ᠢᠶᠡᠨ ᠣᠷᠣᠨ ᠨᠤᠲᠤᠭ᠎ᠤᠨ ᠱᠢᠨᠵᠢᠯᠡᠭᠡᠨ᠎ᠦ ᠰᠠᠯᠠᠭ᠎ᠠ᠎ᠶ᠋ᠢᠨ ᠪᠠᠢᠭᠤᠯᠤᠯᠲᠠ᠎ᠳᠤ ᠬᠦᠴᠦ᠍ᠨ ᠨᠡᠮᠡᠷᠢᠯᠡᠭ᠌ᠰᠡᠨ᠎ᠢᠶᠡᠷ ᠪᠠᠷᠠᠬᠤ ᠦᠭᠡᠢ ᠨᠡᠩ ᠴᠤ᠌ ᠤᠶᠤᠨ ᠰᠠᠨᠠᠭᠠᠨ᠎ᠤ ᠬᠦᠴᠦᠨ᠎ᠢᠶᠡᠷ ᠵᠠᠯᠠᠭᠤ ᠨᠢᠭᠡ ᠦᠶ᠎ᠡ᠎ᠶ᠋ᠢᠨ ᠬᠢᠨᠢ ᠲᠠᠭᠠᠭᠤᠯᠤᠨ ᠨᠦᠯᠦᠬᠡᠯᠡᠵᠤ᠂ 《ᠡᠭᠦᠳᠦᠨ ᠪᠦᠲᠦᠭᠡᠬᠦ ᠪᠣᠯ ᠰᠠᠶᠢ ᠪᠠᠶᠠᠷ ᠪᠠᠶᠠᠰᠤᠯ ᠮᠥᠨ》᠂ 《ᠳᠤᠷᠠᠲᠠᠶ᠎ᠠ ᠤᠢᠳᠭᠠᠷᠢ ᠡᠳ᠋ᠯᠡᠵᠤ᠂ ᠤᠢᠳᠭᠠᠷᠢ ᠨᠠᠨᠳᠢᠩᠨᠠᠭᠠᠷᠠᠢ᠃ ᠲᠡᠷᠡ ᠨᠢ ᠬᠡᠳᠦᠢᠪᠡᠷ ᠪᠡᠷᠬᠡ ᠬᠠᠳᠠᠭᠤᠵᠢᠯᠳᠠᠢ ᠪᠣᠯᠪᠠᠴᠤ᠌ ᠬᠠᠷᠢᠨ ᠠᠯᠬᠤᠮ ᠠᠯᠬᠤᠮ᠎ᠢᠶᠠᠷ ᠠᠵᠢᠯ ᠦᠢᠯᠡᠰ᠎ᠲᠡᠬᠡᠨ ᠠᠮᠵᠢᠯᠲᠠ ᠤᠯᠬᠤ ᠵᠢ ᠴᠢᠨᠢ ᠬᠦᠳᠦᠯᠦᠨ ᠲᠠᠭᠠᠭᠤᠯᠤᠨ᠎ᠠ》 ᠭᠡᠬᠦ᠌ ᠮᠡᠲᠦ᠍᠎ᠶ᠋ᠢᠨ ᠰᠤᠷᠭᠠᠯ᠎ᠢ ᠲᠤᠷᠠᠳᠴᠤ᠂ 《ᠱᠢᠨᠵᠢᠯᠡᠬᠦ᠌ ᠤᠬᠠᠭᠠᠨ᠎ᠤ ᠰᠤᠳᠤᠯᠭᠠᠲᠠᠳ ᠲᠤᠭᠤᠷᠠᠭᠤᠯ ᠱᠢᠭ᠋ ᠪᠠᠢᠵᠤ᠂ ᠥᠪᠡᠷ᠎ᠦᠨ ᠡᠷᠭᠢᠯᠲᠡ᠎ᠪᠡᠷ ᠢᠶᠡᠨ ᠣᠷᠴᠢᠨ ᠲᠣᠭᠣᠷᠢᠨ᠎ᠢᠶᠠᠨ ᠨᠥᠯᠥᠭᠡᠯᠡᠬᠦ᠌》 ᠢᠲᠡᠭᠡᠯ ᠪᠢᠱᠢᠷᠡᠯ᠎ᠢᠶᠡᠷ ᠬᠣᠵᠢᠮ᠎ᠤᠨ ᠡᠷᠳᠡᠮᠳᠡᠳᠢ ᠵᠣᠷᠢᠭ᠍ᠵᠢᠭᠤᠯᠵᠤ ᠪᠠᠢᠪᠠ; ᠲᠡᠷᠡᠪᠡᠷ 90 ᠨᠠᠰᠤ ᠵᠢ ᠵᠤᠭᠤᠬᠯᠠᠬᠰᠠᠨ ᠪᠤᠭᠤᠷᠤᠯ ᠨᠠᠰᠤᠳᠠᠨ ᠪᠤᠯᠤᠬᠰᠠᠨ ᠴᠤ᠌ ᠮᠥᠨ ᠯᠡ ᠭᠡᠷ ᠲᠡᠭᠡᠨ ᠰᠠᠭᠤᠵᠤ ᠠᠵᠢᠯᠯᠠᠬᠤ ᠶ᠋ᠢ ᠪᠠᠷᠢᠮᠲᠠᠯᠠᠵᠤ᠂ 《ᠱᠢᠨ᠎ᠡ ᠱᠢᠨᠵᠢᠯᠡᠭᠡᠨ᠎ᠦ ᠰᠠᠯᠠᠭ᠎ᠠ᠎ᠶ᠋ᠢ ᠨᠡᠭᠡᠭᠡᠬᠦ᠌》 ᠪᠡᠷ ᠴᠢᠷᠮᠠᠢᠵᠤ᠂ ᠪᠣᠳᠠᠲᠤ ᠠᠵᠢᠯᠯᠠᠭ᠎ᠠ᠎ᠪᠠᠷ᠎ᠢᠶᠠᠨ ᠱᠢᠨᠵᠢᠯᠡᠬᠦ᠌ ᠤᠬᠠᠭᠠᠨ ᠰᠤᠷᠭᠠᠨ ᠬᠥᠮᠦᠵᠢᠯ᠎ᠦᠨ ᠦᠶ᠋ᠯᠡᠰ᠎ᠦᠨ ᠲᠤᠬᠠᠶ ᠪᠠᠷᠢᠮᠲᠠᠯᠠᠯ ᠪᠠ ᠬᠠᠯᠠᠭᠤᠨ ᠰᠡᠳᠬᠢᠯᠬᠡ ᠵᠢ ᠲᠠᠢᠯᠪᠤᠷᠢᠯᠠᠪᠠ᠃
2. ᠯᠢᠦ ᠬᠣᠩ ᠢ᠄ 39 ᠵᠢᠯ ᠭᠣᠪᠢ ᠨᠤᠲᠤᠭ᠎ᠲᠤ ᠦᠨᠳᠦᠰᠦ ᠬᠠᠳᠭᠤᠨ ᠡᠯᠡᠰᠦ᠎ᠶ᠋ᠢ ᠵᠠᠰᠠᠵᠤ᠂ ᠠᠮᠢ ᠠᠬᠤᠶ᠎ᠣᠷᠴᠢᠨ ᠲᠣᠭᠣᠷᠢᠨ᠎ᠢ ᠰᠠᠢᠵᠢᠷᠠᠭᠤᠯᠬᠤ᠎ᠶ᠋ᠢᠨ ᠬᠠᠮᠲᠤ ᠭᠠᠴᠠᠭᠠᠨ᠎ᠤ ᠬᠠᠮᠲᠤ᠎ᠶ᠋ᠢᠨ ᠠᠵᠤ ᠠᠬᠤᠶ ᠲᠦᠮᠡᠨ ᠲᠥᠭᠥᠷᠢᠭ ᠬᠥᠷᠬᠥ᠌ ᠥᠬᠡᠶ ᠪᠠᠢᠭ᠍ᠰᠠᠨ᠎ᠢ 320 ᠲᠦᠮᠡᠨ ᠲᠥᠭᠥᠷᠢᠭ ᠪᠤᠯᠭᠠᠨ ᠲᠡᠭᠡᠭᠰᠢᠯᠡᠭᠦᠯᠪᠡ
ᠯᠢᠦ ᠬᠣᠩ ᠢ ᠥᠪᠥᠷ ᠮᠣᠩᠭᠣᠯ᠎ᠤᠨ ᠠᠯᠠᠱᠠ ᠵᠡᠭᠦᠨ ᠬᠣᠱᠢᠭᠤᠨ᠎ᠤ ᠭᠣᠪᠢ ᠨᠤᠲᠤᠭ᠎ᠲᠤ ᠦᠨᠳᠦᠰᠦᠯᠡᠵᠦ᠍᠂ ᠡᠯᠡᠰᠦ ᠮᠠᠩᠬ᠎ᠠ ᠨᠡᠯᠦᠢᠭ᠌ᠰᠡᠨ᠂ ᠨᠥᠬᠥᠴᠡᠯ ᠬᠠᠲᠠᠭᠤ ᠪᠡᠷᠬᠡ ᠭᠣᠪᠢ ᠴᠦᠯ᠎ᠢ ᠵᠠᠰᠠᠬᠤ ᠡᠮᠦᠨ᠎ᠡ ᠹᠷᠣᠨᠲ᠎ᠢ ᠢᠮᠠᠭ᠍ᠲᠠ ᠪᠠᠲᠤ ᠰᠠᠬᠢᠪᠠ᠃ ᠲᠡᠷᠡ ᠠᠮᠢ ᠠᠬᠤᠢ᠎ᠶ᠋ᠢ ᠰᠠᠢᠵᠢᠷᠠᠭᠤᠯᠤᠭ᠍ᠰᠠᠨ᠎ᠢᠶᠠᠷ ᠪᠠᠷᠠᠬᠤ ᠦᠭᠡᠢ ᠨᠡᠩ ᠴᠤ᠌ ᠮᠠᠯᠴᠢᠨ ᠲᠠᠷᠢᠶᠠᠴᠢᠨ᠎ᠤ ᠦᠷᠭᠦᠯᠵᠢᠯᠡᠨ ᠪᠠᠶᠠᠵᠢᠬᠤ ᠵᠠᠮ᠎ᠢ ᠨᠡᠭᠡᠭᠡᠵᠦ᠍᠂ ᠠᠮᠢ ᠠᠬᠤᠢ᠎ᠶ᠋ᠢᠨ ᠵᠠᠰᠠᠯᠲᠠ ᠪᠣᠯᠤᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠬᠠᠷᠢᠯᠴᠠᠨ ᠲᠤᠪᠤᠢ᠌ᠯᠭᠠᠪᠠ᠃
1986 ᠣᠨ᠎ᠳᠤ᠂ ᠥᠪᠥᠷ ᠮᠣᠩᠭᠣᠯ᠎ᠤᠨ ᠵᠠᠯᠠᠨ ᠠᠢᠯ᠎ᠤᠨ ᠤᠢ ᠱᠢᠭᠤᠢ᠎ᠶ᠋ᠢᠨ ᠰᠤᠷᠭᠠᠭᠤᠯᠢ᠎ᠡᠴᠡ ᠲᠡᠭᠦᠰᠦᠭ᠌ᠰᠡᠨ᠎ᠦ ᠲᠠᠷᠠᠭ᠎ᠠ᠂ ᠯᠢᠦ ᠬᠣᠩ ᠢ ᠨᠥᠬᠥᠴᠡᠯ ᠬᠠᠲᠠᠭᠤᠵᠢᠯᠲᠠᠢ ᠠᠯᠠᠱᠠ ᠵᠡᠭᠦᠨ ᠬᠣᠱᠢᠭᠤᠨ᠎ᠤ ᠵᠢᠷᠠᠲᠠᠢ ᠤᠯᠤᠰ᠎ᠤᠨ ᠡᠯᠡᠰᠦ ᠵᠠᠰᠠᠬᠤ ᠦᠷᠳᠡᠭᠡ᠎ᠳᠦ ᠪᠤᠴᠠᠵᠤ ᠢᠷᠡᠪᠡ᠃ ᠪᠦᠬᠦ᠌ ᠠᠢᠮᠠᠭ᠎ᠤᠨ 94%ᠵᠢᠨ ᠭᠠᠵᠠᠷ ᠱᠢᠷᠣᠢ ᠨᠢ ᠠᠮᠢ ᠠᠬᠤᠢ ᠬᠡᠪᠡᠷᠡᠭ ᠣᠷᠣᠨ ᠪᠣᠯᠬᠤ ᠬᠦᠴᠢᠷᠳᠡᠯ᠎ᠦᠨ ᠡᠮᠦᠨ᠎ᠡ᠂ ᠲᠡᠷᠡ ᠤᠯᠤᠰ᠎ᠤᠨ 《ᠳᠣᠯᠣᠳᠤᠭᠠᠷ ᠲᠠᠪᠤᠨ ᠵᠢᠯ》 ᠤ᠋ᠨ ᠪᠣᠭᠣᠮᠲᠠ ᠱᠢᠪᠲᠤᠯᠬᠤ ᠲᠦᠷᠦᠯ ᠵᠦᠢᠯ ᠪᠣᠯᠬᠤ 《ᠵᠠᠭ ᠮᠣᠳᠣ᠎ᠶ᠋ᠢ ᠱᠢᠨᠡᠴᠢᠯᠡᠨ ᠪᠤᠵᠠᠭᠠᠢᠷᠠᠭᠤᠯᠬᠤ ᠮᠡᠷᠭᠡᠵᠢᠯ᠎ᠦᠨ ᠰᠤᠳᠤᠯᠭᠠᠨ》 ᠳ᠋ᠤ ᠣᠷᠣᠯᠴᠠᠵᠤ᠂ ᠡᠳᠦᠷ᠎ᠦᠨ ᠬᠤᠷᠴᠠ ᠨᠡᠷᠡᠨ᠎ᠢᠶᠡᠷ ᠲᠣᠭ᠎ᠠ ᠪᠠᠷᠢᠮᠲᠠ ᠬᠡᠮᠵᠢᠵᠦ᠂ ᠤᠷᠤᠢ ᠨᠢ ᠲᠤᠰᠭᠠᠢ ᠵᠣᠬᠢᠶᠠᠯ ᠪᠦᠲᠦᠭᠡᠯ᠎ᠡᠴᠡ ᠮᠡᠷᠭᠡᠵᠢᠯ ᠰᠤᠷᠤᠯᠴᠠᠵᠤ᠂ 5 ᠵᠢᠯ᠎ᠳᠦ ᠮᠡᠷᠭᠡᠵᠢᠯ᠎ᠦᠨ ᠪᠣᠭᠣᠮᠲᠠ᠎ᠶ᠋ᠢ ᠱᠢᠪᠲᠤᠯᠵᠤ᠂ ᠴᠦᠯᠯᠡᠷᠭᠡᠭ᠌ᠵᠢᠯ᠎ᠢ ᠰᠡᠷᠭᠡᠢᠯᠡᠨ ᠵᠠᠰᠠᠬᠤ᠎ᠳᠤ ᠱᠢᠨ᠎ᠡ ᠵᠠᠮ ᠨᠡᠭᠡᠭᠡᠵᠦ᠍ ᠥᠭ᠌ᠴᠡᠢ᠃ 1998 ᠣᠨ᠎ᠳᠤ᠂ ᠪᠥᠬᠥ᠌ ᠬᠣᠱᠢᠭᠤᠨ᠎ᠤ ᠣᠶ ᠱᠢᠭᠤᠶ᠎ᠶ᠋ᠢᠨ ᠲᠠᠯᠠᠪᠠᠶ ᠥᠷᠲᠡᠭᠡ᠎ᠶ᠋ᠢᠨ 《ᠲᠠᠷᠢᠬᠤ ᠡᠴᠡ ᠴᠢᠬᠢ ᠮᠤᠳᠤ ᠥᠬᠡᠶ》 ᠬᠦᠴᠢᠷᠳᠡᠯ᠎ᠦᠨ ᠡᠮᠦᠨ᠎ᠡ᠂ ᠲᠡᠷᠡ ᠥᠪᠡᠷ᠎ᠦᠨ 5 ᠮᠥ᠍ 《ᠴᠠᠯᠢᠩ᠎ᠤᠨ ᠲᠠᠷᠢᠶ᠎ᠠ》 ᠳ᠋ᠠᠭᠠᠨ ᠵᠠᠭ ᠮᠣᠳᠣ᠂ ᠲᠠᠷᠪᠠᠯᠵᠢ ᠵᠡᠷᠭᠡ ᠡᠯᠡᠰᠦᠨ᠎ᠳᠦ ᠤᠷᠭᠤᠬᠤ ᠤᠷᠭᠤᠮᠠᠯ᠎ᠢ ᠲᠤᠷᠱᠢᠨ ᠳᠠᠷᠢᠵᠤ᠂ 700 ᠭᠠᠷᠤᠶ ᠡᠳᠦᠷ ᠰᠥᠨᠢ ᠪᠡᠷ ᠴᠢᠬᠢ ᠮᠣᠳᠣ᠎ᠶ᠋ᠢ ᠰᠠᠬᠢᠨ ᠠᠵᠢᠭ᠍ᠯᠠᠵᠤ᠂ ᠣᠯᠠᠨ ᠵᠢᠯ ᠠᠯᠳᠠᠭ᠍ᠳᠠᠭᠰᠠᠨ ᠡᠯᠡᠰᠦᠨ᠎ᠳᠦ ᠤᠷᠭᠤᠬᠤ ᠴᠢᠬᠢ ᠮᠣᠳᠣ᠎ᠶ᠋ᠢ ᠠᠮᠵᠢᠯᠲᠠ᠎ᠲᠠᠶ᠎ᠪᠠᠷ ᠦᠷᠡᠵᠢᠭᠦᠯᠦᠨ ᠪᠣᠢᠵᠢᠭᠤᠯᠵᠤ᠂ 《ᠠᠯᠠᠱᠠ᠎ᠶ᠋ᠢᠨ ᠭᠠᠩ ᠬᠠᠭᠤᠷᠠᠶ ᠡᠯᠡᠰᠦᠨ ᠴᠥᠯ᠎ᠦᠨ ᠭᠠᠵᠠᠷ ᠣᠷᠣᠨ᠎ᠤ ᠵᠠᠭ ᠮᠣᠳᠣ ᠳᠠᠷᠢᠬᠤ ᠵᠢᠴᠢ ᠴᠢᠬᠢ ᠮᠣᠳᠣ ᠪᠣᠢᠵᠢᠭᠤᠯᠬᠤ ᠮᠡᠷᠭᠡᠵᠢᠯ》 ᠢ᠋ ᠳ᠋ᠦᠩᠨᠡᠵᠦ᠍᠂ ᠲᠤᠬᠠᠶ᠎ᠶ᠋ᠢᠨ ᠭᠠᠵᠠᠷ᠎ᠤᠨ ᠣᠶ ᠱᠢᠭᠤᠶ᠎ᠶ᠋ᠢᠨ ᠡᠵᠡᠩᠨᠡᠯᠲᠡ᠎ᠶ᠋ᠢᠨ ᠵᠠᠭ᠍ᠪᠤᠷ᠎ᠢ 《ᠲᠤᠷᠤᠭ ᠮᠣᠳᠣᠨ᠎ᠤ ᠬᠡᠯᠪᠡᠷᠢ᠂ ᠬᠡᠷᠡᠭ᠌ᠰᠡᠯ᠎ᠦᠨ ᠮᠣᠳᠣᠨ᠎ᠤ ᠣᠶ》 ᠡᠴᠡ 《ᠪᠣᠳᠠ ᠮᠣᠳᠣᠨ᠎ᠤ ᠬᠡᠯᠪᠡᠷᠢ᠂ ᠠᠮᠢ ᠠᠬᠤᠶ᠎ᠶ᠋ᠢᠨ ᠬᠡᠯᠪᠡᠷᠢ》 ᠲᠡᠢᠰᠢ ᠠᠬᠢᠭᠤᠯᠪᠠ᠃ ᠵᠠᠭᠤᠨ ᠴᠢᠬᠢ ᠪᠣᠢᠵᠢᠭᠤᠯᠬᠤ ᠮᠡᠷᠭᠡᠵᠢᠯ᠎ᠦᠨ ᠪᠣᠯᠪᠠᠰᠤᠷᠠᠬᠤ᠎ᠶ᠋ᠢ ᠳᠠᠭᠠᠯᠳᠤᠨ᠂ ᠴᠢᠬᠢ ᠮᠣᠳᠣ ᠪᠣᠢᠵᠢᠭᠤᠯᠬᠤ 3 ᠡᠷᠦᠬᠡ ᠪᠠᠢᠭ᠍ᠰᠠᠨ᠎ᠡᠴᠡ᠎ᠪᠠᠨ 37 ᠡᠷᠦᠬᠡ ᠪᠣᠯᠤᠨ ᠨᠡᠮᠡᠭ᠌ᠳᠡᠵᠦ᠍᠂ ᠵᠢᠷᠠᠲᠠᠶ ᠪᠠᠯᠭᠠᠰᠤ ᠨᠢ ᠥᠪᠥᠷ ᠮᠣᠩᠭᠣᠯ᠎ᠤᠨ ᠬᠠᠮᠤᠭ᠎ᠤᠨ ᠶᠡᠬᠡ ᠡᠯᠡᠰᠦᠨ᠎ᠳᠦ ᠤᠷᠭᠤᠬᠤ ᠤᠷᠭᠤᠮᠠᠯ᠎ᠤᠨ ᠴᠢᠬᠢ ᠪᠣᠢᠵᠢᠭᠤᠯᠬᠤ ᠰᠠᠭᠤᠷᠢᠨ ᠪᠣᠯᠵᠣ᠂ ᠵᠢᠯ᠎ᠳᠦ 4000 ᠲᠦᠮᠡᠨ ᠰᠠᠭᠤᠷᠢ ᠴᠢᠬᠢ ᠬᠠᠩᠭᠠᠵᠤ᠂ ᠦᠶ᠋ᠯᠡᠳᠬᠦᠨ᠎ᠦ ᠥᠷᠲᠡᠭ ᠨᠢ 400 ᠲᠦᠮᠡᠨ ᠲᠥᠭᠥᠷᠢᠭ᠎ᠢ ᠳᠠᠪᠠᠵᠤ᠂ ᠴᠢᠬᠢ ᠮᠣᠳᠣᠨ᠎ᠤ ᠪᠠᠴᠢᠮ ᠬᠡᠷᠡᠭᠴᠡᠭᠡ ᠵᠢ ᠣᠢᠯᠠᠭᠠᠭ᠍ᠰᠠᠨ ᠪᠥᠭᠡᠳ ᠪᠠᠰᠠ ᠮᠠᠯᠴᠢᠨ ᠲᠠᠷᠢᠶᠠᠴᠢᠨ᠎ᠳᠤ ᠣᠷᠣᠯᠭ᠎ᠠ᠎ᠶ᠋ᠢ ᠨᠡᠮᠡᠭ᠌ᠳᠡᠭᠦᠯᠬᠦ᠌ ᠱᠢᠨ᠎ᠡ ᠵᠠᠮ᠎ᠢ ᠨᠡᠭᠡᠭᠡᠵᠦ᠍ ᠥᠭ᠌ᠴᠡᠶ᠃
2007 ᠣᠨ᠎ᠳᠤ ᠨᠢᠰᠭᠡᠯ᠎ᠢᠶᠡᠷ ᠣᠢᠵᠢᠭᠤᠯᠵᠤ ᠡᠬᠢᠯᠡᠭᠰᠡᠨ᠎ᠤ ᠳᠠᠷᠠᠭ᠎ᠠ᠂ ᠯᠢᠦ ᠬᠣᠩ ᠢ ᠮᠡᠷᠭᠡᠵᠢᠯ᠎ᠦᠨ ᠲᠤᠳᠠᠭᠤᠳᠠᠯ᠎ᠢ ᠣᠨᠢᠯᠠᠵᠤ᠂ GPS ᠵᠠᠮᠴᠢ᠎ᠶ᠋ᠢ ᠨᠢᠰᠭᠡᠯ᠎ᠢᠶᠡᠷ ᠣᠢᠵᠢᠭᠤᠯᠬᠤ ᠠᠵᠢᠯ ᠲᠦᠷᠦᠯ᠎ᠳᠦ ᠤᠷᠤᠭᠤᠯᠵᠤ᠂ ᠵᠢᠯ᠎ᠦᠨ ᠠᠷᠪᠢᠯᠠᠭ᠍ᠰᠠᠨ ᠥᠪᠡᠷ᠎ᠦᠨ ᠥᠷᠲᠡᠭ ᠨᠢ ᠪᠠᠷᠤᠭ ᠵᠠᠭᠤᠨ ᠲᠦᠮᠡᠨ ᠲᠥᠭᠥᠷᠢᠭ᠎ᠲᠦ ᠬᠦᠷᠴᠡᠢ; 《ᠬᠤᠷ᠎ᠠ ᠲᠣᠨᠳᠠᠰᠤ᠎ᠶ᠋ᠢᠨ ᠬᠡᠮᠵᠢᠶ᠎ᠡ᠎ᠶ᠋ᠢᠨ ᠡᠵᠡᠮᠱᠢᠯ ᠳᠤᠤᠷᠠᠬᠢ ᠨᠢᠰᠭᠡᠯ᠎ᠢᠶᠡᠷ ᠦᠷ᠎ᠡ ᠰᠠᠴᠤᠬᠤ ᠮᠥᠬᠥᠯᠢᠭ᠌ᠵᠢᠭᠦᠯᠬᠦ᠌ ᠮᠡᠷᠭᠡᠵᠢᠯ》 ᠢ᠋ ᠰᠤᠳᠤᠯᠤᠨ ᠨᠡᠭᠡᠭᠡᠵᠦ᠍᠂ ᠦᠷ᠎ᠡ ᠰᠠᠴᠤᠬᠤ᠎ᠨᠢ ᠲᠡᠩᠴᠡᠭᠦᠷᠢ ᠥᠬᠡᠶ᠂ ᠬᠤᠯᠤᠭᠠᠨ᠎ᠠ ᠲᠠᠤᠯᠠᠢ᠎ᠶ᠋ᠢᠨ ᠬᠤᠤᠷ ᠬᠥᠨᠥᠭᠡᠯ ᠵᠡᠷᠭᠡ ᠬᠦᠴᠢᠷ ᠠᠰᠠᠭᠤᠳᠠᠯ᠎ᠢ ᠱᠢᠶ᠋ᠳᠪᠦᠷᠢᠯᠡᠵᠦ᠍᠂ ᠬᠣᠶᠠᠷ ᠵᠦᠶ᠋ᠯ᠎ᠦᠨ ᠤᠯᠤᠰ᠎ᠤᠨ ᠲᠤᠰᠭᠠᠶ ᠠᠱᠢᠭ᠎ᠢ ᠭᠥᠷᠳᠡᠪᠡ; 《ᠨᠢᠰᠭᠡᠯ᠎ᠢᠶᠡᠷ ᠣᠢᠵᠢᠭᠤᠯᠬᠤ ᠮᠡᠷᠭᠡᠵᠢᠯ᠎ᠦᠨ ᠲᠦᠷᠢᠮ GB15/T15162—2018》 ᠶ᠋ᠢ ᠲᠤᠭᠤᠷᠪᠢᠬᠤ᠎ᠳᠤ ᠣᠷᠣᠯᠴᠠᠪᠠ᠃ 2024 ᠣᠨ ᠪᠣᠯᠲᠠᠯ᠎ᠠ᠂ ᠲᠡᠷᠡ ᠨᠢᠰᠭᠡᠯ᠎ᠢᠶᠡᠷ ᠳᠠᠷᠢᠬᠤ 417 ᠲᠦᠮᠡᠨ ᠮᠥ᠍ (ᠪᠥᠬᠥ᠌ ᠬᠣᠱᠢᠭᠤᠨ᠎ᠤ 65.2%᠎ᠢ᠋ ᠡᠵᠡᠯᠡᠪᠡ) ᠶ᠋ᠢ ᠭᠤᠤᠯᠯᠠᠨ ᠪᠡᠶᠡᠯᠡᠭᠦᠯᠵᠦ᠍᠂ ᠲᠩᠷᠢ᠂ ᠤᠯᠠᠭᠠᠨᠪᠤᠬ᠎ᠠ ᠵᠢᠨ ᠡᠯᠡᠰᠦᠨ ᠴᠥᠯ᠎ᠦᠨ ᠬᠥᠪᠡᠭᠡ ᠵᠠᠬ᠎ᠠ᠎ᠶ᠋ᠢᠨ ᠤᠷᠭᠤᠮᠠᠯ᠎ᠤᠨ ᠬᠤᠴᠢᠯᠭ᠎ᠠ᠎ᠶ᠋ᠢᠨ ᠪᠦᠷᠬᠦᠴᠡ᠎ᠨᠢ 5 % ᠬᠥᠷᠬᠥ᠌ ᠥᠬᠡᠶ ᠪᠠᠢᠭ᠍ᠰᠠᠨ᠎ᠡᠴᠡ᠎ᠪᠠᠨ ᠳᠡᠭᠡᠭ᠌ᠰᠢᠯᠡᠭᠡᠳ 12.5% ~50.8% ᠪᠣᠯᠵᠣ᠂ ᠬᠣᠶᠠᠷ ᠵᠤᠷᠪᠤᠰ ᠪᠥᠬᠥ᠌ ᠣᠷᠳᠣᠨ᠎ᠢ 460 ᠺᠢᠯᠣᠮᠧᠲ᠋ᠷ᠎ᠢ ᠳᠠᠪᠠᠭ᠍ᠰᠠᠨ 《ᠡᠯᠡᠰᠦᠨ᠎ᠤ ᠵᠠᠬ᠎ᠠ᠎ᠶᠢ ᠬᠤᠮᠢᠵᠤ ᠵᠠᠰᠠᠬᠤ ᠨᠣᠭᠣᠭᠠᠷᠠᠭᠤᠯᠤᠯᠲᠠ᠎ᠶ᠋ᠢᠨ ᠪᠦᠰᠡ》 ᠶ᠋ᠢ ᠪᠣᠶ ᠪᠣᠯᠭᠠᠵᠤ᠂ ᠬᠣᠶᠠᠷ ᠶᠡᠬᠡ ᠡᠯᠡᠰᠦᠨ ᠴᠥᠯ᠎ᠦᠨ ᠤᠯᠠᠮ ᠶᠡᠬᠡ ᠡᠯᠡᠰᠦᠷᠬᠡᠭᠵᠢᠬᠦ ᠪᠠᠢᠳᠠᠯ᠎ᠢ ᠲᠤᠢᠯᠪᠤᠷᠢᠲᠠᠶ ᠬᠣᠷᠢᠭ᠍ᠯᠠᠪᠠ᠃ 2010 ᠣᠨ᠎ᠳᠤ᠂ 《ᠵᠠᠭᠤᠨ ᠲᠦᠮᠡᠨ ᠮᠦ᠍ ᠵᠠᠭ ᠮᠣᠳᠣ — ᠴᠠᠭᠠᠨ ᠭᠣᠶᠣᠣ᠎ᠶ᠋ᠢᠨ ᠠᠵᠤ ᠦᠢᠯᠡᠰ᠎ᠦᠨ ᠰᠠᠭᠤᠷᠢᠨ》 ᠤ᠋ 10 ᠲᠦᠮᠡᠨ ᠮᠦ᠍ ᠣᠢᠲᠤ ᠭᠠᠵᠠᠷ᠎ᠤᠨ ᠡᠳᠡᠭᠡᠷᠡᠯᠲᠡ᠎ᠶ᠋ᠢᠨ ᠨᠤᠷᠮ᠎ᠠ ᠵᠥᠪᠬᠡᠨ 28 % ᠪᠠᠢᠬᠤ ᠬᠢᠮᠤᠷᠠᠯ᠎ᠤᠨ ᠡᠮᠦᠨ᠎ᠡ᠂ ᠲᠡᠷᠡ ᠠᠶᠤᠯ ᠲᠦᠭ᠌ᠰᠢᠭᠦᠷᠢ᠎ᠶ᠋ᠢᠨ ᠡᠮᠦᠨ᠎ᠡ ᠵᠠᠷᠯᠢᠭ ᠬᠦᠯᠢᠶᠡᠵᠦ᠍᠂ ᠨᠠᠮᠤᠷ (ᠡᠪᠦᠯ) ᠤ᠋ᠨ ᠤᠯᠠᠷᠢᠯ᠎ᠤᠨ ᠣᠢᠵᠢᠭᠤᠯᠤᠯᠲᠠ᠎ᠶ᠋ᠢᠨ ᠮᠡᠷᠭᠡᠵᠢᠯ᠎ᠢ ᠳᠡᠯᠭᠡᠷᠡᠭᠦᠯᠵᠦ᠍᠂ ᠡᠳᠡᠭᠡᠷᠡᠯᠲᠡ᠎ᠶ᠋ᠢᠨ ᠨᠤᠷᠮ᠎ᠠ ᠨᠢ 5%~ 10% ᠪᠡᠷ ᠳᠡᠭᠡᠭ᠌ᠰᠢᠯᠡᠵᠦ᠍᠂ ᠮᠦ᠍ ᠲᠤᠮᠳᠠᠴᠢ ᠪᠡᠷ 450 ᠺᠢᠯᠣᠭ᠌ᠷᠠᠮ ᠤᠰᠤ ᠠᠷᠪᠢᠯᠠᠵᠤ᠂ ᠮᠡᠷᠭᠡᠵᠢᠯ ᠨᠢ ᠨᠢᠩᠱᠢᠶᠠ᠂ ᠱᠢᠨᠵᠢᠶᠠᠩ ᠵᠡᠷᠭᠡ ᠭᠠᠵᠠᠷ᠎ᠲᠤ ᠦᠷᠭᠡᠨ ᠵᠢᠡᠷ ᠲᠡᠯᠭᠡᠷᠡᠵᠦ᠂ ᠠᠮᠢ ᠠᠬᠤᠢ ᠠᠵᠤ ᠠᠬᠤᠢ᠎ᠶ᠋ᠢᠨ ᠬᠣᠣᠰ ᠦᠷ᠎ᠡ ᠠᠱᠢᠭ ᠢᠯᠡᠳᠲᠡ ᠪᠣᠯᠪᠠ᠃
ᠯᠢᠦ ᠬᠣᠩ ᠢ ᠡᠯᠡᠰᠦᠨ᠎ᠦ ᠠᠵᠤ ᠦᠶ᠋ᠯᠡᠰ᠎ᠦᠨ ᠮᠡᠷᠭᠡᠵᠢᠯ᠎ᠢ ᠭᠦᠨ ᠰᠤᠳᠤᠯᠵᠤ᠂ 《ᠵᠠᠭᠤᠨ ᠣᠢᠵᠢᠭᠤᠯᠤᠯᠲᠠ ᠵᠢᠴᠢ ᠬᠠᠮᠢᠶᠠᠷᠴᠤ᠌ ᠬᠠᠮᠠᠭᠠᠯᠠᠬᠤ ᠮᠡᠷᠭᠡᠵᠢᠯ᠎ᠦᠨ ᠲᠦᠷᠢᠮ》 ᠵᠡᠷᠭᠡ ᠣᠯᠠᠨ ᠵᠦᠶ᠋ᠯ᠎ᠦᠨ ᠣᠷᠣᠨ ᠨᠤᠲᠤᠭ᠎ᠤᠨ ᠪᠠᠷᠢᠮᠵᠢᠶ᠎ᠠ᠎ᠶ᠋ᠢ ᠲᠣᠭ᠍ᠲᠠᠭᠠᠵᠤ᠂ 15 ᠵᠢᠯ ᠳᠠᠷᠠᠭᠠᠯᠠᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠣᠨᠴᠠ ᠲᠣᠮᠢᠯᠠᠭ᠍ᠳᠠᠭ᠍ᠴᠢ ᠪᠣᠯᠵᠣ᠂ ᠮᠠᠯᠴᠢᠨ ᠲᠠᠷᠢᠶᠠᠴᠢᠨ᠎ᠢ ᠮᠢᠩᠭ᠎ᠠ ᠱᠢᠬᠠᠮ ᠬᠥᠮᠦᠨ ᠤᠳᠠᠭ᠎ᠠ ᠪᠣᠯᠪᠠᠰᠤᠷᠠᠭᠤᠯᠵᠤ᠂ ᠵᠠᠭᠤᠨ ᠣᠢᠵᠢᠭᠤᠯᠤᠯᠲᠠ᠎ᠶ᠋ᠢ 290 ᠲᠦᠮᠡᠨ ᠮᠥ᠍ ᠳᠡᠯᠭᠡᠷᠡᠭᠦᠯᠵᠦ᠍᠂ ᠴᠠᠭᠠᠨ ᠭᠣᠶᠣᠣ ᠤᠯᠠᠭᠠᠨ ᠭᠣᠶᠣᠣ ᠵᠢ 73 ᠲᠦᠮᠡᠨ ᠮᠥ᠍ ᠳᠠᠷᠢᠵᠤ᠂ ᠠᠵᠤ ᠠᠬᠤᠶ᠎ᠶ᠋ᠢᠨ ᠠᠱᠢᠭ ᠣᠷᠣᠯᠭ᠎ᠠ᠎ᠶ᠋ᠢ 3 ᠳ᠋ᠦᠩᠱᠢᠭᠤᠷ ᠲᠥᠭᠥᠷᠢᠭ ᠱᠢᠬᠠᠮ ᠪᠡᠶᠡᠯᠡᠭᠦᠯᠵᠦ᠍᠂ 2 ᠲᠦᠮᠡᠨ ᠮᠠᠯᠴᠢᠨ᠎ᠤ ᠬᠥᠮᠦᠨ ᠳᠤᠮᠳᠠᠴᠢ᠎ᠶ᠋ᠢᠨ ᠣᠷᠣᠯᠭ᠎ᠠ᠎ᠶ᠋ᠢ ᠲᠦᠮᠡᠨ ᠲᠥᠭᠥᠷᠢᠭ ᠱᠢᠬᠠᠮ᠎ᠢᠶᠠᠷ ᠨᠡᠮᠡᠭ᠌ᠳᠡᠭᠦᠯᠵᠦ᠍᠂《ᠨᠠᠳᠠ᠎ᠪᠠᠷ ᠣᠢᠵᠢᠭᠤᠯᠤᠯᠲᠠ ᠬᠢᠯᠭᠡᠬᠦ᠌》 ᠶ᠋ᠢ 《ᠪᠢ ᠣᠢᠵᠢᠭᠤᠯᠬᠤ》 ᠲᠡᠢᠰᠢ ᠬᠤᠪᠢᠷᠠᠭᠤᠯᠬᠤ᠎ᠶ᠋ᠢ ᠠᠬᠢᠭᠤᠯᠪᠠ᠃ 2012 ᠣᠨ᠎ᠳᠤ ᠣᠷᠳᠣ ᠬᠦᠯ ᠭᠠᠴᠠᠭ᠎ᠠ᠎ᠶ᠋ᠢᠨ ᠲᠣᠰᠭᠣᠨ᠎ᠳᠤ ᠰᠠᠭᠤᠭ᠎ᠠ ᠨᠢᠭᠡᠳᠦᠭᠡᠷ ᠱᠦᠵᠢ᠎ᠶ᠋ᠢᠨ ᠲᠤᠱᠢᠶᠠᠯ᠎ᠢ ᠡᠭᠦᠷᠭᠡᠯᠡᠭ᠌ᠰᠡᠨ᠎ᠦ ᠳᠠᠷᠠᠭ᠎ᠠ᠂ ᠲᠡᠷᠡ ᠨᠢᠰᠭᠡᠯ᠎ᠢᠶᠡᠷ ᠲᠠᠷᠪᠠᠯᠵᠢ ᠲᠤᠷᠱᠢᠨ ᠳᠠᠷᠢᠵᠤ ᠠᠮᠵᠢᠯᠲᠠ ᠣᠯᠵᠤ᠂ 《ᠵᠠᠭᠤᠨ ᠲᠦᠮᠡᠨ ᠮᠥ᠍ ᠲᠠᠷᠪᠠᠯᠵᠢ ᠵᠢᠨ ᠦᠷ᠎ᠡ ᠠᠪᠬᠤ ᠰᠠᠭᠤᠷᠢᠨ》 ᠢ᠋ ᠲᠥᠯᠥᠪᠵᠢᠭᠦᠯᠵᠦ᠍᠂ ᠮᠠᠯᠴᠢᠳ᠎ᠢ ᠳᠠᠢᠴᠢᠯᠠᠨ ᠠᠮᠢ ᠠᠬᠤᠶ᠎ᠶ᠋ᠢᠨ ᠨᠥᠬᠥᠪᠥᠷᠢ ᠣᠯᠭᠣᠵᠤ᠂ ᠦᠷ᠎ᠡ ᠬᠤᠳᠠᠯᠳᠤᠵᠤ ᠣᠷᠣᠯᠭ᠎ᠠ᠎ᠪᠠᠨ ᠨᠡᠮᠡᠭ᠌ᠳᠡᠭᠦᠯᠵᠦ᠍᠂ ᠪᠠᠰᠠ 《ᠲᠠᠷᠪᠠᠯᠵᠢ ᠵᠢᠨ ᠴᠡᠴᠡᠭ᠎ᠦᠨ ᠪᠠᠶᠠᠷ》 ᠢ᠋ ᠠᠰᠢᠭᠯᠠᠵᠤ ᠠᠮᠢ ᠠᠬᠤᠶ᠎ᠶ᠋ᠢᠨ ᠵᠢᠭᠤᠯᠴᠢᠯᠠᠯ᠎ᠢ ᠬᠥᠭ᠌ᠵᠢᠭᠦᠯᠪᠡ᠃ 9 ᠵᠢᠯ ᠲᠤᠱᠢᠶᠠᠯ ᠡᠭᠦᠷᠭᠡᠯᠡᠭ᠌ᠰᠡᠨ ᠬᠤᠭᠤᠴᠠᠭᠠᠨ᠎ᠳᠦ᠂ ᠭᠠᠴᠠᠭᠠᠨ᠎ᠤ ᠬᠠᠮᠲᠤ᠎ᠶ᠋ᠢᠨ ᠠᠵᠤ ᠠᠬᠤᠢ ᠵᠢᠨ ᠬᠤᠷᠠᠮᠳᠤᠭᠤᠯᠭ᠎ᠠ 1 ᠲᠦᠮᠡᠨ ᠲᠥᠭᠥᠷᠢᠭ ᠬᠥᠷᠬᠥ᠌ ᠥᠬᠡᠶ ᠪᠠᠢᠭ᠍ᠰᠠᠨ᠎ᠢ 320 ᠲᠦᠮᠡᠨ ᠲᠥᠭᠥᠷᠢᠭ ᠪᠣᠯᠭᠠᠨ ᠨᠡᠮᠡᠭᠳᠡᠭᠦᠯᠵᠦ᠂ 《ᠠᠮᠢ ᠠᠬᠤᠶ + ᠠᠵᠤ ᠦᠶ᠋ᠯᠡᠰ + ᠬᠥᠭ᠌ᠵᠢᠭᠦᠯᠦᠨ ᠮᠠᠨᠳᠤᠭᠤᠯᠬᠤ》 ᠬᠥᠳᠡᠭᠡ ᠲᠣᠰᠭᠣᠨ᠎ᠤ ᠬᠥᠭ᠌ᠵᠢᠯᠲᠡ᠎ᠶ᠋ᠢᠨ ᠵᠠᠮ᠎ᠢ ᠪᠤᠢ ᠪᠤᠯᠭᠠᠪᠠ᠃
3. ᠴᠤᠭ᠍ᠪᠢᠯᠢᠭ᠌᠄ ᠮᠣᠩᠭᠣᠯ ᠡᠮᠨᠡᠯᠭᠡ᠎ᠶ᠋ᠢᠨ ᠡᠮᠴᠢᠯᠡᠭᠡᠨ᠎ᠦ ᠨᠢᠭᠡᠳᠦᠭᠡᠷ ᠹᠷᠣᠨᠲ᠎ᠲᠤ ᠭᠦᠨᠵᠡᠭᠡᠢᠷᠡᠵᠦ᠍᠂ 《ᠡᠮᠴᠢ ᠬᠥᠮᠦᠨ᠎ᠦ ᠡᠨᠡᠷᠢᠩᠭᠦᠶ ᠰᠡᠳᠭᠢᠯ》 ᠵᠢᠡᠷ ᠠᠵᠢᠯ ᠮᠡᠷᠭᠡᠵᠢᠯ᠎ᠦᠨ ᠪᠠᠷᠢᠮᠵᠢᠶ᠎ᠠ ᠪᠣᠯᠭᠠᠵᠤ᠂ ᠮᠣᠩᠭᠣᠯ ᠡᠮᠨᠡᠯᠭᠡ᠎ᠶ᠋ᠢᠨ ᠣᠨᠴᠠᠯᠢᠭ᠍ᠲᠤ ᠠᠷᠭ᠎ᠠ᠎ᠪᠠᠷ ᠲᠣᠭ᠎ᠠ ᠲᠣᠮᠰᠢ ᠦᠭᠡᠶ ᠡᠪᠡᠳᠴᠢᠲᠡᠨ᠎ᠤ ᠡᠪᠡᠳᠴᠢᠨ᠎ᠢ ᠵᠠᠰᠠᠪᠠ
ᠴᠤᠭ᠍ᠪᠢᠯᠢᠭ᠌ ᠡᠮᠴᠢᠯᠡᠭᠡᠨ᠎ᠤ 30 ᠭᠠᠷᠤᠶ ᠵᠢᠯ᠎ᠦᠨ ᠲᠤᠷᠰᠢ᠂ ᠬᠠᠷᠠᠮ ᠥᠬᠡᠶ ᠬᠤᠪᠢ ᠨᠡᠮᠡᠷᠢ᠎ᠪᠡᠷ ᠱᠢᠨ᠎ᠡ ᠴᠠᠭ ᠦᠶ᠎ᠡ᠎ᠶ᠋ᠢᠨ ᠮᠣᠩᠭᠣᠯ ᠡᠮᠴᠢ᠎ᠶ᠋ᠢᠨ ᠡᠭᠦᠷᠭᠡ ᠬᠠᠷᠢᠭᠤᠴᠠᠯᠭ᠎ᠠ᠎ᠶ᠋ᠢ ᠲᠠᠢᠯᠪᠤᠷᠢᠯᠠᠪᠠ᠃ ᠮᠣᠩᠭᠣᠯ ᠡᠮᠴᠢ ᠪᠣᠯᠤᠭ᠍ᠰᠠᠨ᠎ᠤ ᠬᠤᠪᠢ᠎ᠳᠤ᠂ ᠲᠡᠷᠡ ᠬᠠᠷᠠᠬᠠᠨ ᠪᠠᠭ᠎ᠠ᠎ᠡᠴᠡ᠎ᠪᠠᠨ ᠮᠤᠨᠭᠭᠤᠯ ᠨᠤᠲᠤᠭ᠎ᠤᠨ ᠮᠣᠩᠭᠣᠯ ᠡᠮᠨᠡᠯᠭᠡ᠎ᠶ᠋ᠢᠨ ᠰᠣᠶᠣᠯ᠎ᠢ ᠬᠦᠷᠳᠡᠵᠦ ᠪᠣᠢᠵᠢᠭ᠍ᠰᠠᠨ ᠶᠤᠮ᠃ ᠪᠠᠭ᠎ᠠ᠎ᠶ᠋ᠢᠨ ᠦᠶ᠎ᠡ᠎ᠳᠡᠭᠡᠨ ᠭᠡᠷ᠎ᠦᠨ ᠠᠬᠠᠮᠠᠳ ᠤ᠋ᠨ ᠮᠣᠩᠭᠣᠯ ᠡᠮ᠂ ᠮᠣᠩᠭᠣᠯ ᠡᠮᠨᠡᠯᠭᠡ᠎ᠶ᠋ᠢᠨ ᠮᠡᠷᠭᠡᠵᠢᠯ᠎ᠢᠶᠡᠷ ᠬᠥᠷᠰᠢ ᠵᠡᠷᠭᠡᠯᠡᠳᠡᠭᠡ᠎ᠶ᠋ᠢᠨ᠎ᠢᠶᠡᠨ ᠡᠪᠡᠳᠴᠢᠨ ᠵᠣᠪᠠᠭᠤᠷᠢ᠎ᠶ᠋ᠢ ᠨᠠᠮᠳᠠᠭᠤᠯᠵᠤ ᠪᠠᠢᠬᠤ᠎ᠶ᠋ᠢ ᠬᠠᠷᠠᠭᠠᠳ ᠲᠡᠷᠡ 《ᠮᠣᠩᠭᠣᠯ ᠡᠮᠨᠡᠯᠭᠡ᠎ᠶ᠋ᠢ ᠤᠯᠠᠮᠵᠢᠯᠠᠨ᠂ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠰᠠᠬᠢᠨ ᠬᠠᠮᠠᠭᠠᠯᠠᠬᠤ》 ᠪᠤᠳᠤᠯ ᠤᠷᠤᠪᠠ᠃ 1995 ᠣᠨ᠎ᠳᠤ ᠥᠪᠥᠷ ᠮᠣᠩᠭᠣᠯ᠎ᠤᠨ ᠶᠡᠬᠡ ᠵᠤᠤ ᠠᠢᠮᠠᠭ᠎ᠤᠨ ᠡᠷᠡᠭᠦᠯ ᠬᠠᠮᠠᠭᠠᠯᠠᠯ᠎ᠤᠨ ᠰᠤᠷᠭᠠᠭᠤᠯᠢ᠎ᠶ᠋ᠢᠨ ᠮᠣᠩᠭᠣᠯ ᠡᠮᠨᠡᠯᠭᠡ᠎ᠶ᠋ᠢᠨ ᠲᠤᠰᠭᠠᠢ ᠮᠡᠷᠭᠡᠵᠢᠯ᠎ᠡᠴᠡ ᠲᠡᠭᠦᠰᠴᠦ᠍᠂ ᠱᠢᠯᠢ᠎ᠶ᠋ᠢᠨ ᠭᠣᠣᠯ ᠠᠢᠮᠠᠭ᠎ᠤᠨ ᠰᠥᠨᠢᠳ ᠪᠠᠷᠠᠭᠤᠨ ᠬᠣᠱᠢᠭᠤᠨ᠎ᠤ ᠭᠡᠷᠡᠯ ᠤᠳᠤ ᠰᠤᠮᠤᠨ᠎ᠤ ᠡᠷᠡᠭᠦᠯ ᠬᠠᠮᠠᠭᠠᠯᠠᠯ᠎ᠤᠨ ᠬᠣᠷᠢᠶᠠᠨ᠎ᠳᠤ ᠪᠤᠴᠠᠵᠤ᠂ ᠦᠨᠳᠦᠰᠦᠨ ᠱᠠᠲᠤᠨ᠎ᠤ ᠮᠣᠩᠭᠣᠯ ᠡᠮᠴᠢ ᠪᠣᠯᠵᠠᠢ᠃ ᠲᠡᠷᠡ 《ᠨᠡᠭᠦᠳᠡᠯ ᠡᠮᠴᠢᠯᠡᠭᠡ》 ᠶ᠋ᠢᠨ ᠡᠭᠦᠷᠭᠡ᠎ᠶ᠋ᠢ ᠰᠠᠨᠠᠭᠠᠴᠢᠯᠠᠭ᠎ᠠ᠎ᠡᠴᠡ᠎ᠪᠠᠨ ᠡᠭᠦᠷᠭᠡᠯᠡᠵᠦ᠍᠂ ᠴᠢᠩᠨᠠᠭᠤᠷ᠂ ᠮᠣᠩᠭᠣᠯ ᠡᠮ ᠪᠠ ᠵᠡᠭᠦᠦ ᠰᠠᠪᠠᠯᠠᠭ᠍ᠰᠠᠨ ᠡᠮ᠎ᠦᠨ ᠬᠠᠢᠷᠴᠠᠭ᠎ᠢ ᠡᠭᠦᠷᠴᠦ ᠮᠣᠷᠢ ᠤᠨᠤᠬᠤ ᠡᠰᠡᠬᠦᠯ᠎ᠡ ᠮᠠᠯᠴᠢᠳ᠎ᠤᠨ ᠬᠠᠰᠠᠭ ᠲᠡᠷᠭᠡᠨ᠎ᠳᠦ ᠰᠠᠭᠤᠵᠤ᠂ ᠲᠣᠭ᠍ᠲᠠᠭ᠍ᠰᠠᠨ ᠬᠤᠭᠤᠴᠠᠭ᠎ᠠ᠎ᠲᠠᠶ᠎ᠪᠠᠷ ᠬᠥᠳᠡᠭᠡ ᠪᠠᠭᠤᠵᠤ ᠬᠥᠳᠡᠯᠵᠦ᠍ ᠪᠠᠷᠢᠬᠤ᠎ᠳᠤ ᠳᠥᠭᠥᠮ ᠦᠭᠡᠢ ᠮᠠᠯᠴᠢᠳ᠎ᠲᠤ ᠡᠮ ᠬᠦᠷᠭᠡᠵᠦ᠍ ᠪᠠᠢᠪᠠ᠃ ᠬᠡᠦᠬᠡᠳ ᠪᠣᠯᠭᠠᠨ ᠲᠣᠭ᠍ᠲᠠᠭ᠍ᠰᠠᠨ ᠴᠠᠭ᠎ᠲᠠᠭᠠᠨ ᠸᠠᠺᠼᠢᠨ᠎ᠤ ᠲᠠᠷᠢᠯᠭ᠎ᠠ ᠬᠢᠬᠦ᠌᠎ᠶ᠋ᠢ ᠦᠨᠡᠨ ᠬᠦ᠌ ᠪᠠᠲᠤᠯᠠᠬᠤ᠎ᠶ᠋ᠢᠨ ᠲᠥᠯᠥᠭᠡ᠂ ᠲᠡᠷᠡ ᠰᠠᠷ᠎ᠠ ᠪᠦᠷᠢ ᠮᠣᠲ᠋ᠣᠷ ᠤᠨᠤᠵᠤ ᠬᠥᠳᠡᠭᠡ ᠪᠠᠭᠤᠵᠤ᠂ ᠬᠠᠬᠢᠷ ᠬᠦᠶ᠋ᠲᠡᠨ᠂ ᠠᠭᠠᠭᠢᠮ᠎ᠠ ᠬᠠᠯᠠᠭᠤᠨ᠂ ᠲᠠᠰᠤᠯᠳᠠᠭᠤᠯᠤᠯ ᠥᠬᠡᠶ ᠪᠠᠢᠬᠤ᠎ᠶ᠋ᠢ ᠪᠠᠷᠢᠮᠲᠠᠯᠠᠵᠤ᠂ ᠬᠡᠷᠡᠯ ᠤᠳᠤ ᠰᠤᠮᠤ᠎ᠶ᠋ᠢᠨ ᠬᠡᠦᠬᠡᠳ᠎ᠦᠨ ᠸᠠᠺᠼᠢᠨ᠎ᠤ ᠲᠠᠷᠢᠯᠭ᠎ᠠ ᠬᠢᠬᠦ᠌ ᠨᠣᠷᠮ᠎ᠠ᠎ᠶ᠋ᠢ ᠢᠮᠠᠭ᠍ᠲᠠ 100% ᠪᠠᠷ ᠪᠠᠲᠤᠯᠠᠵᠤ᠂ ᠨᠢᠭᠡ᠎ᠶ᠋ᠢ ᠴᠦ᠍ ᠣᠷᠬᠢᠭ᠍ᠳᠠᠭᠤᠯᠤᠭ᠍ᠰᠠᠨ ᠥᠬᠡᠶ᠃ ᠰᠤᠮᠤ᠎ᠶ᠋ᠢᠨ ᠡᠷᠡᠭᠦᠯ ᠬᠠᠮᠠᠭᠠᠯᠠᠯ᠎ᠤᠨ ᠬᠣᠷᠢᠶᠠᠨ᠎ᠳᠤ ᠠᠵᠢᠯᠯᠠᠭ᠍ᠰᠠᠨ ᠠᠷᠪᠠᠭᠠᠳ ᠵᠢᠯ ᠬᠤᠭᠤᠴᠠᠭᠠᠨ᠎ᠳᠤ ᠴᠤᠭ᠍ᠪᠢᠯᠢᠭ᠌ ᠮᠠᠯᠵᠢᠯ᠎ᠤᠨ ᠴᠡᠭ ᠪᠣᠯᠭᠠᠨ᠎ᠳᠤ ᠬᠦᠷᠴᠦ᠍᠂ ᠬᠥᠳᠡᠭᠡ ᠪᠠᠭᠤᠵᠤ ᠡᠮᠨᠡᠭᠦᠯᠦᠭ᠌ᠰᠡᠨ ᠬᠥᠮᠦᠨ᠎ᠦ ᠲᠣᠭ᠎ᠠ 3000 ᠬᠦᠮᠦᠨ ᠤᠳᠠᠭ᠎ᠠ ᠶ᠋ᠢ ᠳᠠᠪᠠᠵᠤ᠂ ᠮᠠᠯᠴᠢᠳ᠎ᠤᠨ ᠡᠪᠡᠳᠴᠢᠨ ᠦᠵᠡᠭᠦᠯᠬᠦ᠌ ᠴᠠᠭ ᠪᠣᠯᠤᠨ ᠥᠪᠡᠷ᠎ᠦᠨ ᠥᠷᠲᠡᠭ᠎ᠢ ᠶᠡᠬᠡᠪᠡᠷ ᠠᠷᠪᠢᠯᠠᠵᠠᠶ᠃ ᠲᠡᠷᠡ ᠪᠡᠷ ᠮᠣᠩᠭᠣᠯ ᠡᠮᠨᠡᠯᠭᠡ᠎ᠶ᠋ᠢᠨ ᠤᠯᠠᠮᠵᠢᠯᠠᠯᠲᠤ ᠡᠮᠴᠢᠯᠡᠭᠡᠨ᠎ᠦ ᠮᠡᠷᠭᠡᠵᠢᠯ᠎ᠦᠨ ᠬᠦᠷᠢᠶᠠᠨ ᠳ᠋ᠤ ᠬᠡᠳᠦᠨ ᠠᠷᠪᠠᠨ ᠵᠢᠯ ᠭᠠᠪᠰᠢᠭᠠᠢᠯᠠᠨ ᠠᠵᠢᠯᠯᠠᠵᠤ᠂ ᠴᠢᠰᠤ ᠲᠠᠯᠪᠢᠬᠤ ᠵᠠᠰᠠᠯ᠂ ᠰᠣᠷᠣᠭᠤᠯ ᠲᠠᠯᠪᠢᠬᠤ ᠵᠠᠰᠠᠯ᠂ ᠲᠤᠯᠤᠭᠠᠢ ᠵᠢᠨ ᠵᠠᠭᠠᠳᠠᠰᠤ ᠬᠦᠳᠡᠯᠵᠤ ᠲᠡᠷᠢᠬᠢ ᠲᠤᠷᠬᠢᠬᠤ ᠵᠢ ᠵᠠᠰᠠᠬᠤ ᠮᠡᠷᠭᠡᠵᠢᠯ᠂ ᠭᠠᠯ ᠵᠡᠭᠦᠦ᠍᠎ᠶ᠋ᠢᠨ ᠵᠠᠰᠠᠯ ᠵᠡᠷᠭᠡ 20 ᠭᠠᠷᠤᠶ ᠵᠦᠶ᠋ᠯ᠎ᠦᠨ ᠮᠣᠩᠭᠣᠯ ᠡᠮᠨᠡᠯᠭᠡ᠎ᠶ᠋ᠢᠨ ᠥᠪᠡᠷᠮᠢᠴᠡ ᠣᠨᠴᠠᠯᠢᠭ ᠪᠥᠬᠥᠶ ᠤᠷ᠎ᠠ ᠮᠡᠷᠭᠡᠵᠢᠯ᠎ᠢ ᠪᠣᠯᠪᠠᠰᠤᠷᠠᠩᠭᠤᠶ ᠡᠵᠡᠮᠱᠢᠭ᠌ᠰᠡᠨ ᠪᠥᠭᠡᠳ ᠮᠣᠩᠭᠣᠯ ᠡᠮᠤ᠋ᠨ ᠨᠠᠢᠷᠠᠯᠳᠠ ᠲᠠᠢ ᠤᠶᠠᠯᠳᠤᠭᠤᠯᠤᠨ᠂ ᠲᠣᠭ᠎ᠠ ᠲᠣᠮᠰᠢ ᠥᠬᠡᠶ ᠬᠦᠴᠢᠷ ᠲᠦᠪᠡᠭ᠌ᠲᠡᠶ ᠡᠪᠡᠳᠴᠢᠨ᠎ᠳᠦ ᠨᠡᠷᠪᠡᠭ᠌ᠳᠡᠭ᠌ᠰᠡᠳᠲᠦ ᠡᠷᠡᠭᠦᠯᠵᠢᠬᠦ᠌ ᠬᠦᠰᠡᠯ ᠡᠷᠡᠮᠡᠯᠵᠡᠯ ᠣᠯᠭᠤᠪᠠ᠃ ᠲᠡᠷᠡ ᠮᠣᠩᠭᠣᠯ ᠡᠮᠨᠡᠯᠭᠡ᠎ᠶ᠋ᠢᠨ ᠤᠨᠴᠠᠯᠢᠬ᠍ᠳᠤ ᠡᠮᠨᠡᠬᠦ᠌ ᠠᠷᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠲᠤᠬᠠᠢ᠎ᠶ᠋ᠢᠨ ᠭᠠᠵᠠᠷ᠎ᠤᠨ ᠤᠯᠠᠨ ᠡᠭᠦᠰᠳᠡᠭ ᠬᠦᠵᠦᠭᠦᠦ ᠰᠡᠭᠡᠷ᠎ᠦᠨ ᠡᠪᠡᠳᠴᠢᠨ᠂ ᠪᠦᠰᠡᠯᠡᠭᠦᠷ ᠨᠢᠷᠤᠭᠤᠨ᠎ᠤ ᠰᠡᠭᠡᠷ᠎ᠦᠨ ᠲᠠᠪᠠᠭ ᠳᠣᠪᠣᠢᠭ᠍ᠰᠠᠨ ᠭᠡᠮ ᠵᠢᠴᠢ ᠡᠪᠦᠳᠦᠭ᠎ᠦᠨ ᠦᠶ᠎ᠡ᠎ᠶ᠋ᠢᠨ ᠶᠠᠰᠤᠨ ᠴᠢᠨᠠᠷᠲᠠᠢ ᠦᠶ᠎ᠡ ᠭᠡᠱᠢᠭᠦᠨ᠎ᠦ ᠡᠪᠡᠳᠴᠢᠨ᠎ᠳᠦ ᠴᠢᠭ᠌ᠯᠡᠭᠦᠯᠦᠨ᠂ ᠲᠤᠰᠭᠠᠢ ᠳᠤᠭᠤᠢᠯᠠᠩ ᠪᠠᠢᠭᠤᠯᠵᠤ᠂ ᠮᠣᠩᠭᠣᠯ ᠡᠮᠨᠡᠯᠭᠡ᠎ᠶ᠋ᠢᠨ ᠨᠣᠮ ᠪᠢᠴᠢᠭ᠎ᠢ ᠭᠦᠨᠵᠡᠭᠡᠢ ᠰᠤᠳᠤᠯᠤᠨ ᠤᠩᠱᠢᠬᠤ᠎ᠶ᠋ᠢᠨ ᠵᠡᠷᠭᠡ ᠪᠡᠷ ᠡᠮᠴᠢᠯᠡᠭᠡᠨ᠎ᠦ ᠲᠤᠷᠱᠢᠯᠭ᠎ᠠ᠎ᠲᠠᠶ ᠤᠶᠠᠯᠳᠤᠭᠤᠯᠤᠨ᠂ ᠠᠯᠢ ᠤᠯᠠᠨ ᠥᠨᠳᠥᠷ ᠪᠦᠲᠦᠮᠵᠢᠲᠡᠢ ᠣᠨᠣᠱᠢᠯᠠᠨ ᠡᠮᠨᠡᠬᠦ᠌ ᠲᠥᠰᠦᠯ᠎ᠢ ᠲᠣᠭ᠍ᠲᠠᠭᠠᠪᠠ᠃ ᠵᠢᠱ᠌ᠢᠶᠡᠯᠡᠪᠡᠯ᠂ ᠬᠦᠵᠦᠭᠦᠦ ᠰᠡᠭᠡᠷ᠎ᠦᠨ ᠡᠪᠡᠳᠴᠢᠨ᠎ᠳᠦ 《ᠰᠣᠷᠣᠭᠤᠯ ᠲᠠᠯᠪᠢᠬᠤ + ᠲᠤᠯᠤᠭᠠᠢ ᠵᠢᠨ ᠵᠠᠭᠠᠳᠠᠰᠤ ᠬᠦᠳᠡᠯᠵᠤ ᠲᠡᠷᠢᠬᠢ ᠲᠤᠷᠬᠢᠬᠤ ᠵᠢ ᠵᠠᠰᠠᠬᠤ ᠵᠠᠰᠠᠯ + ᠮᠣᠩᠭᠣᠯ ᠡᠮ ᠤᠤᠭᠤᠬᠤ》᠂ 《ᠭᠠᠯ ᠵᠡᠭᠦᠦ + ᠮᠣᠩᠭᠣᠯ ᠡᠮ ᠲᠦᠷᠬᠢᠬᠦ᠌》ᠬᠠᠮᠳᠤᠷᠠᠬᠰᠡᠨ ᠵᠠᠰᠠᠯ᠎ᠢ ᠬᠡᠷᠡᠭ᠌ᠯᠡᠵᠦ᠍᠂ ᠦᠷ᠎ᠡ ᠪᠦᠲᠦᠮᠵᠢ ᠨᠢ 95%᠎ᠡᠴᠡ ᠳᠡᠭᠡᠭ᠌ᠰᠢ ᠪᠠᠢᠳᠠᠭ᠃ ᠤᠢ᠍ᠢᠷ᠎ᠠ᠎ᠶ᠋ᠢᠨ ᠵᠢᠯ᠎ᠳᠦ᠂ ᠲᠡᠷᠡ ᠬᠦᠴᠢᠷ ᠲᠦᠪᠡᠭ᠌ᠲᠡᠢ ᠡᠪᠡᠳᠴᠢᠲᠡᠨ᠎ᠳᠦ ᠨᠡᠢ᠌ᠳᠡ 2000 ᠭᠠᠷᠤᠢ ᠥᠪᠡᠷᠮᠢᠴᠡ ᠡᠮᠴᠢᠯᠡᠭᠡ ᠬᠢᠬᠦ᠌ ᠲᠥᠰᠦᠯ ᠲᠣᠭ᠍ᠲᠠᠭᠠᠵᠤ᠂ ᠡᠮᠴᠢᠯᠡᠭᠡᠨ᠎ᠦ ᠦᠷ᠎ᠡ ᠪᠦᠲᠦᠮᠵᠢ 92% ᠡᠴᠡ ᠳᠡᠭᠡᠭ᠌ᠰᠢ᠎ᠳᠦ ᠬᠦᠷᠴᠦ᠍᠂ ᠡᠪᠡᠳᠴᠢᠲᠡᠨ᠎ᠦ ᠬᠠᠨᠤᠮᠵᠢ᠎ᠶ᠋ᠢᠨ ᠬᠡᠮᠵᠢᠶ᠎ᠡ ᠢᠮᠠᠭ᠍ᠲᠠ 98% ᠡᠴᠡ ᠳᠡᠭᠡᠭ᠌ᠰᠢ ᠪᠠᠢᠬᠤ᠎ᠶ᠋ᠢ ᠪᠠᠲᠤᠯᠠᠪᠠ᠃
