ᠬᠠᠳᠤᠨ ᠭᠤᠤᠯ ᠤ᠋ᠨ ᠦᠪᠦᠷ ᠮᠤᠡᠭᠭᠤᠯ ᠳ᠋ᠡᠬᠢ ᠬᠡᠰᠡᠭ ᠲᠦ᠍ ᠵᠢᠭᠠᠰᠤ ᠠᠡᠭᠨᠠᠬᠤ ᠵᠢ ᠴᠠᠭᠠᠵᠠᠯᠠᠵᠤ ᠡᠬᠢᠯᠡᠪᠡ
2026-04-04 11:26:39
ᠵᠣᠬᠢᠶᠠᠭ᠍ᠴᠢ᠄
ᠸ·ᠭᠡᠷᠡᠯᠳᠤ ᠼᠠᠢ ᠬᠤᠡᠭ
ᠣᠩᠱᠢᠭ᠍ᠰᠠᠨ ᠣᠳᠠᠭ᠎ᠠ᠄
★★★☆☆

4 ᠰᠠᠷ᠎ᠠ ᠵᠢᠨ 1᠎ᠦ ᠡᠳᠦᠷ᠂ ᠪᠤᠭᠤᠲᠤ ᠬᠤᠳᠠ ᠵᠢᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠳᠤᠰᠬᠤᠨ ᠮᠠᠯᠵᠢᠬᠤ ᠤᠷᠤᠨ᠎ᠦ ᠲᠤᠪᠴᠢᠶ᠎ᠠ ᠵᠢᠨ ᠬᠢᠨ ᠬᠠᠳᠤᠨ ᠭᠤᠤᠯ᠎ᠤᠨ ᠪᠤᠭᠤᠲᠤ ᠵᠢᠨ ᠬᠡᠰᠡᠭ ᠳᠡᠬᠢ ᠭᠤᠤᠯᠳᠠᠯᠭ᠎ᠠ ᠲᠠᠢ ᠤᠰᠤᠨ ᠤᠷᠤᠨ ᠳ᠋ᠤ 2026 ᠤᠨ᠎ᠦ ᠬᠠᠳᠤᠨ ᠭᠤᠤᠯ᠎ᠤᠨ ᠪᠤᠭᠤᠳᠤ ᠵᠢᠨ ᠬᠡᠰᠡᠭ ᠳᠡᠬᠢ ᠵᠢᠭᠠᠰᠤ ᠠᠩᠨᠠᠬᠤ ᠵᠢ ᠴᠠᠭᠠᠵᠠᠯᠠᠬᠤ ᠴᠠᠭ ᠬᠤᠭᠤᠴᠠᠭ᠎ᠠ ᠵᠢᠨ ᠲᠦᠪᠯᠡᠷᠡᠭᠦᠯᠦᠭᠰᠡᠨ ᠤᠬᠠᠭᠤᠯᠭ᠎ᠠ ᠵᠢᠴᠢ ᠬᠤᠯᠪᠤᠭᠠᠯᠠᠨ ᠬᠠᠤᠯᠢ ᠬᠡᠷᠡᠭᠵᠢᠬᠦᠯᠬᠦ ᠠᠵᠢᠯᠯᠠᠭ᠎ᠠ ᠦᠷᠨᠢᠬᠦᠯᠦᠭᠰᠡᠨ ᠪᠠᠢᠨ᠎ᠠ᠃

ᠤᠢᠯᠠᠭᠠᠭᠰᠠᠨ ᠵᠢᠠᠷ᠂ ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠡᠭᠬᠢᠮ ᠲᠦᠷᠦᠬᠦᠬᠡᠨ 《2026 ᠤᠨ ᠤ᠋ ᠵᠢᠭᠠᠰᠤ ᠠᠡᠭᠨᠠᠬᠤ ᠬᠤᠷᠢᠭᠠᠲᠠᠢ ᠬᠤᠭᠤᠴᠠᠭ᠎ᠠ ᠪᠠ ᠵᠢᠭᠠᠰᠤ ᠠᠡᠭᠨᠠᠬᠤ ᠬᠤᠷᠢᠭᠠᠲᠠᠢ ᠤᠷᠤᠨ ᠤ᠋ ᠵᠢᠭᠠᠰᠤᠨ ᠤ᠋ ᠶᠠᠪᠤᠳᠠᠯ ᠤ᠋ᠨ ᠬᠠᠮᠢᠶᠠᠷᠤᠯᠲᠠ ᠶ᠋ᠢᠨ ᠠᠯᠪᠠᠨ ᠵᠠᠷ》 ᠨᠠᠢᠲᠡᠯᠡᠵᠦ᠂ ᠪᠦᠬᠦ ᠤᠷᠤᠨ ᠤ᠋ ᠵᠢᠭᠠᠰᠤᠨ ᠎ᠤ ᠠᠵᠤ ᠠᠬᠤᠢ ᠶ᠋ᠢᠨ ᠤᠰᠤᠨ ᠤᠷᠤᠨ ᠤ᠋ ᠵᠢᠭᠠᠰᠤ ᠠᠡᠭᠨᠠᠬᠤ ᠵᠢ ᠴᠠᠭᠠᠵᠠᠯᠠᠬᠤ ᠴᠠᠭ ᠬᠤᠭᠤᠴᠠᠭ᠎ᠠ ᠪᠠ ᠬᠠᠮᠢᠶᠠᠷᠤᠯᠲᠠ ᠶ᠋ᠢᠨ ᠱᠠᠭᠠᠷᠳᠠᠯᠭ᠎ᠠ ᠵᠢ ᠲᠤᠳᠤᠷᠬᠠᠢᠯᠠᠵᠠᠢ᠃ ᠬᠠᠮᠢᠶ᠎ᠠ ᠪᠦᠬᠦᠢ ᠭᠠᠵᠠᠷ ᠤ᠋ᠨ ᠬᠢᠨ ᠡᠨᠡ ᠬᠦ᠌ ᠠᠯᠪᠠᠨ ᠵᠠᠷ ᠶᠤᠰᠤᠭᠠᠷ 4 ᠰᠠᠷ᠎ᠠ ᠵᠢᠨ 1 ᠤ᠋ ᠡᠳᠤᠷ ᠡᠴᠡ ᠬᠠᠳᠤᠨ ᠭᠤᠤᠯ ᠤ᠋ᠨ ᠦᠪᠦᠷ ᠮᠤᠡᠭᠭᠤᠯ ᠳ᠋ᠡᠬᠢ ᠬᠡᠰᠡᠭ ᠲᠦ᠍ ᠵᠢᠭᠠᠰᠤ ᠠᠡᠭᠨᠠᠬᠤ ᠵᠢ ᠴᠠᠭᠠᠵᠠᠯᠠᠵᠤ ᠡᠬᠢᠯᠡᠪᠡ᠃

ᠲᠤᠰ ᠠᠯᠪᠠᠨ ᠵᠠᠷ ᠲᠦ᠍ ᠲᠤᠭᠳᠠᠭᠠᠭᠰᠠᠨ ᠵᠢᠡᠷ᠂ ᠦᠪᠦᠷ ᠮᠤᠡᠭᠭᠤᠯ ᠤ᠋ᠨ ᠬᠢᠯᠢ ᠲᠤᠳᠤᠷᠠᠬᠢ ᠭᠤᠤᠯ ᠮᠦᠷᠡᠨ᠂ ᠨᠠᠭᠤᠷ ᠴᠦᠬᠦᠷᠤᠮ ᠵᠢᠴᠢ ᠪᠠᠭᠲᠠᠭᠠᠮᠵᠢ ᠨᠢ 1000 ᠲᠦᠮᠡᠨ ᠪᠤᠰᠤᠭ᠎ᠠ ᠲᠡᠭᠰᠢ ᠳᠦᠷᠪᠡᠯᠵᠢᠨ ᠮᠸᠲᠷ ᠢ᠋ ᠳᠠᠪᠠᠭᠰᠠᠨ ᠳᠤᠮᠤ ᠳᠤᠮᠳᠠ ᠬᠡᠯᠪᠡᠷᠢ ᠶ᠋ᠢᠨ ᠤᠰᠤᠨ ᠴᠦᠬᠦᠷᠤᠮ ᠳ᠋ᠤ 5 