ᠠᠭᠤᠤ ᠭᠠᠪᠢᠶ᠎ᠠ ᠠᠤᠭ᠎ᠠ ᠵᠢᠳᠬᠦᠯ ᠢ᠋ ᠨᠢ ᠳᠤᠷᠠᠰᠤᠨ ᠰᠠᠨᠠᠭᠠᠯᠵᠠᠵᠤ ᠰᠢᠨ᠎ᠠ ᠠᠶᠠᠨ ᠳ᠋ᠠᠭᠠᠨ ᠡᠷᠡᠮᠡᠬᠡᠢᠯᠡᠨ ᠤᠷᠤᠭᠰᠢᠯᠠᠨ᠎ᠠ
2026-04-05 10:45:10
ᠵᠣᠬᠢᠶᠠᠭ᠍ᠴᠢ᠄
ᠵᠧᠩ ᠰᠢᠤᠸᠠᠢ ᠯᠢᠶᠠᠩ ᠯᠢᠶᠠᠩ ᠯᠢᠶᠠᠩ ᠯᠢ ᠰᠢᠤᠸᠠᠢ ᠶᠤᠤ ᠪᠠᠶᠠᠰᠭᠤᠯᠠᠩ ᠬᠠᠢ ᠵᠢᠶᠦᠢ᠍ᠨ ᠲᠡᠬᠦᠰᠪᠢᠯᠢᠭ ᠬᠤᠤ ᠪᠢᠶᠤᠤ ᠰᠦᠩ ᠠ ᠨᠠᠨ ᠭᠤᠤ ᠮᠢᠨ ᠨᠠ ᠯᠢ ᠵᠢᠶᠠ ᠢᠤᠢ ᠪᠤᠶᠠᠡᠡᠨᠡᠷᠢᠯ ᠯᠢᠦ ᠬᠤᠩ ᠵᠠᠩ ᠵᠤᠤ ᠮᠢᠨ
ᠣᠩᠱᠢᠭ᠍ᠰᠠᠨ ᠣᠳᠠᠭ᠎ᠠ᠄
★★★☆☆

— ᠮᠠᠨ᠎ᠤ ᠣᠷᠣᠨ᠎ᠤ ᠡᠯ᠎ᠡ ᠭᠠᠵᠠᠷ᠎ᠤᠨ ᠥᠷᠭᠡᠨ ᠣᠯᠠᠨ ᠺᠠᠳ᠋ᠷ ᠣᠯᠠᠨ ᠲᠦᠮᠡᠨ ᠣᠯᠠᠨ ᠬᠡᠯᠪᠡᠷᠢ᠎ᠪᠡᠷ ᠦᠷᠡᠭ᠌ᠳᠡᠭ᠌ᠰᠡᠨ ᠪᠠᠭᠠᠲᠤᠷᠴᠤᠳ ᠵᠢᠡᠨ ᠳᠤᠷᠠᠰᠤᠨ ᠰᠠᠨᠠᠭᠠᠯᠵᠠᠪᠠ


ᠬᠠᠩᠰᠢ᠎ᠶ᠋ᠢᠨ ᠡᠳᠦᠷ ᠬᠦᠷᠴᠦ᠍ ᠢᠷᠡᠬᠦ᠌ ᠪᠡᠷ᠂ ᠮᠠᠨ᠎ᠤ ᠣᠷᠣᠨ᠎ᠤ ᠡᠯ᠎ᠡ ᠭᠠᠵᠠᠷ᠎ᠤᠨ ᠥᠷᠭᠡᠨ ᠤᠯᠠᠨ ᠺᠠᠳ᠋ᠷ ᠤᠯᠠᠨ ᠲᠦᠮᠡᠨ ᠪᠢᠱᠢᠷᠡᠨ ᠬᠦᠨᠳᠦᠳᠭᠡᠬᠦ᠌ ᠪᠠ ᠳᠤᠷᠠᠰᠤᠨ ᠰᠠᠨᠠᠭᠠᠯᠵᠠᠬᠤ ᠰᠡᠳᠭᠢᠯᠭᠡ᠎ᠶ᠋ᠢ ᠡᠪᠦᠷᠯᠡᠨ᠂ ᠤᠯᠠᠨ ᠬᠡᠯᠪᠡᠷᠢ᠎ᠪᠡᠷ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠵᠤ᠂ ᠬᠤᠪᠢᠰᠭᠠᠯ᠎ᠤᠨ ᠠᠬᠠᠮᠠᠳ ᠦᠶ᠎ᠡ᠎ᠶ᠋ᠢᠨ ᠬᠢᠨ᠎ᠦ ᠠᠭᠤᠤ ᠭᠠᠪᠢᠶ᠎ᠠ ᠠᠤᠭ᠎ᠠ ᠵᠢᠳᠬᠦᠯ᠎ᠢ ᠳᠤᠷᠠᠰᠤᠨ ᠰᠠᠨᠠᠭᠠᠯᠵᠠᠵᠤ᠂ ᠱᠢᠨ᠎ᠡ ᠠᠶᠠᠨ᠎ᠳᠠᠭᠠᠨ ᠡᠷᠡᠮᠡᠬᠡᠢᠯᠡᠨ ᠤᠷᠤᠭ᠍ᠰᠢᠯᠠᠬᠤ ᠵᠣᠷᠢᠭ ᠰᠠᠨᠠᠭᠠᠨ᠎ᠤ ᠬᠦᠴᠦᠨ ᠴᠢᠳᠠᠯ᠎ᠢ ᠤᠯᠪᠠ᠃