ᠴᠣᠭ᠍ᠪᠢᠯᠢᠭ᠌ ᠢᠮᠠᠭ᠍ᠲᠠ 《ᠰᠤᠷᠤᠯᠴᠠᠬᠤ》 ᠪᠠ 《ᠤᠯᠠᠮᠵᠢᠯᠠᠨ ᠵᠠᠯᠭᠠᠮᠵᠢᠯᠠᠬᠤ》 ᠶ᠋ᠢ ᠴᠢᠬᠤᠯᠠ ᠪᠠᠢᠷᠢᠨ᠎ᠳᠤ ᠲᠠᠯᠪᠢᠵᠤ᠂ ᠨᠢᠭᠡ ᠲᠠᠯ᠎ᠠ᠎ᠪᠠᠷ ᠥᠪᠡᠷ᠎ᠦᠨ ᠲᠤᠰᠭᠠᠶ ᠮᠡᠷᠭᠡᠵᠢᠯ᠎ᠦᠨ ᠲᠦᠪᠱᠢᠨ᠎ᠢᠶᠡᠨ ᠲᠠᠰᠤᠷᠠᠯᠲᠠ ᠥᠬᠡᠶ ᠳᠡᠭᠡᠭ᠌ᠰᠢᠯᠡᠭᠦᠯᠵᠦ᠍᠂ ᠨᠥᠭᠥᠭᠡ ᠲᠠᠯ᠎ᠠ᠎ᠪᠠᠷ ᠮᠡᠳᠡᠯᠭᠡ ᠪᠠ ᠲᠤᠷᠱᠢᠯᠭ᠎ᠠ᠎ᠪᠠᠨ ᠵᠠᠯᠠᠭᠤ ᠡᠮᠴᠢ᠎ᠳᠦ ᠬᠠᠷᠠᠮᠨᠠᠯ ᠥᠬᠡᠶ᠎ᠪᠡᠷ ᠤᠯᠠᠮᠵᠢᠯᠠᠵᠤ᠂ ᠰᠠᠯᠠᠭ᠎ᠠ ᠲᠠᠰᠤᠭ᠎ᠢᠶᠠᠨ ᠳᠠᠭᠠᠭᠤᠯᠤᠨ 《ᠵᠢᠵᠢᠭ ᠡᠭᠦᠳᠡᠨ ᠡᠮᠨᠡᠯᠭᠡ》 ᠡᠴᠡ 《ᠥᠪᠡᠷᠲᠡᠭᠡᠨ ᠵᠠᠰᠠᠬᠤ ᠣᠷᠣᠨ᠎ᠤ ᠭᠤᠤᠯᠳᠠᠯᠭ᠎ᠠ᠎ᠲᠠᠶ ᠲᠤᠰᠭᠠᠶ ᠰᠠᠯᠠᠭ᠎ᠠ》 ᠬᠦᠷᠲᠡᠯᠡᠬᠢ ᠲᠠᠪᠠᠯᠳᠠᠳᠤ ᠮᠠᠶᠢᠭ᠎ᠤᠨ ᠬᠥᠭ᠌ᠵᠢᠯᠲᠡ᠎ᠶ᠋ᠢ ᠪᠡᠶᠡᠯᠡᠭᠦᠯᠪᠡ᠃ ᠲᠡᠷᠡ ᠮᠣᠩᠭᠣᠯ ᠡᠮᠨᠡᠯᠭᠡ᠎ᠶ᠋ᠢᠨ ᠬᠥᠭ᠌ᠵᠢᠯᠲᠡ᠎ᠶ᠋ᠢᠨ ᠲᠡᠷᠢᠬᠦᠨ ᠤ᠋ ᠠᠯᠬᠤᠭ᠎ᠠ ᠵᠢ ᠢᠮᠠᠭ᠍ᠲᠠ ᠴᠢᠩᠭ᠎ᠠ ᠳᠠᠭᠠᠵᠤ᠂ ᠦᠶ᠋ᠯᠡᠳᠦᠯᠭᠡ᠎ᠲᠡᠶ ᠤᠶᠠᠯᠳᠤᠭᠤᠯᠤᠨ 《ᠮᠣᠩᠭᠣᠯ ᠡᠮᠨᠡᠯᠭᠡ᠎ᠶ᠋ᠢᠨ ᠤᠯᠠᠮᠵᠢᠯᠠᠯᠲᠤ ᠡᠮᠴᠢᠯᠡᠭᠡᠨ᠎ᠦ ᠠᠷᠭ᠎ᠠ᠎ᠪᠠᠷ ᠬᠦᠵᠦᠭᠦᠦ ᠰᠡᠭᠡᠷ᠎ᠦᠨ ᠡᠪᠡᠳᠴᠢᠨ᠎ᠢ ᠵᠠᠰᠠᠬᠤ ᠡᠮᠴᠢᠯᠡᠭᠡᠨ᠎ᠦ ᠠᠵᠢᠭ᠍ᠯᠠᠯᠲᠠ》᠂ 《ᠭᠠᠯ ᠵᠡᠭᠦᠦ᠍᠎ᠶ᠋ᠢᠨ ᠵᠠᠰᠠᠯ᠎ᠤᠨ ᠡᠪᠦᠳᠦᠭ᠎ᠦᠨ ᠦᠶ᠎ᠡ᠎ᠶ᠋ᠢᠨ ᠱᠢᠷ᠎ᠠ ᠤᠰᠤᠨ᠎ᠤ ᠡᠪᠡᠳᠴᠢᠨ᠎ᠳᠡᠬᠢ ᠬᠡᠷᠡᠭ᠌ᠯᠡᠯᠲᠡ》 ᠵᠡᠷᠭᠡ 10 ᠭᠠᠷᠤᠶ ᠡᠷᠳᠡᠮ ᠱᠢᠨᠵᠢᠯᠡᠭᠡᠨ᠎ᠦ ᠥᠭᠦᠯᠡᠯ᠎ᠢ ᠪᠢᠴᠢᠵᠦ᠍᠂ 《ᠳᠤᠮᠳᠠᠳᠤ ᠤᠯᠤᠰ᠎ᠤᠨ ᠦᠨᠳᠦᠰᠦᠲᠡᠨ᠎ᠦ ᠡᠮ ᠡᠮᠨᠡᠯᠭᠡ᠎ᠶ᠋ᠢᠨ ᠰᠡᠳᠬᠦᠯ》 ᠵᠡᠷᠭᠡ ᠭᠤᠤᠯ ᠰᠡᠳᠬᠦᠯ᠎ᠳᠦ ᠨᠡᠢᠲᠡᠯᠡᠵᠦ᠍᠂ ᠮᠣᠩᠭᠣᠯ ᠡᠮᠨᠡᠯᠭᠡ᠎ᠶ᠋ᠢᠨ ᠡᠮᠴᠢᠯᠡᠭᠡᠨ᠎ᠦ ᠰᠤᠳᠤᠯᠭᠠᠨ᠎ᠳᠤ ᠬᠣᠪᠣᠷ ᠨᠠᠨᠳᠢᠨ ᠲᠤᠷᠱᠢᠯᠭ᠎ᠠ ᠬᠠᠩᠭᠠᠪᠠ᠃
4᠂ ᠵᠢᠶᠠᠩ ᠴᠢᠩ ᠴᠢᠶᠦ᠋ᠨ᠄ 36 ᠵᠢᠯ 《ᠰᠠᠢ᠌ᠠ ᠴᠠᠬᠢᠯᠭᠠᠨ ᠬᠠᠨᠭᠭᠠᠯᠭ᠎ᠠ ᠵᠢ ᠰᠠᠢᠳᠤᠷ ᠪᠠᠳᠤᠯᠠᠵᠤᠰᠠᠨᠰᠠᠷ ᠤ᠋ᠨ ᠠᠶᠠᠯᠠᠯ ᠤ᠋ᠨ ᠦᠢᠯᠡᠰ ᠲᠤ᠌ ᠬᠦᠴᠤ ᠪᠡᠨ ᠡᠷᠬᠦᠬᠦ》 ᠣᠢᠯᠠᠭᠠᠭ᠍ᠳᠠᠬᠤᠨ᠎ᠢ ᠪᠠᠷᠢᠮᠲᠠᠯᠠᠨ᠂ 20 ᠰᠠᠭᠤᠷᠢ ᠬᠤᠪᠢᠯᠭᠠᠨ ᠣᠩᠭᠤᠴᠠ᠂ 2 ᠰᠠᠭᠤᠷᠢ ᠬᠠᠷᠠᠯᠳᠠᠳᠤ ᠨᠢᠰᠦᠭᠦᠷ ᠪᠠ 200 ᠭᠠᠷᠤᠢ ᠤᠳᠠᠭ᠎ᠠ ᠵᠢᠨ ᠳᠠᠭᠠᠭᠤᠯᠢ ᠣᠲᠤ ᠬᠡᠮᠵᠢᠨ ᠬᠠᠷᠪᠤᠬᠤ ᠡᠭᠦᠷᠭᠡ ᠵᠢ ᠲᠡᠭᠦᠰ ᠠᠮᠵᠢᠯᠲᠠ᠎ᠲᠠᠶ ᠪᠡᠶᠡᠯᠡᠭᠦᠯᠪᠠ
ᠵᠢᠶᠠᠩ ᠴᠢᠩ ᠴᠢᠶᠦ᠋ᠨ ᠤᠷᠠᠨ ᠳᠠᠷᠬᠠᠨ᠎ᠤ ᠵᠣᠷᠢᠭ ᠰᠠᠨᠠᠭ᠎ᠠ᠎ᠪᠠᠷ ᠬᠦᠰᠡᠯ ᠵᠡᠭᠦᠳᠦ᠍᠎ᠪᠡᠨ ᠲᠡᠷᠭᠡᠯᠱᠢᠭᠦᠯᠵᠦ᠍᠂ ᠡᠭᠦᠷᠭᠡ ᠬᠠᠷᠢᠭᠤᠴᠠᠯᠭ᠎ᠠ᠎ᠪᠠᠷ ᠴᠡᠷᠢᠭ᠎ᠢ ᠬᠦᠴᠦᠷᠬᠡᠭ᠌ᠵᠢᠭᠦᠯᠬᠦ᠌ ᠬᠦᠨᠳᠦ ᠡᠭᠦᠷᠭᠡ᠎ᠶ᠋ᠢ ᠡᠭᠦᠷᠭᠡᠯᠡᠵᠦ᠍᠂ ᠨᠠᠮ᠎ᠳᠠᠭᠠᠨ ᠦᠨᠡᠨᠴᠢ ᠱᠢᠳᠤᠷᠭᠤ ᠪᠠᠢᠬᠤ᠎ᠶ᠋ᠢ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠬᠦ᠌ ᠠᠵᠢᠯ᠎ᠤᠨ ᠪᠠᠢᠷᠢᠨ ᠳ᠋ᠠᠭᠠᠨ ᠦᠢᠯᠡᠳᠤᠯᠭᠡᠵᠢᠬᠦᠯᠪᠠ᠃ ᠲᠡᠷᠡ ᠡᠷᠡᠮᠡᠬᠡᠢᠯᠡᠨ ᠲᠡᠮᠡᠴᠡᠬᠦ᠌ ᠣᠪᠣᠷ ᠪᠠᠢᠳᠠᠯ᠂ ᠵᠤᠷᠢᠬᠳᠠᠢ ᠪᠡᠷ ᠤᠷᠤᠭ᠍ᠰᠢᠯᠠᠬᠤ ᠡᠷᠴᠢ ᠵᠣᠷᠢᠭ᠎ᠢᠶᠠᠷ ᠮᠡᠷᠭᠡᠵᠢᠯ᠎ᠢᠶᠡᠨ ᠴᠠᠭᠠᠷᠠᠬᠰᠡᠨ ᠲᠦᠪᠰᠢᠨ ᠳ᠋ᠤ ᠬᠦᠷᠭᠡᠵᠤ᠂ ᠪᠠᠷᠢᠮᠵᠢᠶ᠎ᠠ᠎ᠪᠠᠨ ᠬᠠᠮᠤᠭ ᠤ᠋ᠨ ᠲᠡᠭᠡᠳᠤ ᠬᠡᠮᠵᠢᠶᠠᠨ ᠳ᠋ᠤ ᠬᠦᠷᠲᠡᠯ᠎ᠡ ᠲᠡᠭᠡᠭᠰᠢᠯᠡᠬᠦᠯᠵᠤ᠂ ᠵᠡᠪᠰᠡᠭ ᠲᠣᠨᠣᠭ᠍ᠯᠠᠯ᠎ᠤ᠋ᠨ ᠦᠢᠯᠡᠳᠤᠯ ᠴᠢᠳᠠᠪᠬᠢ ᠵᠢ ᠬᠠᠮᠤᠭ ᠤ᠋ᠨ ᠶᠡᠭᠡ ᠬᠡᠮᠵᠢᠶ᠎ᠠ ᠪᠡᠷ ᠪᠠᠳᠠᠷᠠᠭᠤᠯᠵᠤ᠂ ᠴᠠᠭ ᠦᠶ᠎ᠡ᠎ᠲᠡᠶ ᠵᠡᠷᠭᠡ᠎ᠪᠡᠷ ᠤᠷᠤᠭ᠍ᠰᠢᠯᠠᠨ ᠲᠠᠢ᠌ᠨ᠎ᠦ ᠪᠡᠯᠡᠳᠭᠡᠯ᠎ᠦᠨ ᠬᠡᠷᠡᠭ᠌ᠴᠡᠭᠡ᠎ᠲᠡᠶ ᠵᠣᠬᠢᠴᠠᠬᠤ ᠪᠠᠲᠤᠯᠠᠭ᠎ᠠ᠎ᠶ᠋ᠢᠨ ᠴᠢᠳᠠᠪᠤᠷᠢ᠎ᠪᠠᠨ ᠳᠡᠭᠡᠭ᠌ᠰᠢᠯᠡᠭᠦᠯᠵᠦ᠍᠂ ᠴᠡᠷᠢᠭ᠎ᠢ ᠬᠦᠴᠦᠷᠬᠡᠭ᠌ᠵᠢᠭᠦᠯᠵᠦ᠍ ᠴᠡᠷᠢᠭ᠎ᠢ ᠮᠠᠨᠳᠤᠭᠤᠯᠬᠤ ᠲᠡᠮᠡᠴᠡᠯ᠎ᠦᠨ ᠠᠶᠠᠨ᠎ᠳᠤ ᠬᠠᠷᠠᠮᠰᠠᠯ ᠦᠭᠡᠢ ᠵᠠᠯᠠᠭᠤ ᠨᠠᠰᠤᠨ᠎ᠤ ᠬᠠᠷᠢᠭᠤᠯᠲᠠ᠎ᠶ᠋ᠢᠨ ᠬᠠᠭᠤᠳᠠᠰᠤ᠎ᠶ᠋ᠢ ᠪᠢᠴᠢᠭ᠌ᠯᠡᠪᠠ᠃
ᠱᠢᠷᠭᠠᠭᠤ ᠰᠤᠷᠤᠯᠴᠠᠵᠤ᠂ ᠮᠡᠳᠡᠯᠭᠡ᠎ᠶ᠋ᠢᠨ ᠱᠢᠮᠡᠯᠢᠭ ᠬᠥᠷᠥᠰᠥᠨ᠎ᠳᠦ ᠴᠡᠷᠢᠭᠢ᠋ ᠬᠦᠴᠦᠷᠬᠡᠭ᠌ᠵᠢᠭᠦᠯᠵᠦ᠍ ᠤᠯᠤᠰ᠎ᠲᠠᠭᠠᠨ ᠵᠢᠳᠬᠦᠬᠦ᠌ ᠬᠦᠰᠡᠯᠡᠩ᠎ᠢ ᠲᠤᠯᠭᠠᠭᠤᠷᠢᠯᠠᠪᠠ᠃ ᠲᠡᠷᠡ ᠰᠠᠨᠰᠠᠷ᠎ᠤᠨ ᠠᠶᠠᠯᠠᠯ᠎ᠤᠨ ᠦᠢᠯᠡᠰ᠎ᠲᠦ ᠬᠠᠢᠷᠠᠲᠠᠢ ᠪᠥᠭᠡᠳ ᠴᠥᠬᠥᠷᠡᠰᠢ ᠦᠭᠡᠢ ᠵᠢᠳᠬᠦᠵᠦ᠍᠂《ᠰᠣᠨᠣᠰᠭᠤ》᠂《ᠦᠵᠡᠬᠦ᠌》᠂《ᠲᠡᠮᠲᠡᠷᠢᠬᠦ᠌》 ᠪᠡᠷ ᠲᠠᠮᠵᠢᠨ ᠲᠥᠬᠥᠭᠡᠷᠦᠮᠵᠢ᠎ᠶ᠋ᠢᠨ ᠭᠡᠮ ᠰᠣᠭᠣᠭ᠎ᠢ ᠣᠨᠣᠱᠢᠯᠠᠬᠤ ᠴᠢᠳᠠᠪᠤᠷᠢ᠎ᠶ᠋ᠢ ᠪᠣᠯᠪᠠᠰᠤᠷᠠᠭᠤᠯᠵᠤ᠂ ᠢᠯᠴᠢ᠎ᠶ᠋ᠢᠨ ᠡᠨᠧᠷᠭᠢ᠎ᠶ᠋ᠢᠨ ᠬᠥᠳᠡᠯᠭᠡᠬᠦ᠌ ᠬᠦᠴᠦᠨ᠎ᠦ ᠲᠥᠬᠥᠭᠡᠷᠦᠮᠵᠢ᠎ᠶ᠋ᠢᠨ 10 ᠭᠠᠷᠤᠢ ᠲᠦᠷᠦᠯ᠎ᠦᠨ ᠲᠤᠰᠭᠠᠢ ᠮᠡᠷᠭᠡᠵᠢᠯ᠎ᠦᠨ 5 ᠲᠦᠷᠦᠯ᠎ᠦᠨ ᠲᠤᠰᠭᠠᠢ ᠮᠡᠷᠭᠡᠵᠢᠯ᠎ᠢ ᠪᠣᠯᠪᠠᠰᠤᠷᠠᠩᠭᠤᠢ ᠡᠵᠡᠮᠱᠢᠪᠡ᠃ ᠴᠠᠬᠢᠯᠭᠠᠨ ᠭᠠᠷᠭᠠᠬᠤ ᠮᠠᠱᠢᠨ ᠴᠣᠭ᠍ᠴᠠᠯᠠᠪᠤᠷᠢ᠎ᠶ᠋ᠢᠨ ᠪᠠᠢᠴᠠᠭᠠᠨ ᠰᠡᠯᠪᠢᠬᠦ᠌ ᠠᠵᠢᠯ᠎ᠳᠤ 3000 ᠭᠠᠷᠤᠶ ᠤᠳᠠᠭ᠎ᠠ ᠣᠷᠣᠯᠴᠠᠵᠤ᠂ 200 ᠭᠠᠷᠤᠶ ᠤᠳᠠᠭ᠎ᠠ ᠵᠢᠨ ᠭᠡᠮᠲᠦᠯ᠎ᠢ ᠠᠷᠢᠯᠭᠠᠵᠤ᠂ ᠲᠣᠨᠣᠭ ᠲᠥᠬᠥᠭᠡᠷᠦᠮᠵᠢ᠎ᠶ᠋ᠢᠨ ᠪᠠᠢᠴᠠᠭᠠᠨ ᠰᠡᠯᠪᠢᠬᠦ᠌ ᠠᠵᠢᠯ᠎ᠳᠤ ᠠᠯᠳᠠᠭ᠎ᠠ ᠪᠤᠷᠤᠭᠤ ᠭᠠᠷᠤᠭ᠍ᠰᠠᠨ ᠥᠬᠡᠶ ᠲᠡᠮᠳᠡᠭ᠌ᠯᠡᠯ᠎ᠢ ᠡᠭᠦᠳᠪᠡ᠃ 《ᠭᠦᠸᠧᠯᠦ᠍ᠶ᠋ᠢᠨ ᠰᠠᠭᠤᠷᠢ ᠮᠡᠳᠡᠯᠭᠡ》᠂ 《ᠣᠷᠴᠢᠯ ᠤᠷᠤᠰᠤᠮᠠᠯ ᠰᠠᠭᠤᠷᠢ ᠭᠦᠸᠧᠯᠦ᠍ᠶ᠋ᠢ ᠪᠠᠢᠴᠠᠭᠠᠨ ᠵᠠᠰᠠᠬᠤ》 ᠵᠡᠷᠭᠡ 3 ᠵᠢᠭᠠᠬᠤ ᠮᠠᠲ᠋ᠧᠷᠢᠶᠠᠯ᠎ᠢ ᠨᠠᠢᠷᠠᠭᠤᠯᠤᠨ ᠪᠢᠴᠢᠵᠦ᠍᠂ ᠤᠯᠤᠰ᠎ᠤᠨ ᠳᠣᠲᠣᠭᠠᠳᠤ᠎ᠶ᠋ᠢᠨ ᠰᠡᠳᠬᠦᠯ ᠳ᠋ᠤ 20 ᠭᠠᠷᠤᠢ ᠡᠷᠳᠡᠮ ᠱᠢᠨᠵᠢᠯᠡᠭᠡᠨ᠎ᠦ ᠥᠭᠦᠯᠡᠯ ᠨᠡᠢᠲᠡᠯᠡᠵᠦ᠍᠂ ᠴᠠᠬᠢᠯᠭᠠᠨ ᠭᠠᠷᠭᠠᠬᠤ ᠦᠢᠯᠡᠳᠪᠦᠷᠢᠯᠡᠯ᠎ᠦᠨ ᠮᠡᠷᠭᠡᠵᠢᠯ᠎ᠦᠨ 100 ᠭᠠᠷᠤᠢ ᠬᠦᠴᠢᠷ ᠠᠰᠠᠭᠤᠳᠠᠯ᠎ᠢ ᠱᠢᠢᠳᠪᠦᠷᠢᠯᠡᠵᠦ᠍᠂ ᠰᠠᠨᠰᠠᠷ᠎ᠤᠨ ᠠᠶᠠᠯᠠᠯ᠎ᠤᠨ ᠬᠦᠴᠦᠷᠬᠡᠭ ᠤᠯᠤᠰ᠎ᠢ ᠪᠠᠢᠭᠤᠯᠬᠤ᠎ᠳᠤ ᠥᠪᠡᠷ᠎ᠦᠨ ᠤᠶᠤᠨ ᠤᠬᠠᠭᠠᠨ ᠪᠠ ᠬᠦᠴᠦᠨ ᠴᠢᠳᠠᠯ᠎ᠢᠶᠠᠨ ᠡᠷᠭᠦᠪᠡ᠃
ᠬᠦᠴᠢᠷ᠎ᠢ ᠲᠤᠭᠤᠯᠤᠨ ᠪᠡᠷᠬᠡ᠎ᠶ᠋ᠢ ᠳᠠᠪᠠᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢᠶᠡᠷ ᠴᠡᠷᠢᠭ᠎ᠢ ᠬᠦᠴᠦᠷᠬᠡᠭ᠌ᠵᠢᠭᠦᠯᠬᠦ᠌ ᠳᠤᠮᠳᠠ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠨᠣᠶᠠᠨ ᠤᠷᠬᠢᠯ᠎ᠳᠤ ᠵᠣᠷᠢᠭ᠍ᠲᠠᠢ ᠠᠪᠠᠷᠢᠪᠠ᠃ ᠴᠡᠷᠢᠭ᠎ᠲᠦ ᠣᠷᠣᠭ᠍ᠰᠠᠨ 36 ᠵᠢᠯ᠎ᠳᠦ᠂ ᠲᠡᠷᠡ ᠴᠠᠬᠢᠯᠭᠠᠨ ᠬᠦᠴᠦᠨ᠎ᠦ ᠬᠣᠱᠢᠭᠤᠷᠠᠯ ᠮᠡᠷᠭᠡᠵᠢᠯ᠎ᠢ ᠴᠢᠩᠭ᠎ᠠ ᠠᠩᠬᠠᠷᠴᠤ᠌᠂ 90 ᠭᠠᠷᠤᠶ ᠮᠡᠷᠭᠡᠵᠢᠯ᠎ᠦᠨ ᠱᠢᠨᠡᠴᠢᠯᠡᠯᠲᠡ᠎ᠶ᠋ᠢ ᠪᠡᠶᠡᠯᠡᠭᠦᠯᠵᠦ᠍᠂ ᠤᠯᠤᠰ᠎ᠤᠨ ᠡᠭᠦᠳᠦᠯᠲᠡ᠎ᠶ᠋ᠢᠨ ᠲᠤᠰᠭᠠᠶ ᠠᠱᠢᠭ 5 ᠵᠦᠢᠯ᠂ ᠴᠡᠷᠢᠭ ᠠᠩᠭᠢ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠳᠠᠪᠱᠢᠯᠲᠠ᠎ᠶ᠋ᠢᠨ ᠱᠠᠩᠨᠠᠯ 3 ᠵᠦᠢᠯ᠂ ᠰᠠᠭᠤᠷᠢᠨ ᠭᠠᠵᠠᠷ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠳᠠᠪᠱᠢᠯᠲᠠ᠎ᠶ᠋ᠢᠨ ᠱᠠᠩᠨᠠᠯ᠎ᠢ 22 ᠵᠦᠢᠯ ᠭᠥᠷᠳᠡᠪᠡ᠃ 《ᠬᠥᠮᠦᠨ ᠰᠠᠭᠤᠯᠭᠠᠭ᠍ᠰᠠᠨ ᠰᠠᠨᠰᠠᠷ᠎ᠤᠨ ᠠᠶᠠᠯᠠᠯ᠎ᠤᠨ ᠬᠠᠷᠪᠤᠯᠲᠠ᠎ᠶ᠋ᠢᠨ ᠲᠠᠯᠠᠪᠠᠢ᠎ᠶ᠋ᠢᠨ ᠲᠣᠭ᠍ᠲᠠᠮᠠᠯ ᠰᠣᠷᠢᠨᠵᠢᠨᠲᠤ ᠬᠤᠷᠳᠤᠴᠠ ᠲᠣᠬᠢᠷᠠᠭᠤᠯᠬᠤ ᠮᠡᠷᠭᠡᠵᠢᠯ᠎ᠦᠨ ᠬᠡᠷᠡᠭ᠌ᠯᠡᠯᠲᠡ》 ᠶ᠋ᠢᠨ ᠬᠦᠴᠢᠷ ᠠᠰᠠᠭᠤᠳᠠᠯ ᠢ᠋ ᠱᠢᠢᠳᠪᠦᠷᠢᠯᠡᠵᠦ᠍᠂ ᠡᠨᠧᠷᠭᠢ ᠠᠷᠪᠢᠯᠠᠬᠤ ᠦᠷ᠎ᠡ ᠪᠦᠲᠦᠮᠵᠢ ᠨᠢ 50% ᠳ᠋ᠤ ᠬᠦᠷᠴᠦ᠍᠂ ᠡᠷᠭᠢᠯᠳᠦᠭᠡ ᠲᠥᠬᠥᠭᠡᠷᠦᠮᠵᠢ᠎ᠶ᠋ᠢᠨ ᠳᠤᠮᠳᠠ᠂ ᠵᠥᠭᠡᠯᠡᠨ᠎ᠢᠶᠡᠷ ᠬᠥᠳᠡᠯᠭᠡᠬᠦ᠌ ᠪᠠ ᠬᠤᠷᠳᠤᠴᠠ ᠲᠣᠬᠢᠷᠠᠭᠤᠯᠬᠤ ᠠᠰᠠᠭᠤᠳᠠᠯ᠎ᠢ ᠱᠢᠢᠳᠪᠦᠷᠢᠯᠡᠪᠡ; ᠡᠭᠦᠳᠦᠭ᠌ᠰᠡᠨ ᠠᠭᠤᠷᠵᠢᠡᠷ ᠦᠨᠡᠰᠦ ᠦᠯᠢᠶᠡᠬᠦ᠌ ᠲᠥᠬᠥᠭᠡᠷᠦᠮᠵᠢ᠎ᠳᠦ ᠬᠥᠳᠡᠯᠦᠩᠭᠦᠶ ᠪᠡᠷ ᠤᠪᠤᠭᠠᠷᠠᠬᠰᠡᠨ ᠦᠨᠡᠰᠦ ᠵᠢ ᠦᠯᠢᠶᠠᠨ ᠱᠦᠬᠦᠷᠳᠡᠬᠦ ᠵᠢ ᠬᠡᠷᠡᠭ᠌ᠵᠢᠭᠦᠯᠵᠦ᠍᠂ ᠡᠷᠭᠢᠯᠳᠦᠭᠡ ᠲᠥᠬᠥᠭᠡᠷᠦᠮᠵᠢ᠎ᠶ᠋ᠢᠨ ᠦᠨᠡᠰᠦ ᠨᠠᠭᠠᠯᠳᠤᠵᠤ ᠬᠡᠯᠪᠡᠯᠵᠡᠬᠦ᠌ ᠠᠰᠠᠭᠤᠳᠠᠯ᠎ᠢ ᠱᠢᠶ᠋ᠳᠪᠦᠷᠢᠯᠡᠪᠡ; ᠱᠢᠨ᠎ᠡ᠎ᠶ᠋ᠢ ᠡᠭᠦᠳᠦᠭ᠌ᠰᠡᠨ ᠵᠥᠭᠡᠯᠡᠨ ᠪᠢᠲᠡᠭᠦᠮᠵᠢᠯᠡᠬᠦ᠌ ᠮᠡᠷᠭᠡᠵᠢᠯ ᠨᠢ ᠠᠭᠠᠷ ᠳᠣᠲᠣᠷᠠᠬᠢ ᠲᠣᠭᠣᠰᠣᠨ᠎ᠤ ᠥᠳᠭᠡᠴᠡ᠎ᠶ᠋ᠢ 5.3 mg/m ᠪᠠᠢᠭ᠍ᠰᠠᠨ᠎ᠡᠴᠡ ᠪᠠᠭᠤᠷᠠᠭᠤᠯᠤᠭᠠᠳ 1.6 mg/m ᠪᠣᠯᠭᠠᠵᠤ᠂ ᠣᠷᠴᠢᠨ ᠲᠣᠭᠣᠷᠢᠨ᠎ᠤ ᠪᠣᠬᠢᠷᠲᠤᠯ᠎ᠤᠨ ᠠᠰᠠᠭᠤᠳᠠᠯ᠎ᠢ ᠱᠢᠢᠳᠪᠦᠷᠢᠯᠡᠪᠡ; ᠰᠤᠳᠤᠯᠤᠨ ᠦᠶ᠋ᠯᠡᠳᠦᠭ᠌ᠰᠡᠨ ᠭᠤᠷᠪᠠᠨ ᠴᠡᠭ᠎ᠦᠨ ᠬᠥᠳᠡᠯᠭᠡᠭᠡᠨᠲᠦ ᠲᠡᠩᠴᠡᠭᠦᠷᠢ᠎ᠶ᠋ᠢᠨ ᠬᠢᠨᠠᠨ ᠱᠢᠯᠭᠠᠯᠲᠠ᠎ᠨᠢ ᠲᠣᠨᠣᠭ ᠲᠥᠬᠥᠭᠡᠷᠦᠮᠵᠢ᠎ᠶ᠋ᠢᠨ ᠬᠡᠯᠪᠡᠯᠵᠡᠯᠲᠡ᠎ᠶ᠋ᠢᠨ ᠬᠡᠮᠵᠢᠭ᠌ᠳᠡᠯ᠎ᠢ 0.08 mm ᠪᠠᠢᠭ᠍ᠰᠠᠨ᠎ᠡᠴᠡ 0.01 mm ᠪᠣᠯᠭᠠᠨ ᠪᠠᠭᠤᠷᠠᠭᠤᠯᠵᠤ᠂ 0.03 mm ᠤ᠋ᠨ ᠠᠵᠢᠯ ᠲᠥᠷᠥᠯ᠎ᠦᠨ ᠱᠢᠯᠢᠳᠡᠭ ᠪᠠᠷᠢᠮᠵᠢᠶ᠎ᠠ᠎ᠳᠤ ᠲᠡᠷᠢᠭᠦᠯᠡᠪᠡ; ᠵᠠᠰᠠᠪᠤᠷᠢ ᠣᠷᠣᠭᠤᠯᠬᠤ᠎ᠡᠴᠡ ᠡᠮᠦᠨᠡᠬᠢ ᠵᠢᠱ᠌ᠢᠯᠲᠡ᠂ ᠳ᠋ᠦᠨᠭᠨᠡᠭᠰᠡᠨ ᠵᠠᠰᠠᠪᠤᠷᠢ᠎ᠶ᠋ᠢᠨ ᠳᠤᠮᠳᠠ ᠡᠵᠡᠮᠳᠡᠵᠦ᠍᠂ ᠵᠠᠰᠠᠪᠤᠷᠢ᠎ᠶ᠋ᠢᠨ ᠳᠠᠷᠠᠭ᠎ᠠ ᠪᠣᠭᠣᠮᠲᠠ᠎ᠶ᠋ᠢ ᠰᠠᠬᠢᠵᠤ ᠪᠠᠢᠴᠠᠭᠠᠨ ᠵᠠᠰᠠᠬᠤ ᠵᠠᠭ᠍ᠪᠤᠷ ᠨᠢ ᠮᠠᠱᠢᠨ ᠴᠣᠭ᠍ᠴᠠᠯᠠᠪᠤᠷᠢ᠎ᠶ᠋ᠢᠨ ᠠᠵᠢᠯᠯᠠᠭᠠᠨ᠎ᠤ ᠣᠷᠳᠣᠨ᠎ᠢ 8000 h ᠳ᠋ᠤ ᠬᠦᠷᠴᠦ᠍᠂ ᠨᠢᠭᠡ ᠮᠠᠱᠢᠨ ᠴᠣᠭ᠍ᠴᠠᠯᠠᠪᠤᠷᠢ᠎ᠨᠢ ᠵᠠᠯᠭᠠᠭ᠎ᠠ᠎ᠪᠠᠷ 2 ᠨᠢᠰᠭᠦ ᠣᠩᠭᠣᠴᠠ ᠪᠠ 10 ᠭᠠᠷᠤᠶ ᠳᠠᠭᠠᠭᠤᠯᠢ ᠣᠲᠣ ᠬᠠᠷᠪᠤᠨ ᠭᠠᠷᠭᠠᠬᠤ ᠳ᠋ᠤ ᠴᠠᠬᠢᠯᠭᠠᠨ ᠬᠠᠩᠭᠠᠭ᠍ᠰᠠᠨ ᠰᠠᠢᠨ ᠠᠮᠵᠢᠯᠲᠠ᠎ᠶ᠋ᠢ ᠡᠭᠦᠳᠴᠦ᠍᠂ ᠰᠠᠨᠰᠠᠷ᠎ᠤᠨ ᠠᠶᠠᠯᠠᠯ᠎ᠤᠨ ᠪᠠᠢᠯᠳᠤᠭᠠᠨ᠎ᠤ ᠡᠭᠦᠷᠭᠡ᠎ᠶ᠋ᠢᠨ ᠴᠠᠬᠢᠯᠭᠠᠨ ᠬᠠᠩᠭᠠᠬᠤ ᠪᠠᠲᠤᠯᠠᠭ᠎ᠠ᠎ᠶ᠋ᠢᠨ ᠴᠢᠳᠠᠪᠤᠷᠢ᠎ᠶ᠋ᠢ ᠢᠯᠡᠳᠲᠡ ᠳᠡᠭᠡᠭ᠌ᠰᠢᠯᠡᠭᠦᠯᠪᠡ᠃
ᠭᠣᠪᠢ ᠨᠤᠲᠤᠭ᠎ᠲᠤ ᠦᠨᠳᠦᠰᠦᠯᠡᠵᠦ᠍᠂ ᠤᠯᠠᠮᠵᠢᠯᠡᠨ ᠵᠠᠯᠭᠠᠮᠵᠢᠯᠠᠬᠤ ᠳᠤᠮᠳᠠ ᠠᠵᠢᠯ ᠲᠥᠷᠥᠯ᠎ᠦᠨ ᠱᠢᠯᠢᠳᠡᠭ ᠴᠡᠷᠢᠭ᠎ᠢ ᠬᠥᠮᠦᠵᠢᠭᠦᠯᠪᠠ᠃ 2021 ᠣᠨ᠎ᠳᠤ ᠴᠡᠷᠢᠭ ᠠᠩᠭᠢ ᠵᠢᠶᠠᠩ ᠴᠢᠩ ᠴᠢᠶᠦ᠋ᠨᠤ ᠤᠷ᠎ᠠ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠪᠣᠭᠣᠮᠲᠠ ᠱᠢᠪᠲᠤᠯᠬᠤ ᠠᠵᠢᠯ᠎ᠤᠨ ᠲᠠᠰᠤᠭ᠎ᠢ ᠪᠠᠢᠭᠤᠯᠪᠠ᠂ ᠲᠡᠷᠡ ᠳᠡᠭᠡᠳᠦ ᠤᠷ᠎ᠠ ᠮᠡᠷᠭᠡᠵᠢᠯ᠎ᠦᠨ ᠴᠢᠳᠠᠪᠤᠷᠢᠲᠠᠨ᠎ᠤ ᠬᠥᠲᠥᠯᠥᠨ ᠳᠠᠭᠠᠭᠤᠯᠵᠤ ᠵᠢᠱ᠌ᠢᠶ᠎ᠡ ᠦᠵᠡᠭᠦᠯᠬᠦ᠌ ᠦᠶ᠋ᠯᠡᠳᠦᠯ᠎ᠢ ᠭᠦᠶ᠋ᠴᠡᠳ ᠪᠠᠳᠠᠷᠠᠭᠤᠯᠵᠤ᠂ ᠥᠪᠡᠷ᠎ᠦᠨ ᠣᠯᠠᠨ ᠵᠢᠯ᠎ᠦᠨ ᠲᠤᠷᠱᠢᠬᠢ ᠮᠡᠷᠭᠡᠵᠢᠯ ᠴᠢᠳᠠᠪᠤᠷᠢ᠎ᠪᠠᠨ ᠪᠠᠭ᠍ᠰᠢ᠎ᠶ᠋ᠢᠨ ᠱᠠᠪᠢ ᠳᠠᠭᠠᠭᠤᠯᠬᠤ᠂ ᠰᠣᠷᠢᠯᠲᠠ ᠪᠣᠯᠪᠠᠰᠤᠷᠠᠯ ᠬᠢᠬᠦ᠌᠂ ᠱᠢᠨ᠎ᠡ᠎ᠶ᠋ᠢ ᠡᠭᠦᠳᠬᠦ᠌ ᠪᠣᠭᠣᠮᠲᠠ ᠱᠢᠪᠲᠤᠯᠬᠤ ᠵᠡᠷᠭᠡ ᠠᠷᠭ᠎ᠠ ᠬᠡᠯᠪᠡᠷᠢ᠎ᠪᠡᠷ ᠳᠠᠮᠵᠢᠭᠤᠯᠤᠨ ᠳᠠᠷᠤᠭ᠎ᠠ ᠪᠠᠢᠯᠳᠤᠭ᠍ᠴᠢᠳ᠎ᠲᠤ ᠤᠯᠠᠮᠵᠢᠯᠠᠨ ᠥᠭ᠌ᠴᠦ᠂ ᠥᠷᠥᠯᠪᠢᠴᠢᠨ᠂ ᠬᠣᠭᠣᠯᠠᠶ᠎ᠶ᠋ᠢᠨ ᠠᠵᠢᠯᠴᠢᠨ᠂ ᠵᠤᠤᠬ᠎ᠠ ᠪᠠᠢᠴᠠᠭᠠᠨ ᠵᠠᠰᠠᠬᠤ ᠠᠵᠢᠯᠴᠢᠨ᠂ ᠭᠠᠩᠨᠠᠭᠤᠷᠴᠢᠨ ᠵᠡᠷᠭᠡ ᠲᠤᠰᠭᠠᠶ ᠮᠡᠷᠭᠡᠵᠢᠯ᠎ᠦᠨ ᠬᠦᠷᠢᠶᠡᠨ᠎ᠳ᠋ᠡᠬᠢ ᠮᠡᠷᠭᠡᠵᠢᠯ᠎ᠦᠨ ᠴᠢᠳᠠᠪᠤᠷᠢᠲᠠᠨ 50 ᠭᠠᠷᠤᠶ᠂ ᠠᠵᠢᠯ ᠲᠥᠷᠥᠯ᠎ᠦᠨ ᠬᠣᠱᠢᠭᠤᠴᠢ ᠴᠡᠷᠢᠭ 10 ᠭᠠᠷᠤᠶ᠂ ᠮᠠᠰᠲ᠋ᠧᠷ 20 ᠭᠠᠷᠤᠶ᠂ ᠳᠡᠭᠡᠳᠦ ᠵᠡᠷᠭᠡ᠎ᠶ᠋ᠢᠨ ᠠᠵᠢᠯᠴᠢᠨ 100 ᠭᠠᠷᠤᠶ ᠬᠥᠮᠦᠨ᠎ᠢ ᠬᠥᠮᠦᠵᠢᠭᠦᠯᠵᠦ᠍᠂ ᠨᠢᠭᠡᠴᠢ᠎ᠶ᠋ᠢᠨ ᠴᠢᠳᠠᠪᠤᠷᠢᠲᠠᠨ᠎ᠤ ᠡᠩᠨᠡᠭᠡ᠎ᠶ᠋ᠢᠨ ᠱᠠᠲᠤᠴᠢᠯᠠᠬᠤ ᠪᠠᠢᠭᠤᠯᠤᠯᠲᠠ᠎ᠶ᠋ᠢ ᠬᠦᠴᠦᠲᠡᠶ ᠠᠬᠢᠭᠤᠯᠵᠤ᠂ ᠰᠠᠨᠰᠠᠷ᠎ᠤᠨ ᠠᠶᠠᠯᠠᠯ᠎ᠤᠨ ᠬᠠᠷᠪᠤᠯᠲᠠ᠎ᠶ᠋ᠢᠨ ᠴᠠᠬᠢᠯᠭᠠᠨ ᠬᠠᠩᠭᠠᠬᠤ ᠬᠦᠷᠢᠶᠡᠨ᠎ᠳ᠋ᠡᠬᠢ ᠤᠷ᠎ᠠ ᠮᠡᠷᠭᠡᠵᠢᠯ᠎ᠦᠨ ᠴᠢᠳᠠᠪᠤᠷᠢᠲᠠᠨ᠎ᠤ ᠨᠥᠭᠡᠴᠡᠯᠡᠯ᠎ᠳᠦ ᠲᠣᠪᠣᠢᠮ᠎ᠠ ᠬᠤᠪᠢ ᠨᠡᠮᠡᠷᠢ ᠦᠵᠡᠭᠦᠯᠪᠡ᠃
5. ᠸᠠᠩ ᠪᠦᠦ ᠯᠢᠨ᠄ ᠮᠠᠯᠵᠢᠬᠤ ᠲᠠᠷᠢᠶᠠᠯᠠᠬᠤ ᠣᠷᠣᠨ᠎ᠤ ᠨᠢᠭᠡᠳᠦᠭᠡᠷ ᠹᠷᠣᠨᠲ᠎ᠲᠤ ᠦᠨᠳᠦᠰᠦᠯᠡᠵᠦ᠍᠂ ᠨᠢᠭᠡᠨ ᠰᠤᠶᠤᠯ ᠮᠡᠳᠡᠯᠭᠡ ᠬᠥᠭᠡᠭᠡᠴᠡᠯᠳᠦᠭ᠌ᠰᠡᠨ ᠵᠠᠯᠠᠭᠤ᠎ᠡᠴᠡ ᠦᠨᠳᠦᠰᠦᠨ ᠱᠠᠲᠤᠨ᠎ᠤ ᠮᠡᠷᠭᠡᠵᠢᠯᠲᠡᠨ ᠪᠣᠯᠵᠤ᠂ ᠮᠠᠯ ᠠᠵᠤ ᠠᠬᠤᠶ᠎ᠲᠠᠷᠢᠶᠠᠯᠠᠩ ᠤ᠋ᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠠᠵᠢᠯᠲᠠᠨ ᠪᠣᠯᠤᠨ ᠬᠦᠮᠦᠵᠢᠭᠳᠡᠵᠤ᠂ ᠣᠶᠤᠨᠴᠢ ᠮᠠᠯ ᠠᠵᠤ ᠠᠬᠤᠶ᠎ᠳᠤ ᠬᠤᠪᠢ ᠨᠡᠮᠡᠷᠢ ᠦᠵᠡᠭᠦᠯᠪᠠ
ᠸᠠᠩ ᠪᠦᠦ ᠯᠢᠨ ᠥᠪᠥᠷ ᠮᠣᠩᠭᠣᠯ᠎ᠤᠨ ᠮᠠᠯ ᠠᠵᠤ ᠠᠬᠤᠶ᠎ᠲᠠᠷᠢᠶᠠᠯᠠᠩ ᠤ᠋ᠨ ᠠᠯᠤᠰ ᠰᠡᠷᠡᠯ᠎ᠦᠨ ᠬᠦᠷᠢᠶᠡᠨ᠎ᠳᠡᠬᠢ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠠᠵᠢᠯᠲᠠᠨ ᠪᠣᠯᠤᠭ᠍ᠰᠠᠨ᠎ᠤ ᠬᠤᠪᠢ᠎ᠳᠤ᠂ ᠣᠯᠠᠨ ᠵᠢᠯ᠎ᠦᠨ ᠲᠤᠷᠰᠢ ᠠᠯᠤᠰ ᠰᠡᠷᠡᠯ᠂ ᠣᠶᠤᠨᠳᠤ ᠲᠣᠨᠣᠭ᠍ᠯᠠᠯ᠂ ᠱᠢᠶ᠋ᠳᠪᠦᠷᠢᠲᠦ ᠪᠣᠳᠣᠯᠭ᠎ᠠ ᠲᠣᠭ᠍ᠲᠠᠭᠠᠬᠤ ᠲᠠᠪᠴᠠᠩ᠎ᠤᠨ ᠰᠤᠳᠤᠯᠭᠠᠨ ᠪᠠ ᠨᠡᠭᠡᠭᠡᠨ ᠬᠥᠭ᠌ᠵᠢᠭᠦᠯᠦᠯᠲᠡ ᠵᠡᠷᠭᠡ ᠠᠵᠢᠯ᠎ᠢ ᠬᠢᠵᠦ᠍᠂ ᠴᠠᠭ ᠪᠠ ᠣᠶᠤᠨ ᠴᠢᠳᠠᠯ᠎ᠢᠶᠠᠨ ᠴᠥᠮ ᠲᠠᠷᠢᠶᠠᠨ ᠭᠠᠵᠠᠷ ᠪᠠ ᠲᠤᠷᠱᠢᠯᠲᠠ᠎ᠶ᠋ᠢᠨ ᠲᠠᠰᠤᠭ᠎ᠤ᠋ᠨ ᠬᠤᠭᠤᠷᠤᠨᠳᠤ ᠵᠠᠷᠤᠴᠠᠭᠤᠯᠵᠠᠶ᠃
ᠬᠦᠴᠢᠷ᠎ᠢ ᠲᠤᠭᠤᠯᠤᠨ ᠪᠡᠷᠬᠡ᠎ᠶ᠋ᠢ ᠳᠠᠪᠠᠵᠤ᠂ ᠮᠡᠷᠭᠡᠵᠢᠯ ᠤ᠋ᠨ ᠬᠤᠭᠤᠰᠤᠨ ᠢ᠋ ᠨᠦᠬᠦᠪᠤᠷᠢᠯᠡᠪᠡ᠃ 2016 ᠣᠨ᠎ᠳᠤ᠂ ᠸᠠᠩ ᠪᠦᠦ ᠯᠢᠨ ᠪᠦᠯᠬᠦᠮ᠎ᠢᠶᠡᠨ ᠳᠠᠭᠠᠭᠤᠯᠤᠨ 《ᠰᠠᠨᠰᠠᠷ — ᠣᠭ᠍ᠲᠠᠷᠭᠤᠶ — ᠭᠠᠵᠠᠷ》 ᠤ᠋ᠨ ᠨᠢᠭᠡ ᠴᠤᠭ᠍ᠴᠠᠵᠢᠭᠤᠯᠤᠭ᠍ᠰᠠᠨ ᠮᠡᠷᠭᠡᠵᠢᠯ᠎ᠦᠨ ᠱᠢᠰᠲ᠋ᠧᠮ᠎ᠢ ᠪᠠᠢᠭᠤᠯᠵᠤ᠂ ᠠᠵᠢᠯ ᠲᠥᠷᠥᠯ᠎ᠦᠨ ᠳᠣᠲᠣᠷᠠᠬᠢ ᠠᠩᠬᠠᠳᠠᠭ᠍ᠴᠢ ᠨᠤᠲᠤᠭ ᠪᠡᠯᠴᠢᠭᠡᠷ᠎ᠦᠨ ᠠᠮᠢ ᠠᠬᠤᠶ᠎ᠶ᠋ᠢᠨ ᠲᠣᠮᠣ ᠳ᠋ᠠᠢᠲ᠋ᠠ᠎ᠶ᠋ᠢᠨ ᠲᠠᠪᠴᠠᠩ᠎ᠢ ᠪᠠᠢᠭᠤᠯᠵᠤ᠂ ᠨᠤᠲᠤᠭ ᠪᠡᠯᠴᠢᠭᠡᠷ᠎ᠢ ᠬᠢᠨᠠᠨ ᠬᠡᠮᠵᠢᠬᠦ᠌ ᠪᠠ ᠵᠠᠰᠠᠨ ᠰᠡᠷᠭᠦᠭᠡᠬᠦ᠌᠎ᠳᠦ ᠦᠨᠡᠨ ᠪᠣᠳᠠᠲᠠᠶ ᠪᠥᠭᠡᠳ ᠨᠠᠢᠳᠠᠪᠤᠷᠢᠲᠠᠶ ᠲᠥᠰᠦᠯ ᠬᠠᠩᠭᠠᠪᠠ᠃ ᠪᠡᠶ᠎ᠡ᠎ᠪᠡᠨ ᠳᠠᠭᠠᠭᠠᠭ᠍ᠰᠠᠨ ᠮᠡᠳᠡᠯᠭᠡ᠎ᠶ᠋ᠢᠨ ᠦᠮᠴᠢᠯᠡᠯ ᠤ᠋ᠨ ᠡᠷᠬᠡ᠎ᠲᠠᠢ ᠨᠤᠲᠤᠭ ᠪᠡᠯᠴᠢᠭᠡᠷ᠎ᠦᠨ ᠠᠮᠢ ᠠᠬᠤᠶ᠎ᠶ᠋ᠢ ᠰᠡᠷᠭᠦᠭᠡᠬᠦ᠌᠂ ᠬᠤᠵᠢᠷᠯᠢᠭ ᠭᠠᠵᠠᠷ᠎ᠢ ᠵᠠᠰᠠᠬᠤ ᠮᠡᠷᠭᠡᠵᠢᠯ᠎ᠦᠨ ᠵᠠᠭ᠍ᠪᠤᠷ᠎ᠢ ᠰᠤᠳᠤᠯᠤᠨ ᠨᠡᠭᠡᠭᠡᠵᠦ᠍᠂ ᠠᠳᠠᠯᠢ ᠪᠤᠰᠤ ᠰᠡᠷᠭᠦᠭᠡᠬᠦ᠌ ᠠᠷᠭ᠎ᠠ ᠬᠡᠮᠵᠢᠶ᠎ᠡ᠎ᠶ᠋ᠢ ᠲᠣᠭ᠍ᠲᠠᠭᠠᠨ᠂ ᠡᠯ᠎ᠡ ᠭᠠᠵᠠᠷ᠎ᠤᠨ ᠤᠷᠭᠤᠮᠠᠯ᠎ᠳᠤ ᠳᠣᠭᠢᠷᠠᠬᠤ ᠬᠠᠷᠢᠴᠠᠯ᠎ᠢ ᠬᠠᠩᠭᠠᠵᠤ᠂ ᠣᠯᠠᠨ ᠵᠦᠶ᠋ᠯ᠎ᠦᠨ ᠲᠣᠭ᠎ᠠ ᠪᠠᠷᠢᠮᠲᠠ᠎ᠶ᠋ᠢᠨ ᠭᠦᠶ᠋ᠴᠡᠳᠭᠡᠯ ᠲᠣᠭ᠎ᠠ᠎ᠶ᠋ᠢ ᠲᠥᠪᠯᠡᠷᠡᠭᠦᠯᠦᠨ ᠳᠡᠯᠭᠡᠨ ᠦᠵᠡᠭᠦᠯᠪᠡ᠃ 《ᠠᠯᠤᠰ ᠰᠡᠷᠡᠯ᠎ᠦᠨ ᠬᠢᠨᠠᠨ ᠬᠡᠮᠵᠢᠯᠲᠡ — ᠣᠶᠤᠨᠳᠤ ᠣᠨᠣᠱᠢᠯᠠᠯᠲᠠ — ᠮᠠᠭᠤᠳᠠᠯᠲᠠᠶ᠋ᠢᠨ ᠬᠡᠮᠵᠢᠶ᠎ᠡ — ᠰᠡᠷᠭᠦᠭᠡᠬᠦ᠌ ᠠᠷᠭ᠎ᠠ ᠬᠡᠮᠵᠢᠶ᠎ᠡ — ᠦᠷ᠎ᠡ ᠪᠦᠲᠦᠮᠵᠢ᠎ᠶ᠋ᠢᠨ ᠦᠨᠡᠯᠡᠯᠲᠡ》᠂ 《ᠲᠠᠪᠤ᠎ᠶ᠋ᠢ ᠨᠢᠭᠡ ᠴᠤᠭ᠍ᠴᠠᠵᠢᠭᠤᠯᠬᠤ》 ᠵᠠᠰᠠᠯᠲᠠ᠎ᠶ᠋ᠢᠨ ᠲᠥᠰᠦᠯ᠎ᠢ ᠱᠢᠨ᠎ᠡ᠎ᠶ᠋ᠢ ᠡᠭᠦᠳᠦᠨ ᠳᠤᠷᠠᠳᠤᠪᠠ᠃ ᠲᠠᠪᠴᠠᠩ ᠰᠦᠯᠵᠢᠶᠡᠨ᠎ᠳᠦ ᠭᠠᠷᠤᠭ᠍ᠰᠠᠨ᠎ᠤ ᠳᠠᠷᠠᠭ᠎ᠠ᠂ ᠲᠥᠷᠥᠯ ᠵᠦᠶ᠋ᠯ᠎ᠦᠨ ᠦᠶᠡᠯᠡᠯ᠎ᠦᠨ ᠬᠤᠭᠤᠴᠠᠭ᠎ᠠ᠎ᠶ᠋ᠢ ᠪᠣᠭᠣᠨᠢᠰᠭᠠᠵᠤ᠂ ᠲᠥᠷᠥᠯ ᠵᠦᠶ᠋ᠯ᠎ᠢ ᠬᠡᠷᠡᠭ᠌ᠵᠢᠭᠦᠯᠦᠭ᠌ᠰᠡᠨ ᠠᠮᠵᠢᠯᠲᠠ᠎ᠶ᠋ᠢᠨ ᠨᠣᠷᠮ᠎ᠠ᠎ᠶ᠋ᠢ ᠳᠡᠭᠡᠭ᠌ᠰᠢᠯᠡᠭᠦᠯᠵᠦ᠍᠂ ᠥᠪᠡᠷ᠎ᠦᠨ ᠥᠷᠲᠡᠭ᠎ᠢ ᠪᠠᠭᠤᠷᠠᠭᠤᠯᠵᠤ᠂ 400 ᠭᠠᠷᠤᠶ ᠲᠦᠮᠡᠨ ᠮᠣ᠌ ᠳ᠋ᠤ ᠳᠡᠯᠭᠡᠷᠡᠭᠦᠯᠦᠨ ᠬᠡᠷᠡᠭ᠌ᠯᠡᠪᠡ᠃
ᠤᠶᠤᠨᠴᠢ ᠲᠠᠯ᠎ᠠ ᠨᠤᠳᠤᠭ ᠤ᠋ᠨ ᠮᠠᠯ ᠠᠵᠤ ᠠᠬᠤᠢ ᠵᠢᠨ ᠬᠠᠮᠢᠶᠠᠷᠤᠯᠳᠠ ᠵᠢᠨ ᠲᠠᠪᠴᠠᠩ ᠨᠢ ᠣᠷᠣᠯᠭ᠎ᠠ᠎ᠶ᠋ᠢ ᠨᠡᠮᠡᠭ᠌ᠳᠡᠭᠦᠯᠬᠦ ᠳ᠋ᠤ ᠬᠦᠴᠤᠨ ᠨᠠᠮᠠᠷᠢᠯᠠᠪᠠ᠃ 2019 ᠣᠨ᠎ᠳᠤ᠂ ᠤᠯᠠᠭᠠᠶ ᠵᠢᠨ ᠵᠠᠰᠠᠭ᠎ᠤᠨ ᠣᠷᠳᠣᠨ᠎ᠤ ᠨᠠᠢᠳᠠᠯᠭ᠎ᠠ᠎ᠪᠠᠷ᠂ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠎ᠦᠨ ᠤᠶᠤᠨᠴᠢ ᠲᠠᠯ᠎ᠠ ᠨᠤᠲᠤᠭ᠎ᠤᠨ ᠮᠠᠯ ᠠᠵᠤ ᠠᠬᠤᠶ᠎ᠶ᠋ᠢᠨ ᠬᠠᠮᠢᠶᠠᠷᠤᠯᠲᠠ᠎ᠶ᠋ᠢᠨ ᠲᠠᠪᠴᠠᠩ᠎ᠢ ᠪᠠᠢᠭᠤᠯᠵᠤ᠂ ᠣᠯᠠᠨ ᠬᠡᠮᠵᠢᠯᠳᠦ 《ᠠᠵᠢᠯᠯᠠᠭ᠎ᠠ — ᠹᠢᠽᠢᠣᠯᠣᠭᠢ — ᠣᠷᠴᠢᠨ ᠲᠣᠭᠣᠷᠢᠨ》 ᠬᠢᠨᠠᠨ ᠬᠡᠮᠵᠢᠬᠦ᠌ ᠱᠢᠰᠲ᠋ᠧᠮ᠎ᠢ ᠪᠠᠢᠭᠤᠯᠵᠤ᠂ ᠠᠯᠤᠰ ᠰᠡᠷᠡᠯ᠂ ᠳᠣᠬᠢᠭᠤᠷ ᠲᠤᠯᠤᠭᠠᠨ ᠣᠲᠣ᠂ ᠲᠣᠮᠣ ᠳ᠋ᠠᠢᠲ᠋ᠠ᠂ ᠪᠠᠷᠠᠭᠠᠨ᠎ᠤ ᠰᠦᠯᠵᠢᠶ᠎ᠡ ᠵᠡᠷᠭᠡ ᠱᠢᠨ᠎ᠡ ᠬᠡᠯᠪᠡᠷᠢ᠎ᠶ᠋ᠢᠨ ᠮᠡᠳᠡᠭᠡ ᠵᠠᠩᠭᠢ᠎ᠶ᠋ᠢᠨ ᠮᠡᠷᠭᠡᠵᠢᠯ᠎ᠢ ᠬᠡᠷᠡᠭ᠌ᠯᠡᠬᠦ᠌᠎ᠶ᠋ᠢ ᠪᠡᠶᠡᠯᠡᠭᠦᠯᠵᠦ᠍᠂ ᠮᠠᠯ ᠪᠡᠯᠴᠢᠭᠡᠷ᠎ᠦᠨ ᠲᠡᠩᠴᠡᠭᠦᠷᠢ᠎ᠶ᠋ᠢ ᠬᠢᠨᠠᠨ ᠬᠡᠮᠵᠢᠬᠦ᠌ ᠪᠠ ᠣᠶᠤᠨᠴᠢ᠎ᠪᠠᠷ ᠮᠠᠯ ᠮᠠᠯᠵᠢᠬᠤ᠎ᠳᠤ ᠱᠢᠭᠤᠳ ᠦᠶ᠋ᠯᠡᠴᠢᠯᠡᠵᠦ᠍᠂ ᠮᠢᠩᠭ᠎ᠠ ᠭᠠᠷᠤᠶ ᠮᠠᠯᠴᠢᠨ ᠤ᠋ ᠲᠣᠭᠠᠴᠢᠯᠠᠭ᠍ᠰᠠᠨ ᠮᠡᠷᠭᠡᠵᠢᠯ ᠡᠵᠡᠮᠱᠢᠬᠦ ᠵᠢ ᠲᠠᠢᠴᠢᠯᠠᠨ ᠲᠠᠭᠠᠭᠤᠯᠪᠠ᠃ 《ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠠᠵᠢᠯᠲᠠᠨ + ᠣᠶᠤᠨᠴᠢ ᠲᠠᠪᠴᠠᠩ》 ᠤ᠋ᠨ ᠵᠠᠭ᠍ᠪᠤᠷ᠎ᠢᠶᠠᠷ ᠳᠠᠮᠵᠢᠭᠤᠯᠤᠨ᠂ ᠤᠯᠠᠮᠵᠢᠯᠠᠯᠲᠤ ᠬᠠᠳᠤᠯᠠᠩ ᠪᠡᠯᠴᠢᠭᠡᠷ᠎ᠦᠨ ᠡᠪᠡᠰᠦᠨ ᠤ᠋ ᠲᠠᠯᠠᠪᠠᠶ ᠨᠢᠭᠡᠴᠢ᠎ᠶ᠋ᠢᠨ ᠤᠨᠠᠯᠲᠠ᠎ᠶ᠋ᠢ 15% ᠡᠴᠡ ᠳᠡᠭᠡᠭ᠌ᠰᠢ ᠳᠡᠭᠡᠭ᠌ᠰᠢᠯᠡᠭᠦᠯᠵᠦ᠍᠂ ᠡᠯᠡᠰᠦᠷᠬᠡᠭ᠌ᠵᠢᠭ᠌ᠰᠡᠨ ᠪᠡᠯᠴᠢᠭᠡᠷ᠎ᠦᠨ ᠤᠷᠭᠤᠮᠠᠯ᠎ᠤᠨ ᠬᠤᠴᠢᠯᠭ᠎ᠠ᠎ᠶ᠋ᠢᠨ ᠪᠦᠷᠬᠦᠴᠡ᠎ᠶ᠋ᠢ 20% ᠡᠴᠡ ᠳᠡᠭᠡᠭ᠌ᠰᠢ ᠳᠡᠭᠡᠭ᠌ᠰᠢᠯᠡᠭᠦᠯᠪᠠ᠃
ᠠᠵᠢᠯ ᠦᠶ᠋ᠯᠡᠰ᠎ᠢᠶᠡᠨ ᠳᠡᠭᠡᠳᠦᠯᠡᠵᠦ᠍ ᠪᠣᠭᠣᠮᠲᠠ ᠱᠢᠪᠲᠤᠯᠤᠨ ᠡᠭᠦᠷᠭᠡ ᠬᠠᠷᠢᠭᠤᠴᠠᠯᠭ᠎ᠠ᠎ᠪᠠᠨ ᠢᠯᠡᠷᠡᠭᠦᠯᠪᠡ᠃ ᠲᠠᠷᠢᠶᠠᠯᠠᠩ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠳᠦ ᠢᠷᠡᠭ᠌ᠰᠡᠨ᠎ᠦ ᠳᠠᠷᠠᠭ᠎ᠠ᠂ ᠭᠤᠤᠯ ᠡᠭᠦᠷᠭᠡ ᠨᠢ ᠣᠬᠣᠷ ᠬᠤᠭᠤᠴᠠᠭᠠᠨ᠎ᠳᠤ ᠪᠦᠯᠬᠦᠮ ᠵᠣᠬᠢᠶᠠᠨ ᠪᠠᠢᠭᠤᠯᠬᠤ᠂ ᠦᠷ᠎ᠡ ᠪᠦᠲᠦᠭᠡᠯ ᠪᠣᠢᠵᠢᠭᠤᠯᠬᠤ᠎ᠶ᠋ᠢ ᠪᠡᠶᠡᠯᠡᠭᠦᠯᠵᠦ᠍᠂ ᠪᠤᠰᠤᠳ ᠪᠦᠯᠬᠦᠮ᠎ᠲᠡᠶ ᠦᠷᠢᠰᠤᠯᠳᠤᠨ ᠤᠷᠤᠯᠳᠤᠬᠤ ᠶᠠᠪᠤᠳᠠᠯ ᠪᠤᠯᠤᠨ᠎ᠠ᠃ ᠵᠢᠯ ᠭᠠᠷᠤᠶ᠎ᠶ᠋ᠢᠨ ᠴᠢᠷᠮᠠᠢᠯᠭ᠎ᠠ᠎ᠪᠠᠷ ᠳᠡᠮᠵᠢᠨ᠂ ᠮᠠᠨ᠎ᠤ ᠪᠦᠯᠬᠦᠮ᠎ᠦᠨ ᠭᠡᠱᠢᠭᠦᠨ 3 ᠪᠠᠢᠭ᠍ᠰᠠᠨ᠎ᠡᠴᠡ᠎ᠪᠠᠨ 15 ᠪᠣᠯᠵᠣ᠂ ᠡᠭᠦᠨ᠎ᠳᠦ ᠳ᠋ᠣᠺᠲ᠋ᠣᠷ ᠦᠭᠡᠢ ᠪᠠᠢᠭ᠍ᠰᠠᠨ᠎ᠡᠴᠡ᠎ᠪᠠᠨ 8 ᠪᠣᠯᠵᠣ᠂ ᠪᠦᠯᠬᠦᠮ᠎ᠦᠨ ᠬᠦᠴᠦᠨ ᠢᠯᠡᠳᠲᠡ ᠴᠢᠩᠭᠠᠷᠠᠪᠠ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠤᠵᠢᠷᠯᠢᠭ ᠭᠠᠵᠠᠷ᠎ᠤᠨ ᠲᠠᠷᠬᠠᠯᠲᠠ᠎ᠶ᠋ᠢᠨ ᠵᠢᠷᠤᠭ ᠪᠠ ᠭᠤᠤᠯ ᠪᠣᠯᠬᠤ ᠠᠮᠤ ᠲᠣᠰᠣᠨ ᠤ᠋ ᠲᠠᠷᠢᠮᠠᠯ᠎ᠤᠨ ᠲᠠᠷᠬᠠᠯᠲᠠ᠎ᠶ᠋ᠢᠨ ᠵᠢᠷᠤᠭ᠎ᠢ ᠬᠠᠮᠲᠤ᠎ᠪᠠᠷ ᠵᠢᠷᠤᠵᠤ᠂ ᠣᠯᠠᠨ ᠵᠦᠶ᠋ᠯ᠎ᠦᠨ ᠣᠶᠤᠨᠳᠤ ᠲᠠᠷᠢᠶᠠᠯᠠᠩ᠎ᠤᠨ ᠮᠠᠱᠢᠨ ᠲᠣᠨᠣᠭ᠍ᠯᠠᠯ᠎ᠢ ᠰᠤᠳᠤᠯᠤᠨ ᠨᠡᠭᠡᠭᠡᠪᠠ᠃ ᠰᠤᠳᠤᠯᠤᠨ ᠨᠡᠭᠡᠭᠡᠬᠦ᠌ ᠬᠦᠷᠢᠶ᠎ᠡ ᠨᠢ ᠲᠠᠷᠢᠶᠠᠯᠠᠩ᠎ᠡᠴᠡ ᠡᠪᠡᠰᠦᠨ ᠤ᠋ ᠦᠢᠯᠡᠰ᠂ ᠮᠠᠯ ᠠᠵᠤ ᠠᠬᠤᠶ᠂ ᠠᠮᠢ ᠠᠬᠤᠶ ᠬᠦᠷᠲᠡᠯ᠎ᠡ ᠥᠷᠭᠡᠵᠢᠪᠡ; ᠰᠤᠳᠤᠯᠭᠠᠨ᠎ᠤ ᠴᠢᠭ᠌ᠯᠡᠯ ᠨᠢ ᠠᠯᠤᠰ ᠰᠡᠷᠡᠯ᠎ᠡᠴᠡ ᠵᠣᠬᠢᠶᠠᠮᠠᠯ ᠣᠶᠤᠨ ᠴᠢᠳᠠᠪᠤᠷᠢ᠂ ᠤᠶᠤᠨᠲᠤ ᠲᠣᠨᠣᠭ᠍ᠯᠠᠯ ᠪᠣᠯᠵᠤ ᠨᠡᠮᠡᠭ᠌ᠳᠡᠪᠡ᠃ 8 ᠬᠤᠪᠢ ᠡᠭᠦᠳᠦᠯᠲᠡ᠎ᠶ᠋ᠢᠨ ᠲᠤᠰᠭᠠᠶ ᠠᠱᠢᠭ᠎ᠢ ᠭᠤᠶᠤᠴᠢᠯᠠᠵᠤ᠂ 4 ᠬᠤᠪᠢ ᠣᠷᠣᠨ ᠨᠤᠲᠤᠭ᠎ᠤᠨ ᠪᠠᠷᠢᠮᠵᠢᠶ᠎ᠠ᠎ᠶ᠋ᠢ ᠨᠠᠢᠷᠠᠭᠤᠯᠤᠨ ᠵᠣᠬᠢᠶᠠᠵᠤ᠂ 5 ᠬᠤᠪᠢ ᠥᠭᠦᠯᠡᠯ ᠨᠡᠢᠲᠡᠯᠡᠪᠡ᠃
ᠣᠶᠤᠨ ᠤᠬᠠᠭᠠᠨ᠎ᠢᠶᠠᠨ ᠲᠥᠪᠯᠡᠷᠡᠭᠦᠯᠦᠨ ᠠᠮᠢ ᠠᠬᠤᠶ᠎ᠶ᠋ᠢᠨ ᠬᠦᠷᠢᠶ᠎ᠡ᠎ᠶ᠋ᠢ ᠬᠠᠮᠲᠤ᠎ᠪᠠᠷ ᠪᠠᠢᠭᠤᠯᠪᠠ᠃ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠰᠠᠨᠰᠠᠷ ᠤᠬᠳᠠᠷᠭᠤᠢ ᠵᠢᠨ ᠮᠡᠳᠡᠭᠡ ᠵᠠᠩᠭᠢ᠎ᠶ᠋ᠢᠨ ᠱᠢᠨ᠎ᠡ᠎ᠶ᠋ᠢ ᠡᠭᠦᠳᠬᠦ᠌ ᠰᠤᠳᠤᠯᠭᠠᠨ᠎ᠤ ᠬᠦᠷᠢᠶᠡᠯᠡᠩ᠂ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠭᠠᠵᠠᠷ ᠵᠦᠶ᠎ᠶ᠋ᠢᠨ ᠱᠢᠨᠵᠢᠯᠡᠬᠦ᠌ ᠤᠬᠠᠭᠠᠨ ᠬᠢᠭᠡᠳ ᠡᠬᠢ ᠪᠠᠶᠠᠯᠢᠭ᠎ᠤᠨ ᠰᠤᠳᠤᠯᠭᠠᠨ᠎ᠤ ᠭᠠᠵᠠᠷ᠂ ᠳᠤᠮᠳᠠᠳᠤ ᠤᠯᠤᠰ᠎ᠤᠨ ᠲᠠᠷᠢᠶᠠᠯᠠᠩ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠲᠠᠷᠢᠶᠠᠯᠠᠩ᠎ᠤᠨ ᠡᠬᠢ ᠪᠠᠶᠠᠯᠢᠭ ᠬᠢᠭᠡᠳ ᠲᠠᠷᠢᠶᠠᠯᠠᠩ᠎ᠤᠨ ᠣᠷᠣᠨ ᠬᠤᠪᠢᠶᠠᠷᠢᠯᠠᠯ᠎ᠤᠨ ᠰᠤᠳᠤᠯᠭᠠᠨ᠎ᠤ ᠭᠠᠵᠠᠷ᠂ ᠪᠡᠭᠡᠵᠢᠩ᠎ᠦᠨ ᠲᠠᠷᠢᠶᠠᠯᠠᠩ ᠣᠶ ᠱᠢᠭᠤᠶ᠎ᠶ᠋ᠢᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠂ ᠥᠪᠥᠷ ᠮᠣᠩᠭᠣᠯ᠎ᠤᠨ ᠶᠡᠬᠡ ᠰᠤᠷᠭᠠᠭᠤᠯᠢ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ ᠵᠡᠷᠭᠡ ᠣᠯᠠᠨ ᠶᠡᠬᠡ ᠳᠡᠭᠡᠳᠦ ᠰᠤᠷᠭᠠᠭᠤᠯᠢ ᠬᠢᠭᠡᠳ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠠᠢᠭᠤᠯᠤᠮᠵᠢ᠎ᠲᠠᠶ ᠡᠷᠳᠡᠮ ᠱᠢᠨᠵᠢᠯᠡᠭᠡᠨ᠎ᠦ ᠰᠣᠯᠢᠯᠴᠠᠭ᠎ᠠ ᠬᠢᠬᠦ᠌᠂ ᠴᠢᠳᠠᠪᠤᠷᠢᠲᠠᠨ ᠬᠥᠮᠦᠵᠢᠭᠦᠯᠬᠦ᠌ ᠵᠡᠷᠭᠡ ᠣᠯᠠᠨ ᠵᠦᠶ᠋ᠯ᠎ᠦᠨ ᠬᠠᠮᠲᠤᠷᠠᠯᠴᠠᠭᠠᠨ᠎ᠤ ᠵᠠᠭ᠍ᠪᠤᠷ᠎ᠢ ᠪᠠᠢᠭᠤᠯᠵᠤ᠂ ᠡᠷᠳᠡᠮ ᠱᠢᠨᠵᠢᠯᠡᠭᠡᠨ᠎ᠦ ᠰᠣᠯᠢᠯᠴᠠᠭ᠎ᠠ᠎ᠶ᠋ᠢ ᠨᠡᠢᠲᠡ 10 ᠭᠠᠷᠤᠶ ᠤᠳᠠᠭ᠎ᠠ ᠡᠷᠭᠢᠯᠡᠭ᠌ᠰᠡᠨ ᠪᠠ ᠣᠷᠣᠯᠴᠠᠵᠤ᠂ ᠮᠡᠷᠭᠡᠵᠢᠯ᠎ᠦᠨ ᠠᠵᠢᠯᠲᠠᠨ᠎ᠢ 50 ᠭᠠᠷᠤᠶ ᠬᠥᠮᠦᠨ ᠤᠳᠠᠭ᠎ᠠ ᠪᠣᠯᠪᠠᠰᠤᠷᠠᠭᠤᠯᠪᠠ; ᠡᠭᠦᠨ᠎ᠦ ᠵᠡᠷᠭᠡ ᠪᠡᠷ ᠪᠡᠭᠡᠵᠢᠩ ᠥᠪᠥᠷ ᠮᠣᠩᠭᠣᠯ᠎ᠤᠨ ᠤᠶᠤᠨᠴᠢ ᠮᠠᠯ ᠠᠵᠤ ᠠᠬᠤᠶ᠎ᠲᠠᠷᠢᠶᠠᠯᠠᠩ ᠤ᠋ᠨ ᠬᠠᠮᠵᠢᠯᠴᠠᠨ ᠱᠢᠨ᠎ᠡ᠎ᠶ᠋ᠢ ᠡᠭᠦᠳᠬᠦ᠌ ᠲᠥᠪ᠎ᠢ ᠠᠮᠵᠢᠯᠲᠠ᠎ᠲᠠᠶ ᠪᠠᠢᠭᠤᠯᠪᠠ᠃
ᠲᠠᠪᠤ᠂ ᠨᠠᠰᠤᠲᠠᠨ᠎ᠢᠶᠠᠨ ᠠᠴᠢᠯᠠᠵᠤ ᠲᠥᠷᠥᠯ ᠰᠠᠳᠤᠨ᠎ᠢᠶᠠᠨ ᠲᠤᠳᠤᠨᠤᠴᠢᠯᠠᠭᠰᠠᠳ (5 ᠬᠥᠮᠦᠨ)
1. ᠽᠦᠸᠧ ᠵᠣᠣ ᠶᠢᠩ᠄ ᠬᠤᠷᠢᠮᠯᠠᠬᠰᠡᠨ ᠭᠤᠴᠢᠨ ᠵᠢᠯ ᠤ᠋ᠨ ᠲᠤᠷᠰᠢ᠂ ᠡᠳᠦᠷ ᠲᠤᠲᠤᠮ᠎ᠤᠨ ᠠᠮᠢᠳᠤᠷᠠᠯ᠎ᠤᠨ ᠬᠡᠷᠡᠭᠰᠡᠯ᠎ᠢ ᠪᠦᠷᠢᠳᠦᠭᠦᠯᠵᠦ᠂ ᠤᠶᠤᠵᠤ ᠨᠥᠬᠥᠨ ᠤᠬᠢᠶᠠᠵᠤ ᠴᠡᠪᠡᠷᠯᠡᠬᠦ ᠪᠡᠷ ᠲᠠᠮᠵᠢᠨ ᠡᠨᠡ ᠬᠦ᠌ ᠬᠠᠯᠠ ᠵᠣᠪᠠᠯᠠᠩ ᠳ᠋ᠤ ᠲᠡᠷᠴᠢᠯᠭᠠᠬᠳᠠᠬᠰᠡᠨ ᠭᠡᠷ ᠪᠦᠯᠢ᠎ᠶ᠋ᠢ ᠠᠮᠤ ᠪᠦᠯᠢ ᠪᠦᠳᠤᠨ ᠬᠠᠯᠠᠭᠤᠨ ᠲᠤᠯᠠᠭᠠᠨ ᠦᠭᠡᠳᠡ ᠲᠠᠳᠠᠵᠤ ᠶᠠᠪᠤᠪᠠ
ᠽᠦᠸᠧ ᠵᠣᠣ ᠶᠢᠩ ᠳ᠋ᠦ ᠪᠠᠷᠳᠠᠮ ᠦᠭᠡ ᠪᠠᠢᠭ᠎ᠠ ᠥᠬᠡᠶ᠂ ᠵᠥᠪᠬᠡᠨ ᠨᠢᠭᠡ ᠯᠡ ᠵᠣᠷᠢᠭ᠎ᠢᠶᠠᠷ ᠡᠪᠡᠳᠴᠢᠯᠡᠭ᠌ᠰᠡᠨ ᠬᠠᠨᠢ ᠨᠥᠬᠥᠷ᠂ ᠲᠠᠮᠪᠠᠷᠠᠭ᠍ᠰᠠᠨ ᠬᠠᠳᠠᠮ ᠡᠵᠢ᠂ ᠣᠶᠤᠨ ᠪᠢᠳᠠᠭᠤ ᠮᠥᠷᠲᠡᠭᠡᠨ ᠳᠦᠯᠡᠶ ᠶᠠᠪᠠ ᠬᠦᠷᠢ ᠥᠬᠢᠨ ᠳᠡᠭᠦᠦ᠂ ᠬᠦᠷᠢ ᠲᠡᠬᠦᠤ ᠪᠡᠨ ᠬᠠᠷᠠᠵᠤ ᠬᠠᠷᠠᠭᠠᠯᠵᠠᠬᠰᠡᠭᠠᠷ ᠪᠠᠢᠯ᠎ᠠ᠃
ᠡᠪᠡᠳᠴᠢᠯᠡᠭᠰᠡᠨ ᠬᠠᠨᠢ ᠨᠦᠬᠦᠷ ᠵᠢᠡᠨ ᠬᠠᠷᠠᠵᠤ ᠬᠠᠷᠠᠭᠠᠯᠵᠠᠨ ᠲᠤᠯᠵᠤ ᠢᠷᠡᠭᠰᠡᠨ ᠵᠤᠪᠠᠯᠠᠩ ᠢ᠋ ᠲᠤᠭᠤᠯᠵᠤ ᠭᠠᠷᠤᠨ᠎ᠠ᠂ ᠲᠡᠷᠡ ᠦᠷᠭᠦᠯᠵᠢ᠄《ᠪᠢ ᠪᠠᠶ᠋ᠢᠪᠠᠯ᠂ ᠴᠢᠮᠠᠶ᠋ᠢ ᠯᠠᠪᠳᠠᠢ ᠰᠠᠢᠳᠤᠷ ᠬᠠᠷᠠᠵᠤ ᠬᠠᠷᠠᠭᠠᠯᠵᠠᠬᠤ ᠶᠤᠮ》 ᠭᠡᠵᠤ ᠬᠡᠯᠡᠳᠡᠭ᠃ 2009 ᠣᠨ᠎ᠳᠤ᠂ ᠬᠠᠨᠢ ᠨᠦᠬᠦᠷ ᠸᠠᠩ ᠵᠢᠨ ᠱᠧᠩ ᠨᠢ ᠬᠣᠲᠣᠷᠢᠩᠬᠠᠶ ᠭᠡᠳᠡᠰᠦᠨ᠎ᠦ ᠥᠮᠡᠨ᠎ᠳᠦ ᠨᠡᠷᠪᠡᠭ᠌ᠳᠡᠵᠦ᠍᠂ ᠬᠡᠷ᠎ᠪᠦᠯᠢ ᠵᠢᠨ ᠬᠢᠨ ᠨᠤᠶᠠᠨ ᠨᠢᠷᠤᠭᠤ ᠨᠢ ᠨᠤᠷᠠᠪᠠ — ᠦᠷ᠎ᠡ ᠬᠡᠦᠬᠡᠳ ᠨᠢ ᠪᠠᠰᠠ ᠰᠤᠷᠭᠠᠭᠤᠯᠢᠰᠤᠶᠤᠯ ᠤ᠋ᠨ ᠮᠦᠷ ᠢ᠋ ᠬᠦᠭᠡᠭᠡᠵᠤ᠂ ᠭᠡᠷ ᠲᠤᠨᠢ ᠳᠡᠮᠡᠶ ᠶᠡᠬᠡ ᠬᠠᠳᠠᠭᠠᠯᠠᠮᠵᠢ ᠥᠬᠡᠶ ᠪᠠᠢᠪᠠ᠂ ᠬᠣᠵᠢᠮ ᠶᠠᠭᠠᠬᠢᠵᠤ ᠠᠮᠢᠳᠤᠷᠠᠬᠤ ᠪᠣᠶ? ᠽᠦᠸᠧ ᠵᠤᠤ ᠶᠢᠩ ᠨᠢᠯᠪᠤᠰᠤ ᠪᠠᠨ ᠲᠤᠳᠤᠭᠰᠢ ᠵᠠᠯᠬᠢᠵᠤ᠂ ᠵᠥᠪᠬᠡᠨ ᠬᠠᠨᠢ ᠨᠥᠬᠥᠷ᠎ᠦᠨ᠎ᠢᠶᠡᠨ ᠭᠠᠷ᠎ᠢ ᠴᠢᠩᠭ᠎ᠠ ᠠᠳᠭᠤᠵᠤ᠄《ᠪᠢᠳᠡ ᠡᠮᠨᠡᠬᠦᠯᠤᠨ ᠵᠠᠰᠠᠶ᠎ᠠ᠂ ᠪᠢ ᠲᠡᠷᠭᠡᠳᠡ ᠴᠢᠨᠢ ᠪᠠᠢᠨ᠎ᠠ》 ᠭᠡᠵᠤ ᠬᠡᠯᠡᠪᠡ᠃ ᠲᠡᠷᠡ ᠡᠳᠦᠷ᠎ᠡᠴᠡ ᠡᠬᠢᠯᠡᠨ ᠲᠡᠷᠡ ᠵᠦᠭᠡᠷ ᠰᠠᠭᠤᠵᠤ ᠥᠩᠭᠡᠷᠡᠭ᠌ᠰᠡᠨ ᠦᠭᠡᠢ᠃ ᠵᠢᠯ ᠭᠠᠷᠤᠢ ᠵᠢᠨ ᠬᠤᠭᠤᠴᠠᠭᠠᠨ ᠳ᠋ᠤ᠂ ᠸᠠᠩ ᠵᠢᠨ ᠱᠧᠩ᠎ᠦᠨ ᠡᠪᠡᠳᠴᠢᠨ᠎ᠦ ᠪᠠᠢᠳᠠᠯ ᠡᠴᠦᠰ᠎ᠲᠡᠬᠡᠨ ᠲᠣᠭ᠍ᠲᠠᠪᠤᠷᠢᠵᠢᠪᠠ — ᠡᠨᠡ ᠬᠦ᠌ 《ᠲᠣᠭ᠍ᠲᠠᠭᠤᠨ ᠪᠠᠢᠳᠠᠯ》 ᠢ᠋ ᠽᠦᠸᠧ ᠵᠣᠣ ᠶᠢᠩ ᠲᠣᠭ᠎ᠠ ᠥᠬᠡᠶ ᠣᠯᠠᠨ ᠨᠣᠢᠷ ᠥᠬᠡᠶ ᠰᠥᠨᠢ ᠪᠡᠷ ᠰᠣᠯᠢᠵᠤ ᠠᠪᠴᠢᠷᠠᠬᠰᠠᠨ ᠢ᠋ ᠬᠡᠨ ᠠᠨᠳᠠᠬᠤ ᠪᠢᠯᠡ᠃
ᠲᠠᠮᠪᠠᠷᠠᠭ᠍ᠰᠠᠨ ᠬᠠᠳᠠᠮ ᠡᠵᠢ ᠪᠠᠨ ᠠᠰᠠᠷᠠᠬᠤ ᠳ᠋ᠠᠭᠠᠨ᠂ ᠲᠡᠷᠡ᠄《ᠲᠠ ᠨᠠᠳᠠ᠎ᠶ᠋ᠢ ᠲᠦᠷᠦᠭᠰᠡᠨ ᠬᠡᠦᠬᠡᠨ᠎ᠲᠠᠢ ᠪᠡᠨ ᠠᠳᠠᠯᠢ ᠪᠡᠷ ᠦᠵᠡᠳᠡᠭ᠂ ᠪᠢ ᠠᠴᠢᠯᠠᠯ᠎ᠢᠶᠠᠨ ᠭᠦᠢᠴᠡᠳᠭᠡᠬᠦ ᠶᠤᠰᠤᠳᠠᠢ》 ᠭᠡᠵᠤ ᠦᠷᠬᠦᠯᠵᠢ ᠬᠡᠯᠡᠳᠡᠭ᠃ 2012 ᠣᠨ᠎ᠳᠤ᠂ ᠬᠠᠳᠠᠮ ᠡᠵᠢ ᠨᠢ ᠬᠣᠲᠣᠷᠢᠩᠬᠠᠶ ᠭᠡᠳᠡᠰᠦᠨ᠎ᠦ ᠥᠮᠡᠨᠳ᠋ᠤ ᠨᠡᠷᠪᠡᠭᠳᠡᠭᠰᠡᠨ ᠵᠢᠡᠷ ᠲᠤᠳᠤᠯᠠᠬᠳᠠᠵᠤ᠂ ᠮᠡᠰᠡ ᠵᠠᠰᠠᠯᠬᠢᠭᠰᠡᠨ ᠤ᠋ ᠳᠠᠷᠠᠭ᠎ᠠ ᠲᠠᠮᠪᠠᠷᠠᠵᠤ᠂ ᠥᠳᠭᠡᠨ ᠱᠢᠩᠭᠡᠨ ᠮᠥᠷ᠎ᠢᠶᠡᠨ ᠴᠦ᠍ ᠥᠪᠡᠰᠦᠪᠡᠨ ᠬᠣᠷᠢᠭ᠍ᠯᠠᠵᠤ ᠳᠡᠢᠯᠬᠦ᠌ ᠥᠬᠡᠶ ᠪᠣᠯᠵᠠᠶ᠃ ᠽᠦᠸᠧ ᠵᠤᠤ ᠶᠢᠩ ᠮᠥᠨ ᠯᠡ᠄《ᠡᠵᠢ ᠵᠢᠨ ᠱᠧᠩ᠎ᠢ ᠥᠰᠭᠡᠨ ᠬᠦᠮᠦᠵᠢᠬᠦᠯᠦᠭᠰᠡᠨ ᠨᠢ ᠠᠮᠠᠷ ᠦᠭᠡᠢ᠂ ᠪᠢ ᠰᠠᠢᠲᠤᠷ ᠬᠠᠷᠠᠭᠠᠯᠵᠠᠬᠤ ᠬᠡᠷᠡᠭ᠌ᠲᠡᠢ》 ᠭᠡᠵᠤ ᠬᠡᠯᠡᠨ᠎ᠠ᠃ ᠲᠡᠷᠡ ᠡᠳᠦᠷ ᠪᠦᠷᠢ ᠲᠠᠪᠤᠨ ᠴᠠᠭ᠎ᠲᠤ ᠪᠣᠰᠴᠤ᠌᠂ ᠤᠷᠢᠳ᠎ᠢᠶᠠᠷ ᠬᠠᠳᠠᠮ ᠡᠵᠢ᠎ᠶ᠋ᠢᠨ᠎ᠢᠶᠡᠨ ᠪᠡᠶ᠎ᠡ᠎ᠶ᠋ᠢ ᠵᠦᠯᠭᠦᠵᠦ᠍᠂ ᠴᠠᠭᠠᠰᠤᠨ ᠭᠥᠯᠲᠥᠭ ᠰᠣᠯᠢᠵᠤ᠂ ᠳᠠᠬᠢᠨ ᠬᠦᠯ ᠭᠠᠷ ᠢ᠋ ᠨᠢ ᠬᠥᠩᠭᠡᠬᠡᠨ ᠨᠤᠬᠤᠯᠠᠵᠤ᠂ ᠬᠣᠶᠠᠷ ᠴᠠᠭ ᠪᠣᠯᠬᠤ ᠪᠦᠷᠢ ᠨᠢᠭᠡ ᠤᠳᠠᠭ᠎ᠠ ᠪᠡᠶ᠎ᠠ ᠵᠢ ᠨᠢ ᠤᠷᠪᠠᠭᠤᠯᠵᠤ ᠦᠭᠬᠦᠨ᠎ᠠ; ᠬᠠᠳᠠᠮ ᠡᠵᠢ᠎ᠶ᠋ᠢᠨ ᠬᠢᠨᠢ ᠠᠮᠠ ᠨᠢ ᠬᠠᠳᠠᠬᠤ ᠳ᠋ᠤ᠂ ᠬᠥᠪᠥᠩᠲᠦ ᠰᠠᠪᠠᠭ᠎ᠠ᠎ᠵᠢ ᠤᠰᠤᠨ ᠳ᠋ᠤ ᠲᠦᠷᠤᠵᠤ ᠪᠠᠭ᠎ᠠ ᠪᠠᠭ᠎ᠠ᠎ᠪᠠᠷ ᠤᠷᠤᠭᠤᠯᠢ᠋ ᠨᠢ ᠨᠣᠷᠭᠠᠵᠤ ᠦᠭᠬᠦᠨ᠎ᠠ; ᠬᠠᠳᠠᠮ ᠡᠵᠢ ᠨᠢ ᠦᠭᠡ ᠶᠠᠷᠢᠬᠤ ᠰᠠᠨᠠᠭ᠎ᠠ᠎ᠲᠠᠶ ᠪᠤᠯ ᠲᠡᠷᠡ ᠴᠢᠬᠢᠨ᠎ᠦ ᠬᠢᠨᠢ ᠬᠠᠵᠠᠭᠤ᠎ᠳᠤ ᠣᠴᠢᠵᠤ ᠨᠠᠷᠢᠨ ᠰᠣᠨᠣᠰᠤᠨ᠎ᠠ᠃ ᠰᠡᠭᠦᠯᠡᠷ ᠨᠢ ᠬᠠᠳᠠᠮ ᠡᠵᠢ ᠨᠢ ᠵᠡᠷᠭᠡᠯᠡᠳᠡᠭᠡ ᠠᠢᠯ᠎ᠤ᠋ᠨ ᠬᠢᠨ ᠳ᠋ᠠᠭᠠᠨ᠄ 《ᠮᠢᠨᠦ᠍ ᠡᠨᠡ ᠪᠡᠷᠢ ᠲᠥᠷᠥᠭ᠌ᠰᠡᠨ ᠥᠬᠢᠨ᠎ᠡᠴᠡ ᠪᠠᠰᠠ ᠲᠤᠳᠤᠨᠤ ᠰᠢᠤ》 ᠭᠡᠵᠤ ᠦᠷᠬᠦᠯᠵᠢ ᠬᠡᠯᠡᠳᠡᠭ᠃
ᠵᠡᠮᠳᠡᠭ ᠲᠡᠭᠦᠦᠨᠠᠷ᠎ᠢᠶᠡᠨ ᠬᠠᠷᠠᠭᠠᠯᠵᠠᠬᠤ᠎ᠳᠠᠭᠠᠨ᠄《ᠬᠣᠵᠢᠮ ᠪᠢ ᠪᠣᠯ ᠲᠠ᠎ᠨᠠᠷ᠎ᠤᠨ 〈ᠡᠵᠢ ᠰᠢᠭ ᠶᠡᠬᠡ ᠪᠡᠷᠭᠡᠨ〉 ᠮᠥᠨ》᠃ ᠬᠠᠳᠠᠮ ᠡᠵᠢ ᠨᠢ ᠨᠠᠰᠤ ᠪᠠᠷᠠᠬᠰᠡᠨ ᠤ᠋ ᠰᠡᠭᠦᠯᠡᠷ᠂ ᠬᠦᠷᠢ ᠥᠬᠢᠨ ᠳᠡᠭᠦᠦ ᠪᠣᠯᠤᠨ ᠬᠦᠷᠢ ᠲᠡᠬᠦᠤ ᠨᠢ ᠲᠦᠱᠢᠭ ᠦᠭᠡᠢ ᠪᠣᠯᠪᠠ — ᠲᠡᠳᠡ ᠬᠣᠶᠠᠭᠤᠯᠠ ᠳᠦᠯᠡᠢ ᠮᠥᠷᠲᠡᠭᠡᠨ ᠶᠠᠪᠠ᠂ ᠤᠶᠤᠨ ᠤᠬᠠᠭᠠᠨ ᠨᠢ ᠴᠦ᠍ ᠪᠢᠳᠠᠭᠤ᠂ ᠬᠤᠭᠤᠯᠠ ᠪᠡᠨ ᠢᠳᠡᠵᠤ ᠬᠤᠪᠴᠠᠰᠤ ᠪᠡᠨ ᠡᠮᠤᠰᠬᠦ᠎ᠳᠡᠭᠡᠨ ᠴᠦ᠍ ᠬᠦᠴᠢᠷᠳᠡᠨ᠎ᠠ᠃ ᠽᠦᠸᠧ ᠵᠤᠤ ᠶᠢᠩ ᠦᠷᠦ ᠡᠪᠡᠳᠴᠦ᠂ ᠬᠠᠨᠢ ᠨᠥᠬᠥᠷᠲᠡᠬᠡᠨ᠄ 《ᠪᠢᠳᠡ ᠲᠡᠷᠡ ᠬᠣᠶᠠᠷ᠎ᠢ ᠲᠤᠰᠴᠤ᠌ ᠠᠪᠴᠢᠷᠠᠶ᠎ᠠ᠂ ᠪᠢ ᠬᠠᠷᠠᠵᠤ ᠬᠠᠷᠠᠭᠠᠯᠵᠠᠶᠠ》 ᠭᠡᠪᠡ᠃ ᠡᠨᠡ ᠠᠬ᠎ᠠ ᠳᠡᠭᠦᠦ ᠬᠣᠶᠠᠷ᠎ᠢ ᠬᠠᠷᠠᠭᠠᠯᠵᠠᠬᠤ᠎ᠳᠤ ᠮᠠᠰᠢ ᠶᠡᠭᠡ ᠲᠡᠰᠪᠦᠷᠢ ᠲᠠᠪᠴᠢᠶᠡᠷᠢ ᠬᠡᠷᠡᠭ᠌ᠲᠡᠢ᠃ ᠥᠷᠯᠥᠭᠡ᠂ ᠲᠡᠷᠡ ᠬᠣᠶᠠᠷ ᠢ᠋ ᠬᠠᠪᠰᠤᠷᠤᠨ ᠬᠤᠪᠴᠠᠰᠤ ᠵᠢ ᠨᠢ ᠡᠮᠦᠰᠭᠡᠵᠦ᠍᠂ ᠭᠡᠵᠢᠭᠡ᠎ᠶ᠋ᠢ ᠨᠢ ᠰᠠᠮᠨᠠᠵᠤ᠂ ᠱᠢᠳᠦ ᠤᠬᠢᠶᠠᠬᠤ ᠭᠡᠷᠡᠭᠰᠡᠯ ᠢ᠋ ᠨᠢ ᠪᠦᠷᠢᠨ ᠪᠡᠯᠡᠳᠭᠡᠵᠤ ᠭᠠᠷ ᠲᠤᠨᠢ ᠠᠳᠬᠤᠭᠤᠯᠤᠨ᠎ᠠ; ᠬᠣᠭᠣᠯᠠ ᠢᠳᠡᠬᠦ᠌ ᠦᠶᠡᠰ᠂ ᠲᠡᠳᠡᠨ᠎ᠳᠦ ᠬᠠᠯᠪᠠᠭ᠎ᠠ ᠬᠡᠷᠡᠭ᠌ᠯᠡᠬᠦ᠌᠎ᠶ᠋ᠢ ᠵᠢᠭᠠᠵᠤ ᠥᠭ᠌ᠭᠦᠨ᠎ᠡ᠂ ᠬᠤᠭᠤᠯᠠ ᠪᠤᠳᠠᠭ᠎ᠠ ᠠᠰᠭᠠᠭ᠍ᠰᠠᠨ ᠴᠤ᠌ ᠵᠠᠨᠭᠨᠠᠵᠤ ᠰᠢᠬᠦᠮᠵᠢᠯᠡᠬᠦ ᠦᠭᠡᠢ᠂ ᠰᠡᠳᠬᠢᠯ ᠲᠠᠯᠪᠢᠭᠤᠨ ᠵᠢᠡᠷ ᠵᠢᠭᠠᠨ᠎ᠠ; ᠡᠳᠦᠷ᠎ᠨᠢ ᠬᠦᠷᠢ ᠦᠬᠢᠨ ᠲᠡᠬᠦᠤ ᠳ᠋ᠡᠭᠡᠨ ᠬᠤᠪᠴᠠᠰᠤ ᠡᠪᠬᠡᠬᠦ᠌᠂ ᠱᠢᠷᠡᠭᠡ ᠵᠦᠯᠭᠦᠬᠦ᠌ᠶ᠋ᠢ ᠵᠢᠭᠠᠵᠤ᠂ ᠬᠦᠷᠢ ᠲᠡᠬᠦᠤ ᠳ᠋ᠡᠭᠡᠨ ᠭᠠᠵᠠᠷ ᠱᠦᠭᠦᠷᠳᠡᠬᠦ᠌ᠶ᠋ᠢ ᠵᠢᠭᠠᠵᠤ᠂ ᠨᠢᠭᠡ ᠤᠴᠢᠷ᠎ᠢ ᠬᠡᠳᠦᠨ ᠠᠷᠪᠠᠨ ᠤᠳᠠᠭ᠎ᠠ ᠵᠢᠭᠠᠨ᠎ᠠ᠂ ᠠᠬ᠎ᠠ ᠥᠬᠢᠨ ᠳᠡᠭᠦᠦ ᠬᠣᠶᠠᠷ ᠰᠤᠷᠴᠤ᠌ ᠴᠢᠳᠠᠬᠤ ᠦᠭᠡᠢ ᠪᠣᠯ ᠲᠡᠷᠡ ᠳᠠᠬᠢᠨ ᠵᠢᠭᠠᠨ᠎ᠠ᠃ ᠨᠢᠭᠡ ᠤᠳᠠᠭ᠎ᠠ ᠬᠦᠷᠢ ᠥᠬᠢᠨ ᠳᠡᠭᠦᠦ ᠨᠢ ᠬᠠᠭᠤᠴᠢᠨ ᠬᠦᠷᠮ᠎ᠡ᠎ᠪᠡᠨ ᠡᠷᠢᠵᠦ᠍ ᠤᠯᠬᠤ ᠦᠭᠡᠢ᠂ ᠭᠠᠵᠠᠷ ᠳᠡᠭᠡᠷ᠎ᠡ ᠰᠠᠭᠤᠭᠠᠳ ᠤᠬᠢᠯᠠᠵᠤ ᠪᠠᠢᠪᠠ᠂ ᠽᠦᠸᠧ ᠵᠤᠤ ᠶᠢᠩ ᠣᠴᠣᠢᠵᠤ ᠰᠠᠭᠤᠭᠠᠳ ᠲᠡᠭᠦᠨ᠎ᠲᠡᠶ ᠭᠠᠷ ᠲᠤᠬᠢᠶ᠎ᠠ ᠪᠡᠷ 《ᠵᠣᠭᠣᠭ᠍ᠳᠠᠵᠤ》᠂ ᠬᠠᠮᠲᠤ ᠡᠷᠢᠵᠤ᠂ ᠡᠴᠤᠰ ᠲᠡᠭᠡᠨ ᠡᠷᠢᠵᠤ ᠤᠯᠤᠭᠠᠳ ᠪᠠᠶᠠᠷᠯᠡᠭᠤᠯᠪᠠ᠃ ᠡᠳᠤᠷ ᠤ᠋ᠨ ᠤᠳᠠᠭᠠᠨ ᠳ᠋ᠠᠭᠠᠨ᠂ ᠠᠬ᠎ᠠ ᠥᠬᠢᠨ ᠳᠡᠭᠦᠦ ᠬᠣᠶᠠᠷ ᠲᠡᠭᠦᠨ᠎ᠦ ᠭᠡᠷ᠎ᠲᠦ᠍᠎ᠪᠡᠨ ᠬᠠᠷᠢᠵᠤ ᠢᠷᠡᠭᠰᠡᠨ ᠢ᠋ ᠦᠵᠡᠪᠡᠯ᠂ ᠰᠠᠨᠠᠭᠠᠴᠢᠯᠠᠭ᠎ᠠ᠎ᠡᠴᠡ᠎ᠪᠠᠨ ᠴᠢᠷᠦᠭᠦᠯ ᠱᠠᠬᠠᠶ ᠵᠢ ᠨᠢ ᠠᠪᠴᠢᠷᠠᠵᠤ ᠦᠭᠬᠦᠨ᠎ᠠ; ᠲᠡᠭᠦᠨ᠎ᠦ ᠶᠠᠭᠠᠷᠠᠵᠤ ᠪᠠᠢᠬᠤ᠎ᠶ᠋ᠢ ᠦᠵᠡᠪᠡᠯ᠂ ᠬᠠᠪᠰᠤᠷᠤᠨ ᠱᠢᠷᠡᠭᠡ ᠵᠦᠯᠭᠦᠬᠦ᠌ᠪᠡᠷ ᠤᠷᠤᠯᠳᠤᠨ᠎ᠠ — ᠲᠡᠳᠡᠨ᠎ᠦ ᠰᠡᠳᠭᠢᠯ᠎ᠳᠦ᠂ ᠽᠦᠸᠧ ᠵᠤᠤ ᠶᠢᠩ ᠪᠣᠯ ᠬᠠᠮᠤᠭ᠎ᠤᠨ ᠳᠣᠲᠣᠨᠣ 《ᠡᠵᠢ ᠰᠢᠭ ᠶᠡᠬᠡ ᠪᠡᠷᠭᠡᠨ》 ᠪᠣᠯᠤᠨ᠎ᠠ᠃
