ᠤᠯᠤᠰ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠲᠣᠪᠴᠢᠶ᠎ᠠ ᠵᠡᠷᠭᠡ ᠭᠤᠷᠪᠠᠨ ᠰᠠᠯᠠᠭ᠎ᠠ ᠮᠥᠴᠢᠷ 4 ᠰᠠᠷ᠎ᠠ᠎ᠶ᠋ᠢᠨ 27 ᠤ᠋ ᠡᠳᠦᠷ 《2026 ᠣᠨ᠎ᠤ 〈5·1〉 ᠤ᠋ ᠠᠮᠠᠷᠠᠯᠲᠠ᠎ᠶ᠋ᠢᠨ ᠬᠤᠭᠤᠴᠠᠭᠠᠨ᠎ᠤ ᠤᠷᠢᠳ ᠬᠤᠵᠢᠳ ᠵᠢᠴᠢ ᠵᠣᠨ᠎ᠤ ᠤᠯᠠᠷᠢᠯ᠎ᠤᠨ ᠭᠤᠤᠯᠳᠠᠯᠭ᠎ᠠ᠎ᠲᠠᠶ ᠬᠠᠯᠳᠠᠪᠤᠷᠢᠲᠤ ᠡᠪᠡᠳᠴᠢᠨ᠎ᠢ ᠰᠡᠷᠭᠡᠢᠯᠡᠨ ᠵᠠᠰᠠᠬᠤ ᠠᠵᠢᠯ ᠢ ᠰᠠᠢᠲᠤᠷ ᠬᠢᠬᠦ᠌ ᠲᠤᠬᠠᠶ ᠮᠡᠳᠡᠭ᠌ᠳᠡᠯ》 ᠢ᠋ ᠳᠠᠷᠤᠮᠠᠯᠯᠠᠨ ᠲᠠᠷᠬᠠᠭᠠᠭ᠍ᠰᠠᠨ ᠪᠥᠭᠡᠳ ᠠᠰᠠᠭᠤᠯᠳᠠ ᠬᠠᠷᠢᠭᠤᠯᠲᠠ ᠵᠢᠨ ᠲᠠᠢᠯᠤᠮᠵᠢ ᠪᠠ ᠡᠷᠡᠭᠦᠯ ᠮᠡᠨᠳᠦ᠍᠎ᠶ᠋ᠢᠨ ᠰᠠᠨᠠᠭᠤᠯᠤᠮᠵᠢ ᠵᠢ ᠨᠡᠢᠲᠡᠯᠡᠵᠦ᠍᠂ ᠣᠯᠠᠨ ᠨᠡᠢᠲᠡ᠎ᠳᠦ ᠠᠮᠠᠷᠠᠯᠲᠠ᠎ᠶ᠋ᠢᠨ ᠬᠤᠭᠤᠴᠠᠭᠠᠨ᠎ᠳᠤ ᠭᠠᠳᠠᠭ᠍ᠰᠢ ᠭᠠᠷᠴᠤ᠌ ᠶᠠᠪᠤᠵᠤ ᠰᠠᠭᠤᠬᠤ᠎ᠳᠠᠭᠠᠨ ᠬᠤᠪᠢ ᠬᠥᠮᠦᠨ᠎ᠦ ᠰᠡᠷᠭᠡᠢᠯᠡᠯᠲᠡ ᠬᠠᠮᠠᠭᠠᠯᠠᠯᠲᠠ᠎ᠪᠠᠨ ᠰᠠᠢᠲᠤᠷ ᠬᠢᠬᠦ᠌᠎ᠶ᠋ᠢ ᠰᠠᠨᠠᠭᠤᠯᠪᠠ᠃
ᠮᠡᠳᠡᠭ᠌ᠳᠡᠯ᠎ᠳᠦ᠂ ᠣᠳᠣᠬᠠᠨ᠎ᠳᠤ᠂ ᠮᠠᠨ᠎ᠤ ᠤᠯᠤᠰ᠎ᠤᠨ ᠬᠠᠯᠳᠠᠪᠤᠷᠢᠲᠤ ᠡᠪᠡᠳᠴᠢᠨ᠎ᠦ ᠬᠢᠵᠢᠭ᠎ᠦᠨ ᠪᠠᠢᠳᠠᠯ ᠶᠡᠷᠦᠩᠬᠡᠢ᠎ᠳᠡᠭᠡᠨ ᠲᠣᠭ᠍ᠲᠠᠭᠤᠨ ᠪᠠᠢᠨ᠎ᠠ᠃ ᠲᠦᠷᠭᠡᠨ ᠴᠢᠨᠠᠷᠲᠠᠶ ᠠᠮᠢᠰᠭᠤᠯ᠎ᠤᠨ ᠵᠠᠮ᠎ᠤᠨ ᠬᠠᠯᠳᠠᠪᠤᠷᠢᠲᠤ ᠡᠪᠡᠳᠴᠢᠨ ᠨᠢᠭᠡᠨᠲᠡ ᠨᠡᠯᠢᠶᠡᠳ ᠳᠤᠤᠷ᠎ᠠ ᠲᠠᠷᠬᠠᠨ ᠲᠡᠯᠭᠡᠷᠡᠬᠦ ᠲᠦᠪᠱᠢᠨ᠎ᠳᠦ ᠣᠷᠣᠵᠠᠶ᠃ ᠱᠢᠪᠠᠵᠢᠪᠠᠷ ᠳᠠᠮᠵᠢᠭ᠍ᠳᠠᠬᠤ ᠬᠠᠯᠳᠠᠪᠤᠷᠢᠲᠤ ᠡᠪᠡᠳᠴᠢᠨ ᠪᠠ ᠬᠥᠮᠦᠨ ᠮᠠᠯ᠎ᠳᠤ ᠪᠦᠷ ᠲᠤᠰᠳᠠᠭ ᠡᠪᠡᠳᠴᠢᠨ ᠵᠠᠯᠭᠠᠭ᠎ᠠ᠎ᠪᠠᠷ ᠲᠠᠷᠬᠠᠨ ᠳᠡᠯᠭᠡᠷᠡᠬᠦ᠌ ᠤᠯᠠᠷᠢᠯ᠎ᠳᠤ ᠣᠷᠣᠪᠠ᠃ ᠵᠤᠨ᠎ᠤ ᠤᠯᠠᠷᠢᠯ᠎ᠳᠤ ᠭᠡᠳᠡᠰᠦᠨ᠎ᠦ ᠬᠠᠯᠳᠠᠪᠤᠷᠢᠲᠤ ᠡᠪᠡᠳᠴᠢᠨ ᠤᠯᠠᠨ ᠡᠭᠦᠰᠳᠡᠭ᠃ ᠱᠢᠯᠦᠬᠡᠢ ᠡᠪᠡᠳᠴᠢᠨ᠂ ᠬᠥᠮᠦᠨ᠎ᠳᠦ ᠬᠠᠯᠳᠠᠪᠤᠷᠢᠯᠠᠬᠤ ᠱᠢᠨ᠎ᠡ ᠳᠡᠳ᠋ ᠬᠡᠯᠪᠡᠷᠢ᠎ᠶ᠋ᠢᠨ ᠬᠠᠯᠳᠠᠪᠤᠷᠢᠲᠤ ᠲᠠᠭ᠍ᠰᠢᠭᠤᠷ᠂ ᠰᠠᠮᠵᠠᠨ ᠡᠰᠡᠷᠭᠡᠨ᠎ᠠ ᠵᠡᠷᠭᠡ ᠨᠢᠭᠡᠨᠲᠡ ᠪᠦᠬᠦ᠌ ᠪᠥᠮᠪᠥᠷᠴᠡᠭ᠎ᠲᠤ ᠣᠷᠣᠨ ᠪᠦᠰᠡ ᠠᠯᠤᠰᠯᠠᠨ ᠲᠠᠷᠬᠠᠵᠤ᠂ ᠬᠢᠯᠢ᠎ᠶ᠋ᠢᠨ ᠭᠠᠳᠠᠨ᠎ᠠ᠎ᠡᠴᠡ ᠮᠠᠨ᠎ᠤ ᠤᠯᠤᠰ᠎ᠲᠤ ᠬᠢᠵᠢᠭ ᠬᠠᠯᠳᠠᠪᠤᠷᠢᠯᠠᠨ ᠣᠷᠣᠵᠤ ᠢᠷᠡᠬᠦ᠌ ᠠᠶᠤᠯ ᠲᠦᠭ᠌ᠰᠢᠭᠦᠷᠢ ᠨᠡᠮᠡᠭ᠌ᠳᠡᠵᠦ᠍ ᠪᠠᠢᠨ᠎ᠠ᠃
