ᠦᠪᠦᠷ ᠮᠤᠩᠭᠤᠯ ᠠᠩᠬᠠᠳᠠᠭᠴᠢ ᠴᠦᠮ᠎ᠠ ᠶ᠋ᠢᠨ ᠡᠮ ᠦᠢᠯᠡᠳᠪᠤᠷᠢᠯᠡᠬᠦ ᠠᠵᠤ ᠠᠬᠤᠢᠯᠠᠯ ᠢ᠋ ᠪᠠᠢᠭᠤᠯᠬᠤ ᠪᠡᠷ ᠪᠡᠯᠡᠳᠭᠡᠵᠦ ᠪᠠᠢᠨ᠎ᠠ
2026-04-28 11:47:18
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠴᠦᠮ᠎ᠠ ᠶ᠋ᠢᠨ ᠡᠮ ᠤ᠋ᠨ ᠠᠵᠤ ᠦᠢᠯᠡᠰ ᠤ᠋ᠨ ᠰᠢᠨ᠎ᠠ ᠡᠵᠡᠩᠨᠡᠯᠳᠡ ᠶ᠋ᠢᠨ ᠬᠡᠯᠪᠡᠷᠢ ᠶ᠋ᠢ ᠢᠳᠡᠪᠬᠢᠳᠠᠢ ᠪᠤᠢ ᠪᠤᠯᠭᠠᠵᠤ᠂ ᠦᠪᠡᠷᠳᠡᠭᠡᠨ ᠵᠠᠰᠠᠬᠤ ᠤᠷᠤᠨ ᠤ᠋ ᠰᠠᠴᠤᠷᠠᠭ ᠢᠳᠡᠪᠬᠢ ᠡᠮ ᠤ᠋ᠨ ᠵᠦᠢᠯᠡᠰ ᠤ᠋ᠨ ᠦᠢᠯᠡᠳᠪᠤᠷᠢᠯᠡᠯ ᠤ᠋ᠨ ᠬᠦᠷᠢᠶᠡᠨ ᠤ᠋ ᠬᠤᠭᠤᠰᠤᠨ ᠢ᠋ ᠨᠦᠬᠦᠪᠤᠷᠢᠯᠡᠬᠦ ᠶ᠋ᠢᠨ ᠲᠦᠯᠦᠭᠡ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠤᠢᠷ᠎ᠠ ᠳ᠋ᠤ ᠬᠠᠷᠠᠬᠠᠨ ᠪᠡᠯᠡᠳᠭᠡᠨ ᠪᠠᠢᠭᠤᠯᠬᠤ ᠱᠠᠳᠤᠨ ᠳ᠋ᠤ ᠪᠠᠢᠭ᠎ᠠ ᠦᠪᠦᠷ ᠮᠤᠩᠭᠤᠯ ᠤ᠋ᠨ ᠠᠩᠬᠠᠳᠠᠭᠴᠢ ᠴᠦᠮ᠎ᠠ ᠶ᠋ᠢᠨ ᠡᠮ ᠦᠢᠯᠡᠳᠪᠤᠷᠢᠯᠡᠬᠦ ᠠᠵᠤ ᠠᠬᠤᠢᠯᠠᠯ ᠢ᠋ ᠠᠮᠢᠳᠤ ᠪᠤᠳᠠᠰ ᠤ᠋ᠨ ᠡᠮ ᠡᠮᠨᠡᠯᠭᠡ ᠶ᠋ᠢᠨ ᠠᠵᠤ ᠦᠢᠯᠡᠰ ᠤ᠋ᠨ ᠨᠠᠷᠢᠨ ᠳᠠᠩᠰᠠᠨ ᠳ᠋ᠤ ᠤᠷᠤᠭᠤᠯᠵᠤ᠂ 《ᠨᠢᠭᠡ ᠠᠵᠤ ᠠᠬᠤᠢᠯᠠᠯ ᠳ᠋ᠤ ᠨᠢᠭᠡ ᠲᠦᠷᠦ ᠶ᠋ᠢᠨ ᠪᠤᠳᠤᠯᠭ᠎ᠠ ᠬᠡᠷᠡᠭᠵᠢᠭᠦᠯᠬᠦ》 ᠠᠷᠭ᠎ᠠ ᠪᠡᠷ ᠨᠠᠷᠢᠨ ᠤᠨᠤᠴᠠᠳᠠᠢ ᠳᠡᠳᠬᠦᠨ ᠳᠡᠮᠵᠢᠬᠦ ᠠᠵᠢᠯᠯᠠᠭ᠎ᠠ ᠦᠷᠨᠢᠭᠦᠯᠪᠡ᠃

ᠴᠦᠮ᠎ᠠ ᠶ᠋ᠢᠨ ᠡᠮ ᠢ᠋ ᠪᠠᠰᠠ ᠰᠠᠴᠤᠷᠠᠭ ᠢᠳᠡᠪᠬᠢ ᠡᠮ ᠭᠡᠵᠤ᠂ ᠬᠤᠤᠷᠳᠤ ᠴᠢᠨᠠᠷᠳᠠᠢ ᠬᠠᠪᠤᠳᠠᠷ᠂ ᠵᠢᠷᠦᠭᠡ ᠴᠢᠰᠦᠨ ᠰᠤᠳᠠᠯ ᠤ᠋ᠨ ᠡᠪᠡᠳᠴᠢᠨ᠂ ᠲᠦᠪ ᠮᠡᠳᠡᠷᠡᠯ ᠤ᠋ᠨ ᠰᠢᠰᠲ᠋ᠧᠮ ᠤ᠋ᠨ ᠡᠪᠡᠳᠴᠢᠨ ᠵᠡᠷᠭᠡ ᠶ᠋ᠢ ᠤᠨᠤᠰᠢᠯᠠᠬᠤ ᠪᠠ ᠠᠨᠠᠭᠠᠬᠤ ᠳ᠋ᠤ ᠴᠢᠬᠤᠯᠠ ᠦᠢᠯᠡᠳᠦᠯ ᠦᠵᠡᠭᠦᠯᠳᠡᠭ᠃ ᠰᠠᠴᠤᠷᠠᠭ ᠢᠳᠡᠪᠬᠢ ᠡᠮ ᠢ᠋ ᠦᠢᠯᠡᠳᠪᠤᠷᠢᠯᠡᠬᠦ ᠮᠡᠷᠭᠡᠵᠢᠯ ᠤ᠋ᠨ ᠱᠠᠭᠠᠷᠳᠠᠯᠭ᠎ᠠ ᠨᠢ ᠦᠨᠳᠦᠷ᠂ ᠬᠠᠩᠭᠠᠯᠭ᠎ᠠ ᠶ᠋ᠢᠨ ᠬᠡᠯᠬᠢᠶ᠎ᠠ ᠨᠢ ᠪᠤᠳᠤᠯᠢᠶᠠᠨᠳᠠᠢ᠂ ᠰᠠᠴᠤᠷᠠᠯᠳᠠ ᠶ᠋ᠢᠨ ᠠᠮᠦᠷ ᠲᠦᠪᠰᠢᠨ ᠬᠢᠭᠡᠳ ᠡᠮ ᠤ᠋ᠨ ᠵᠦᠢᠯᠡᠰ ᠤ᠋ᠨ ᠶᠠᠰᠤ ᠴᠢᠨᠠᠷ ᠢ᠋ ᠴᠢᠩᠭ᠎ᠠ ᠬᠢᠨᠠᠨ ᠡᠵᠡᠮᠳᠡᠬᠦ ᠬᠤᠤᠰ ᠰᠢᠯᠭᠠᠯᠳᠠ ᠳ᠋ᠤ ᠬᠤᠯᠪᠤᠭᠳᠠᠬᠤ ᠪᠤᠯᠬᠤᠷ ᠴᠦᠮ᠎ᠠ ᠶ᠋ᠢᠨ ᠡᠮ ᠦᠢᠯᠡᠳᠪᠤᠷᠢᠯᠡᠬᠦ ᠠᠵᠤ ᠠᠬᠤᠢᠯᠠᠯ ᠢ᠋ ᠪᠡᠯᠡᠳᠭᠡᠨ ᠪᠠᠢᠭᠤᠯᠬᠤ ᠬᠦᠴᠢᠷᠳᠡᠯ ᠨᠢ ᠮᠠᠰᠢ ᠶᠡᠬᠡ ᠶᠤᠮ᠃

ᠦᠪᠡᠷᠳᠡᠭᠡᠨ  ᠵᠠᠰᠠᠬᠤ  ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ  ᠲᠤᠪᠴᠢᠶ᠎ᠠ 《ᠠᠵᠤ ᠠᠬᠤᠢᠯᠠᠯ ᠤ᠋ᠨ ᠬᠡᠷᠡᠭᠴᠡᠭᠡ ᠱᠠᠭᠠᠷᠳᠠᠯᠭ᠎ᠠ ᠳ᠋ᠤ ᠵᠤᠬᠢᠴᠠᠭᠤᠯᠤᠨ ᠬᠢᠨᠠᠯᠳᠠ ᠬᠠᠮᠢᠶᠠᠷᠤᠯᠳᠠ ᠳᠤᠬᠢᠷᠠᠭᠤᠯᠬᠤ》 ᠦᠢᠯᠡᠴᠢᠯᠡᠭᠡᠨ ᠤ᠋ ᠤᠢᠯᠠᠭᠠᠭᠳᠠᠬᠤᠨ ᠢ᠋ ᠪᠠᠷᠢᠮᠳᠠᠯᠠᠨ᠂ ᠴᠦᠮ᠎ᠠ ᠶ᠋ᠢᠨ ᠡᠮ ᠦᠢᠯᠡᠳᠪᠤᠷᠢᠯᠡᠬᠦ ᠠᠵᠤ ᠠᠬᠤᠢᠯᠠᠯ ᠢ᠋ ᠪᠡᠯᠡᠳᠭᠡᠨ ᠪᠠᠢᠭᠤᠯᠬᠤ ᠵᠠᠩᠬᠢᠯᠠᠭ᠎ᠠ ᠶ᠋ᠢᠨ ᠭᠤᠭᠴᠤᠭ᠎ᠠ ᠶ᠋ᠢᠨ ᠬᠦᠴᠢᠷ ᠲᠦᠪᠡᠭ ᠠᠰᠠᠭᠤᠳᠠᠯ ᠢ᠋ ᠤᠷᠢᠳᠴᠢᠯᠡᠨ ᠡᠮᠬᠢᠯᠡᠵᠦ᠂ ᠵᠠᠬᠢᠶᠠᠯᠠᠭ᠎ᠠ ᠶ᠋ᠢᠨ ᠬᠡᠯᠪᠡᠷᠢ ᠶ᠋ᠢᠨ ᠬᠠᠪᠰᠤᠷᠤᠨ ᠳᠡᠳᠬᠦᠬᠦ ᠲᠦᠰᠦᠯ ᠳᠤᠭᠳᠠᠭᠠᠬᠤ ᠶ᠋ᠢᠨ ᠬᠠᠮᠳᠤ ᠲᠤᠰᠬᠠᠢ ᠮᠡᠷᠭᠡᠵᠢᠯ ᠤ᠋ᠨ ᠬᠠᠪᠰᠤᠷᠤᠨ ᠳᠡᠳᠬᠦᠬᠦ ᠪᠠᠭ ᠪᠠᠢᠭᠤᠯᠤᠨ᠂ ᠲᠦᠷᠦ ᠶ᠋ᠢᠨ ᠪᠤᠳᠤᠯᠭ᠎ᠠ᠂ ᠮᠡᠷᠭᠡᠵᠢᠯ ᠪᠤᠯᠤᠨ ᠦᠢᠯᠡᠴᠢᠯᠡᠭᠡ ᠪᠡᠨ ᠠᠪᠴᠤ ᠦᠨᠳᠦᠰᠦᠨ ᠱᠠᠳᠤᠨ ᠳ᠋ᠤ ᠭᠦᠨᠵᠡᠭᠡᠢᠷᠡᠨ ᠲᠤᠬᠠᠢ ᠶ᠋ᠢᠨ ᠲᠠᠯᠠᠪᠤᠷ ᠤ᠋ᠨ ᠵᠢᠯᠤᠭᠤᠳᠤᠯᠭ᠎ᠠ ᠬᠠᠩᠭᠠᠪᠠ᠃ ᠦᠢᠯᠡᠳᠪᠤᠷᠢ ᠶ᠋ᠢᠨ ᠲᠠᠰᠤᠭ᠂ ᠰᠢᠯᠭᠠᠨ ᠪᠠᠢᠴᠠᠭᠠᠬᠤ ᠲᠦᠪ ᠪᠠ ᠰᠠᠩ ᠬᠦᠮᠦᠷᠭᠡ ᠶ᠋ᠢᠨ ᠲᠤᠭᠤᠷᠢᠭ ᠢ᠋ ᠪᠡᠯᠡᠳᠭᠡᠨ ᠪᠠᠢᠭᠤᠯᠬᠤ ᠠᠵᠢᠯ ᠳ᠋ᠤ ᠬᠠᠪᠰᠤᠷᠤᠨ ᠳᠡᠳᠬᠦᠬᠦ ᠪᠠᠭ ᠤ᠋ᠨ ᠬᠢᠨ ᠬᠤᠯᠪᠤᠭᠳᠠᠯ ᠪᠦᠬᠦᠢ ᠳᠦᠷᠢᠮ ᠳᠤᠭᠳᠠᠭᠠᠯ ᠢ᠋ ᠦᠨᠳᠦᠰᠦᠯᠡᠨ ᠦᠢᠯᠡᠳᠪᠤᠷᠢ ᠶ᠋ᠢᠨ ᠲᠤᠭᠤᠷᠢᠭ ᠤ᠋ᠨ ᠤᠷᠴᠢᠨ ᠨᠦᠬᠦᠴᠡᠯ᠂ ᠦᠢᠯᠡᠳᠪᠤᠷᠢᠯᠡᠯ ᠤ᠋ᠨ ᠤᠷ᠎ᠠ ᠮᠡᠷᠭᠡᠰᠢᠯ᠂ ᠴᠡᠪᠡᠷᠰᠢᠭᠦᠯᠬᠦ ᠰᠢᠰᠲ᠋ᠧᠮ᠂ ᠰᠠᠴᠤᠷᠠᠯᠳᠠ ᠶ᠋ᠢ ᠰᠡᠷᠭᠡᠢᠯᠡᠬᠦ ᠲᠦᠬᠦᠭᠡᠷᠦᠮᠵᠢ ᠶ᠋ᠢᠨ ᠲᠦᠯᠦᠪᠵᠢᠭᠦᠯᠭᠡ ᠵᠡᠷᠭᠡ ᠶ᠋ᠢ ᠨᠢ ᠪᠦᠬᠦ ᠲᠠᠯ᠎ᠠ ᠪᠡᠷ ᠨᠠᠷᠢᠨ ᠨᠢᠮᠪᠠᠢ ᠬᠢᠨᠠᠨ ᠪᠠᠢᠴᠠᠭᠠᠵᠤ᠂ ᠵᠤᠬᠢᠰ ᠦᠭᠡᠢ ᠪᠠᠢᠷᠢᠰᠢᠭᠤᠯᠤᠯᠳᠠ ᠳ᠋ᠤᠨᠢ ᠪᠤᠳᠠᠳᠠᠢ ᠬᠡᠷᠡᠭᠵᠢᠭᠦᠯᠵᠦ ᠪᠤᠯᠬᠤ ᠰᠠᠨᠠᠯ ᠰᠠᠨᠠᠭᠤᠯᠭ᠎ᠠ ᠳᠡᠪᠰᠢᠭᠦᠯᠦᠨ᠂ ᠠᠵᠤ ᠠᠬᠤᠢᠯᠠᠯ ᠤ᠋ᠨ ᠪᠦᠲᠦᠭᠡᠨ ᠪᠠᠢᠭᠤᠯᠤᠯᠳᠠ ᠶ᠋ᠢᠨ ᠶᠠᠪᠤᠴᠠ ᠳ᠋ᠡᠬᠢ ᠲᠦᠭᠰᠢᠭᠦᠷᠢ ᠶ᠋ᠢ ᠪᠦᠲᠦᠮᠵᠢᠳᠠᠢ ᠰᠡᠷᠭᠡᠢᠯᠡᠵᠤ᠂ ᠴᠠᠭ ᠪᠠ ᠦᠪᠡᠷ ᠤ᠋ᠨ ᠦᠷᠳᠡᠭ ᠢ᠋ ᠨᠢ ᠠᠷᠪᠢᠯᠠᠵᠤ ᠦᠭᠪᠡ᠃ ᠡᠭᠦᠨ ᠤ᠋ ᠬᠠᠮᠳᠤ ᠰᠠᠴᠤᠷᠠᠭ ᠢᠳᠡᠪᠬᠢ ᠡᠮ ᠤ᠋ᠨ ᠵᠦᠢᠯᠡᠰ ᠤ᠋ᠨ ᠶᠠᠰᠤ ᠴᠢᠨᠠᠷ ᠢ᠋ ᠡᠵᠡᠮᠳᠡᠬᠦ ᠳ᠋ᠤ ᠬᠦᠴᠢᠷ᠂ ᠦᠢᠯᠡᠳᠦᠯ ᠪᠦᠬᠦᠢ ᠬᠤᠭᠤᠴᠠᠭ᠎ᠠ ᠨᠢ ᠪᠤᠭᠤᠨᠢ ᠵᠡᠷᠭᠡ ᠠᠰᠠᠭᠤᠳᠠᠯ ᠳ᠋ᠤ ᠬᠠᠨᠳᠤᠭᠤᠯᠤᠨ ᠴᠢᠭᠯᠡᠭᠦᠯᠦᠯᠳᠦ ᠴᠢᠨᠠᠷᠳᠠᠢ ᠮᠡᠷᠭᠡᠵᠢᠯ ᠤ᠋ᠨ ᠪᠤᠯᠪᠠᠰᠤᠷᠠᠯ ᠦᠷᠨᠢᠭᠦᠯᠵᠤ᠂ ᠠᠵᠤ ᠠᠬᠤᠢᠯᠠᠯ ᠤ᠋ᠨ ᠳᠤᠭᠳᠠᠭᠠᠯ ᠳ᠋ᠤ ᠨᠡᠢᠴᠡᠬᠦᠯᠬᠦ ᠤᠬᠠᠮᠰᠠᠷ ᠪᠠ ᠮᠡᠷᠭᠡᠵᠢᠯ ᠤ᠋ᠨ ᠲᠦᠪᠰᠢᠨ ᠢ᠋ ᠢᠯᠡᠳᠳᠡ ᠳᠡᠭᠡᠭᠰᠢᠯᠡᠭᠦᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号