ᠥᠪᠥᠷ ᠮᠣᠩᠭᠣᠯ ᠤ᠋ᠨ ᠮᠦᠽᠧᠶ ᠵᠢᠨ ᠲᠠᠯ᠎ᠠ ᠨᠤᠲᠤᠭ ᠤ᠋ᠨ ᠡᠯᠴᠢ ᠭᠤᠤᠯ ᠰᠡᠳᠤᠪᠳᠤ ᠱᠢᠤᠳᠠᠨ ᠲᠣᠪᠴᠢᠶ᠎ᠠ ᠪᠠᠢᠭᠤᠯᠤᠭᠳᠠᠪᠠ
2026-04-03 13:32:34
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

 4 ᠰᠠᠷ᠎ᠠ ᠶ᠋ᠢᠨ 2 ᠤ᠋ᠨ ᠡᠳᠦᠷ ᠥᠪᠥᠷ ᠮᠣᠩᠭᠣᠯ ᠤ᠋ᠨ ᠮᠦᠽᠧᠶ ᠶ᠋ᠢᠨ ᠲᠠᠯ᠎ᠠ ᠨᠤᠲᠤᠭ ᠤ᠋ᠨ ᠡᠯᠴᠢ ᠭᠤᠤᠯ ᠰᠡᠳᠦᠪᠲᠦ ᠱᠢᠤᠳᠠᠨ ᠲᠣᠪᠴᠢᠶ᠎ᠠ ᠪᠠᠢᠭᠤᠯᠤᠭᠳᠠᠵᠦ᠂ ᠱᠢᠤᠳᠠᠨ ᠢ᠋ᠶ᠋ᠠᠷ ᠬᠣᠯᠪᠣᠭᠠᠰᠤ ᠪᠣᠯᠭᠠᠨ᠂ ᠰᠣᠶᠣᠯ ᠢ᠋ᠶ᠋ᠠᠷ ᠴᠥᠮ᠎ᠡ ᠪᠣᠯᠭᠠᠵᠤ᠂ ᠴᠠᠭ ᠬᠤᠭᠤᠴᠠᠭ᠎ᠠ ᠣᠷᠣᠨ ᠵᠠᠶ ᠵᠢ ᠠᠯᠤᠰᠯᠠᠭ᠍ᠰᠠᠨ ᠪᠣᠯᠪᠠᠰᠤᠨ ᠤ᠋ ᠬᠥᠭᠥᠷᠭᠡ ᠵᠢ ᠪᠠᠢᠭᠤᠯᠵᠤ᠂ ᠮᠢᠩᠭᠠᠨ ᠣᠨ ᠤ᠋ ᠰᠣᠶᠣᠯ ᠤ᠋ᠨ ᠰᠤᠳᠠᠰᠤ ᠵᠢ ᠤᠯᠠᠮᠵᠢᠯᠠᠨ ᠲᠠᠷᠬᠠᠭᠠᠬᠤ ᠰᠢᠨ᠎ᠠ ᠰᠠᠭᠤᠷᠢᠨ ᠢ᠋ ᠴᠤᠭᠴᠠᠯᠠᠪᠠ᠃

ᠲᠤᠰ ᠰᠢᠥᠳᠡᠨ ᠲᠤᠪᠴᠢᠶ᠎ᠠ ᠨᠢ ᠰᠣᠶᠣᠯ ᠤ᠋ᠨ ᠪᠡᠶᠡᠴᠢ ᠣᠢᠯᠠᠭᠠᠯᠲᠠ᠂ ᠰᠢᠥᠳᠡᠨ ᠬᠦᠷᠭᠡᠯᠲᠡ᠂ ᠰᠣᠶᠣᠯ ᠵᠢᠭᠤᠯᠴᠢᠯᠠᠯ ᠤ᠋ᠨ ᠠᠭᠤᠰᠤᠯᠴᠠᠯ ᠢ᠋ ᠨᠢᠭᠡ ᠴᠣᠭ᠍ᠴᠠᠵᠢᠭᠤᠯᠤᠭ᠍ᠰᠠᠨ ᠭᠤᠤᠯ ᠰᠡᠳᠦᠪᠲᠦ ᠱᠢᠤᠳᠠᠨ ᠲᠣᠪᠴᠢᠶ᠎ᠠ ᠪᠠᠢᠵᠦ᠂ ᠪᠠᠷᠢᠮᠵᠢᠶᠠᠲᠤ ᠱᠢᠦᠳᠠᠨ ᠦᠢᠯᠡᠴᠢᠯᠡᠭᠡ ᠬᠠᠩᠭᠠᠬᠤ ᠪᠠᠷ ᠪᠠᠷᠠᠬᠤ ᠦᠬᠡᠢ ᠨᠡᠩ ᠴᠤ᠌ IP ᠰᠣᠶᠣᠯ ᠤ᠋ᠨ ᠡᠭᠦᠳᠦᠯᠲᠡ᠂ ᠭᠣᠣᠯ ᠰᠡᠳᠦᠪᠲᠦ ᠱᠢᠦᠳᠠᠨ ᠤ᠋ ᠵᠦᠢᠯᠡᠰ᠂ ᠤᠨᠴᠠᠯᠢᠬ᠍ᠳᠤ ᠢᠯᠡ ᠵᠠᠬᠢᠳᠠᠯ ᠵᠡᠷᠭᠡ ᠡᠬᠢ ᠪᠠᠶᠠᠯᠢᠭ ᠢ᠋ ᠨᠡᠢᠳᠬᠡᠨ᠂ 《ᠰᠤᠳᠤᠨ ᠬᠠᠳᠠᠭᠠᠯᠠᠮᠵᠢ·ᠴᠠᠭᠠᠰᠤᠨ ᠳᠡᠭᠡᠷᠡᠬᠢ ᠮᠦᠽᠧᠢ》ᠶ᠋ᠢᠨ ᠪᠦᠳᠦᠭᠡᠬᠳᠡᠬᠦᠨ ᠳ᠋ᠡᠭᠡᠨ ᠪᠦᠷᠭᠦᠳ ᠤ᠋ᠨ ᠵᠢᠩᠰᠡᠳᠦ ᠠᠯᠲᠠᠨ ᠲᠢᠲᠢᠮ᠂ ᠪᠤᠭᠤ ᠶ᠋ᠢᠨ ᠡᠪᠡᠷᠲᠦ ᠠᠯᠲᠠᠨ ᠰᠠᠵᠢᠯᠠᠭ᠎ᠠ᠂ ᠰᠦᠩ ᠤ᠋ᠨ ᠬᠦᠯᠢᠰ ᠵᠡᠷᠭᠡ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠵᠢᠷᠤᠭ ᠳᠦᠷᠰᠦ ᠵᠢ ᠢᠯᠡ ᠵᠠᠬᠢᠳᠠᠯ ᠤ᠋ᠨ ᠬᠠᠭᠤᠳᠠᠰᠤᠨ ᠳ᠋ᠦ ᠳᠠᠷᠤᠮᠠᠯᠯᠠᠵᠦ᠂ ᠬᠠᠭᠤᠳᠠᠰᠤ ᠨᠢᠭᠡᠪᠦᠷᠢ ᠵᠢ ᠴᠥᠮ ᠢᠯᠡᠭᠡᠵᠦ᠍ ᠪᠣᠯᠬᠤ᠂ ᠨᠠᠨᠳᠢᠩᠨᠠᠨ ᠬᠠᠳᠠᠭᠠᠯᠠᠵᠤ ᠪᠣᠯᠬᠤ ᠰᠤᠶᠤᠯ ᠤ᠋ᠨ ᠪᠦᠳᠦᠭᠡᠯᠴᠢ ᠪᠥᠳᠤᠭᠡᠭᠳᠡᠬᠥᠨ ᠪᠤᠯᠭᠠᠵᠠᠢ; ᠲᠣᠭᠣᠷᠢᠨ ᠦᠵᠡᠬᠴᠢᠳ ᠤ᠋ᠨ ᠤᠷᠮ᠎ᠠ ᠪᠠᠬ᠎ᠠ ᠵᠢ ᠳᠠᠳᠠᠬᠤ ᠪᠡᠷ 《ᠨᠠᠨᠳᠢᠨ ᠳᠤᠷᠠᠰᠭᠠᠯ·ᠠᠶᠠᠯᠠᠯ ᠤ᠋ᠨ ᠲᠠᠮᠠᠭ᠎ᠠ》ᠭᠠᠷᠭᠠᠵᠦ᠂ ᠲᠤᠷᠠᠰᠬᠠᠯ ᠤ᠋ᠨ ᠳᠡᠪᠳᠡᠷ᠂ ᠳᠠᠮᠠᠭ᠎ᠠ᠂ ᠲᠤᠷᠠᠰᠬᠠᠯ ᠤ᠋ᠨ ᠺᠠᠷᠲ ᠵᠡᠷᠭᠡ ᠪᠦᠳᠦᠭᠡᠯ ᠳ᠋ᠡᠭᠡᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠡᠯᠧᠮᠧᠨ᠋ᠲ ᠪᠣᠯᠤᠨ ᠱᠢᠤᠳᠠᠨ ᠤ᠋ ᠲᠠᠮᠠᠭ᠎ᠠ ᠵᠢ ᠪᠦᠷᠢᠨ ᠲᠡᠭᠦᠯᠳᠡᠷ ᠠᠭᠤᠰᠤᠯᠴᠠᠭᠤᠯᠤᠨ᠂ ᠦᠵᠡᠭ᠌ᠴᠢᠳ ᠤ᠋ᠨ ᠳᠠᠷᠤᠭᠤᠯᠤᠭᠰᠠᠨ ᠲᠠᠮᠠᠭ᠎ᠠ ᠲᠡᠮᠳᠡᠭ ᠨᠢᠭᠡᠪᠦᠷᠢ ᠵᠢ ᠴᠥᠮ ᠪᠣᠯᠪᠠᠰᠤᠨ ᠤ᠋ ᠥᠪᠡᠷᠮᠢᠴᠡ ᠭᠡᠷᠡᠴᠢ ᠪᠠᠷᠢᠮᠲᠠ ᠪᠤᠯᠭᠠᠪᠠ;《 ᠪᠠᠯᠡᠭ ᠲᠤᠷᠠᠰᠬᠠᠯ·ᠳᠠᠯ᠎ᠠ ᠨᠤᠲᠤᠭ ᠤ᠋ᠨ ᠮᠡᠨᠳᠦᠴᠢᠯᠡᠬᠡ 》 ᠰᠢᠷᠢᠰ ᠪᠦᠳᠦᠭᠡᠭᠳᠡᠬᠦᠨ ᠳ᠋ᠡᠭᠡᠨ ᠮᠦᠽᠧᠶ ᠳ᠋ᠦ ᠬᠠᠳᠠᠭᠠᠯᠠᠵᠤ ᠪᠠᠢᠭ᠎ᠠ ᠲᠡᠦᠬᠡ ᠶ᠋ᠢᠨ ᠳᠤᠷᠠᠰᠭᠠᠯᠲᠤ ᠵᠦᠶ᠋ᠯᠡᠰ ᠬᠢᠭᠡᠳ ᠱᠢᠤᠳᠠᠨ ᠤ᠋ ᠲᠡᠮᠳᠡᠭ ᠤ᠋ᠨ ᠤᠷᠠᠯᠢᠭ ᠢ᠋ ᠤᠶᠠᠯᠳᠤᠭᠤᠯᠵᠤ᠂ ᠳᠠᠯ᠎ᠠ ᠨᠤᠲᠤᠭ ᠤ᠋ᠨ ᠦᠨᠳᠦᠰᠦᠳᠡᠨ ᠤ᠋ ᠤᠨᠴᠠᠯᠢᠭ ᠪᠤᠯᠤᠨ ᠲᠡᠥᠬᠡ ᠶ᠋ᠢᠨ ᠲᠤᠷᠠᠰᠬᠠᠯᠳᠦ ᠵᠦᠢᠯᠡᠰ ᠢ᠋ ᠰᠢᠥᠳᠡᠨ ᠳᠡᠮᠳᠡᠭ᠂ ᠰᠢᠥᠳᠡᠨ ᠲᠤᠪᠬᠢᠮᠠᠯ᠂ ᠪᠦᠳᠦᠬᠡᠯᠴᠢ ᠰᠤᠶᠤᠯ ᠤ᠋ᠨ ᠪᠦᠳᠦᠭᠡᠬᠳᠡᠬᠦᠨ᠂ ᠲᠤᠷᠠᠰᠬᠠᠯ ᠤ᠋ᠨ ᠳᠡᠮᠳᠡᠭ᠂ ᠰᠤᠶᠤᠯ ᠤ᠋ᠨ ᠳᠠᠢᠯᠤᠮᠵᠢ ᠶ᠋ᠢᠨ ᠲᠦᠷᠦᠯ ᠤ᠋ᠨ ᠰᠢᠥᠳᠡᠨ ᠪᠤᠳᠠᠰ ᠪᠤᠯᠭᠠᠨ ᠪᠦᠳᠦᠭᠡᠵᠦ᠂ ᠮᠦᠽᠧᠢ ᠶ᠋ᠢᠨ ᠦᠨᠡᠳᠦ ᠡᠷᠳᠡᠨᠢ ᠶ᠋ᠢᠨ ᠬᠡᠯᠪᠡᠷᠢ ᠲᠦᠷᠰᠦ᠂ ᠵᠢᠷᠤᠭ ᠳᠠᠷᠤᠮᠠᠯ ᠢ᠋ᠶ᠋ᠡᠷ ᠳᠠᠯ᠎ᠠ ᠨᠤᠲᠤᠭ ᠤ᠋ᠨ ᠰᠤᠶᠤᠯ ᠲᠡᠥᠬᠡ ᠵᠠᠩ ᠦᠢᠯᠡ ᠵᠢ ᠳᠡᠯᠡᠬᠡᠢ ᠳ᠋ᠠᠬᠢᠨ ᠳ᠋ᠦ ᠲᠠᠷᠬᠠᠭᠠᠬᠤ ᠵᠢ ᠵᠤᠷᠢᠵᠠᠢ᠃

ᠤᠯᠠᠭ᠎ᠠ ᠦᠷᠳᠡᠭᠡ ᠡᠴᠡ ᠤᠯᠪᠠᠭᠠᠯᠠᠨ ᠪᠤᠳᠤᠪᠠᠯ ᠰᠢᠥᠳᠡᠨ ᠤ᠋ ᠦᠢᠯᠡᠰ ᠬᠡᠳᠦᠨ ᠮᠢᠩᠭᠠᠨ ᠵᠢᠯ ᠤ᠋ᠨ ᠲᠡᠥᠬᠡ ᠲᠠᠢ ᠪᠤᠯᠵᠠᠢ᠃ ᠰᠤᠶᠤᠯ ᠲᠡᠥᠬᠡ ᠂ ᠴᠢᠮᠡᠭᠡ ᠨᠡᠪᠳᠡᠷᠡᠬᠦᠯᠬᠡ ᠶ᠋ᠢᠨ ᠭᠤᠤᠯ ᠬᠡᠯᠪᠡᠷᠢ ᠪᠤᠯᠵᠦ ᠪᠠᠢᠭᠰᠠᠨ ᠰᠢᠥᠳᠠᠨ ᠰᠢᠨ᠎ᠠ ᠴᠠᠭ ᠦᠶ᠎ᠠ ᠳ᠋ᠦ ᠰᠢᠨᠡᠳᠦᠨ ᠬᠤᠪᠢᠷᠠᠵᠦ ᠂ ᠦᠪᠡᠷ ᠤ᠋ᠨ ᠤᠨᠴᠠᠯᠢᠭ ᠳᠠᠪᠠᠭᠤᠯᠢᠭ ᠵᠢᠡᠨ ᠤᠯᠠᠮᠵᠢᠯᠠᠨ ᠬᠦᠭᠵᠢᠨ᠎ᠠ᠃ 《 ᠲᠠᠯ᠎ᠠ ᠨᠤᠲᠤᠭ ᠤ᠋ᠨ ᠡᠯᠴᠢ ᠭᠤᠤᠯ ᠰᠡᠳᠦᠪᠲᠦ ᠱᠢᠤᠳᠠᠨ ᠲᠣᠪᠴᠢᠶ᠎ᠠ ᠨᠢ ᠦᠪᠦᠷ ᠮᠤᠨᠭᠭᠤᠯ ᠤ᠋ᠨ ᠭᠦᠨ ᠵᠤᠵᠠᠭᠠᠨ ᠲᠡᠦᠬᠡ ᠰᠣᠶᠣᠯ ᠢ᠋ ᠨᠢᠳᠦᠨ ᠳ᠋ᠦ ᠦᠵᠡᠭᠳᠡᠵᠦ ᠭᠠᠷ ᠲᠦ᠍ ᠪᠠᠷᠢᠭᠳᠠᠭᠰᠠᠨ᠂ ᠢᠯᠡᠬᠡᠵᠦ ᠪᠣᠯᠬᠤ ᠂ ᠬᠠᠳᠠᠭᠠᠯᠠᠵᠦ ᠪᠤᠯᠬᠤ ᠱᠢᠤᠳᠠᠨ ᠤ᠋ ᠣᠨᠴᠠᠯᠢᠭ᠍ᠲᠤ ᠰᠣᠶᠣᠯ ᠵᠢᠭᠤᠯᠴᠢᠯᠠᠯ ᠤ᠋ᠨ ᠪᠦᠳᠦᠭᠡᠬᠳᠡᠬᠦᠨ ᠪᠣᠯᠭᠠᠨ ᠬᠤᠪᠢᠷᠠᠭᠤᠯᠪᠠ᠃ ᠪᠢᠳᠡ 〈 ᠠᠷᠠᠳ ᠤ᠋ᠨ ᠱᠢᠦᠳᠠᠨ ᠠᠷᠠᠳ ᠲᠦᠮᠡᠨ ᠤ᠋ ᠲᠥᠯᠥᠭᠡ〉ᠭᠡᠬᠦ᠌ ᠤᠬ ᠰᠠᠨᠠᠭ᠎ᠠ ᠪᠠᠨ ᠨᠠᠢᠳᠠᠪᠤᠷᠢᠵᠢᠭᠤᠯᠵᠤ ᠂ ᠨᠡᠢᠭᠡᠮ ᠪᠠ ᠠᠵᠤ ᠠᠬᠤᠢ ᠶ᠋ᠢᠨ ᠬᠤᠤᠰ ᠦᠷ᠎ᠡ ᠠᠱᠢᠭ ᠡᠬᠥᠳᠬᠥ  ᠵᠢ ᠵᠤᠷᠢᠵᠦ ᠪᠠᠢᠨ᠎ᠠ 》 ᠭᠡᠵᠦ ᠲᠤᠮᠳᠠᠳᠤ ᠤᠯᠤᠰ ᠤ᠋ᠨ ᠰᠢᠤᠳᠠᠨ ᠶᠠᠪᠤᠳᠠᠯ ᠤ᠋ᠨ ᠬᠦᠬᠡᠬᠤᠳᠠ ᠳ᠋ᠡᠬᠢ ᠬᠤᠪᠢᠶᠠᠷᠢ ᠺᠤᠮᠫᠠᠨᠢ ᠶ᠋ᠢᠨ ᠳᠡᠳ᠋ ᠶᠡᠷᠦᠩᠬᠡᠢ ᠵᠠᠬᠢᠷᠤᠯ ᠰᠦᠬᠡ ᠬᠡᠯᠡᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号