ᠲᠠᠢᠯᠤᠮᠵᠢ᠎ᠶᠢ ᠦᠨᠳᠦᠰᠦᠯᠡᠪᠡᠯ᠂ ᠪᠦᠬᠦᠯᠢ ᠴᠣᠭ᠍ᠴᠠ᠎ᠡᠴᠡ ᠨᠢ ᠠᠪᠴᠤ᠌ ᠦᠵᠡᠪᠡᠯ᠂ ᠡᠯ᠎ᠡ ᠵᠦᠶ᠋ᠯ᠎ᠦᠨ ᠰᠡᠷᠭᠡᠢᠯᠡᠨ ᠵᠠᠰᠠᠬᠤ ᠠᠷᠭ᠎ᠠ ᠬᠡᠮᠵᠢᠶ᠎ᠡ᠎ᠶ᠋ᠢ ᠦᠷᠭᠦᠯᠵᠢᠯᠡᠨ ᠰᠠᠢᠲᠤᠷ ᠨᠠᠢᠳᠠᠪᠤᠷᠢᠵᠢᠭᠤᠯᠤᠭ᠍ᠰᠠᠨ ᠰᠠᠭᠤᠷᠢᠨ ᠳᠡᠭᠡᠷ᠎ᠡ᠂《5·1》 ᠤ᠋ ᠠᠮᠠᠷᠠᠯᠲᠠ᠎ᠶ᠋ᠢᠨ ᠤᠷᠢᠳ ᠬᠤᠵᠢᠳ ᠵᠢᠴᠢ ᠵᠣᠨ᠎ᠤ ᠤᠯᠠᠷᠢᠯ᠎ᠤᠨ ᠪᠥᠬᠥ᠌ ᠤᠯᠤᠰ᠎ᠤᠨ ᠬᠢᠵᠢᠭ᠎ᠦᠨ ᠪᠠᠢᠳᠠᠯ᠎ᠢ ᠶᠡᠷᠦᠩᠬᠡᠶ᠎ᠳᠡᠭᠡᠨ ᠲᠣᠭ᠍ᠲᠠᠭᠤᠨ ᠡᠵᠡᠮᠳᠡᠵᠦ᠍ ᠪᠣᠯᠤᠨ᠎ᠠ᠃
《5·1》 ᠤ᠋ ᠠᠮᠠᠷᠠᠯᠲᠠ᠎ᠶ᠋ᠢᠨ ᠬᠤᠭᠤᠴᠠᠭᠠᠨ ᠳ᠋ᠤ ᠬᠦᠮᠦᠨ ᠬᠠᠷ᠎ᠠ ᠵᠢᠨ ᠱᠢᠯᠵᠢᠯᠲᠡ ᠪᠠ ᠴᠤᠭ᠍ᠯᠠᠭᠠᠨᠬᠢᠵᠤ ᠬᠠᠮᠳᠤ ᠬᠣᠭᠣᠯᠠᠯᠠᠬᠤ ᠠᠵᠢᠯᠯᠠᠭ᠎ᠠ ᠣᠯᠠᠱᠢᠷᠠᠬᠤ ᠪᠤᠯᠤᠨ᠎ᠠ᠃ ᠤᠯᠤᠰ᠎ᠤᠨ ᠡᠪᠡᠳᠴᠢᠨ ᠡᠮᠭᠡᠭ᠎ᠢ ᠰᠡᠷᠭᠡᠢᠯᠡᠨ ᠡᠵᠡᠮᠳᠡᠬᠦ᠌ ᠲᠣᠪᠴᠢᠶ᠎ᠠ᠎ᠡᠴᠡ ᠣᠯᠠᠨ ᠨᠡᠢᠲᠡ᠎ᠳᠦ ᠭᠠᠳᠠᠭ᠍ᠰᠢ ᠭᠠᠷᠴᠤ ᠶᠠᠪᠤᠵᠤ ᠰᠠᠭᠤᠬᠤ᠎ᠡᠴᠡ ᠪᠡᠨ ᠡᠮᠦᠨ᠎ᠡ᠂ ᠵᠣᠷᠢᠭ᠍ᠰᠠᠨ ᠭᠠᠵᠠᠷ᠎ᠤᠨ ᠬᠠᠯᠳᠠᠪᠤᠷᠢᠲᠤ ᠡᠪᠡᠳᠴᠢᠨ᠎ᠦ ᠬᠢᠵᠢᠭ᠎ᠦᠨ ᠪᠠᠢᠳᠠᠯ ᠪᠣᠯᠤᠨ ᠬᠤᠯᠪᠤᠬᠳᠠᠯ ᠪᠥᠬᠥᠶ ᠰᠠᠯᠠᠭ᠎ᠠ ᠮᠥᠴᠢᠷ᠎ᠦᠨ ᠨᠡᠢᠲᠡᠯᠡᠭ᠌ᠰᠡᠨ ᠰᠡᠷᠭᠡᠢᠯᠡᠨ ᠡᠵᠡᠮᠳᠡᠬᠦ᠌ ᠮᠡᠳᠡᠭᠡ ᠵᠠᠩᠭᠢ᠎ᠶ᠋ᠢᠨ ᠰᠠᠨᠠᠭᠤᠯᠤᠮᠵᠢ᠎ᠶ᠋ᠢ ᠨᠢᠭ᠍ᠲᠠ ᠠᠩᠬᠠᠷᠴᠤ᠌᠂ ᠤᠷᠢᠳᠴᠢᠯᠠᠨ ᠰᠠᠢᠲᠤᠷ ᠰᠡᠷᠭᠡᠢᠯᠡᠵᠦ᠍᠂ ᠭᠠᠳᠠᠭ᠍ᠰᠢ ᠭᠠᠷᠴᠤ ᠶᠠᠪᠤᠵᠤ ᠰᠠᠭᠤᠬᠤ ᠲᠥᠯᠥᠪᠯᠡᠭᠡ᠎ᠪᠡᠨ ᠵᠣᠬᠢᠰᠲᠠᠶ ᠲᠣᠬᠢᠷᠠᠭᠤᠯᠬᠤ ᠬᠡᠷᠡᠭ᠌ᠲᠡᠶ᠃ ᠭᠠᠳᠠᠭ᠍ᠰᠢ ᠭᠠᠷᠬᠤ ᠡᠴᠡ ᠡᠮᠦᠨ᠎ᠡ᠂ ᠪᠤᠴᠠᠵᠤ ᠢᠷᠡᠭ᠌ᠰᠡᠨ᠎ᠦ ᠳᠠᠷᠠᠭ᠎ᠠ ᠥᠪᠡᠷ᠎ᠦᠨ ᠡᠷᠡᠭᠦᠯ ᠮᠡᠨᠳᠦ᠍᠎ᠶ᠋ᠢᠨ ᠪᠠᠢᠴᠠᠭᠠᠯᠲᠠ᠎ᠪᠠᠨ ᠰᠠᠢᠲᠤᠷ ᠬᠢᠵᠦ᠍᠂ ᠪᠤᠴᠠᠵᠤ ᠢᠷᠡᠭ᠌ᠰᠡᠨ᠎ᠦ ᠳᠠᠷᠠᠭ᠎ᠠ ᠬᠡᠪ᠎ᠦᠨ ᠪᠤᠰᠤ ᠡᠪᠡᠳᠴᠢᠨ᠎ᠦ ᠪᠠᠢᠳᠠᠯ ᠢᠯᠡᠷᠡᠪᠡᠯ ᠴᠠᠭ ᠲᠤᠬᠠᠶ᠎ᠳᠤᠨᠢ ᠡᠮᠨᠡᠭᠦᠯᠬᠦ᠌᠎ᠶ᠋ᠢᠨ ᠵᠡᠷᠭᠡ ᠪᠡᠷ᠂ ᠡᠮᠨᠡᠯᠭᠡ᠎ᠶ᠋ᠢᠨ ᠠᠵᠢᠯᠲᠠᠨ᠎ᠳᠤ ᠣᠢᠷ᠎ᠠ᠎ᠶ᠋ᠢᠨ ᠬᠤᠭᠤᠴᠠᠭᠠᠨ᠎ᠤ ᠵᠢᠭᠤᠯᠴᠢᠯᠠᠯ᠎ᠤᠨ ᠲᠡᠦᠬᠡ ᠪᠠ ᠠᠮᠢᠲᠠᠨ᠎ᠲᠠᠶ ᠣᠢᠷᠠᠲᠤᠭ᠍ᠰᠠᠨ ᠲᠡᠦᠬᠡ ᠵᠡᠷᠭᠡ᠎ᠶ᠋ᠢ ᠮᠡᠳᠡᠭ᠌ᠳᠡᠬᠦ᠌ ᠬᠡᠷᠡᠭ᠌ᠲᠡᠶ ᠭᠡᠵᠤ ᠰᠠᠨᠠᠭᠤᠯᠪᠠ᠃