ᠬᠠᠩᠰᠢ᠎ᠶ᠋ᠢᠨ ᠡᠳᠦᠷ ᠭᠠᠱᠢᠭᠤᠳᠠᠬᠤ ᠰᠡᠳᠭᠢᠯᠭᠡ᠎ᠪᠡᠨ ᠢᠯᠡᠳᠭᠡᠵᠦ᠍ ᠱᠢᠳᠤᠷᠭᠤ ᠰᠦᠨᠡᠰᠦ᠎ᠶᠢ ᠰᠡᠳᠭᠢᠯ ᠳ᠋ᠡᠭᠡᠨ ᠪᠠᠳᠤ ᠴᠡᠭᠡᠵᠢᠯᠡᠨ᠎ᠠ

4 ᠰᠠᠷ᠎ᠠ᠎ᠶ᠋ᠢᠨ 2 ᠤ᠋ᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ᠎ᠤ ᠣᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢᠨ ᠠᠯᠪᠠᠨ ᠬᠡᠷ ᠡᠴᠨ ᠵᠢᠯᠤᠭᠤᠳᠤᠨ ᠡᠷᠬᠢᠯᠡᠵᠤ᠂ ᠬᠥᠬᠡᠬᠣᠲᠠ᠎ᠶ᠋ᠢᠨ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠂ ᠬᠣᠲᠠ᠎ᠶ᠋ᠢᠨ ᠣᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢᠨ ᠠᠯᠪᠠᠨ ᠬᠡᠷ ᠡᠴᠨ ᠭᠤᠤᠯᠯᠠᠨ ᠡᠷᠭᠢᠯᠡᠭ᠌ᠰᠡᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2026 ᠣᠨ᠎ᠤ 《ᠪᠢᠳᠡᠨ ᠤ᠋ ᠳᠤᠷᠠᠰᠬᠠᠯ ᠤ᠋ᠨ ᠡᠳᠦᠷ᠂ ᠬᠠᠩᠰᠢ》᠎ᠵᠢᠨ ᠭᠤᠤᠯ ᠲᠠᠯᠠᠪᠤᠷ᠎ᠤᠨ ᠰᠣᠶᠣᠯ᠎ᠤᠨ ᠠᠵᠢᠯᠯᠠᠭ᠎ᠠ ᠬᠥᠬᠡᠬᠣᠲᠠ᠎ᠶ᠋ᠢᠨ ᠴᠢᠩ ᠴᠸᠩ ᠴᠡᠴᠡᠷᠯᠢᠭ᠎ᠲᠦ ᠶᠠᠪᠤᠭ᠍ᠳᠠᠪᠠ᠃ 4 ᠰᠠᠷ᠎ᠠ᠎ᠶ᠋ᠢᠨ 3 ᠤ᠋ ᠡᠳᠦᠷ᠂ 《 2026 · ᠬᠠᠩᠰᠢ᠎ᠶ᠋ᠢᠨ ᠡᠳᠦᠷ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠬᠤ》 ᠠᠵᠢᠯᠯᠠᠭ᠎ᠠ ᠬᠥᠬᠡᠬᠣᠲᠠ᠎ᠶ᠋ᠢᠨ ᠳᠠᠯᠠᠨ ᠬᠠᠷ᠎ᠠ ᠠᠭᠤᠯᠠ᠎ᠶ᠋ᠢᠨ ᠬᠤᠪᠢᠰᠭᠠᠯ ᠤ᠋ᠨ ᠰᠣᠶᠣᠯ᠎ᠤᠨ ᠴᠡᠴᠡᠷᠯᠢᠭ᠎ᠲᠦ ᠶᠠᠪᠤᠭ᠍ᠳᠠᠪᠠ᠃ ᠡᠳᠡᠭᠡᠷ ᠠᠵᠢᠯᠯᠠᠭ᠎ᠠ ᠳ᠋ᠤ ᠥᠷᠭᠡᠨ ᠣᠯᠠᠨ ᠬᠣᠲᠠ᠎ᠶ᠋ᠢᠨ ᠠᠷᠠᠳ ᠢᠳᠡᠪᠬᠢᠲᠡᠶ ᠣᠷᠣᠯᠴᠠᠵᠠᠶ᠃ ᠣᠯᠠᠨ᠎ᠢᠶᠠᠷ᠎ᠢᠶᠠᠨ᠂ ᠲᠥᠪ ᠶᠡᠬᠡᠮᠰᠦᠭ ᠳᠤᠷᠠᠰᠭᠠᠬᠤ ᠶᠣᠰᠣᠯᠠᠯ᠂ ᠭᠣᠢᠳᠠ ᠰᠠᠢᠬᠠᠨ ᠤᠷᠠᠨ ᠰᠠᠢᠬᠠᠨ᠎ᠤ ᠲᠣᠭ᠍ᠯᠠᠯᠲᠠ ᠪᠠ ᠡᠯᠪᠡᠭ ᠪᠠᠶᠠᠯᠢᠭ ᠬᠤᠷᠰᠢᠯ ᠠᠵᠢᠯᠯᠠᠭ᠎ᠠ ᠪᠡᠷ ᠳᠠᠮᠵᠢᠨ᠂ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ ᠵᠢᠡᠨ ᠬᠦᠨ ᠮᠥᠷᠥᠭᠡᠳᠦᠭ᠌ᠰᠡᠨ᠎ᠢᠶᠡᠷ ᠪᠠᠷᠠᠬᠤ ᠥᠬᠡᠶ ᠭᠦᠨᠵᠡᠭᠡᠢ ᠪᠡᠶᠡᠴᠢᠯᠡᠨ ᠤᠢᠯᠠᠭᠠᠬᠤ ᠪᠡᠷ ᠳᠠᠮᠵᠢᠨ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠥᠪᠡᠷᠮᠢᠴᠡ ᠷᠢᠳᠢ ᠱᠢᠳᠢ᠎ᠶ᠋ᠢ ᠮᠡᠳᠡᠷᠡᠵᠡᠶ ᠭᠡᠵᠤ ᠢᠯᠡᠳᠭᠡᠵᠡᠭᠡᠪᠡ᠃

ᠬᠥᠯᠥᠨ ᠪᠣᠢᠷ ᠬᠣᠲᠠ᠎ᠶ᠋ᠢᠨ ᠨᠠᠮ᠎ᠤᠨ ᠬᠣᠷᠢᠶ᠎ᠠ᠎ᠶ᠋ᠢᠨ ᠱᠢᠭᠤᠳ ᠬᠠᠷᠢᠶ᠎ᠠ ᠪᠠᠢᠭᠤᠯᠭ᠎ᠠ᠎ᠶ᠋ᠢᠨ ᠠᠵᠢᠯ᠎ᠤᠨ ᠬᠤᠷᠢᠶ᠎ᠠ ᠬᠣᠲᠠ᠎ᠶ᠋ᠢᠨ ᠴᠡᠷᠢᠭ ᠤ᠋ᠨ ᠠᠯᠪᠠ ᠡᠴᠡ ᠬᠠᠯᠠᠭ᠍ᠳᠠᠭ᠍ᠰᠠᠳ᠎ᠤᠨ ᠶᠠᠪᠤᠳᠠᠯ᠎ᠤᠨ ᠲᠣᠪᠴᠢᠶ᠎ᠠ᠎ᠲᠠᠶ ᠬᠠᠮᠲᠤᠷᠠᠨ ᠬᠥᠯᠥᠨ ᠪᠣᠢᠷ ᠬᠣᠲᠠ᠎ᠶ᠋ᠢᠨ ᠠᠷᠠᠳ᠎ᠤᠨ ᠦᠷᠡᠭ᠌ᠳᠡᠭ᠌ᠰᠡᠨ ᠪᠠᠭᠠᠲᠤᠷᠴᠤᠳ ᠤ᠋ᠨ ᠳᠤᠷᠠᠰᠬᠠᠯ ᠤ᠋ᠨ ᠠᠭᠤᠳᠠᠮ ᠲᠠᠯᠠᠪᠠᠶ᠎ᠳᠤ 《 2026 · ᠬᠠᠩᠰᠢ᠎ᠶ᠋ᠢᠨ ᠡᠳᠦᠷ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠬᠤ》 