ᠰᠠᠷ᠎ᠠ ᠶ᠋ᠢᠨ 1 ᠤ᠋ ᠡᠳᠦᠷ ᠡᠴᠡ 7 ᠰᠠᠷ᠎ᠠ ᠶ᠋ᠢᠨ 31 ᠤ᠋ ᠡᠳᠦᠷ ᠪᠤᠯᠲᠠᠯ᠎ᠠ ᠵᠢᠭᠠᠰᠤ ᠠᠡᠭᠨᠠᠬᠤ ᠵᠢ ᠴᠠᠭᠠᠵᠠᠯᠠᠵᠤ᠂ ᠪᠠᠢᠭᠠᠯᠢ ᠵᠢᠨ ᠤᠰᠤᠨ ᠤᠷᠤᠨ ᠤ᠋ ᠵᠢᠭᠠᠰᠤᠨ ᠤ᠋ ᠲᠦᠷᠦᠯ ᠤ᠋ᠨ ᠦᠨᠳᠡᠭᠡᠯᠡᠬᠦ ᠲᠠᠯᠠᠪᠠᠢ ᠪᠤᠯᠤᠨ ᠨᠡᠭᠦᠳᠡᠯᠯᠡᠬᠦ ᠭᠤᠤᠯ ᠤ᠋ᠨ ᠵᠠᠮ ᠢ᠋ ᠵᠢᠯ ᠲᠤᠷᠰᠢ ᠪᠡᠷ ᠵᠢᠭᠠᠰᠤ ᠠᠡᠭᠨᠠᠬᠤ ᠬᠤᠷᠢᠭᠠᠲᠠᠢ ᠤᠷᠤᠨ ᠶ᠋ᠢᠡᠷ ᠵᠠᠭᠠᠭᠯᠠᠨ ᠲᠤᠭᠲᠠᠭᠠᠪᠠ᠃ ᠡᠭᠦᠨ ᠳ᠋ᠦ ᠬᠠᠳᠤᠨ ᠭᠤᠤᠯ ᠤ᠋ᠨ ᠦᠪᠦᠷ ᠮᠤᠡᠭᠭᠤᠯ ᠳ᠋ᠡᠬᠢ ᠬᠡᠰᠡᠭ ᠤ᠋ᠨ ᠬᠠᠮᠢᠶᠠᠷᠤᠯᠲᠠ ᠶ᠋ᠢᠨ ᠡᠷᠴᠢᠮ ᠨᠡᠡᠭ ᠴᠢᠡᠭᠭ᠎ᠠ ᠪᠠᠢᠵᠤ᠂ 4 ᠰᠠᠷ᠎ᠠ ᠶ᠋ᠢᠨ 1 ᠤ᠋ ᠡᠳᠦᠷ ᠡᠴᠡ 7 ᠰᠠᠷ᠎ᠠ ᠶ᠋ᠢᠨ 31 ᠤ᠋ ᠡᠳᠦᠷ ᠪᠤᠯᠲᠠᠯ᠎ᠠ ᠵᠢᠭᠠᠰᠤ ᠠᠡᠭᠨᠠᠬᠤ ᠵᠢ ᠴᠠᠭᠠᠵᠠᠯᠠᠨ᠂ ᠬᠠᠳᠤᠨ ᠭᠤᠤᠯ ᠤ᠋ᠨ ᠭᠤᠤᠯ ᠤᠷᠤᠰᠬᠠᠯ ᠤ᠋ᠨ ᠦᠪᠦᠷ ᠮᠤᠡᠭᠭᠤᠯ ᠳ᠋ᠡᠬᠢ ᠬᠡᠰᠡᠭ᠂ ᠨᠢᠭᠡᠳᠦᠭᠡᠷ ᠳᠡᠰ ᠤ᠋ᠨ ᠰᠠᠯᠪᠤᠷᠢ ᠤᠷᠤᠰᠬᠠᠯ ᠵᠢᠴᠢ ᠬᠠᠷᠢᠶ᠎ᠠ ᠤᠷᠤᠨ ᠤ᠋ ᠨᠠᠭᠤᠷ ᠴᠦᠬᠦᠷᠤᠮ᠂ ᠳᠤᠮᠤ ᠳᠤᠮᠳᠠ ᠬᠡᠯᠪᠡᠷᠢ ᠶ᠋ᠢᠨ ᠤᠰᠤᠨ ᠴᠦᠬᠦᠷᠤᠮ ᠵᠡᠷᠭᠡ ᠪᠦᠬᠦ ᠤᠰᠤᠨ ᠤᠷᠤᠨ ᠢ᠋ ᠬᠠᠮᠤᠷᠴᠠᠢ᠃