ᠡᠳᠡᠭᠡᠷ ᠵᠢᠯ᠎ᠦᠳ᠎ᠲᠦ᠂ ᠵᠠᠷᠢᠮ ᠬᠥᠮᠦᠨ ᠲᠡᠭᠦᠨ᠎ᠡᠴᠡ ᠶᠠᠳᠠᠷᠠᠵᠤ ᠪᠠᠢᠭ᠎ᠠ ᠡᠰᠡᠬᠦ᠌᠎ᠶ᠋ᠢ ᠠᠰᠠᠭᠤᠬᠤ᠎ᠳᠤ᠂ ᠲᠡᠷᠡ ᠦᠷᠭᠦᠯᠵᠢ᠄《ᠪᠦᠷ ᠨᠢᠭᠡ ᠭᠡᠷ᠎ᠦᠨ ᠬᠥᠮᠦᠨ᠂ ᠬᠠᠪᠰᠤᠷᠤᠯᠴᠠᠵᠤ ᠪᠠᠢᠬᠰᠠᠭᠠᠷ ᠯᠡ ᠬᠦᠴᠢᠷ ᠪᠠᠷᠭᠡᠰᠢᠶᠠᠯ ᠢ᠋ ᠲᠤᠭᠤᠯᠴᠢᠬᠠᠨᠠ》 ᠭᠡᠵᠤ ᠢᠨᠢᠶᠡᠮᠰᠦᠭᠯᠡᠨ ᠬᠡᠯᠡᠨ᠎ᠠ᠃ ᠲᠡᠷᠡ ᠲᠩᠷᠢ ᠭᠠᠵᠠᠷ᠎ᠢ ᠳᠣᠩᠰᠣᠯᠭᠠᠮ᠎ᠠ ᠶᠠᠪᠤᠳᠠᠯ ᠬᠢᠭ᠌ᠰᠡᠨ ᠦᠭᠡᠢ᠂ ᠭᠡᠲᠡᠯ᠎ᠡ ᠡᠨᠡ ᠭᠤᠴᠢᠨ ᠵᠢᠯ᠎ᠦᠨ ᠪᠠᠲᠤ ᠰᠠᠬᠢᠯᠲᠠ ᠨᠢ ᠶᠠᠭᠤᠨ᠎ᠡᠴᠡ ᠴᠤ᠌ ᠢᠯᠡᠭᠦᠦ ᠬᠦᠮᠦᠰ ᠤ᠋ᠨ ᠰᠡᠳᠬᠢᠯ ᠢ᠋ ᠲᠤᠬᠳᠤᠯᠤᠭᠤᠯᠤᠨ᠎ᠠ — ᠤᠤᠯ ᠨᠢ ᠬᠠᠮᠤᠭ᠎ᠤᠨ ᠬᠦᠨ ᠬᠠᠢᠷ᠎ᠠ ᠨᠢ ᠠᠮᠢᠳᠤᠷᠠᠯ ᠬᠡᠳᠦᠢ ᠬᠦᠴᠢᠷᠲᠡᠢ ᠪᠠᠢᠭ᠍ᠰᠠᠨ ᠴᠤ᠌ ᠭᠡᠷ᠎ᠦᠨ ᠬᠥᠮᠦᠰ᠎ᠦᠨ᠎ᠢᠶᠡᠨ ᠭᠠᠷ᠎ᠡᠴᠡ ᠨᠢ ᠬᠥᠲᠥᠯᠵᠦ᠍᠂ ᠬᠠᠮᠲᠤ᠎ᠪᠠᠷ ᠤᠷᠤᠭ᠍ᠰᠢ ᠲᠡᠮᠡᠦᠯᠬᠦ᠌ ᠶᠠᠪᠤᠳᠠᠯ ᠪᠤᠯᠬᠤ ᠠᠵᠢ᠃
2. ᠵᠢᠮᠢᠰ᠄ 17 ᠵᠢᠯ ᠰᠠᠯᠤᠰᠢ ᠦᠭᠡᠶ ᠪᠠᠲᠤ ᠰᠠᠬᠢᠵᠤ᠂ ᠬᠥᠮᠦᠨ᠎ᠦ ᠰᠡᠳᠭᠢᠯ᠎ᠢ ᠬᠥᠳᠡᠯᠭᠡᠮ᠎ᠡ ᠨᠠᠰᠤᠲᠠᠨ᠎ᠢᠶᠠᠨ ᠠᠴᠢᠯᠠᠵᠤ ᠲᠥᠷᠥᠯ ᠰᠠᠳᠤᠨ᠎ᠢᠶᠠᠨ ᠬᠠᠢᠷᠠᠯᠠᠭ᠍ᠰᠠᠨ ᠮᠠᠭ᠍ᠲᠠᠭᠠᠯ ᠳᠠᠭᠤᠤ ᠶ᠋ᠢ ᠪᠢᠴᠢᠭ᠌ᠯᠡᠪᠠ
ᠵᠢᠮᠢᠰ ᠬᠦᠷᠢ ᠳᠡᠭᠦᠦ ᠪᠣᠯᠤᠨ ᠨᠥᠬᠥᠷ᠎ᠦᠨ᠎ᠢᠶᠡᠨ ᠬᠣᠢᠨ᠎ᠠ ᠬᠣᠢᠨ᠎ᠠ᠎ᠡᠴᠡ᠎ᠪᠠᠨ ᠨᠠᠰᠤ ᠪᠠᠷᠠᠭ᠍ᠰᠠᠨ ᠬᠦᠨᠳᠦ ᠴᠣᠬᠢᠯᠲᠠ᠎ᠳᠤ ᠬᠠᠨᠳᠤᠵᠤ᠂ ᠪᠤᠯᠪᠠᠷᠠᠢ ᠮᠥᠷᠥᠨ ᠳ᠋ᠡᠭᠡᠨ ᠬᠡᠪᠲᠡᠷᠢ᠎ᠳᠤ ᠤᠷᠤᠭᠰᠠᠨ ᠬᠠᠳᠠᠮ ᠡᠵᠢ᠂ ᠬᠦᠨᠳᠦ ᠡᠪᠡᠳᠴᠢᠨ᠎ᠲᠡᠶ ᠳᠡᠭᠦᠦ ᠪᠡᠷᠢ ᠵᠢᠴᠢ ᠰᠤᠷᠭᠠᠭᠤᠯᠢ ᠰᠤᠶᠤᠯ᠎ᠤᠨ ᠮᠦᠷ ᠬᠦᠭᠡᠭᠡᠵᠦ ᠪᠠᠢᠭ᠎ᠠ ᠭᠤᠷᠪᠠᠨ ᠬᠡᠦᠬᠡᠳ ᠢ᠋ᠬᠠᠷᠠᠵᠤ ᠬᠠᠷᠠᠭᠠᠯᠵᠠᠬᠤ ᠬᠦᠨᠳᠦ ᠡᠭᠦᠷᠭᠡ᠎ᠶ᠋ᠢ ᠡᠭᠦᠷᠭᠡᠯᠡᠵᠦ᠍᠂ ᠪᠤᠰᠠᠨᠢᠬᠤ ᠱᠢᠬᠠᠭ᠍ᠰᠠᠨ ᠭᠡᠷ ᠪᠦᠯᠢ᠎ᠶ᠋ᠢ ᠳᠠᠬᠢᠨ ᠠᠮᠢᠵᠢᠷᠠᠯ᠎ᠤᠨ ᠬᠦᠴᠦᠨ᠎ᠲᠡᠶ ᠪᠣᠯᠭᠠᠪᠠ᠃
2008 ᠣᠨ᠎ᠤ ᠨᠠᠮᠤᠷ᠂ ᠬᠦᠷᠢ ᠳᠡᠭᠦᠦ ᠨᠢ ᠲᠡᠷᠭᠡᠨ ᠡᠨᠳᠡᠯ᠎ᠢᠶᠡᠷ ᠨᠠᠰᠤ ᠪᠠᠷᠠᠵᠤ᠂ ᠡᠮᠭᠡᠨᠢᠨ ᠭᠠᠱᠢᠭᠤᠳᠠᠭ᠍ᠰᠠᠨ ᠳᠡᠭᠦᠦ ᠪᠡᠷᠢ ᠪᠣᠯᠤᠨ 5 ᠨᠠᠰᠤᠲᠠᠢ ᠠᠴᠢ ᠬᠦᠦ᠍᠎ᠨᠢ ᠦᠯᠡᠳᠡᠨ ᠬᠤᠴᠤᠷᠡᠵᠠᠢ᠃ ᠤᠤᠯ ᠡᠴᠡ᠎ᠪᠠᠨ ᠶᠠᠳᠠᠭᠤ ᠬᠦᠴᠢᠷᠳᠡᠯᠲᠡᠢ ᠭᠡᠷ᠎ᠦᠨ ᠠᠮᠢᠳᠤᠷᠠᠯ᠎ᠤᠨ ᠡᠮᠦᠨ᠎ᠡ᠂ ᠵᠢᠮᠢᠰ᠄ 《ᠪᠢᠲᠡᠭᠡᠢ ᠠᠶᠤ᠂ ᠬᠣᠵᠢᠮ ᠨᠠᠳᠠ᠎ᠳᠤ ᠨᠢᠭᠡ ᠡᠮᠬᠦ ᠬᠤᠭᠤᠯᠠ ᠪᠠᠢᠪᠠᠯ᠂ ᠲᠠᠨ᠎ᠤ ᠡᠬᠡ ᠬᠦᠦ ᠬᠣᠶᠠᠭᠤᠯᠠ᠎ᠳᠤ ᠪᠠᠰᠠ ᠨᠢᠭᠡ ᠡᠮᠬᠦ ᠬᠤᠭᠤᠯᠠ ᠪᠤᠢ》 ᠭᠡᠵᠦ ᠠᠮᠠᠯᠠᠪᠠ᠃ ᠲᠡᠷᠡ ᠳᠡᠭᠦᠦ ᠪᠡᠷᠢ ᠪᠣᠯᠤᠨ ᠠᠴᠢ ᠬᠦᠦ᠍᠎ᠪᠡᠨ ᠲᠠᠪᠢᠨ ᠲᠡᠭ᠌ᠰᠢ ᠳᠥᠷᠪᠡᠯᠵᠢᠨ ᠮᠧᠲ᠋ᠷ ᠬᠦᠷᠬᠦ᠌ ᠦᠭᠡᠢ ᠱᠢᠪᠠᠷ ᠪᠠᠢᠱᠢᠩ᠎ᠳᠤ ᠲᠤᠰᠴᠤ᠌ ᠠᠪᠴᠢᠷᠠᠭ᠍ᠰᠠᠨ᠎ᠡᠴᠡ ᠲᠠᠪᠤᠨ ᠠᠮᠠ ᠬᠥᠮᠦᠨ᠎ᠲᠡᠶ ᠠᠢᠯ᠎ᠤᠨ ᠠᠮᠢᠳᠤᠷᠠᠯ ᠨᠢ ᠨᠡᠩ ᠬᠦᠴᠢᠷᠲᠡᠢ ᠪᠣᠯᠵᠠᠢ᠃ 2015 ᠣᠨ᠎ᠳᠤ᠂ ᠳᠡᠭᠦᠦ ᠪᠡᠷᠢ᠎ᠨᠢ ᠭᠡᠨᠡᠳᠲᠡ᠎ᠶᠢᠨ ᠵᠢᠷᠦᠬᠡᠨ ᠡᠪᠡᠳᠴᠢᠨ ᠳᠤᠰᠴᠤ ᠪᠠᠴᠢᠮ ᠮᠡᠰᠡ ᠵᠠᠰᠠᠯ ᠬᠢᠬᠦ᠌ ᠴᠢᠬᠤᠯᠠᠲᠠᠶ ᠪᠣᠯᠪᠠ᠂ ᠲᠠᠪᠤᠨ ᠲᠦᠮᠡ ᠭᠠᠷᠤᠶ ᠲᠥᠭᠥᠷᠢᠭ᠎ᠦᠨ ᠮᠡᠰᠡ ᠵᠠᠰᠠᠯ᠎ᠤᠨ ᠵᠠᠷᠤᠳᠠᠯ᠎ᠤᠨ ᠡᠮᠦᠨ᠎ᠡ᠂ ᠵᠢᠮᠢᠰ ᠡᠷᠦᠬᠡ ᠳᠠᠷᠠᠭᠠᠯᠠᠨ ᠵᠣᠭᠣᠰ ᠵᠢᠭᠡᠯᠡᠵᠦ᠍᠂ ᠡᠴᠦᠰ᠎ᠲᠡᠬᠡᠨ ᠨᠤᠲᠤᠭ᠎ᠤᠨ ᠠᠬ᠎ᠠ ᠳᠡᠭᠦᠦ᠍᠎ᠨᠡᠷ᠎ᠦᠨ᠎ᠢᠶᠡᠨ ᠬᠠᠪᠰᠤᠷᠤᠯᠭ᠎ᠠ᠎ᠪᠠᠷ ᠵᠠᠷᠤᠳᠠᠯ᠎ᠢ ᠴᠤᠭ᠍ᠯᠠᠭᠤᠯᠪᠠ᠃ ᠡᠭᠦᠨ᠎ᠡᠴᠡ ᠰᠡᠭᠦᠯᠡᠷ ᠳᠡᠭᠦᠦ ᠪᠡᠷᠢ ᠨᠢ ᠪᠠᠰᠠ ᠪᠥᠭᠡᠷ᠎ᠡ᠎ᠶ᠋ᠢᠨ ᠴᠢᠯᠠᠭᠤᠱᠢᠷᠠᠯ᠂ ᠲᠠᠷᠢᠬᠢᠨ᠎ᠳᠤ ᠴᠢᠰᠤ ᠬᠠᠷᠪᠤᠬᠤ᠌ ᠡᠪᠡᠳᠴᠢᠨ ᠳᠤᠰᠴᠤ᠂ ᠡᠮᠨᠡᠯᠭᠡ᠎ᠶ᠋ᠢᠨ ᠵᠠᠷᠤᠳᠠᠯ ᠨᠢ ᠠᠷᠪᠠᠨ ᠬᠡᠳᠦᠨ ᠲᠦᠮᠡᠡᠲᠦᠭᠦᠷᠢᠭ ᠲᠦ᠍ ᠬᠦᠷᠴᠦ᠍᠂ ᠭᠡᠷ ᠪᠦᠯᠢ᠎ᠨᠢ ᠬᠦᠨᠳᠦ ᠥᠷᠢ ᠰᠢᠷᠢ ᠲᠠᠢ ᠪᠤᠯᠤᠭᠰᠠᠨ ᠪᠠᠢᠨ᠎ᠠ᠃ ᠵᠢᠮᠢᠰ ᠬᠠᠷᠢᠨ ᠶᠡᠷᠦ᠍᠎ᠡᠴᠡ ᠵᠤᠷᠢᠭ ᠮᠤᠬᠤᠷᠳᠠᠭᠰᠠᠨ ᠦᠭᠡᠢ᠄ 《ᠲᠡᠷᠡ ᠪᠣᠯ ᠮᠢᠨᠦ᠍ ᠥᠬᠢᠨ ᠳᠡᠭᠦᠦ᠂ ᠬᠡᠷᠬᠢᠨ ᠲᠡᠭᠦᠨ᠎ᠢ ᠬᠠᠷᠠᠵᠤ ᠪᠠᠢᠭᠠᠳ ᠦᠬᠦᠭᠦᠯᠬᠦ᠌ ᠪᠣᠶ》᠃ ᠲᠡᠭᠦᠨ᠎ᠦ ᠨᠠᠷᠢᠨ ᠨᠢᠮᠪᠠᠢ ᠬᠠᠷᠠᠭᠠᠯᠵᠠᠯ ᠳᠣᠣᠷ᠎ᠠ᠂ ᠳᠡᠭᠦᠦ ᠪᠡᠷᠢ ᠨᠢ ᠠᠭᠠᠵᠢᠮ᠎ᠢᠶᠠᠷ ᠪᠡᠶ᠎ᠡ᠎ᠪᠡᠨ ᠳᠠᠭᠠᠭᠠᠬᠤ ᠴᠢᠳᠠᠪᠤᠷᠢ᠎ᠲᠠᠢ ᠪᠤᠯᠪᠠ᠃ 2018 ᠣᠨ᠎ᠤ ᠵᠤᠨ᠂ ᠡᠷ᠎ᠡ ᠨᠥᠬᠥᠷ ᠨᠢ ᠠᠵᠠ ᠪᠤᠰᠤ᠎ᠪᠠᠷ ᠤᠰᠤᠨ᠎ᠳᠤ ᠵᠢᠪᠴᠦ᠍ ᠨᠠᠰᠤ ᠪᠠᠷᠠᠵᠤ᠂ ᠬᠡᠷ᠎ᠦᠨ᠎ᠢᠶᠡᠨ ᠴᠤᠷ᠎ᠤᠨ ᠭᠠᠭ᠍ᠴᠠ ᠲᠤᠯᠭᠠᠭᠤᠷᠢ ᠨᠢ ᠨᠤᠷᠠᠪᠠ᠃ ᠵᠢᠮᠢᠰ ᠵᠢᠷᠦᠬᠡ ᠱᠢᠮᠱᠢᠷᠡᠮᠡ ᠡᠮᠭᠡᠨᠢᠯ᠎ᠢᠶᠡᠨ ᠲᠡᠰᠪᠦᠷᠢᠯᠡᠨ᠂ ᠨᠢᠯᠪᠤᠰᠤ᠎ᠪᠠᠨ ᠠᠷᠴᠢᠨ ᠬᠡᠦᠬᠡᠳ᠎ᠲᠡᠬᠡᠨ᠄ 《ᠪᠢᠲᠡᠭᠡᠶ ᠠᠶᠤ᠂ ᠡᠵᠢ ᠨᠢ ᠪᠠᠢᠪᠠᠯ ᠲᠩᠷᠢ ᠨᠤᠷᠠᠬᠤ ᠥᠬᠡᠶ ᠶᠤᠮ》 ᠭᠡᠵᠦ ᠬᠡᠯᠡᠪᠡ᠃
ᠠᠵᠤ ᠠᠬᠤᠢ᠎ᠶ᠋ᠢᠨ ᠢᠷᠡᠯᠳᠡ᠎ᠪᠡᠨ ᠠᠯᠳᠠᠭ᠍ᠰᠠᠨᠤ ᠲᠠᠷᠠᠭ᠎ᠠ᠂ ᠲᠡᠷᠡ ᠡᠳᠦᠷᠵᠢᠨ ᠪᠤᠷᠪᠢ ᠪᠤᠬᠢᠰᠬᠢᠯ ᠦᠭᠡᠢ ᠮᠤᠩᠭᠠᠨᠢᠨ᠎ᠠ᠄ ᠥᠷᠢᠶᠡᠷ ᠮᠠᠯ ᠬᠠᠷᠢᠭᠤᠯᠵᠤ᠂ ᠦᠳᠡ᠎ᠳᠦ ᠲᠠᠷᠢᠶ᠎ᠠ ᠠᠷᠴᠢᠵᠤ᠂ ᠤᠷᠤᠢ ᠳ᠋ᠠᠭᠠᠨ ᠭᠡᠷ᠎ᠦᠨ ᠠᠵᠢᠯ᠎ᠢᠶᠠᠨ ᠬᠢᠨ᠎ᠠ᠃ 2019 ᠣᠨ᠎ᠳᠤ᠂ ᠠᠴᠢ ᠬᠦᠦ᠍᠎ᠪᠡᠨ ᠠᠢᠯ ᠬᠡᠷ ᠪᠣᠯᠭᠠᠬᠤ᠎ᠶ᠋ᠢᠨ ᠲᠥᠯᠥᠭᠡ᠂ ᠲᠡᠷᠡ ᠵᠣᠭᠣᠰ ᠵᠢᠭᠡᠯᠡᠵᠦ᠍ ᠭᠤᠷᠪᠠᠨ ᠲᠠᠰᠤᠯᠭ᠎ᠠ ᠲᠣᠭᠣᠰᠭᠠᠨ ᠪᠠᠢᠱᠢᠩ ᠪᠠᠷᠢᠪᠠ᠃ ᠪᠠᠷᠢᠯᠭ᠎ᠠ᠎ᠶ᠋ᠢᠨ ᠭᠠᠵᠠᠷ ᠲᠣᠭᠣᠰᠭ᠎ᠠ ᠵᠥᠭᠡᠭᠡᠵᠦ᠍᠂ ᠱᠢᠪᠡᠷ ᠵᠢᠭᠤᠷᠠᠵᠤ ᠶᠠᠳᠠᠷᠠᠭᠠᠳ ᠬᠥᠯᠢᠶᠡᠨ ᠪᠤᠯᠵᠠᠭᠠᠭ᠍ᠰᠠᠨ ᠴᠤ᠌ ᠲᠡᠰᠪᠦᠷᠢᠯᠡᠨ ᠠᠵᠢᠯᠯᠠᠪᠠ᠃ ᠱᠢᠨ᠎ᠡ ᠭᠡᠷ᠎ᠢᠶᠡᠨ ᠪᠠᠷᠢᠵᠤ ᠳᠠᠭᠤᠰᠬᠠᠨ᠂ ᠠᠴᠢ ᠬᠦᠦ ᠨᠢ ᠤᠷᠤᠭᠰᠢᠲᠠᠢ᠎ᠪᠡᠷ ᠭᠡᠷ ᠪᠦᠯᠢ ᠪᠣᠯᠵᠤ ᠦᠷ᠎ᠠ ᠵᠢᠨ ᠵᠤᠯᠠᠢ ᠦᠨᠦᠷᠯᠡᠬᠦ ᠳ᠋ᠦ᠂ ᠲᠡᠭᠦᠨ᠎ᠤ ᠴᠢᠷᠠᠢ᠎ᠳᠤ ᠤᠳᠠᠭᠠᠨ ᠡᠳᠦᠷ ᠬᠠᠷᠠᠭᠳᠠᠭ᠎ᠠ ᠦᠭᠡᠢ ᠢᠨᠢᠶᠡᠮᠰᠦᠭ᠌ᠯᠡᠯ ᠢᠯᠡᠷᠡᠪᠡ᠃
ᠡᠷ᠎ᠡ ᠨᠦᠬᠦᠷ ᠨᠢ ᠨᠠᠰᠤ ᠪᠠᠷᠠᠭ᠍ᠰᠠᠨ᠎ᠤ ᠳᠠᠷᠠᠭ᠎ᠠ᠂ ᠨᠠᠰᠤ ᠠᠬᠢᠭ᠍ᠰᠠᠨ ᠬᠠᠳᠠᠮ ᠡᠵᠢ ᠨᠢ ᠭᠤᠨᠢᠭ ᠵᠣᠪᠠᠯᠠᠩ᠎ᠡᠴᠡ ᠪᠣᠯᠵᠤ ᠵᠥᠨᠥᠭᠰᠢᠬᠦ ᠡᠪᠡᠳᠴᠢᠨ ᠲᠠᠢ ᠪᠤᠯᠵᠤ᠂ ᠠᠮᠢᠳᠤᠷᠠᠯ᠎ᠢᠶᠠᠨ ᠥᠪᠡᠷ᠎ᠢᠶᠡᠨ ᠠᠷᠭᠠᠴᠡᠭᠠᠵᠤ ᠴᠢᠳᠠᠬᠤ ᠦᠭᠡᠢ ᠪᠣᠯᠵᠠᠢ᠃ ᠵᠢᠮᠢᠰ ᠨᠠᠰᠤᠲᠠᠨ᠎ᠢ ᠠᠰᠠᠷᠠᠬᠤ ᠬᠦᠷᠢᠶᠡᠯᠡᠩ᠎ᠳᠦ ᠬᠦᠷᠭᠡᠬᠦ᠌᠎ᠶ᠋ᠢ ᠡᠷᠡᠰ ᠵᠥᠪᠱᠢᠶᠡᠷᠡᠬᠦ᠌ ᠦᠭᠡᠢ ᠪᠠᠢᠵᠤ᠄ 《ᠲᠡᠷᠡ ᠪᠣᠯ ᠮᠢᠨᠦ᠍ ᠡᠵᠢ᠂ ᠪᠢ ᠲᠡᠭᠦᠨ᠎ᠢ ᠬᠠᠶᠠᠵᠤ ᠪᠣᠯᠬᠤ ᠦᠭᠡᠢ》 ᠭᠡᠪᠡ᠃ ᠲᠡᠷᠡ ᠬᠠᠳᠠᠮ ᠡᠵᠢ᠎ᠲᠡᠶ᠎ᠪᠡᠨ ᠨᠢᠭᠡ ᠥᠷᠥᠭᠡᠨ᠎ᠳᠦ ᠬᠣᠨᠣᠵᠤ᠂ 24 ᠴᠠᠭ᠎ᠢᠶᠠᠷ ᠰᠡᠳᠭᠢᠯ ᠲᠠᠯᠪᠢᠨ ᠬᠠᠷᠠᠭᠠᠯᠵᠠᠵᠤ ᠄ ᠬᠣᠭᠣᠯᠠ ᠢᠳᠡᠭᠦᠯᠵᠦ᠂ ᠬᠤᠪᠴᠠᠰᠤ ᠬᠤᠨᠠᠷ᠎ᠢ ᠨᠢ ᠰᠣᠯᠢᠵᠤ᠂ ᠤᠬᠢᠶᠠᠵᠤ ᠴᠡᠪᠡᠷᠯᠡᠨ᠂ ᠢᠯᠢᠵᠦ᠍ ᠨᠤᠬᠤᠯᠠᠵᠤ᠂ ᠲᠦᠷᠪᠡᠨ ᠵᠢᠯ ᠭᠠᠷᠤᠢ᠎ᠶ᠋ᠢᠨ ᠲᠤᠷᠰᠢ ᠬᠠᠳᠠᠮ ᠡᠵᠢ ᠨᠢ ᠶᠡᠷᠦ᠍᠎ᠡᠴᠡ ᠬᠡᠪᠲᠡᠷᠢ᠎ᠶ᠋ᠢᠨ ᠶᠠᠷ᠎ᠠ ᠭᠠᠷᠴᠤ᠌ ᠥᠩᠭᠡᠷᠡᠭ᠌ᠰᠡᠨ ᠦᠭᠡᠢ᠃ ᠡᠪᠦᠯ᠎ᠦᠨ ᠴᠠᠭ᠎ᠲᠤ᠂ ᠲᠡᠷᠡ ᠲᠡᠭ᠎ᠡᠴᠡ ᠳᠣᠷᠣᠭ᠍ᠰᠢ ᠬᠣᠷᠢᠨ ᠬᠡᠳᠦᠨ ᠭᠷᠠᠳᠦ᠋ᠰ᠎ᠦᠨ ᠬᠦᠢᠲᠡᠨ ᠳ᠋ᠦ ᠬᠠᠳᠠᠮ ᠡᠵᠢ᠎ᠶᠢᠨ᠎ᠢᠶᠡᠨ ᠬᠤᠪᠴᠠᠰᠤ᠎ᠵᠢ ᠨᠢ ᠤᠬᠢᠶᠠᠨ ᠥᠭ᠌ᠴᠦ᠂ ᠭᠠᠷ ᠨᠢ ᠵᠢᠩᠭᠢᠨᠡᠵᠦ ᠤᠯᠠᠢᠭᠰᠠᠨ ᠴᠦ᠍ ᠥᠴᠦᠬᠡᠨ ᠴᠦ᠍ ᠭᠣᠮᠣᠳᠠᠯ ᠦᠭᠡᠢ ᠪᠠᠢᠯ᠎ᠠ᠃
ᠵᠢᠮᠢᠰ᠎ᠤᠨ ᠬᠠᠷᠠᠮ ᠦᠭᠡᠢ ᠵᠤᠷᠢᠭᠤᠯᠤᠯ ᠨᠢ ᠬᠣᠢᠴᠢ ᠦᠶ᠎ᠡ᠎ᠪᠡᠨ ᠦᠯᠦ᠍ ᠮᠡᠳᠡᠭ᠌ᠳᠡᠮ᠎ᠡ ᠨᠥᠯᠥᠭᠡᠯᠡᠪᠠ᠃ ᠬᠡᠦᠬᠡᠨᠴᠦᠳ ᠨᠢ ᠰᠠᠨᠠᠭᠠᠴᠢᠯᠠᠭ᠎ᠠ᠎ᠡᠴᠡ᠎ᠪᠠᠨ ᠭᠡᠷ᠎ᠦᠨ ᠠᠵᠢᠯ᠎ᠢ ᠬᠤᠪᠢᠶᠠᠨ ᠡᠭᠦᠷᠭᠡᠯᠡᠵᠦ᠍᠂ ᠬᠤᠭᠤᠯᠠᠨ ᠵᠣᠭᠣᠰ᠎ᠢᠶᠠᠨ ᠠᠷᠪᠢᠯᠠᠵᠤ ᠡᠮᠡᠭᠡ᠎ᠳᠡᠭᠡᠨ ᠲᠡᠵᠢᠭᠡᠯ ᠪᠣᠳᠠᠰ ᠠᠪᠴᠤ᠌ ᠥᠭ᠌ᠭᠦᠨ᠎ᠡ; 5 ᠨᠠᠰᠤ ᠬᠦᠷᠦᠭᠡᠳᠦᠢ ᠠᠴᠢ ᠣᠮᠪᠣᠯᠣ ᠥᠬᠢᠨ ᠨᠢ ᠪᠠᠰᠠ ᠡᠮᠡᠭᠡ᠎ᠪᠡᠨ ᠬᠠᠷᠠᠭᠠᠯᠵᠠᠬᠤ᠎ᠶ᠋ᠢ ᠰᠤᠷᠴᠤ᠌ ᠪᠠᠢᠨ᠎ᠠ᠃ 58 ᠨᠠᠰᠤᠲᠠᠢ ᠵᠢᠮᠢᠰ ᠨᠢᠭᠡᠨᠲᠡ ᠦᠰᠦ ᠭᠡᠵᠢᠭᠡ ᠨᠢ ᠪᠤᠭᠤᠷᠤᠯᠳᠤᠵᠤ᠂ ᠬᠣᠶᠠᠷ ᠭᠠᠷ᠎ᠨᠢ ᠡᠪᠡᠷᠱᠢᠭ᠌ᠰᠡᠨ ᠪᠣᠯᠪᠠᠴᠤ᠌ ᠶᠠᠮᠠᠷ᠎ᠴᠤ ᠬᠠᠷᠠᠮᠰᠠᠯ ᠦᠭᠡᠢ᠄ 《ᠲᠡᠳᠡ ᠰᠠᠢᠨ ᠪᠠᠢᠪᠠᠯ᠂ ᠡᠨᠡ ᠭᠡᠷ ᠰᠠᠢᠨ ᠪᠠᠢᠨ᠎ᠠ᠂ ᠪᠢ ᠬᠡᠳᠦᠢ ᠵᠦᠳᠡᠷᠡᠭ᠌ᠰᠡᠨ ᠴᠦ᠍ ᠪᠡᠨ᠎ᠡ᠎ᠲᠡᠶ》 ᠭᠡᠵᠦ ᠶᠠᠷᠢᠨ᠎ᠠ᠃
3. ᠪᠦᠦ ᠭᠦ ᠨᠢᠶᠠᠩ᠄ ᠬᠡᠳᠦᠨ ᠠᠷᠪᠠᠨ ᠵᠢᠯ᠎ᠢ ᠨᠢᠭᠡ ᠯᠡ ᠡᠳᠦᠷ ᠮᠡᠲᠦ᠍᠎ᠪᠡᠷ ᠥᠨᠭᠭᠡᠷᠡᠭᠦᠯᠵᠦ᠂ ᠥᠪᠡᠷ᠎ᠦᠨ ᠬᠠᠢᠷ᠎ᠠ ᠰᠡᠳᠭᠢᠯᠭᠡ᠎ᠪᠡᠨ ᠡᠨᠡ ᠬᠦ᠌ ᠭᠠᠰᠠᠯᠠᠩ ᠵᠣᠪᠠᠯᠠᠩᠲᠤ ᠭᠡᠷ ᠪᠦᠯᠢ᠎ᠳᠤ ᠢᠳᠡᠭ ᠢᠳᠡᠭ᠎ᠢᠶᠡᠷ ᠶᠡᠭᠦᠯᠡᠪᠠ
ᠪᠦᠦ ᠭᠦ ᠨᠢᠶᠠᠩᠢ 14 ᠨᠠᠰᠤᠲᠠᠶ᠎ᠳᠤᠨᠢ ᠡᠵᠢ ᠨᠢ ᠠᠭᠤᠰᠭᠢᠨ ᠰᠦᠷᠢᠶ᠎ᠡ ᠡᠪᠡᠳᠴᠢᠨ᠎ᠢᠶᠡᠷ ᠨᠠᠰᠤ ᠪᠠᠷᠠᠪᠠ; ᠭᠡᠷ ᠪᠦᠯᠢ᠎ᠶ᠋ᠢᠨ ᠳᠠᠷᠤᠭᠠᠰᠤ᠎ᠶ᠋ᠢ ᠬᠥᠩᠭᠡᠷᠡᠭᠦᠯᠬᠦ᠌᠎ᠶ᠋ᠢᠨ ᠲᠥᠯᠥᠭᠡ ᠲᠡᠷᠡ ᠵᠢᠷᠠ ᠭᠠᠷᠤᠭ᠍ᠰᠠᠨ ᠬᠤᠶᠠᠳᠤᠭᠠᠷ ᠠᠪᠠᠭ᠎ᠠ ᠪᠣᠯᠤᠨ ᠵᠡᠮᠳᠡᠭ ᠳᠣᠯᠣᠳᠤᠭᠠᠷ ᠠᠪᠠᠭ᠎ᠠ᠎ᠪᠠᠨ ᠬᠠᠷᠠᠭᠠᠯᠵᠠᠵᠤ ᠡᠬᠢᠯᠡᠪᠡ; 24 ᠨᠠᠰᠤᠲᠠᠶ᠎ᠳᠠᠭᠠᠨ ᠡᠯᠢᠭᠡᠨ ᠥᠮᠡᠨ᠎ᠡᠴᠡ ᠪᠣᠯᠵᠣ ᠡᠴᠢᠭᠡ᠎ᠪᠡᠨ ᠠᠯᠳᠠᠵᠠᠶ; ᠣᠶᠣᠨ᠎ᠤ ᠰᠠᠭᠠᠳ᠎ᠲᠠᠶ ᠬᠣᠶᠠᠳᠤᠭᠠᠷ ᠡᠭᠡᠴᠢ ᠪᠠ ᠬᠣᠶᠠᠳᠤᠭᠠᠷ ᠡᠭᠡᠴᠢ᠎ᠶ᠋ᠢᠨ᠎ᠢᠶᠡᠨ ᠥᠬᠢᠨ᠎ᠢ ᠣᠳᠣ ᠪᠣᠯᠲᠠᠯ᠎ᠠ ᠬᠠᠷᠠᠭᠠᠯᠵᠠᠨ᠎ᠠ᠃ ᠲᠡᠷᠡ ᠭᠠᠰᠠᠯᠠᠩ ᠵᠣᠪᠠᠯᠠᠩ᠎ᠤᠨ ᠳᠤᠮᠳᠠ ᠭᠡᠷ ᠪᠦᠯᠢ᠎ᠶ᠋ᠢᠨ ᠬᠠᠷᠢᠭᠤᠴᠠᠯᠭ᠎ᠠ᠎ᠪᠠᠨ ᠪᠠᠲᠤ ᠰᠠᠬᠢᠵᠤ᠂ ᠭᠣᠶᠠᠴᠢ ᠦᠭᠡᠢ ᠬᠠᠢᠷ᠎ᠠ ᠬᠠᠯᠠᠮᠵᠢ ᠪᠣᠯᠤᠨ ᠬᠠᠳᠠᠨ ᠵᠣᠷᠢᠭ᠎ᠢᠶᠠᠷ ᠭᠡᠷ ᠪᠦᠯᠢ᠎ᠪᠠᠨ ᠲᠤᠯᠭᠠᠭᠤᠷᠢᠯᠠᠵᠤ᠂ ᠬᠠᠭᠠᠰ ᠵᠠᠭᠤᠨ᠎ᠤ ᠴᠠᠭ᠎ᠢᠶᠠᠷ ᠨᠠᠰᠤᠲᠠᠨ᠎ᠢᠶᠠᠨ ᠠᠴᠢᠯᠠᠵᠤ ᠲᠦᠷᠦᠯ ᠰᠠᠳᠤᠨ᠎ᠢᠶᠠᠨ ᠬᠠᠢᠷᠠᠯᠠᠬᠤ᠎ᠶ᠋ᠢ ᠲᠠᠢᠯᠪᠤᠷᠢᠯᠠᠵᠤ᠂ ᠨᠢᠭᠡ ᠨᠠᠰᠤ᠎ᠪᠠᠷ᠎ᠢᠶᠠᠨ ᠬᠥᠮᠦᠨ᠎ᠦ ᠶᠢᠷᠲᠢᠨᠴᠦ᠍᠎ᠶ᠋ᠢᠨ ᠬᠠᠢᠷ᠎ᠠ ᠰᠡᠳᠭᠢᠯᠭᠡ᠎ᠶ᠋ᠢ ᠪᠢᠴᠢᠭ᠌ᠯᠡᠪᠡ᠃