ᠡᠭᠦᠨ᠎ᠡᠴᠡ ᠭᠠᠳᠠᠨ᠎ᠠ᠂ ᠠᠶᠠᠨ ᠵᠠᠮ᠎ᠳᠠᠭᠠᠨ ᠪᠠᠲᠠᠭᠠᠨ᠎ᠠ᠎ᠡᠴᠡ ᠰᠡᠷᠭᠡᠢᠯᠡᠬᠦ᠌᠂ ᠬᠤᠪᠢᠯᠵᠠ ᠵᠠᠭᠤᠬᠤ ᠡᠴᠡ ᠰᠡᠷᠭᠡᠢᠯᠡᠬᠦ᠌᠂ ᠬᠢᠵᠢᠭ᠎ᠦᠨ ᠡᠬᠢ ᠡᠬᠦᠰᠤᠯ ᠤ᠋ᠨ ᠠᠮᠢᠲᠠᠨ ᠵᠢᠴᠢ ᠦᠶ᠋ᠯᠡᠳᠬᠦᠨ᠎ᠲᠡᠶ ᠥᠯᠥ᠍ ᠬᠦᠷᠦᠯᠴᠡᠬᠦ᠌ ᠵᠡᠷᠭᠡ ᠰᠡᠷᠭᠡᠢᠯᠡᠨ ᠬᠠᠮᠠᠭᠠᠯᠠᠬᠤ ᠠᠷᠭ᠎ᠠ ᠬᠡᠮᠵᠢᠶ᠎ᠡ᠎ᠶ᠋ᠢ ᠰᠠᠢᠲᠤᠷ ᠬᠢᠵᠦ᠍᠂ ᠢᠳᠡᠭᠡᠨ ᠤᠮᠳᠠᠭᠠᠨ ᠤᠤᠭᠤᠬᠤ ᠤᠰᠤᠨ᠎ᠤ ᠡᠷᠡᠭᠦᠯ ᠬᠠᠮᠠᠭᠠᠯᠠᠯ᠎ᠢ ᠠᠩᠬᠠᠷᠬᠤ ᠬᠡᠷᠡᠭ᠌ᠲᠡᠶ᠃ ᠬᠡᠷᠪᠡ ᠬᠠᠯᠠᠭᠤᠷᠠᠬᠤ᠂ ᠬᠠᠨᠢᠶᠠᠬᠤ᠂ ᠰᠠᠭᠤᠯᠭᠠᠬᠤ ᠵᠡᠷᠭᠡ ᠱᠢᠨᠵᠢ ᠲᠡᠮᠳᠡᠭ ᠢᠯᠡᠷᠡᠪᠡᠯ᠂ ᠵᠢᠭᠤᠯᠴᠢᠯᠠᠬᠤ᠎ᠪᠠᠨ ᠵᠣᠭ᠍ᠰᠣᠬᠤ᠎ᠶ᠋ᠢᠨ ᠵᠡᠷᠭᠡ ᠪᠡᠷ ᠴᠠᠭ ᠲᠤᠬᠠᠢᠳᠤᠨᠢ ᠡᠮᠨᠡᠭᠦᠯᠬᠦ᠌ ᠬᠡᠷᠡᠭ᠌ᠲᠡᠢ᠃
ᠮᠡᠳᠡᠭ᠌ᠳᠡᠯ᠎ᠳᠦ᠂ ᠡᠯ᠎ᠡ ᠭᠠᠵᠠᠷ᠎ᠤᠨ᠎ᠬᠢᠨ ᠬᠠᠯᠳᠠᠪᠤᠷᠢᠲᠤ ᠡᠪᠡᠳᠴᠢᠨ ᠭᠠᠳᠠᠨ᠎ᠠ᠎ᠡᠴᠡ ᠬᠠᠯᠳᠠᠪᠤᠷᠢᠯᠠᠨ ᠣᠷᠣᠵᠤ ᠢᠷᠡᠬᠦ᠌᠎ᠶ᠋ᠢ ᠰᠡᠷᠭᠡᠢᠯᠡᠬᠦ᠌ ᠠᠵᠢᠯ᠎ᠢ ᠴᠢᠩᠭᠠᠳᠭᠠᠵᠤ᠂ ᠪᠣᠭᠣᠮᠲᠠ ᠵᠡᠷᠭᠡ ᠰᠠᠯᠠᠭ᠎ᠠ ᠮᠥᠴᠢᠷ᠎ᠯᠤᠭᠡ ᠬᠠᠮᠲᠤᠷᠠᠨ ᠪᠣᠭᠣᠮᠲᠠ᠎ᠶ᠋ᠢᠨ ᠬᠢᠵᠢᠭ᠎ᠦᠨ ᠪᠠᠢᠳᠠᠯ᠎ᠢ ᠬᠠᠮᠵᠢᠯᠴᠠᠨ ᠱᠢᠶ᠋ᠳᠪᠦᠷᠢᠯᠡᠬᠦ᠌ ᠠᠵᠢᠯ᠎ᠢ ᠰᠠᠢᠲᠤᠷ ᠬᠢᠬᠦ᠌ ᠬᠡᠷᠡᠭ᠌ᠲᠡᠶ; ᠬᠢᠨᠠᠨ ᠬᠡᠮᠵᠢᠵᠦ᠍ ᠤᠷᠢᠳᠴᠢᠯᠠᠨ ᠰᠡᠷᠡᠮᠵᠢᠯᠡᠭᠦᠯᠬᠦ᠌ ᠪᠠ ᠵᠠᠳᠠᠯᠵᠤ ᠰᠤᠳᠤᠯᠤᠨ ᠮᠠᠭᠠᠳᠯᠠᠬᠤ᠎ᠶ᠋ᠢ ᠴᠢᠩᠭᠠᠳᠭᠠᠬᠤ ᠭᠡᠷᠡᠭᠳᠠᠢ; ᠭᠤᠤᠯᠳᠠᠯᠭ᠎ᠠ᠎ᠲᠠᠶ ᠭᠣᠭ᠍ᠴᠣᠭ᠎ᠠ᠎ᠶ᠋ᠢᠨ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌᠎ᠶ᠋ᠢ ᠴᠢᠩᠭᠠᠳᠭᠠᠵᠤ᠂ ᠰᠤᠷᠭᠠᠨ ᠬᠥᠮᠦᠵᠢᠯ᠂ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠯᠦᠭᠡ ᠬᠢᠵᠢᠭ᠎ᠦᠨ ᠪᠠᠢᠳᠠᠯ᠎ᠤᠨ ᠠᠶᠤᠯ ᠲᠦᠭ᠌ᠰᠢᠭᠦᠷᠢ᠎ᠶ᠋ᠢ 《ᠬᠤᠤᠰ ᠵᠠᠷᠯᠠᠨ ᠮᠡᠳᠡᠭ᠌ᠳᠡᠬᠦ᠌》 ᠲᠣᠭ᠍ᠲᠠᠴᠠ᠎ᠶ᠋ᠢ ᠪᠠᠢᠭᠤᠯᠬᠤ ᠭᠡᠷᠡᠭᠳᠠᠢ; ᠸᠠᠺᠼᠢᠨ᠎ᠤ ᠲᠠᠷᠢᠯᠭ᠎ᠠ ᠪᠠ ᠡᠮᠴᠢᠯᠡᠭᠡᠨ᠎ᠦ ᠠᠪᠤᠷᠠᠨ ᠵᠠᠰᠠᠬᠤ ᠠᠵᠢᠯ᠎ᠢ ᠴᠢᠩᠭᠠᠳᠭᠠᠵᠤ᠂ ᠭᠡᠳᠡᠰᠦᠨ᠎ᠦ ᠡᠭᠦᠳᠡᠨ ᠡᠮᠨᠡᠯᠭᠡ᠎ᠶ᠋ᠢ ᠨᠡᠭᠡᠭᠡᠬᠦ ᠶᠤᠰᠤᠳᠠᠢ ᠵᠢ ᠨᠢ ᠴᠥᠮ ᠨᠡᠭᠡᠭᠡᠬᠦ᠌ ᠬᠡᠷᠡᠭ᠌ᠲᠡᠶ; ᠤᠯᠤᠰ᠎ᠢᠶᠠᠨ ᠬᠠᠢᠷᠠᠯᠠᠬᠤ ᠡᠷᠡᠭᠦᠯ ᠬᠠᠮᠠᠭᠠᠯᠠᠯ᠎ᠤᠨ ᠬᠥᠳᠡᠯᠭᠡᠭᠡᠨ᠎ᠢ ᠪᠠᠢᠩᠭᠤᠵᠢᠭᠤᠯᠤᠨ ᠥᠷᠨᠢᠭᠦᠯᠵᠦ᠍᠂ ᠭᠠᠵᠠᠷ ᠣᠷᠣᠨ ᠴᠠᠭ ᠬᠤᠭᠤᠴᠠᠭ᠎ᠠ᠎ᠳᠤᠨᠢ ᠲᠤᠬᠢᠷᠠᠭᠤᠯᠤᠨ ᠡᠪᠡᠳᠴᠢᠨ᠎ᠦ ᠵᠠᠭᠤᠴᠢ ᠠᠮᠢᠳᠤ ᠪᠣᠳᠠᠰ᠎ᠢ ᠠᠷᠢᠭᠤᠳᠭᠠᠬᠤ ᠡᠵᠡᠮᠳᠡᠬᠦ᠌ ᠡᠷᠴᠢᠮ᠎ᠢᠶᠡᠨ ᠴᠢᠩᠭᠠᠷᠠᠭᠤᠯᠬᠤ ᠭᠡᠷᠡᠭᠳᠠᠢ ᠵᠡᠷᠭᠡ ᠪᠣᠯᠤᠨ᠎ᠠ᠃ ᠡᠯ᠎ᠡ ᠭᠠᠵᠠᠷ᠎ᠤᠨ᠎ᠬᠢᠨ《5·1》 ᠤ᠋ ᠠᠮᠠᠷᠠᠯᠲᠠ᠎ᠶ᠋ᠢᠨ ᠬᠤᠭᠤᠴᠠᠭᠠᠨ᠎ᠳ᠋ᠡᠬᠢ ᠵᠢᠵᠢᠭᠦᠷᠯᠡᠨ ᠰᠠᠬᠢᠬᠤ ᠠᠵᠢᠯ᠎ᠢ ᠰᠠᠢᠲᠤᠷ ᠬᠢᠵᠦ᠍᠂ ᠰᠡᠷᠭᠡᠢᠯᠡᠨ ᠡᠵᠡᠮᠳᠡᠬᠦ᠌ ᠠᠵᠢᠯ᠎ᠢ ᠰᠤᠯᠠᠷᠠᠭᠤᠯᠤᠯ ᠥᠬᠡᠶ᠂ ᠲᠠᠰᠤᠯᠳᠠᠯ ᠥᠬᠡᠶ ᠠᠳᠬᠤᠬᠤ ᠵᠢ ᠦᠨᠡᠨ ᠬᠦ᠌ ᠪᠠᠲᠤᠯᠠᠵᠤ᠂ ᠠᠷᠠᠳ ᠣᠯᠠᠨ᠎ᠤ ᠠᠮᠢ ᠨᠠᠰᠤᠨ᠎ᠤ ᠠᠮᠤᠷ ᠲᠦᠪᠱᠢᠨ ᠪᠠ ᠪᠡᠶ᠎ᠡ ᠮᠠᠬᠠᠪᠣᠳ᠎ᠤᠨ ᠡᠷᠡᠭᠦᠯ ᠮᠡᠨᠳᠦ᠍᠎ᠶ᠋ᠢ ᠦᠨᠡᠨ ᠬᠦ᠌ ᠪᠠᠲᠤᠯᠠᠬᠤ ᠬᠡᠷᠡᠭ᠌ᠲᠡᠶ ᠭᠡᠵᠤ ᠱᠠᠭᠠᠷᠳᠠᠪᠠ᠃
(ᠱᠢᠨᠬᠤᠸᠠ ᠬᠣᠷᠢᠶ᠎ᠠ ᠵᠢᠨ ᠪᠡᠭᠡᠵᠢᠩ᠎ᠦᠨ 4 ᠰᠠᠷ᠎ᠠ᠎ᠶ᠋ᠢᠨ 28 ᠤ᠋ ᠴᠠᠬᠢᠯᠭᠠᠨ ᠮᠡᠳᠡᠭᠡ)