ᠤᠢᠯᠠᠭᠠᠭᠰᠠᠨ ᠶ᠋ᠢᠡᠷ᠂ ᠮᠠᠨ ᠤ᠋ ᠤᠷᠤᠨ ᠵᠢᠭᠠᠰᠤ ᠠᠩᠨᠠᠬᠤ ᠬᠣᠷᠢᠭᠠᠲᠠᠶ ᠣᠷᠣᠨ ᠳ᠋ᠤ ᠰᠡᠯᠡᠭᠦᠴᠡᠨ ᠵᠢᠭᠠᠰᠤ ᠭᠥᠬᠢᠳᠡᠬᠦ᠌ ᠡᠴᠡ ᠭᠠᠳᠠᠨᠠᠬᠢ ᠪᠤᠢ ᠪᠦᠭᠦᠢ ᠠᠩᠨᠠᠵᠤ ᠱᠦᠭᠦᠬᠦ᠌ ᠠᠵᠢᠯᠯᠠᠭ᠎ᠠ ᠶ᠋ᠢ ᠴᠠᠭᠠᠵᠠᠯᠠᠵᠤ᠂ ᠬᠠᠤᠯᠢ ᠪᠤᠰᠤ ᠪᠠᠷ ᠠᠩᠨᠠᠵᠤ ᠱᠦᠭᠦᠭ᠌ᠰᠡᠨ ᠵᠢᠭᠠᠰᠤᠨ ᠤ᠋ ᠵᠦᠢᠯ ᠢ᠋ ᠬᠤᠳᠠᠯᠳᠤᠨ ᠠᠪᠬᠤ᠂ ᠲᠡᠭᠡᠭᠡᠪᠦᠷᠢᠯᠡᠬᠦ᠌᠂ ᠨᠦᠬᠡᠴᠡᠯᠡᠬᠦ ᠪᠠ ᠪᠣᠷᠣᠯᠠᠭᠤᠯᠬᠤ ᠶ᠋ᠢ ᠴᠢᠩᠭ᠎ᠠ ᠴᠠᠭᠠᠵᠠᠯᠠᠨ᠎ᠠ; ᠵᠢᠭᠠᠨ ᠰᠤᠷᠭᠠᠯᠲᠠ ᠱᠢᠨᠵᠢᠯᠡᠬᠦ᠌ ᠤᠬᠠᠭᠠᠨ ᠤ᠋ ᠰᠤᠳᠤᠯᠭᠠᠨ ᠦᠷᠨᠢᠭᠦᠯᠬᠦ᠂ ᠲᠡᠵᠢᠭᠡᠵᠦ᠍ ᠦᠷᠡᠵᠢᠭᠦᠯᠬᠦ᠌ ᠵᠡᠷᠭᠡ ᠤᠨᠴᠠᠭᠠᠢ ᠬᠡᠷᠡᠭ᠌ᠴᠡᠭᠡ᠎ᠡᠴᠡ ᠪᠣᠯᠵᠤ ᠠᠩᠨᠠᠵᠤ ᠱᠦᠭᠦᠬᠦ᠌᠎ᠳᠦ ᠬᠦᠷᠪᠡᠯ ᠡᠷᠬᠡᠪᠰᠢ ᠥᠪᠡᠷᠲᠡᠭᠡᠨ ᠵᠠᠰᠠᠬᠤ ᠣᠷᠣᠨ ᠤ᠋ ᠲᠠᠷᠢᠶᠠᠯᠠᠩ ᠮᠠᠯ ᠠᠵᠤ ᠠᠬᠤᠶ᠎ᠪᠠ ᠬᠦᠳᠡᠭᠡ ᠲᠤᠰᠬᠤᠨ ᠮᠠᠯᠵᠢᠬᠤ ᠤᠷᠤᠨ ᠤ᠋ ᠲᠢᠩᠬᠢᠮ ᠤ᠋ᠨ ᠬᠢᠨᠠᠨ ᠵᠦᠪᠰᠢᠶᠡᠷᠡᠯ ᠢ᠋ ᠤᠯᠬᠤ ᠬᠡᠷᠡᠭᠲᠡᠢ; ᠡᠯ᠎ᠡ ᠱᠠᠲᠤᠨ ᠤ᠋ ᠵᠢᠭᠠᠰᠤᠨ ᠎ᠤ ᠠᠵᠤ ᠠᠬᠤᠶ ᠶ᠋ᠢᠨ ᠵᠠᠰᠠᠭ ᠵᠠᠬᠢᠷᠭᠠᠨ ᠤ᠋ ᠭᠣᠣᠯᠯᠠᠨ ᠬᠠᠮᠢᠶᠠᠷᠬᠤ ᠰᠠᠯᠠᠭ᠎ᠠ ᠮᠥᠴᠢᠷ᠂ ᠲᠠᠷᠢᠶᠠᠯᠠᠩ ᠮᠠᠯ ᠠᠵᠤ ᠠᠬᠤᠶ ᠶ᠋ᠢᠨ ᠶᠡᠷᠦᠩᠬᠡᠢᠯᠡᠭ᠌ᠰᠡᠨ ᠬᠠᠤᠯᠢ ᠬᠡᠷᠡᠭ᠌ᠵᠢᠭᠦᠯᠬᠦ᠌ ᠪᠠᠢᠭᠤᠯᠤᠮᠵᠢ ᠨᠢ ᠳᠣᠲᠣᠭᠠᠳᠤ᠎ᠶ᠋ᠢ ᠬᠠᠮᠠᠭᠠᠯᠠᠬᠤ᠂ ᠪᠠᠢᠭᠠᠯᠢ ᠶ᠋ᠢᠨ ᠡᠬᠢ ᠪᠠᠶᠠᠯᠢᠭ᠂ ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠵᠡᠷᠭᠡ ᠰᠠᠯᠠᠭ᠎ᠠ ᠮᠥᠴᠢᠷ ᠲᠡᠶ ᠬᠠᠮᠲᠤᠷᠠᠵᠤ ᠪᠠᠢᠭᠠᠳ ᠴᠠᠬᠢᠯᠭᠠᠨ ᠵᠢᠡᠷ ᠵᠢᠭᠠᠰᠤ ᠠᠩᠨᠠᠬᠤ᠂ ᠬᠣᠣᠷ ᠬᠠᠶᠠᠬᠤ ᠪᠠ ᠳᠡᠯᠪᠡᠴᠢᠬᠦ᠌ ᠬᠡᠯᠪᠡᠷᠢ ᠪᠡᠷ ᠵᠢᠭᠠᠰᠤ ᠠᠩᠨᠠᠬᠤ ᠵᠢᠴᠢ ᠳᠤᠷ᠎ᠠ ᠪᠡᠷ ᠶ᠋ᠢᠡᠨ ᠠᠩᠨᠠᠵᠤ ᠱᠦᠭᠦᠬᠦ᠌ ᠵᠡᠷᠭᠡ ᠬᠠᠤᠯᠢ ᠡᠴᠡ ᠵᠥᠷᠢᠴᠡᠭ᠌ᠰᠡᠨ ᠦᠢᠯᠡ ᠠᠵᠢᠯᠯᠠᠭ᠎ᠠ ᠳ᠋ᠦ ᠴᠢᠩᠭ᠎ᠠ ᠴᠣᠬᠢᠯᠲᠠ ᠥᠭ᠌ᠴᠦ᠂ ᠲᠣᠭ᠍ᠲᠠᠭᠠᠯ ᠡᠴᠡ ᠵᠥᠷᠢᠴᠡᠭ᠌ᠰᠡᠳ ᠢ᠋ ᠬᠠᠤᠯᠢ ᠶᠣᠰᠣᠭᠠᠷ ᠱᠢᠶ᠋ᠳᠪᠦᠷᠢᠯᠡᠵᠦ᠍᠂ ᠶᠠᠯ᠎ᠠ ᠳ᠋ᠤ ᠬᠤᠯᠪᠤᠭᠳᠠᠭᠰᠠᠨ ᠪᠣᠯ ᠬᠠᠤᠯᠢ ᠴᠠᠭᠠᠵᠠ ᠶ᠋ᠢᠨ ᠪᠠᠢᠭᠤᠯᠭ᠎ᠠ ᠳ᠋ᠦ ᠱᠢᠯᠵᠢᠭᠦᠯᠦᠨ ᠬᠦᠷᠭᠡᠵᠦ᠍ ᠡᠷᠡᠭᠦᠦ᠍ ᠶ᠋ᠢᠨ ᠬᠠᠷᠢᠭᠤᠴᠠᠯᠭ᠎ᠠ ᠨᠡᠬᠡᠮᠵᠢᠯᠡᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号