1976 ᠣᠨ᠎ᠤ ᠡᠪᠦᠯ᠂ 14 ᠨᠠᠰᠤᠲᠠᠶ ᠪᠦᠦ ᠭᠦ ᠨᠢᠶᠠᠩ ᠡᠬᠡ᠎ᠡᠴᠡ ᠪᠠᠨ ᠦᠨᠦᠴᠢᠷᠡᠪᠡ᠃ ᠨᠠᠰᠤ ᠠᠬᠢᠭ᠍ᠰᠠᠨ ᠡᠴᠢᠭᠡ᠂ ᠨᠠᠰᠤᠨ᠎ᠳᠤ ᠬᠦᠷᠦᠭᠡᠳᠦᠢ ᠠᠬ᠎ᠠ ᠳᠡᠭᠦᠦ ᠡᠭᠡᠴᠢ ᠥᠬᠢᠨ ᠳᠡᠭᠦᠦ ᠳᠥᠷᠪᠡᠭᠦᠯᠡ ᠵᠢᠴᠢ ᠵᠢᠷᠠ ᠭᠠᠷᠤᠭ᠍ᠰᠠᠨ ᠬᠣᠶᠠᠳᠤᠭᠠᠷ ᠠᠪᠠᠭ᠎ᠠ ᠪᠣᠯᠤᠨ ᠵᠡᠮᠳᠡᠭ ᠳᠣᠯᠣᠳᠤᠭᠠᠷ ᠠᠪᠠᠭᠠᠳᠠᠭᠠᠨᠬᠠᠨᠳᠤᠵᠤ᠂ ᠲᠡᠷᠡ ᠡᠷᠡᠰ ᠱᠢᠭᠤᠷᠬᠠᠢ᠎ᠪᠠᠷ ᠭᠡᠷ ᠪᠦᠯᠢ᠎ᠶ᠋ᠢᠨ ᠬᠦᠨᠳᠦ ᠡᠭᠦᠷᠭᠡ᠎ᠶ᠋ᠢ ᠡᠭᠦᠷᠭᠡᠯᠡᠪᠡ᠃ ᠥᠷᠯᠥᠭᠡ ᠪᠦᠷᠢ ᠲᠡᠷᠡ ᠡᠷᠲᠡᠯᠡᠨ ᠪᠣᠰᠴᠤ᠌᠂ ᠭᠠᠯ ᠨᠣᠴᠣᠭᠠᠨ ᠬᠣᠭᠣᠯᠠ ᠪᠠᠵᠠᠭᠠᠵᠤ᠂ ᠮᠠᠯ᠎ᠢᠶᠠᠨ ᠲᠡᠵᠢᠭᠡᠵᠦ᠍᠂ ᠰᠤᠷᠭᠠᠭᠤᠯᠢ ᠲᠠᠷᠬᠠᠭ᠍ᠰᠠᠨᠤ ᠲᠠᠷᠠᠭ᠎ᠠ ᠲᠡᠷᠡ ᠳᠠᠷᠤᠢ᠎ᠳᠤ᠎ᠨᠢ ᠲᠠᠷᠢᠶᠠᠨ ᠠᠵᠢᠯ ᠬᠢᠵᠦ᠍᠂ ᠰᠥᠨᠢ᠎ᠳᠡᠭᠡᠨ ᠳ᠋ᠧᠩ᠎ᠦᠨ ᠳᠣᠣᠷ᠎ᠠ ᠬᠤᠪᠴᠠᠰᠤ ᠬᠤᠨᠠᠷ᠎ᠢᠶᠠᠨ ᠣᠶᠣᠳᠠᠭ᠃ ᠬᠠᠬᠢᠷ ᠡᠪᠦᠯ᠎ᠤᠨ ᠬᠦᠢᠲᠡᠨ᠎ᠳᠤ᠂ ᠲᠡᠷᠡ ᠵᠥᠪᠬᠡᠨ ᠰᠡᠷᠢᠭᠦᠨ ᠱᠠᠬᠠᠢ ᠡᠮᠦᠰᠴᠦ᠍᠂ ᠬᠣᠶᠠᠷ ᠬᠥᠯ ᠨᠢ ᠬᠦᠯᠳᠡᠨ ᠤᠯᠠᠢᠵᠤ ᠬᠠᠪᠤᠳᠤᠭᠰᠠᠨ ᠪᠠᠢᠲᠠᠯ᠎ᠠ ᠵᠤᠪᠠᠯᠠᠩ᠎ᠢᠶᠡᠨ ᠶᠡᠷᠦ ᠨᠢ ᠲᠤᠭᠠᠴᠢᠬᠤ ᠦᠭᠡᠢ᠃
24 ᠨᠠᠰᠤᠨ᠎ᠳᠠᠭᠠᠨ᠂ ᠡᠴᠢᠭᠡ ᠨᠢ ᠡᠯᠢᠭᠡᠨ ᠥᠮᠡᠨ᠎ᠢᠶᠡᠷ ᠨᠠᠰᠤ ᠪᠠᠷᠠᠭ᠍ᠰᠠᠨ᠎ᠳᠤ᠂ ᠲᠡᠷᠡ ᠵᠡᠮᠳᠡᠭ ᠪᠣᠯᠤᠭ᠍ᠰᠠᠨ ᠳᠣᠯᠣᠳᠤᠭᠠᠷ ᠠᠪᠠᠭ᠎ᠠ᠎ᠪᠡᠨ ᠨᠡᠩ ᠰᠡᠳᠭᠢᠯ ᠲᠠᠯᠪᠢᠨ ᠬᠠᠷᠠᠭᠠᠯᠵᠠᠪᠠ᠃ 1995 ᠣᠨ᠎ᠳᠤ᠂ ᠠᠪᠤ᠎ᠶ᠋ᠢᠨ ᠬᠢᠨᠢ ᠡᠪᠡᠳᠴᠢᠨ ᠬᠦᠨᠳᠦᠷᠡᠭ᠌ᠰᠡᠨ ᠬᠤᠭᠤᠴᠠᠭᠠᠨ᠎ᠳᠤ᠂ ᠲᠡᠷᠡ ᠥᠪᠡᠷ᠎ᠦᠨ᠎ᠢᠶᠡᠨ ᠡᠯᠢᠭᠡᠨᠦ ᠬᠦᠬᠡᠭᠴᠢᠨ ᠦᠷᠪᠢᠰᠦᠯ᠎ᠦᠨ ᠬᠠᠯᠳᠠᠪᠤᠷᠢᠯᠠᠯ᠎ᠤᠨ ᠠᠶᠤᠯ ᠲᠦᠭ᠌ᠰᠢᠭᠦᠷᠢ᠎ᠶ᠋ᠢ ᠬᠠᠢᠬᠤᠷᠤᠯ ᠦᠭᠡᠢ᠎ᠪᠡᠷ᠂ ᠥᠪᠡᠷ᠎ᠦᠨ ᠭᠠᠷ᠎ᠢᠶᠠᠷ᠎ᠢᠶᠠᠨ ᠠᠪᠤ᠎ᠶ᠋ᠢᠨ᠎ᠢᠶᠠᠨ ᠪᠥᠭᠡᠯᠵᠢᠭ᠌ᠰᠡᠨ ᠴᠢᠰᠤ᠎ᠶ᠋ᠢ ᠴᠡᠪᠡᠷᠯᠡᠵᠦ᠍᠂ ᠡᠳᠦᠷ ᠰᠥᠨᠢ ᠦᠭᠡᠢ ᠰᠠᠬᠢᠨ ᠬᠠᠷᠠᠭᠠᠯᠵᠠᠪᠠ᠃ ᠤᠳᠠᠯ ᠦᠭᠡᠢ᠂ ᠳᠣᠯᠣᠳᠤᠭᠠᠷ ᠠᠪᠠᠭ᠎ᠠ ᠨᠢ ᠲᠠᠷᠢᠬᠢᠨ᠎ᠤ ᠴᠢᠰᠤᠨ ᠰᠤᠲᠠᠯ ᠪᠦᠯᠦᠩᠨᠡᠬᠦ ᠡᠪᠡᠳᠴᠢᠨ᠎ᠡᠴᠡ ᠪᠤᠯᠵᠤ ᠪᠡᠶ᠎ᠡ᠎ᠪᠡᠨ ᠳᠠᠭᠠᠭᠠᠬᠤ ᠴᠢᠳᠠᠪᠤᠷᠢ᠎ᠪᠠᠨ ᠠᠯᠳᠠᠪᠠ᠂ ᠲᠡᠷᠡ ᠮᠦᠨᠴᠤ ᠰᠠᠯᠤᠯ ᠦᠭᠡᠢ ᠴᠦᠬᠦᠷᠡᠯ ᠦᠭᠡᠢ᠎ᠪᠡᠷ ᠬᠤᠭᠤᠯᠠ᠎ᠵᠢ ᠨᠢ ᠢᠳᠡᠭᠦᠯᠦᠨ᠂ ᠪᠡᠶ᠎ᠡ᠎ᠵᠢ ᠨᠢ ᠠᠷᠴᠢᠵᠤ᠂ ᠨᠠᠰᠤᠲᠠᠨ᠎ᠢ ᠨᠠᠰᠤ ᠪᠠᠷᠠᠳᠠᠯ᠎ᠠ ᠨᠢ ᠠᠴᠢᠯᠠᠵᠤ ᠬᠠᠷᠠᠭᠠᠯᠵᠠᠪᠠ᠃
ᠡᠳᠦᠭᠡ᠂ ᠵᠢᠷᠠ ᠭᠠᠷᠤᠭ᠍ᠰᠠᠨ ᠪᠦᠦ ᠭᠦ ᠨᠢᠶᠠᠩ ᠮᠥᠨ ᠯᠡ ᠡᠳᠦᠷ ᠰᠥᠨᠢ ᠦᠭᠡᠢ ᠵᠣᠪᠠᠵᠤ ᠵᠦᠳᠡᠷᠡᠨ᠂ ᠣᠶᠣᠨ᠎ᠤ ᠰᠠᠭᠠᠳ᠎ᠲᠠᠶ ᠬᠣᠶᠠᠳᠤᠭᠠᠷ ᠡᠭᠡᠴᠢ ᠪᠣᠯᠤᠨ ᠠᠴᠢ ᠬᠡᠦᠬᠡᠨ᠎ᠢᠶᠡᠨ ᠤᠬᠢᠶᠠᠵᠤ᠂ ᠬᠣᠭᠣᠯᠠ ᠬᠢᠵᠦ᠍᠂ ᠲᠡᠳᠡᠨ᠎ᠢ ᠪᠠᠶᠠᠷ ᠬᠦᠷ ᠲᠠᠢ ᠪᠠᠢᠯᠭᠠᠬᠤ᠎ᠶᠢ ᠯᠡ ᠵᠤᠷᠢᠨ᠎ᠠ᠃ ᠲᠡᠷᠡ᠄《ᠪᠢ ᠪᠠᠰᠠ ᠬᠥᠳᠡᠯᠵᠦ᠍ ᠴᠢᠳᠠᠳᠠᠭ ᠯᠠ ᠶᠤᠮ ᠪᠣᠯ ᠲᠡᠳᠡᠨ᠎ᠢ ᠦᠷᠭᠦᠯᠵᠢ ᠬᠠᠷᠠᠭᠠᠯᠵᠠᠨ᠎ᠠ》 ᠭᠡᠵᠦ ᠬᠡᠯᠡᠵᠦ ᠥᠨᠭᠭᠡᠷᠡᠪᠡ᠃ ᠪᠦᠦ ᠭᠦ ᠨᠢᠶᠠᠩ᠎ᠤᠨ ᠪᠡᠶ᠎ᠡ ᠳᠡᠭᠡᠷ᠎ᠡ᠎ᠡᠴᠡ᠂ ᠪᠢᠳᠡ ᠬᠥᠮᠦᠨ ᠴᠢᠨᠠᠷ᠎ᠤᠨ ᠳᠣᠲᠣᠷᠠᠬᠢ ᠬᠠᠮᠤᠭ ᠰᠠᠢᠨ ᠰᠠᠢᠬᠠᠨ ᠮᠦᠨ ᠴᠢᠨᠠᠷ — ᠲᠡᠷᠡ᠎ᠬᠦ ᠠᠴᠢ ᠬᠠᠷᠢᠭᠤ᠎ᠶ᠋ᠢ ᠪᠣᠳᠣᠬᠤ ᠦᠭᠡᠢ ᠦᠷᠡᠭ᠌ᠳᠡᠯ᠂ ᠲᠡᠢᠮᠦ᠍ᠷᠬᠦ ᠴᠢᠰᠤ ᠴᠢᠮᠥᠭᠡᠨ᠎ᠳᠦ ᠪᠠᠢᠬᠤ ᠬᠠᠷᠢᠭᠤᠴᠠᠯᠭ᠎ᠠ᠂ ᠴᠢᠰᠤᠨ ᠤᠳᠤᠮ᠎ᠢ ᠳᠠᠪᠠᠭ᠍ᠰᠠᠨ ᠶᠡᠬᠡ ᠬᠠᠢᠷ᠎ᠠ᠎ᠶ᠋ᠢ ᠣᠯᠵᠤ ᠬᠠᠷᠠᠵᠠᠢ᠃ ᠲᠡᠷᠡ ᠶᠠᠭ ᠲᠠᠯ᠎ᠠ ᠨᠤᠲᠤᠭ᠎ᠲᠤ ᠲᠣᠪ ᠳᠤᠭᠤᠢ ᠳᠡᠯᠭᠡᠷᠡᠵᠦ᠍ ᠪᠠᠢᠭ᠎ᠠ ᠰᠠᠷᠠᠯᠠᠩ ᠱᠢᠭ᠋᠎ᠢᠶᠡᠷ᠂ ᠡᠷᠡᠰ ᠬᠠᠲᠠᠭᠤ ᠠᠮᠢᠵᠢᠷᠠᠯ᠎ᠤᠨ ᠬᠦᠴᠦᠨ᠎ᠢᠶᠡᠷ ᠳᠡᠷᠭᠡᠳᠡᠬᠢ ᠬᠥᠮᠦᠨ ᠪᠣᠯᠭᠠᠨ᠎ᠢ ᠳᠤᠯᠠᠭᠠᠴᠡᠭᠤᠯᠵᠤ ᠪᠠᠢᠯ᠎ᠠ᠃
4. ᠵᠣᠣ ᠼᠠᠢ ᠫᠢᠩ᠄ ᠲᠠᠷᠢᠶᠠᠴᠢᠨ ᠠᠢᠯ᠎ᠤᠨ ᠡᠮᠡᠭ᠌ᠲᠡᠢᠴᠦᠳ ᠨᠠᠰᠤᠲᠠᠨ᠎ᠢᠶᠠᠨ ᠬᠦᠨᠳᠦᠯᠡᠵᠦ᠍ ᠨᠢᠯᠬᠠᠰ᠎ᠢᠶᠠᠨ ᠬᠠᠢᠷᠠᠯᠠᠵᠤ᠂ ᠦᠨᠡᠨᠴᠢ ᠪᠣᠷᠣᠭ᠍ᠵᠢᠭᠤᠨ ᠪᠠᠢᠳᠠᠭ᠂ ᠲᠡᠷᠡ ᠪᠤᠯ ᠲᠥᠷᠬᠥᠮ᠎ᠦᠨ ᠭᠡᠷ᠎ᠤᠨ᠎ᠢᠶᠡᠨ 《ᠲᠤᠯᠭᠠᠭᠤᠷᠢ》᠂ ᠡᠷ᠎ᠡ ᠨᠥᠬᠥᠷ᠎ᠦᠨ᠎ᠢᠶᠡᠨ 《ᠲᠦᠱᠢᠭ ᠲᠤᠯᠭᠠᠭᠤᠷᠢ》᠂ ᠦᠷ᠎ᠡ ᠬᠡᠦᠬᠡᠳ᠎ᠦᠨ᠎ᠢᠶᠡᠨ 《ᠵᠠᠮᠴᠢᠯᠠᠭ᠍ᠴᠢ》 ᠮᠥᠨ
ᠵᠣᠣ ᠼᠠᠢ ᠫᠢᠩ ᠪᠣᠳᠠᠲᠤ ᠠᠵᠢᠯᠯᠠᠭ᠎ᠠ᠎ᠪᠠᠷ᠎ᠢᠶᠠᠨ 《ᠠᠴᠢᠯᠠᠯᠢ ᠲᠡᠷᠢᠭᠦᠨ᠎ᠳᠦ ᠲᠠᠯᠪᠢᠬᠤ》 ᠡᠷᠲᠡᠨ᠎ᠦ ᠰᠤᠷᠭᠠᠯ᠎ᠢ ᠦᠶ᠋ᠯᠡᠳᠦᠯᠭᠡᠵᠢᠭᠦᠯᠵᠦ᠍᠂ ᠪᠣᠷᠣᠭ᠍ᠵᠢᠭᠤᠨ ᠠᠴᠢᠯᠠᠯ᠎ᠤᠨ ᠰᠡᠳᠭᠢᠯ᠎ᠢᠶᠡᠨ ᠢᠯᠡᠷᠡᠭᠦᠯᠵᠡᠢ᠃ ᠡᠭᠦᠨ᠎ᠦ ᠬᠠᠮᠲᠤ᠂ ᠲᠡᠷᠡ ᠬᠠᠢᠷ᠎ᠠ ᠬᠠᠯᠠᠮᠵᠢ ᠪᠠ ᠰᠥᠰᠥ᠍ ᠵᠣᠷᠢᠭ᠎ᠢᠶᠠᠷ ᠦᠷ᠎ᠡ ᠬᠡᠦᠬᠡᠳ᠎ᠢᠶᠡᠨ ᠬᠠᠢᠷᠠᠯᠠᠨ ᠬᠠᠮᠠᠭᠠᠯᠠᠵᠤ᠂ ᠶᠠᠳᠠᠭᠤ ᠬᠣᠭᠣᠰᠣᠨ ᠶᠠᠳᠠᠭᠤ ᠵᠦᠳᠡᠭᠦᠦ ᠭᠡᠷ ᠪᠦᠯᠢ᠎ᠪᠠᠨ ᠡᠶ᠎ᠡ ᠡᠪᠲᠡᠢ ᠭᠤᠸ᠎ᠠ ᠰᠠᠢᠬᠠᠨ ᠠᠪᠴᠤ ᠶᠠᠪᠤᠨ᠎ᠠ᠃
2000 ᠣᠨ᠎ᠳᠤ᠂ ᠵᠤᠤ ᠼᠠᠢ ᠫᠢᠩ᠎ᠦᠨ ᠳᠡᠭᠦᠦ ᠵᠤᠤ ᠵᠢᠶᠠᠨ ᠵᠢᠶᠦ᠋ᠨ ᠲᠡᠷᠭᠡᠨ ᠡᠨᠳᠡᠯ᠎ᠢᠶᠡᠷ ᠨᠠᠰᠤ ᠪᠠᠷᠠᠵᠤ᠂ ᠤᠤᠯ ᠡᠴᠡ ᠪᠠᠨ ᠶᠠᠳᠠᠭᠤ ᠬᠦᠴᠢᠷᠳᠡᠯᠲᠡᠢ ᠭᠡᠷ ᠪᠦᠯᠢ᠎ᠳᠦ ᠤᠯᠠᠮ ᠬᠦᠨᠳᠦ ᠴᠣᠬᠢᠯᠲᠠ ᠥᠭ᠌ᠴᠡᠢ᠃ ᠡᠴᠢᠭᠡ ᠡᠬᠡ ᠨᠢ ᠦᠷ᠎ᠡ᠎ᠪᠡᠨ ᠠᠯᠳᠠᠵᠤ ᠭᠦᠨ ᠭᠠᠱᠢᠭᠤᠳᠠᠵᠤ᠂ ᠡᠬᠡ ᠨᠢ ᠨᠠᠩ ᠴᠤ᠌ ᠣᠯᠠᠨ ᠤᠳᠠᠭ᠎ᠠ ᠪᠡᠶ᠎ᠡ᠎ᠪᠡᠨ ᠬᠤᠤᠷᠯᠠᠬᠤ ᠪᠣᠳᠣᠯ ᠤᠷᠤᠵᠠᠢ᠃ ᠭᠡᠪᠡᠴᠦ᠍ ᠭᠡᠷ᠎ᠲᠦᠨᠢ ᠪᠠᠰᠠ ᠨᠠᠰᠤ ᠠᠬᠢᠭ᠍ᠰᠠᠨ ᠡᠪᠦᠭᠡ᠂ ᠲᠠᠮᠪᠠᠷᠠᠭ᠍ᠰᠠᠨ ᠡᠮᠡᠭᠡ ᠵᠢᠴᠢ ᠮᠡᠳᠡᠷᠡᠯ᠎ᠦᠨ ᠡᠪᠡᠳᠴᠢᠨ ᠣᠯᠤᠭᠠᠳ ᠣᠯᠠᠨ ᠵᠢᠯ ᠪᠤᠯᠵᠤ ᠪᠠᠢᠭ᠎ᠠ ᠭᠤᠷᠪᠠᠳᠤᠭᠠᠷ ᠠᠪᠠᠭ᠎ᠠ ᠨᠢ ᠬᠠᠷᠠᠭᠠᠯᠵᠠᠬᠤ ᠬᠥᠮᠦᠨ ᠬᠡᠷᠡᠭ᠌ᠰᠡᠨ᠎ᠡ᠃ ᠵᠤᠤ ᠼᠠᠢ ᠫᠢᠩ ᠥᠪᠡᠷ᠎ᠦᠨ ᠡᠷᠬᠡ ᠦᠭᠡᠢ ᠰᠡᠳᠭᠢᠯ ᠱᠢᠮᠱᠢᠷᠡᠨ᠂ ᠡᠷ᠎ᠡ ᠨᠥᠬᠥᠷ᠎ᠲᠡᠶ᠎ᠪᠡᠨ ᠵᠥᠪᠳᠡᠯᠴᠡᠭ᠌ᠰᠡᠨᠦ ᠳᠠᠷᠠᠭ᠎ᠠ᠂ ᠨᠠᠢ᠍ᠮᠠᠨ ᠨᠠᠰᠤᠲᠠᠢ ᠬᠦᠦ ᠪᠣᠯᠤᠨ ᠰᠠᠶᠢ ᠲᠦᠷᠦᠭ᠌ᠰᠡᠨ ᠥᠬᠢᠨ᠎ᠢᠶᠡᠨ ᠳᠠᠭᠠᠭᠤᠯᠵᠤ ᠲᠥᠷᠬᠥᠮ᠎ᠳᠡᠭᠡᠨ ᠣᠴᠢᠵᠤ ᠰᠠᠭᠤᠪᠠ᠃ ᠲᠡᠷᠡ ᠰᠡᠳᠭᠢᠯ ᠳ᠋ᠡᠭᠡᠨ ᠡᠵᠢ᠎ᠶᠢᠨ᠎ᠢᠶᠡᠨ ᠰᠠᠢᠨ 《ᠬᠦᠦ》 ᠪᠤᠯᠬᠤ᠎ᠪᠡᠷ ᠰᠡᠮ ᠰᠢᠢᠳᠪᠡ᠃ ᠡᠬᠢᠨ᠎ᠳᠡᠭᠡᠨ ᠡᠵᠢ ᠨᠢ ᠮᠥᠨ ᠯᠡ ᠤᠤᠯ᠎ᠤᠨ ᠬᠢ᠎ᠲᠡᠶ᠎ᠪᠡᠨ ᠠᠳᠠᠯᠢ ᠡᠳᠦᠷᠵᠢᠨ ᠨᠢᠯᠪᠤᠰᠤ᠎ᠪᠠᠷ ᠨᠢᠭᠤᠷ᠎ᠢᠶᠠᠨ ᠤᠬᠢᠶᠠᠵᠤ᠂ ᠪᠠᠢᠨ ᠪᠠᠢᠨ ᠪᠡᠶ᠎ᠡ᠎ᠪᠡᠨ ᠬᠣᠣᠷᠯᠠᠬᠤ ᠭᠡᠵᠦ ᠪᠠᠢᠯ᠎ᠠ᠃ ᠲᠡᠷᠡ ᠡᠳᠦᠷ ᠪᠦᠷᠢ ᠡᠵᠢ᠎ᠪᠡᠨ ᠳᠠᠭᠠᠵᠤ ᠬᠠᠨᠢ ᠪᠤᠯᠵᠤ ᠬᠡᠳᠦᠨ ᠵᠢᠯ ᠥᠩᠭᠡᠷᠡᠯ᠎ᠡ᠂ ᠡᠵᠢ ᠨᠢ ᠮᠦᠨ ᠯᠡ ᠰᠡᠳᠭᠢᠯ᠎ᠤᠨ ᠪᠤᠬᠢᠨᠢᠳᠤᠯ᠎ᠡᠴᠡ ᠭᠠᠷᠴᠤ᠌ ᠢᠷᠡᠭᠡ ᠦᠭᠡᠢ ᠪᠠᠢᠯ᠎ᠠ᠃ ᠵᠤᠤ ᠼᠠᠢ ᠫᠢᠩ ᠠᠷᠭ᠎ᠠ ᠪᠤᠳᠤᠵᠤ᠂ ᠡᠵᠢ᠎ᠪᠡᠨ ᠶᠠᠭᠠᠷᠠᠤ ᠪᠤᠯᠭᠠᠵᠤ᠂ ᠪᠣᠳᠣᠯᠭᠠᠱᠢᠷᠠᠯᠢ ᠨᠢ ᠬᠦᠨᠭᠭᠡᠯᠡᠬᠦᠪᠡᠷ ᠤᠷᠤᠯᠳᠤᠪᠠ᠃ ᠲᠡᠷᠡ ᠨᠢᠭᠡ ᠳ᠋ᠧᠦᠹᠦ᠋ ᠬᠢᠳᠡᠭ ᠵᠢᠵᠢᠭ ᠦᠢᠯᠡᠳᠭᠡᠯ᠎ᠦᠨ ᠭᠠᠵᠠᠷ ᠡᠷᠬᠢᠯᠡᠵᠡᠢ᠂ ᠦᠨᠡᠬᠡᠷ ᠲᠡᠢᠮᠦ᠍ ᠪᠠᠢᠵᠤ᠂ ᠪᠦᠬᠦᠯᠢ ᠡᠳᠦᠷ᠎ᠦᠨ ᠶᠠᠭᠠᠷᠠᠯᠲᠠᠢ ᠠᠵᠢᠯ ᠡᠴᠡ ᠪᠤᠯᠵᠤ ᠡᠵᠢ᠎ᠨᠢ ᠠᠭᠠᠵᠢᠮ᠎ᠢᠶᠠᠷ ᠡᠮᠭᠡᠨᠢᠯ ᠵᠤᠪᠠᠨᠢᠯ᠎ᠡᠴᠡ ᠰᠡᠳᠭᠢᠯ᠎ᠢᠶᠡᠨ ᠴᠢᠯᠦᠭᠡᠯᠡᠵᠦ᠂ ᠤᠶᠤᠨ ᠰᠠᠨᠠᠭᠠᠨ᠎ᠤ ᠪᠠᠢᠳᠠᠯ ᠨᠢ ᠴᠦ᠍ ᠲᠣᠭ᠍ᠲᠠᠭᠤᠨ ᠪᠤᠯᠵᠤ᠂ ᠲᠡᠭᠦᠨ᠎ᠦ ᠡᠨᠡ ᠬᠦ᠌ 《ᠬᠦᠦ》 ᠪᠠᠨ ᠮᠡᠳᠡᠷᠡᠪᠡ᠃ ᠵᠣᠣ ᠼᠠᠢ ᠫᠢᠩ᠎ᠤᠨ ᠬᠣᠷᠢᠨ ᠲᠠᠪᠤᠨ ᠵᠢᠯ᠎ᠢ ᠨᠢᠭᠡ ᠯᠡ ᠡᠳᠦᠷ ᠮᠡᠲᠦ᠍᠎ᠪᠡᠷ ᠥᠨᠭᠭᠡᠷᠡᠭᠦᠯᠦᠭᠰᠡᠨ ᠪᠠᠷ᠎ᠠ ᠪᠤᠯᠤᠯᠭ᠎ᠠ ᠳᠤᠤᠷ᠎ᠠ᠂ ᠡᠴᠢᠭᠡ ᠡᠬᠡ ᠨᠢ ᠨᠢᠭᠡᠨᠲᠡ ᠠᠭᠠᠵᠢᠮ᠎ᠢᠶᠠᠷ ᠰᠡᠳᠭᠢᠯ᠎ᠤᠨ ᠰᠢᠷᠬ᠎ᠠ ᠪᠠᠨ ᠠᠨᠠᠭᠠᠵᠤ ᠡᠬᠢᠯᠡᠪᠡ᠃
ᠵᠣᠯ ᠵᠢᠷᠭᠠᠯ ᠬᠡᠵᠢᠶᠡᠳᠡ ᠬᠥᠮᠦᠨ᠎ᠦ ᠰᠠᠨᠠᠭᠠᠨ᠎ᠡᠴᠡ ᠭᠠᠳᠠᠭᠤᠷ ᠪᠠᠢᠳᠠᠭ᠂ 2007 ᠣᠨ᠎ᠳᠤ᠂ ᠵᠤᠤ ᠼᠠᠢ ᠫᠢᠩ᠎ᠦᠨ ᠡᠪᠦᠭᠡ᠂ ᠡᠮᠡᠭᠡ᠂ ᠠᠵᠠᠢ (ᠠᠵᠠᠢ ᠨᠢ ᠮᠡᠳᠡᠷᠡᠯ᠎ᠦᠨ ᠡᠪᠡᠳᠴᠢᠨ᠎ᠲᠡᠶ᠂ ᠦᠷ᠎ᠡ ᠬᠡᠦᠬᠡᠳ ᠦᠭᠡᠢ) ᠨᠢ ᠬᠣᠢᠨ᠎ᠠ ᠬᠣᠢᠨ᠎ᠠ᠎ᠡᠴᠡ᠎ᠪᠠᠨ ᠡᠪᠡᠳᠴᠢᠯᠡᠵᠦ᠍ ᠨᠠᠰᠤ ᠪᠠᠷᠠᠪᠠ᠂ ᠲᠡᠷᠡ ᠰᠠᠶᠢᠬᠠᠨ ᠨᠠᠰᠤᠲᠠᠳ᠎ᠲᠤ ᠣᠷᠣᠱᠢᠭᠤᠯᠭ᠎ᠠ᠎ᠶ᠋ᠢᠨ ᠶᠠᠪᠤᠳᠠᠯ᠎ᠢ ᠨᠢ ᠬᠢᠵᠦ᠍ ᠥᠭ᠌ᠴᠤ ᠪᠠᠷᠠᠮᠠᠭᠴᠠ ᠭᠠᠳᠠᠨ᠎ᠠ ᠬᠦᠴᠦ᠍ ᠶᠠᠪᠤᠭᠠᠳ ᠨᠠᠢ᠍ᠮᠠᠨ ᠵᠢᠯ ᠪᠣᠯᠤᠭ᠍ᠰᠠᠨ ᠡᠷ᠎ᠡ ᠨᠥᠬᠥᠷ ᠨᠢ ᠲᠠᠷᠢᠬᠢᠨᠬᠠᠪᠤᠳᠠᠷᠲᠤ ᠨᠡᠷᠪᠡᠭ᠌ᠳᠡᠭᠰᠡᠨᠢ ᠤᠯᠵᠤ ᠮᠡᠳᠡᠪᠡ᠂ ᠪᠡᠭᠡᠵᠢᠩ᠎ᠦᠨ ᠲᠢᠶᠠᠨ ᠲᠠᠨ ᠡᠮᠨᠡᠯᠭᠡ᠎ᠶ᠋ᠢᠨ ᠬᠣᠷᠢᠶᠠᠨ᠎ᠳᠤ ᠡᠮᠨᠡᠭᠦᠯᠦᠭᠰᠡᠨ ᠳᠥᠴᠢᠨ ᠬᠡᠳᠦᠨ ᠡᠳᠦᠷ᠎ᠲᠦ᠂ ᠤᠳᠠᠭᠠᠨ ᠵᠢᠯ ᠬᠤᠷᠠᠮᠳᠤᠭᠤᠯᠤᠭ᠍ᠰᠠᠨ ᠬᠠᠳᠠᠭᠠᠯᠠᠮᠵᠢ᠎ᠪᠠᠨ ᠵᠠᠷᠤᠵᠤ ᠳᠠᠭᠤᠰᠭᠠᠪᠠ᠂ ᠵᠤᠤ ᠼᠠᠢ ᠫᠢᠩ ᠲᠦᠷᠦᠯ ᠰᠠᠲᠤᠨ ᠪᠠ ᠭᠠᠵᠠᠷ ᠪᠣᠯᠭᠠᠨ᠎ᠡᠴᠡ ᠠᠷᠪᠠᠨ ᠬᠡᠳᠦᠨ ᠲᠦᠮᠡᠨ ᠲᠥᠭᠥᠷᠢᠭ ᠵᠢᠭᠡᠯᠡᠵᠦ᠍ ᠡᠷ᠎ᠡ ᠨᠥᠬᠥᠷ᠎ᠢᠶᠡᠨ ᠡᠮᠨᠡᠭᠦᠯᠦᠨ ᠵᠠᠰᠠᠭᠤᠯᠵᠠᠢ᠃ ᠮᠡᠰᠡ ᠵᠠᠰᠠᠯ ᠬᠢᠭ᠌ᠰᠡᠨ᠎ᠦ ᠳᠠᠷᠠᠭ᠎ᠠ᠂ ᠡᠷ᠎ᠡ ᠨᠥᠬᠥᠷ᠎ᠦᠨ ᠬᠢᠨᠢ ᠡᠪᠡᠳᠴᠢᠨ ᠨᠢ ᠰᠠᠢᠵᠢᠷᠠᠵᠤ ᠭᠡᠷ᠎ᠲᠡᠬᠡᠨ ᠬᠠᠷᠢᠵᠤ ᠰᠤᠪᠢᠯᠠᠪᠠ᠃ ᠭᠡᠪᠡᠴᠦ᠍ ᠳᠡᠮᠡᠢ ᠤᠳᠠᠭ᠍ᠰᠠᠨ ᠦᠭᠡᠢ᠂ ᠬᠠᠭᠠᠰ ᠵᠢᠯ᠎ᠦᠨ ᠳᠠᠷᠠᠭ᠎ᠠ ᠡᠷ᠎ᠡ ᠨᠥᠬᠥᠷ᠎ᠦᠨ ᠬᠢᠨᠢ ᠡᠪᠡᠳᠴᠢᠨ ᠨᠢ ᠬᠦᠨᠳᠦᠷᠡᠵᠦ᠍ ᠳᠠᠬᠢᠨᠲᠠ ᠡᠮᠨᠡᠯᠭᠡ᠎ᠳᠦ ᠣᠷᠣᠪᠠ᠂ ᠶᠡᠬᠡ ᠬᠡᠮᠵᠢᠶᠡᠨ᠎ᠦ ᠮᠡᠰᠡ ᠵᠠᠰᠠᠯ᠎ᠤᠨ ᠵᠠᠷᠤᠳᠠᠯ᠎ᠳᠤ ᠬᠠᠨᠳᠤᠨ ᠲᠡᠷᠡ ᠵᠣᠷᠢᠭ ᠮᠣᠬᠣᠭ᠍ᠰᠠᠨ ᠦᠭᠡᠢ᠂ ᠭᠡᠪᠡᠴᠦ᠍ ᠲᠡᠭᠦᠨ᠎ᠦ ᠦᠷᠡᠭ᠌ᠳᠡᠯ ᠨᠢ ᠴᠦ᠍ ᠡᠷ᠎ᠡ ᠨᠥᠬᠥᠷ᠎ᠦᠨ᠎ᠢᠶᠡᠨ ᠠᠮᠢ ᠨᠠᠰᠤ᠎ᠶ᠋ᠢ ᠠᠪᠤᠷᠠᠵᠤ ᠴᠢᠳᠠᠭ᠍ᠰᠠᠨ ᠦᠭᠡᠢ᠃ ᠡᠷ᠎ᠡ ᠨᠦᠬᠦᠷ ᠨᠢ ᠨᠠᠰᠤ ᠪᠠᠷᠠᠭ᠍ᠰᠠᠨ᠎ᠤ ᠲᠠᠷᠠᠭ᠎ᠠ᠂ ᠵᠤᠤ ᠼᠠᠢ ᠫᠢᠩ ᠬᠦᠦ ᠪᠡᠷᠢ᠎ᠶ᠋ᠢᠨ ᠬᠤᠪᠢ᠎ᠪᠠᠷ ᠬᠠᠳᠠᠮ ᠡᠵᠢ᠎ᠪᠡᠨ ᠠᠴᠢᠯᠠᠨ ᠲᠡᠵᠢᠭᠡᠬᠦ᠌ ᠬᠠᠷᠢᠭᠤᠴᠠᠯᠭ᠎ᠠ᠎ᠶ᠋ᠢ ᠦᠷᠭᠦᠯᠵᠢᠯᠡᠨ ᠡᠭᠦᠷᠭᠡᠯᠡᠪᠡ᠃ 2016 ᠣᠨ᠎ᠤ 11 ᠰᠠᠷ᠎ᠠ᠎ᠳᠤ᠂ ᠵᠤᠤ ᠼᠠᠢ ᠫᠢᠩ᠎ᠦᠨ ᠬᠠᠳᠠᠮ ᠡᠵᠢ ᠨᠢ ᠠᠬᠠᠰᠢᠷᠠᠵᠤ ᠨᠠᠰᠤ ᠪᠠᠷᠠᠬᠤ᠎ᠳᠤ ᠭᠤᠷᠪᠠᠨ ᠬᠦᠦ ᠪᠠᠨ ᠡᠷᠳᠡ ᠠᠯᠳᠠᠭᠰᠠᠨ ᠨᠠᠰᠤᠳᠠᠨ᠎ᠢ ᠡᠷᠡᠰ ᠬᠠᠲᠠᠭᠤ ᠵᠠᠩ ᠴᠢᠨᠠᠷ ᠲᠠᠢ ᠵᠣᠣ ᠼᠠᠢ ᠫᠢᠩ᠂ ᠬᠣᠶᠠᠷ ᠪᠡᠷᠭᠡᠨ ᠲᠠᠢ ᠪᠠᠨ ᠬᠠᠮᠳᠤ ᠵᠣᠭᠣᠰ ᠮᠥᠩᠭᠥ᠌ ᠭᠠᠷᠭᠠᠵᠤ ᠣᠷᠣᠱᠢᠭᠤᠯᠪᠠ᠃
《ᠲᠠ ᠨᠢᠭᠡᠮᠦᠰᠦᠨ ᠶᠠᠳᠠᠷᠠᠵᠤ ᠮᠠᠭᠤᠳᠠᠴᠢᠬᠠᠪᠠᠯ᠂ ᠡᠨᠡ ᠨᠣᠮ᠎ᠢ ᠴᠢᠨᠢ ᠪᠢ ᠬᠡᠨᠳ᠋ᠡᠭᠡᠨ ᠤᠩᠱᠢᠵᠤ ᠥᠭ᠌ᠬᠦ ᠪᠢᠯᠡ》᠃ ᠡᠨᠡ ᠪᠣᠯ ᠲᠤᠬᠠᠢ᠎ᠶ᠋ᠢᠨ ᠵᠢᠯ᠎ᠳᠦ ᠰᠤᠷᠭᠠᠭᠤᠯᠢ᠎ᠳᠤ ᠰᠤᠷᠤᠯᠴᠠᠵᠤ ᠪᠠᠢᠭ᠍ᠰᠠᠨ ᠥᠬᠢᠨ ᠨᠢ ᠵᠤᠤ ᠼᠠᠢ ᠫᠢᠩ᠎ᠳᠦ ᠦᠷᠭᠦᠯᠵᠢ ᠬᠡᠯᠡᠳᠡᠭ ᠦᠭᠡ ᠪᠣᠯᠤᠨ᠎ᠠ᠂ ᠡᠭᠦᠨ᠎ᠤ ᠬᠠᠷᠢᠭᠤ 《ᠬᠡᠳᠦᠢ ᠬᠦᠴᠢᠷ ᠵᠣᠪᠠᠭᠤᠷᠢ᠎ᠲᠠᠶ ᠪᠠᠢᠯ᠎ᠠ ᠴᠤ᠌ ᠲᠠᠨᠤᠰᠢ ᠯᠠᠪᠳᠠᠢ ᠪᠢᠴᠢᠭ ᠦᠵᠡᠭᠦᠯᠦᠨ᠎ᠠ》 ᠭᠡᠰᠡᠨ ᠲᠠᠰᠤᠷᠬᠠᠢᠬᠠᠷᠢᠭᠤᠯᠲᠠᠶ᠋ᠢ ᠣᠯᠳᠠᠭ᠃ ᠲᠡᠷᠡ ᠡᠵᠢ ᠪᠦᠭᠡᠳ ᠪᠠᠰᠠ ᠠᠪᠤ᠎ᠶ᠋ᠢᠨ ᠡᠭᠦᠷᠭᠡ᠎ᠶ᠋ᠢ ᠡᠭᠦᠷᠭᠡᠯᠡᠭᠰᠡᠭᠡᠷ ᠢᠷᠡᠪᠡ᠃ ᠭᠠᠭ᠍ᠴᠠ ᠬᠦ᠌ ᠦᠷ᠎ᠡ ᠬᠡᠦᠬᠡᠳ ᠨᠢ ᠰᠤᠷᠭᠠᠭᠤᠯᠢ᠎ᠶ᠋ᠢᠨ ᠰᠤᠷᠭᠠᠨ ᠬᠥᠮᠦᠵᠢᠯ᠎ᠢ ᠬᠦᠷᠳᠡᠪᠡᠯ ᠰᠠᠶᠢ ᠲᠡᠳᠡᠨ᠎ᠢ ᠨᠡᠢᠭᠡᠮ᠎ᠳᠦ ᠬᠡᠷᠡᠭ᠌ᠴᠡᠭᠡ᠎ᠲᠡᠶ ᠬᠥᠮᠦᠨ ᠪᠣᠯᠭᠠᠨ ᠬᠥᠮᠦᠵᠢᠭᠦᠯᠵᠦ᠍ ᠴᠢᠳᠠᠨ᠎ᠠ ᠭᠡᠳᠡᠭ᠎ᠢ ᠲᠡᠷᠡ ᠭᠦᠨ ᠢᠳᠡᠭᠡᠨᠠ᠃ ᠠᠮᠢᠳᠤᠷᠠᠯ ᠬᠡᠴᠢᠨᠡᠨ ᠬᠦᠴᠢᠷᠲᠡᠶ ᠪᠠᠢᠭ᠍ᠰᠠᠨ ᠴᠤ᠌ ᠵᠣᠣ ᠼᠠᠢ ᠫᠢᠩ ᠬᠣᠶᠠᠷ ᠬᠡᠦᠬᠡᠳ᠎ᠢᠶᠡᠨ ᠰᠤᠷᠭᠠᠭᠤᠯᠢ᠎ᠳᠤ ᠰᠠᠭᠤᠯᠭᠠᠬᠤ᠎ᠶ᠋ᠢ ᠪᠠᠷᠢᠮᠲᠠᠯᠠᠭ᠍ᠰᠠᠭᠠᠷ ᠢᠷᠡᠵᠦ᠂ ᠬᠡᠦᠬᠡᠳ᠎ᠤᠨ᠎ᠢᠶᠡᠨ ᠬᠢᠴᠢᠶᠠᠯ ᠰᠤᠷᠤᠯᠭ᠎ᠠ ᠵᠢ ᠨᠢ ᠳᠣᠷᠭᠣᠨ ᠵᠣᠭ᠍ᠰᠣᠭᠠᠵᠤ ᠠᠵᠤ ᠠᠮᠢᠳᠤᠷᠠᠯ ᠳ᠋ᠠᠭᠠᠨ ᠬᠠᠪᠰᠤᠷᠤᠭᠤᠯᠬᠤ᠎ᠶᠢ ᠶᠡᠷᠦ᠍ ᠡᠴᠡ ᠪᠤᠳᠤᠵᠤ ᠥᠨᠭᠭᠡᠷᠡᠭᠰᠡᠡ ᠦᠭᠡᠢ᠃ ᠡᠳᠦᠭᠡ᠂ ᠵᠤᠤ ᠼᠠᠢ ᠫᠢᠩ᠎ᠦᠨ ᠬᠡᠦᠬᠡᠳ ᠨᠢ ᠴᠥᠮ ᠶᠡᠬᠡ ᠰᠤᠷᠭᠠᠭᠤᠯᠢ ᠲᠡᠭᠦᠰᠴᠤ ᠠᠵᠢᠯ᠎ᠤᠨ ᠪᠠᠢᠷᠢ ᠳ᠋ᠦ ᠭᠠᠷᠪᠠ ᠃
5. ᠬᠠᠨ ᠱᠢᠤ ᠶᠢᠩ᠄ 75 ᠨᠠᠰᠤᠲᠠᠶ ᠲᠡᠷᠡ ᠪᠡᠷ ᠬᠠᠭᠠᠰ ᠵᠠᠭᠤᠨ᠎ᠤ ᠴᠠᠭ᠎ᠢ ᠬᠡᠷᠡᠭ᠌ᠯᠡᠵᠦ᠍ ᠪᠠᠢᠭᠠᠳ 《ᠠᠴᠢᠯᠠᠯ》 ᠭᠡᠰᠡᠨ ᠦᠭᠡ᠎ᠶ᠋ᠢ ᠦᠢᠯᠡᠳᠦᠯᠭᠡᠵᠢᠭᠦᠯᠦᠭ᠌ᠰᠡᠨ ᠡᠭᠡᠯ ᠵᠢᠷ᠎ᠦᠨ ᠡᠮᠡᠭ᠌ᠲᠡᠢ᠂ ᠱᠢᠯᠢᠳᠡᠭ ᠰᠠᠢᠨ ᠭᠡᠷ᠎ᠦᠨ ᠰᠤᠷᠲᠠᠯ᠎ᠢ ᠭᠤᠷᠪᠠᠨ ᠦᠶ᠎ᠡ᠎ᠶ᠋ᠢᠨ ᠬᠥᠮᠦᠰ᠎ᠦᠨ ᠲᠤᠮᠳᠠ ᠲᠠᠰᠤᠯᠳᠠᠰᠢ ᠦᠭᠡᠢ ᠤᠯᠠᠮᠵᠢᠯᠠᠪᠠ
ᠬᠠᠨ ᠱᠢᠤ ᠶᠢᠩ ᠬᠠᠳᠠᠮ᠎ᠳᠠᠭᠠᠨ ᠮᠣᠷᠳᠠᠵᠤ ᠢᠷᠡᠭᠰᠡᠨ ᠴᠠᠭ ᠡᠴᠡ ᠡᠷ᠎ᠡ ᠨᠦᠬᠦᠷ᠎ᠤᠨ᠎ᠢᠶᠡᠨ ᠳᠦᠯᠡᠢ ᠶᠠᠪᠠ ᠵᠡᠮᠳᠡᠭ ᠬᠣᠶᠠᠷ ᠠᠬ᠎ᠠ᠎ᠶ᠋ᠢ ᠨᠢ ᠬᠠᠷᠠᠭᠠᠯᠵᠠᠵᠤ ᠪᠠᠢᠪᠠ᠂ ᠰᠡᠭᠦᠯᠡᠷ ᠨᠢ ᠡᠷ᠎ᠡ ᠨᠦᠬᠦᠷ ᠨᠢ ᠵᠣᠯ ᠪᠤᠰᠤ᠎ᠪᠠᠷ ᠨᠠᠰᠤ ᠪᠠᠷᠠᠵᠤ᠂ ᠬᠠᠨ ᠱᠢᠤ ᠶᠢᠩ ᠭᠠᠭ᠍ᠴᠠᠭᠠᠷ᠎ᠢᠶᠠᠨ ᠠᠬ᠎ᠠ᠎ᠪᠠᠨ ᠬᠠᠷᠠᠭᠠᠯᠵᠠᠬᠤ ᠪᠠ ᠦᠷ᠎ᠡ ᠬᠡᠦᠬᠡᠳ᠎ᠢᠶᠡᠨ ᠠᠰᠠᠷᠠᠨ ᠲᠡᠵᠢᠭᠡᠬᠦ᠌ ᠬᠦᠨᠳᠦ ᠡᠭᠦᠷᠭᠡ᠎ᠶ᠋ᠢ ᠡᠭᠦᠷᠭᠡᠯᠡᠭ᠌ᠰᠡᠨ ᠪᠣᠯᠪᠠᠴᠤ᠌ ᠲᠡᠷᠡ ᠮᠤᠬᠤᠷᠲᠠᠭᠰᠠᠨ ᠦᠭᠡᠢ᠂ ᠡᠳᠡᠭᠡᠷ ᠬᠦᠴᠢᠷ ᠪᠡᠷᠬᠡᠱᠢᠶᠡᠯ᠎ᠳᠦ ᠢᠳᠡᠪᠬᠢᠲᠡᠢ ᠬᠠᠨᠳᠤᠵᠤ᠂ ᠬᠣᠶᠠᠷ ᠠᠬ᠎ᠠ᠎ᠪᠠᠨ ᠲᠠᠪᠢ ᠭᠠᠷᠤᠢ ᠵᠢᠯ ᠰᠡᠳᠭᠢᠯ ᠲᠠᠯᠪᠢᠨ ᠬᠠᠷᠠᠭᠠᠯᠵᠠᠵᠤ᠂ ᠲᠡᠳᠡᠨ᠎ᠢ ᠪᠡᠶ᠎ᠡ᠎ᠪᠡᠨ ᠳᠠᠭᠠᠭᠠᠬᠤ ᠦᠨᠳᠦᠰᠦᠨ ᠴᠢᠳᠠᠪᠤᠷᠢ᠎ᠲᠠᠶ ᠪᠣᠯᠭᠠᠪᠠ᠃ ᠲᠡᠷᠡ ᠨᠠᠰᠤᠲᠠᠨ᠎ᠢᠶᠠᠨ ᠠᠴᠢᠯᠠᠵᠤ ᠲᠦᠷᠦᠯ ᠰᠠᠳᠤᠨ᠎ᠢᠶᠠᠨ ᠬᠠᠢᠷᠠᠯᠠᠬᠤ ᠱᠢᠯᠢᠳᠡᠭ ᠰᠠᠢ᠌ᠨ ᠭᠡᠷ᠎ᠦᠨ ᠰᠤᠷᠲᠠᠯ᠎ᠢ ᠬᠦᠦ ᠪᠠ ᠬᠦᠦ ᠪᠡᠷᠢ᠎ᠳᠡᠭᠡᠨ ᠤᠯᠠᠮᠵᠢᠯᠠᠵᠤ᠂ ᠭᠤᠷᠪᠠᠨ ᠨᠠᠰᠤᠲᠠᠨ᠎ᠢ ᠬᠠᠷᠠᠭᠠᠯᠵᠠᠵᠤ᠂ ᠬᠣᠶᠠᠷ ᠥᠬᠢᠨᠢᠶᠡᠨᠦᠰᠭᠡᠨ ᠬᠦᠮᠦᠵᠢᠭᠦᠯᠵᠦ᠂ ᠤᠳᠤ ᠭᠤᠷᠪᠠᠨ ᠦᠶ᠎ᠡ᠎ᠪᠡᠷ᠎ᠢᠶᠡᠨ ᠵᠤᠯ ᠵᠢᠷᠭᠠᠯ ᠲᠠᠢ ᠰᠠᠢᠨ ᠰᠠᠢᠬᠠᠨ ᠬᠠᠮᠲᠤ ᠠᠮᠢᠳᠤᠷᠠᠵᠤ ᠪᠠᠢᠨ᠎ᠠ᠃
ᠠᠮᠢᠳᠤᠷᠠᠯ᠎ᠤᠨ ᠠᠮᠤᠷ ᠲᠠᠢᠪᠤᠩ ᠪᠠᠢᠳᠠᠯ1995 ᠣᠨ᠎ᠳᠤ ᠡᠪᠳᠡᠭ᠌ᠳᠡᠪᠡ᠃ ᠲᠡᠷᠡ ᠵᠢᠯ᠂ ᠬᠠᠨ ᠱᠢᠤ ᠶᠢᠩ᠎ᠦᠨ ᠡᠷ᠎ᠡ ᠨᠥᠬᠥᠷ ᠨᠢ ᠭᠡᠨᠡᠳᠲᠡ ᠡᠪᠡᠳᠴᠢᠯᠡᠵᠦ᠍᠂ ᠲᠦᠷᠭᠡᠨ ᠠᠪᠤᠷᠠᠯᠳᠠ ᠬᠢᠭ᠌ᠰᠡᠨ ᠪᠣᠯᠪᠠᠴᠤ᠌ ᠲᠤᠰᠠ ᠪᠣᠯᠤᠭ᠍ᠰᠠᠨ ᠦᠭᠡᠶ ᠨᠠᠰᠤ ᠪᠠᠷᠠᠪᠠ᠂ ᠵᠦᠪᠬᠡᠨ47 ᠨᠠᠰᠤᠲᠠᠶ᠃ ᠡᠨᠡ ᠴᠢᠮᠡᠭᠡ ᠨᠢ ᠲᠤᠩᠭᠠᠯᠠᠭ ᠡᠳᠦᠷ ᠠᠶᠤᠩᠭ᠎ᠠ ᠨᠢᠷᠭᠡᠭᠰᠡᠨ ᠮᠡᠲᠦ ᠪᠠᠢᠵᠤ᠂ ᠭᠡᠷ ᠪᠦᠯᠢ ᠪᠡᠷ᠎ᠢᠶᠡᠨ ᠬᠣᠷᠣᠮᠬᠠᠨ ᠵᠠᠭᠤᠷ᠎ᠠ ᠭᠣᠷᠢ ᠲᠠᠰᠤᠷᠠᠯ᠎ᠤᠨ ᠪᠠᠢᠳᠠᠯ ᠳ᠋ᠦ ᠤᠷᠤᠪᠠ᠃ ᠲᠤᠬᠠᠢ᠎ᠶ᠋ᠢᠨ ᠦᠶ᠎ᠡ᠎ᠳᠦ᠂ ᠬᠠᠨ ᠱᠢᠤ ᠶᠢᠩ᠎ᠦᠨ ᠬᠣᠶᠠᠷ ᠬᠡᠦᠬᠡᠳ ᠨᠢ ᠪᠢᠴᠢᠭ ᠦᠵᠡᠵᠦ᠍᠂ ᠳᠦᠯᠡᠢ ᠶᠠᠪᠠ ᠬᠣᠶᠠᠷ ᠠᠬ᠎ᠠ ᠨᠢ ᠠᠮᠢᠳᠤᠷᠠᠯ ᠳ᠋ᠠᠭᠠᠨ ᠪᠦᠷᠢᠮᠦᠰᠦᠨ ᠪᠡᠶ᠎ᠡ᠎ᠪᠡᠨ ᠳᠠᠭᠠᠭᠠᠵᠤ ᠳᠡᠢᠯᠬᠦ᠌ ᠦᠭᠡᠢ ᠪᠠᠢᠵᠤ᠂ ᠭᠡᠷ ᠪᠦᠯᠢ᠎ᠶ᠋ᠢᠨ ᠬᠦᠨᠳᠦ ᠡᠭᠦᠷᠭᠡ᠂ ᠠᠵᠤ ᠠᠬᠤᠢ᠎ᠶ᠋ᠢᠨ ᠲᠠᠷᠤᠭᠠᠰᠤ᠂ ᠤᠶᠤᠨ ᠰᠠᠨᠠᠭᠠᠨ᠎ᠤ ᠵᠣᠪᠠᠭᠤᠷᠢ ᠨᠢ 37 ᠨᠠᠰᠤᠲᠠᠢ ᠬᠠᠨ ᠱᠢᠤ ᠶᠢᠩ᠎ᠢ ᠢᠪ ᠲᠠᠷᠤᠯᠠ᠃
ᠲᠡᠳᠡᠭᠡᠷ ᠬᠦᠴᠢᠷ ᠪᠡᠷᠬᠡᠱᠢᠶᠡᠯ᠎ᠲᠡᠶ ᠴᠠᠭ ᠦᠶ᠎ᠡ᠎ᠳᠤ᠂ ᠬᠠᠨ ᠱᠢᠤ ᠶᠢᠩ ᠶᠡᠷᠦ᠍᠎ᠡᠴᠡ ᠲᠠᠶᠠᠭ᠍ᠳᠠᠬᠤ ᠰᠠᠨᠠᠭ᠎ᠠ ᠤᠷᠤᠭᠰᠠᠨ ᠦᠭᠡᠢ᠃ ᠨᠢᠭᠡ ᠤᠳᠠᠭ᠎ᠠ ᠶᠡᠬᠡ ᠠᠬ᠎ᠠ ᠨᠢ ᠰᠠᠨᠠᠭᠠᠨ᠎ᠳᠤ ᠥᠬᠡᠶ ᠣᠢᠴᠢᠭᠠᠳ᠂ ᠬᠥᠯ ᠨᠢ ᠪᠡᠷᠲᠡᠵᠤ᠂ ᠭᠤᠷᠪᠠᠨ ᠰᠠᠷ᠎ᠠ ᠬᠡᠪᠲᠡᠷᠢ᠎ᠳᠤ ᠤᠷᠤᠵᠤ ᠰᠤᠪᠢᠯᠠᠬᠤ ᠴᠢᠬᠤᠯᠠᠲᠠᠢ ᠪᠠᠢᠯ᠎ᠠ᠃ ᠬᠠᠨ ᠱᠢᠤ ᠶᠢᠩ ᠡᠳᠦᠷᠵᠢᠨ ᠪᠠᠭᠠᠰᠤ ᠱᠢᠭᠡᠰᠦ᠎ᠵᠢ ᠨᠢ ᠵᠥᠭᠡᠭᠡᠵᠦ᠍᠂ ᠪᠡᠶ᠎ᠡ᠎ᠵᠢ ᠨᠢ ᠠᠷᠴᠢᠨ ᠤᠬᠢᠶᠠᠵᠤ᠂ ᠪᠠᠰᠠ ᠶᠡᠬᠡ ᠠᠬ᠎ᠠ᠎ᠳᠠᠭᠠᠨ ᠡᠮ ᠲᠦᠷᠬᠢᠵᠦ᠍᠂ ᠢᠯᠢᠵᠦ᠍ ᠨᠤᠬᠤᠯᠠᠨ᠂ ᠪᠤᠯᠴᠢᠩ᠎ᠤᠨ ᠬᠠᠲᠠᠩᠭᠢᠷᠠᠯᠡᠴᠡ ᠰᠡᠷᠭᠡᠢᠯᠡᠨ᠎ᠡ᠃ ᠡᠳᠦᠷ᠎ᠲᠡᠬᠡᠨ ᠲᠠᠷᠢᠶᠠᠨ ᠠᠵᠢᠯ᠎ᠢᠶᠠᠨ ᠲᠠᠭᠤᠰᠬᠠᠭᠠᠳ᠂ ᠰᠥᠨᠢ᠎ᠳᠡᠭᠡᠨ ᠪᠠᠰᠠ ᠶᠡᠬᠡ ᠠᠬ᠎ᠠ᠎ᠶ᠋ᠢᠨ᠎ᠢᠶᠠᠨ ᠳᠡᠷᠭᠡᠳᠡ ᠰᠠᠬᠢᠵᠤ᠂ ᠲᠡᠭᠦᠨ᠎ᠦ ᠪᠠᠢᠳᠠᠯ᠎ᠢ ᠴᠠᠭ ᠢᠮᠠᠭ᠍ᠲᠠ ᠪᠠᠢᠴᠠᠭᠠᠵᠤ ᠦᠵᠡᠨ᠎ᠡ᠃ ᠲᠡᠷᠡ ᠬᠡᠰᠡᠭ ᠬᠤᠭᠤᠴᠠᠭᠠᠨ᠎ᠳᠤ᠂ ᠲᠡᠷᠡ ᠠᠷᠪᠠᠨ ᠬᠡᠳᠦᠨ ᠵᠢᠩ ᠲᠤᠷᠠᠵᠤ᠂ ᠨᠢᠳᠦᠨ᠎ᠳᠦᠨᠢ ᠴᠢᠰᠤᠨ ᠰᠤᠳᠠᠰᠤ᠎ᠪᠠᠷ ᠳᠦᠭᠦᠷᠴᠦ᠍ ᠪᠠᠢᠭ᠍ᠰᠠᠨ ᠴᠤ᠌᠂ ᠠᠬ᠎ᠠ ᠨᠠᠷ᠎ᠤᠨ᠎ᠢᠶᠠᠨ ᠡᠮᠦᠨ᠎ᠡ ᠶᠡᠷᠦ᠍᠎ᠡᠴᠡ ᠶᠠᠳᠠᠷᠠᠵᠤ ᠵᠦᠳᠡᠷᠡᠭ᠌ᠰᠡᠨ ᠪᠠᠢᠳᠠᠯᠵᠢᠭᠠᠬᠠᠨ ᠴᠤ᠌ ᠢᠯᠡᠷᠡᠭᠦᠯᠦᠭᠰᠡᠨ ᠦᠭᠡᠢ᠃ 《ᠪᠢ ᠪᠣᠯ ᠲᠡᠳᠡᠨ᠎ᠦ ᠲᠥᠷᠥᠯ ᠰᠠᠳᠤᠨ᠂ ᠲᠡᠳᠡᠨ᠎ᠢ ᠬᠠᠷᠠᠭᠠᠯᠵᠠᠬᠤ ᠪᠣᠯ ᠵᠦᠶ ᠶᠣᠰᠣᠨ᠎ᠤ ᠬᠡᠷᠡᠭ ᠶᠤᠮ》᠃ ᠡᠨᠡ ᠪᠣᠯ ᠬᠠᠨ ᠱᠢᠤ ᠶᠢᠩ᠎ᠦᠨ ᠦᠷᠭᠦᠯᠵᠢ ᠶᠠᠷᠢᠳᠠᠭ ᠦᠭᠡ᠂ ᠮᠥᠨ ᠴᠦ᠍ ᠲᠡᠭᠦᠨ᠎ᠦ ᠪᠠᠷᠢᠮᠲᠠᠯᠠᠬᠤ ᠢᠲᠡᠭᠡᠯ ᠪᠣᠯᠤᠨ᠎ᠠ᠃
ᠴᠠᠭ ᠮᠥᠴᠡ ᠤᠷᠤᠰ᠎ᠤᠨ ᠦᠩᠭᠡᠷᠡᠵᠦ᠂ ᠬᠠᠨ ᠱᠢᠤ ᠶᠢᠩ᠎ᠦᠨ ᠬᠡᠦᠬᠡᠳ ᠠᠭᠠᠵᠢᠮ᠎ᠢᠶᠠᠷ ᠥᠰᠴᠦ᠍ ᠲᠤᠮᠤᠭᠠᠵᠢᠨ᠂ ᠬᠦᠦ ᠨᠢ ᠭᠡᠷ ᠪᠦᠯᠢ ᠪᠣᠯᠵᠤ᠂ ᠬᠦᠦ ᠪᠡᠷᠢ ᠪᠤᠤ ᠴᠦᠨ ᠵᠢᠶᠸ᠎ᠶᠢᠨ ᠮᠤᠷᠳᠠᠵᠤ ᠢᠷᠡᠭᠰᠡᠨ ᠨᠢ ᠡᠨᠡᠬᠦ ᠭᠡᠷ ᠪᠦᠯᠢ᠎ᠳᠤ ᠰᠢᠨ᠎ᠡ ᠠᠮᠢᠵᠢᠷᠠᠯ᠎ᠤᠨ ᠬᠦᠴᠦᠨ ᠤᠯᠭᠤᠪᠠ᠃ ᠬᠠᠳᠠᠮ ᠡᠵᠢ᠎ᠶ᠋ᠢᠨ᠎ᠢᠶᠡᠨ ᠬᠡᠳᠦᠨ ᠠᠷᠪᠠᠨ ᠵᠢᠯ᠎ᠢ ᠨᠢᠭᠡ ᠯᠡ ᠡᠳᠦᠷ ᠮᠡᠲᠦ᠍᠎ᠪᠡᠷ ᠬᠣᠶᠠᠷ ᠶᠡᠬᠡ ᠠᠪᠠᠭ᠎ᠠ᠎ᠵᠢ ᠨᠢ ᠬᠠᠷᠠᠭᠠᠯᠵᠠᠵᠤ ᠪᠠᠢᠬᠤ᠎ᠶ᠋ᠢ ᠦᠵᠡᠭᠡᠳ᠂ ᠬᠦᠦ ᠪᠡᠷᠢ ᠨᠢ ᠶᠡᠬᠡᠳᠡ ᠰᠡᠳᠭᠢᠯ ᠬᠥᠳᠡᠯᠵᠦ᠍᠂ ᠰᠠᠨᠠᠭᠠᠴᠢᠯᠠᠭ᠎ᠠ᠎ᠡᠴᠡ᠎ᠪᠠᠨ ᠨᠠᠰᠤᠲᠠᠨ᠎ᠢ ᠠᠰᠠᠷᠠᠬᠤ ᠠᠵᠢᠯ᠎ᠢ ᠲᠤᠰᠴᠤ᠌ ᠠᠪᠤᠪᠠ᠃ 《ᠠᠩᠬ᠎ᠠ ᠮᠣᠷᠳᠠᠵᠤ ᠢᠷᠡᠬᠦ᠌ ᠦᠶᠡᠰ᠂ ᠬᠠᠳᠠᠮ ᠡᠵᠢ᠎ᠶᠢᠨ᠎ᠢᠶᠡᠨ ᠡᠳᠦᠷᠵᠢᠨ ᠶᠡᠬᠡ ᠠᠪᠠᠭ᠎ᠠ ᠨᠠᠷ᠎ᠢ ᠲᠤᠳᠤᠮᠳᠠᠵᠤ᠂ ᠶᠡᠷᠦ᠍᠎ᠡᠴᠡ ᠭᠣᠮᠣᠷᠬᠠᠬᠤ ᠦᠭᠡᠢ᠎ᠶ᠋ᠢ ᠦᠵᠡᠭᠡᠳ᠂ ᠡᠨᠡ ᠪᠣᠯ ᠲᠠᠷᠤᠢ ᠮᠢᠨᠦ᠍ ᠰᠤᠷᠬᠤ ᠶᠣᠰᠣᠲᠠᠢ ᠵᠦᠢᠯ ᠭᠡᠵᠦ᠍ ᠪᠣᠳᠣᠵᠤ ᠪᠠᠢᠵᠠᠢ》᠃ ᠪᠤᠤ ᠴᠦᠨ ᠵᠢᠶᠸ᠎ᠶ᠋ᠢᠨ ᠪᠣᠷᠣᠭ᠍ᠵᠢᠭᠤᠨ ᠦᠭᠡᠨ᠎ᠳᠦ᠂ ᠬᠠᠳᠠᠮ ᠡᠵᠢ᠎ᠪᠡᠨ ᠪᠢᠱᠢᠷᠡᠨ ᠬᠦᠨᠳᠦᠳᠭᠡᠵᠤ ᠪᠠᠢᠬᠤᠰᠡᠳᠭᠢᠯᠭᠡ ᠨᠢᠭᠤᠭᠳᠠᠵᠤ ᠪᠠᠢᠯ᠎ᠠ᠃
ᠡᠳᠦᠭᠡ᠂ ᠬᠠᠨ ᠱᠢᠤ ᠶᠢᠩ ᠨᠢᠭᠡᠨᠲᠡ ᠳᠠᠯ᠎ᠠ ᠭᠠᠷᠤᠭ᠍ᠰᠠᠨ ᠪᠥᠭᠡᠳ ᠬᠥᠯ ᠭᠠᠷ ᠨᠢ ᠤᠤᠯ᠎ᠤᠨ ᠬᠢ᠎ᠪᠡᠨ ᠬᠦᠷᠬᠦ᠌ ᠦᠭᠡᠢ ᠪᠣᠯᠵᠠᠢ᠂ ᠭᠡᠪᠡᠴᠦ᠍ ᠲᠡᠷᠡ ᠮᠥᠨ ᠯᠡ ᠡᠳᠦᠷ ᠪᠦᠷᠢ ᠡᠷᠲᠡᠯᠡᠨ ᠪᠣᠰᠴᠤ᠌᠂ ᠬᠦᠦ ᠪᠡᠷᠢ᠎ᠳᠡᠭᠡᠨ ᠬᠠᠪᠰᠤᠷᠤᠨ ᠭᠡᠷ᠎ᠦᠨ ᠠᠵᠢᠯ ᠬᠢᠵᠦ᠍᠂ ᠬᠣᠶᠠᠷ ᠠᠬ᠎ᠠ᠎ᠶ᠋ᠢᠨ᠎ᠢᠶᠠᠨ ᠪᠠᠢᠳᠠᠯ᠎ᠢ ᠦᠵᠡᠳᠡᠭ᠃ ᠬᠠᠨ ᠱᠢᠤ ᠶᠢᠩ᠎ᠦᠨ ᠭᠡᠷ ᠪᠦᠯᠢ ᠨᠢ ᠨᠢᠭᠡᠨᠲᠡ ᠭᠤᠷᠪᠠᠨ ᠦᠶ᠎ᠡ᠎ᠪᠡᠷ᠎ᠢᠶᠡᠨ ᠳᠣᠯᠣᠭᠠᠨ ᠠᠮᠠ ᠪᠦᠯᠢ᠎ᠲᠡᠶ ᠪᠤᠯᠵᠤ᠂ ᠬᠣᠶᠠᠷ ᠳᠦᠯᠡᠶ ᠶᠠᠪᠠ ᠠᠬ᠎ᠠ ᠨᠢ ᠬᠡᠳᠦᠢᠪᠡᠷ ᠨᠠᠰᠤ ᠠᠬᠢᠭ᠍ᠰᠠᠨ ᠪᠣᠯᠪᠠᠴᠤ᠌ ᠪᠡᠶ᠎ᠡ ᠴᠢᠭᠢᠷᠠᠭ᠂ ᠴᠣᠭ ᠵᠢᠪᠬᠤᠭ᠎ᠠ ᠲᠡᠭᠦᠯᠳᠡᠷ ᠪᠠᠢᠯ᠎ᠠ; ᠬᠠᠨ ᠱᠢᠤ ᠶᠢᠩ ᠥᠲᠡᠯᠦᠭᠡ ᠨᠠᠰᠤ᠎ᠪᠠᠨ ᠠᠮᠤᠷ ᠵᠢᠮᠦᠷ ᠥᠩᠭᠡᠷᠡᠭᠦᠯᠵᠦ᠍᠂ ᠦᠷ᠎ᠡ ᠠᠴᠢᠨᠠᠷ ᠨᠢ ᠠᠴᠢᠯᠠᠯ ᠡᠯᠪᠡᠷᠢᠯ ᠲᠠᠢ᠂ ᠭᠡᠷ ᠪᠦᠯᠢ ᠡᠶ᠎ᠡ ᠨᠠᠢᠷᠲᠠᠢ ᠪᠠᠢᠬᠤ᠎ᠶ᠋ᠢ ᠬᠠᠷᠠᠭᠠᠳ᠂ ᠴᠢᠷᠠᠢᠳᠦᠨᠢ ᠶᠡᠷᠦ ᠨᠢ ᠰᠡᠳᠭᠢᠯ ᠬᠠᠨᠤᠮᠵᠢᠲᠠᠢ ᠢᠨᠢᠶᠡᠮᠰᠦᠭ᠌ᠯᠡᠯ ᠲᠤᠳᠤᠷᠠᠨ᠎ᠠ; ᠬᠦᠦ ᠪᠠ ᠬᠦᠦ ᠪᠠᠷᠢ ᠨᠢ ᠢᠨᠠᠭ ᠲᠤᠳᠤᠨᠤ ᠪᠠᠢᠵᠤ᠂ ᠭᠡᠷᠤᠷᠤᠨᠢᠶᠡᠨ ᠡᠮᠬᠢ ᠴᠡᠭ᠌ᠴᠡ᠎ᠲᠡᠶ ᠳᠤᠳᠤᠮᠳᠠᠨ ᠠᠮᠢᠳᠤᠷᠠᠵᠤ ᠪᠤᠢ; ᠬᠣᠶᠠᠷ ᠣᠮᠪᠣᠯᠣ ᠥᠬᠢᠨ ᠨᠢ ᠠᠵᠢᠯᠴᠢ ᠬᠥᠳᠡᠯᠮᠦᠷᠢᠴᠢ ᠰᠤᠷᠤᠯᠴᠠᠬᠤ ᠳᠤᠷᠠᠲᠠᠶ᠂ ᠤᠬᠠᠭᠠᠨ ᠲᠠᠢ ᠠᠴᠢᠯᠠᠯ᠎ᠲᠠᠶ᠂ ᠨᠢᠭᠡ ᠭᠡᠷ᠎ᠢᠶᠡᠷ᠎ᠢᠶᠡᠨ ᠡᠶ᠎ᠡ ᠡᠪ᠎ᠲᠡᠶ ᠠᠮᠢᠳᠤᠷᠠᠵᠤ᠂ ᠭᠠᠴᠠᠭ᠎ᠠ᠎ᠶ᠋ᠢᠨ ᠬᠥᠮᠦᠨ ᠪᠦᠬᠦᠨ᠎ᠦ ᠮᠠᠭ᠍ᠲᠠᠳᠠᠭ ᠵᠢᠱ᠌ᠢᠶᠡᠴᠢ ᠭᠡᠷ ᠪᠦᠯᠢ ᠪᠣᠯᠵᠠᠶ᠃