ᠲᠢᠶᠠᠨ ᠵᠢᠶᠤᠤ ᠠᠭᠠᠷ ᠤ᠋ᠨ ᠠᠶᠠᠯᠠᠯ ᠤ᠋ᠨ ᠬᠢᠵᠠᠭᠠᠷᠲᠤ ᠺᠣᠮᠫᠠᠨᠢ ᠤᠢᠷ᠎ᠠ ᠳ᠋ᠤ ᠠᠯᠠᠱᠠ ᠵᠡᠭᠦᠨ ᠬᠣᠱᠢᠭᠤ ᠪᠤᠯᠤᠨ ᠤᠯᠠᠭᠠᠨᠴᠠᠪ ᠬᠦᠷᠬᠦ ᠠᠭᠠᠷ ᠤ᠋ᠨ ᠠᠶᠠᠯᠠᠯ ᠤ᠋ᠨ ᠴᠡᠭ ᠢ᠋ ᠰᠢᠨ᠎ᠠ ᠪᠡᠷ ᠨᠡᠮᠡᠭᠳᠡᠭᠦᠯᠬᠦ ᠵᠢᠨ ᠬᠠᠮᠳᠤ ᠬᠥᠬᠡᠬᠣᠲᠠ — ᠠᠯᠠᠱᠠ ᠵᠡᠭᠦᠨ ᠬᠣᠱᠢᠭᠤ ᠬᠦᠷᠬᠦ᠂ ᠤᠯᠠᠭᠠᠨᠬᠣᠲᠠ — ᠰᠢᠯᠢᠡᠭᠬᠤᠲᠠ — ᠤᠯᠠᠭᠠᠨᠴᠠᠪ ᠬᠦᠷᠬᠦ᠂ ᠤᠯᠠᠭᠠᠨᠬᠣᠲᠠ — ᠲᠦᠩᠯᠢᠶᠣᠤ — ᠣᠷᠳᠣᠰ ᠬᠦᠷᠬᠦ ᠠᠶᠠᠯᠠᠯ ᠤ᠋ᠨ ᠱᠤᠭᠤᠮ ᠢ᠋ ᠱᠢᠨ᠎ᠡ ᠪᠡᠷ ᠨᠡᠪᠲᠡᠷᠡᠭᠦᠯᠦᠭᠰᠡᠨ ᠡᠴᠡ ᠪᠦᠬᠦ ᠤᠷᠤᠨ ᠤ᠋ 12 ᠠᠢᠮᠠᠭ ᠬᠣᠲᠠ ᠳ᠋ᠤ ᠴᠦᠮ ᠠᠶᠠᠯᠠᠯ ᠨᠡᠪᠲᠡᠷᠡᠬᠦᠯᠪᠡ᠃
ᠲᠢᠶᠠᠨ ᠵᠢᠶᠤᠤ ᠠᠭᠠᠷ ᠤ᠋ᠨ ᠠᠶᠠᠯᠠᠯ ᠤ᠋ᠨ ᠺᠣᠮᠫᠠᠨᠢ ᠢ᠋ᠢᠨ ᠱᠢᠨ᠎ᠡ ᠪᠡᠷ ᠨᠡᠪᠲᠡᠷᠡᠭᠦᠯᠦᠭᠰᠡᠨ ᠤᠯᠠᠭᠠᠨᠬᠣᠲᠠ — ᠱᠢᠯᠢᠩᠬᠣᠲᠠ — ᠤᠯᠠᠭᠠᠨᠴᠠᠪ ᠬᠦᠷᠬᠦ ᠠᠭᠠᠷ ᠤ᠋ᠨ ᠠᠶᠠᠯᠠᠯ ᠤ᠋ᠨ ᠱᠤᠭᠤᠮ ᠨᠢ ᠤᠯᠠᠭᠠᠨᠬᠣᠲᠠ ᠪᠣᠯᠤᠨ ᠤᠯᠠᠭᠠᠨᠴᠠᠪ ᠬᠣᠶᠠᠷ ᠭᠠᠵᠠᠷ ᠤ᠋ᠨ ᠬᠣᠭᠣᠷᠣᠨᠳᠣᠬᠢ ᠬᠠᠮᠤᠭ ᠤ᠋ᠨ ᠠᠡᠭᠬᠠᠨ ᠤ᠋ ᠠᠭᠠᠷ ᠤ᠋ᠨ ᠠᠶᠠᠯᠠᠯ ᠤ᠋ᠨ ᠱᠤᠭᠤᠮ ᠪᠠᠢᠵᠤ᠂ ᠭᠤᠷᠪᠠᠨ ᠭᠠᠵᠠᠷ ᠤ᠋ᠨ ᠤᠨᠴᠠᠯᠢᠬ᠍ᠳᠤ ᠰᠣᠶᠣᠯ ᠵᠢᠭᠤᠯᠴᠢᠯᠠᠯ ᠤ᠋ᠨ ᠡᠬᠢ ᠪᠠᠶᠠᠯᠢᠭ ᠢ᠋ ᠬᠣᠯᠪᠣᠨ᠂ ᠬᠠᠷᠢᠯᠴᠠᠭ᠎ᠠ ᠶᠠᠪᠤᠯᠴᠠᠭ᠎ᠠ ᠢ᠋ᠢ ᠨᠠᠩ ᠲᠥᠬᠥᠮ ᠲᠦᠳᠡ ᠥᠨᠳᠥᠷ ᠪᠦᠲᠦᠮᠵᠢᠲᠡᠶ ᠪᠣᠯᠭᠠᠵᠡᠢ᠃
ᠲᠢᠶᠠᠨ ᠵᠢᠶᠤᠤ ᠠᠭᠠᠷ ᠤ᠋ᠨ ᠠᠶᠠᠯᠠᠯ ᠤ᠋ᠨ ᠬᠢᠵᠠᠭᠠᠷᠲᠤ ᠺᠣᠮᠫᠠᠨᠢ ᠪᠤᠯ ᠥᠪᠥᠷ ᠮᠣᠩᠭᠣᠯ ᠤ᠋ᠨ ᠴᠣᠷ ᠤ᠋ᠨ ᠭᠠᠭ᠍ᠴᠠ ᠣᠷᠣᠨ ᠨᠤᠲᠤᠭ ᠤ᠋ᠨ ᠠᠭᠠᠷ ᠤ᠋ᠨ ᠠᠶᠠᠯᠠᠯ ᠤ᠋ᠨ ᠺᠣᠮᠫᠠᠨᠢ ᠪᠠᠢᠵᠤ᠂ ᠤᠳᠤ ᠬᠥᠬᠡᠬᠣᠲᠠ᠂ ᠤᠯᠠᠭᠠᠨᠬᠣᠲᠠ᠂ ᠰᠢᠯᠢᠡᠭᠬᠤᠲᠠ᠂ ᠲᠦᠩᠯᠢᠶᠣᠤ᠂ ᠤᠯᠠᠭᠠᠨᠬᠠᠳᠠ᠂ ᠬᠠᠢᠯᠠᠷ᠂ ᠮᠠᠨᠵᠤᠤᠷ᠂ ᠵᠠᠯᠠᠨ ᠠᠢᠯ᠂ ᠡᠷᠢᠶᠡᠨ ᠬᠣᠲᠠ᠂ ᠦᠬᠠᠶ᠂ ᠣᠷᠳᠣᠰ᠂ ᠪᠠᠶᠠᠨᠨᠠᠭᠤᠷ᠂ ᠪᠤᠭᠤᠲᠤ᠂ ᠠᠯᠠᠱᠠ ᠵᠡᠭᠦᠨ ᠬᠣᠱᠢᠭᠤ᠂ ᠤᠯᠠᠭᠠᠨᠴᠠᠪ ᠵᠡᠷᠭᠡ 15 ᠣᠷᠣᠨ ᠤ᠋ ᠳᠣᠲᠣᠷᠠᠬᠢ ᠠᠶᠠᠯᠠᠯ ᠤ᠋ᠨ ᠴᠡᠭ ᠪᠤᠯᠤᠨ ᠶᠠᠨ ᠠᠨ᠂ ᠲᠡᠮᠡᠭᠡᠲᠦ᠂ ᠴᠠᠩᠴᠦ᠋ᠨ ᠵᠡᠷᠭᠡ 3 ᠣᠷᠣᠨ ᠤ᠋ ᠭᠠᠳᠠᠨᠠᠬᠢ ᠠᠶᠠᠯᠠᠯ ᠤ᠋ᠨ ᠴᠡᠭ ᠲᠠᠢ ᠪᠤᠯᠵᠠᠢ᠃ ᠡᠨᠡ ᠵᠢᠯ ᠲᠢᠶᠠᠨ ᠵᠢᠶᠤᠤ ᠠᠭᠠᠷ ᠤ᠋ᠨ ᠠᠶᠠᠯᠠᠯ ᠤ᠋ᠨ ᠬᠢᠵᠠᠭᠠᠷᠲᠤ ᠺᠣᠮᠫᠠᠨᠢ ᠬᠥᠬᠡᠬᠣᠲᠠ ᠡᠴᠡ ᠤᠯᠠᠭᠠᠨᠬᠣᠲᠠ ᠬᠦᠷᠬᠦ᠌ ᠨᠢᠰᠭᠡᠯ ᠢ᠋ ᠡᠳᠦᠷ ᠪᠦᠷᠢ 3 ᠡᠭᠡᠯᠵᠢ ᠨᠡᠮᠡᠭᠳᠡᠭᠦᠯᠤᠨ᠂ ᠬᠥᠬᠡᠬᠣᠲᠠ ᠡᠴᠡ ᠲᠦᠩᠯᠢᠶᠣᠤ ᠬᠦᠷᠬᠦ᠌ ᠡᠭᠡᠯᠵᠢ ᠢ᠋ᠢᠨ ᠨᠢᠰᠭᠡᠯ ᠢ᠋ ᠡᠳᠦᠷ ᠪᠦᠷᠢ 2 ᠡᠭᠡᠯᠵᠢ ᠨᠡᠮᠡᠭᠳᠡᠭᠦᠯᠵᠤ᠂ ᠤᠯᠠᠭᠠᠨᠬᠣᠲᠠ ᠪᠡᠷ ᠬᠣᠨᠣᠭ᠍ᠯᠠᠬᠤ ᠭᠠᠵᠠᠷ ᠪᠣᠯᠭᠠᠨ᠂ ᠬᠥᠬᠡᠬᠣᠲᠠ᠂ ᠰᠢᠯᠢᠡᠭᠬᠤᠲᠠ᠂ ᠤᠯᠠᠭᠠᠨᠴᠠᠪ᠂ ᠲᠦᠩᠯᠢᠶᠣᠤ᠂ ᠣᠷᠳᠣᠰ᠂ ᠤᠯᠠᠭᠠᠨᠬᠠᠳᠠ᠂ ᠪᠠᠶᠠᠨᠨᠠᠭᠤᠷ ᠵᠡᠷᠭᠡ 7 ᠠᠢᠮᠠᠭ ᠬᠣᠲᠠ ᠢ᠋ᠢ ᠬᠣᠯᠪᠣᠨ ᠨᠡᠪᠲᠡᠷᠡᠭᠦᠯᠵᠦ᠍᠂ ᠣᠷᠣᠨ ᠪᠦᠰᠡ ᠢ᠋ᠢᠨ ᠬᠠᠮᠲᠤᠷᠠᠯᠴᠠᠭ᠎ᠠ ᠢ᠋ᠢ ᠭᠦᠨᠵᠡᠭᠡᠢᠷᠡᠭᠦᠯᠬᠦ᠌ ᠠᠵᠢᠯᠯᠠᠭ᠎ᠠ ᠳ᠋ᠤ ᠰᠠᠢᠲᠤᠷ ᠦᠶ᠋ᠯᠡᠴᠢᠯᠡᠵᠤ ᠪᠠᠢᠨ᠎ᠠ᠃