ᠭᠤᠤᠯ ᠰᠡᠳᠦᠪᠲᠦ ᠤᠬᠠᠭᠤᠯᠭ᠎ᠠ ᠬᠥᠮᠦᠵᠢᠯ᠎ᠦᠨ ᠠᠵᠢᠯᠯᠠᠭ᠎ᠠ ᠥᠷᠨᠢᠭᠦᠯᠪᠡ᠃ ᠠᠬᠠᠮᠠᠳ ᠢᠷᠠᠭᠤ ᠠᠯᠳᠠᠷᠲᠤ ᠴᠡᠷᠢᠭ᠂ ᠦᠷᠡᠭ᠌ᠳᠡᠭ᠌ᠰᠡᠨ ᠪᠠᠭᠠᠲᠤᠷᠴᠤᠳ᠎ᠤᠨ ᠭᠡᠷ ᠪᠦᠯᠢ ᠵᠢᠨ ᠬᠢᠨ᠂ ᠴᠡᠷᠢᠭ ᠴᠠᠭ᠍ᠳᠠᠭ᠎ᠠ᠂ ᠴᠡᠷᠢᠭ ᠤ᠋ᠨ ᠠᠯᠪᠠ ᠡᠴᠡ ᠬᠠᠯᠠᠭ᠍ᠳᠠᠭ᠍ᠰᠠᠳ᠂ ᠺᠠᠳ᠋ᠷ ᠠᠵᠢᠯᠳᠠᠨ ᠠᠵᠢᠯᠴᠢᠨ ᠪᠣᠯᠤᠨ ᠰᠤᠷᠤᠭ᠍ᠴᠢᠳ ᠨᠡᠢ᠌ᠳᠡ 800 ᠬᠥᠮᠦᠨ ᠲᠡᠷᠢ ᠲᠡᠭ᠌ᠰᠢ ᠵᠢᠭ᠍ᠰᠠᠵᠤ᠂ ᠡᠷᠬᠢᠮ ᠳᠡᠭᠡᠳᠦ ᠬᠦᠨᠳᠦᠳᠭᠡᠯ᠎ᠢ ᠡᠪᠦᠷᠯᠡᠨ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠢ᠎ᠡ ᠵᠢᠨ ᠡᠮᠦᠨ᠎ᠠ ᠲᠥᠪ ᠵᠣᠭ᠍ᠰᠣᠨ ᠨᠠᠮᠠᠨᠴᠢᠯᠠᠨ ᠭᠠᠱᠢᠭᠤᠳᠠᠵᠤ᠂ ᠰᠣᠷᠭᠣᠭ ᠴᠡᠴᠡᠭ ᠬᠦᠷᠭᠡᠵᠦ᠍᠂ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ ᠵᠢᠡᠨ ᠭᠦᠨ ᠳᠤᠷᠠᠰᠤᠨ ᠰᠠᠨᠠᠭᠠᠯᠵᠠᠪᠠ᠃ ᠬᠣᠲᠠ᠎ᠶ᠋ᠢᠨ ᠬᠥᠮᠦᠨ᠎ᠦ ᠬᠦᠴᠦᠨ᠎ᠦ ᠡᠬᠢ ᠪᠠᠶᠠᠯᠢᠭ ᠪᠠ ᠨᠡᠢᠭᠡᠮ᠎ᠦᠨ ᠪᠠᠲᠤᠯᠠᠭ᠎ᠠ᠎ᠶ᠋ᠢᠨ ᠲᠣᠪᠴᠢᠶ᠎ᠠ᠎ᠶ᠋ᠢᠨ ᠪᠠᠢᠭᠤᠯᠭ᠎ᠠ᠎ᠶ᠋ᠢᠨ ᠨᠠᠮ᠎ᠤᠨ ᠬᠣᠷᠢᠶ᠎ᠠ ᠵᠢᠨ ᠠᠵᠢᠯᠲᠠᠨ ᠭᠤᠤ ᠮᠢᠩ ᠶᠤᠸᠠᠢ᠂ ᠳᠤᠷᠠᠰᠤᠨ ᠰᠠᠨᠠᠭᠠᠯᠵᠠᠬᠤ ᠬᠠᠢᠷ᠎ᠠ ᠰᠡᠳᠭᠢᠯᠭᠡ᠎ᠪᠡᠨ ᠠᠵᠢᠯ᠎ᠤᠨ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠵᠤ᠂ ᠬᠤᠪᠢᠰᠭᠠᠯᠳᠤ ᠤᠳᠤᠮᠱᠢᠯ᠎ᠢ ᠤᠯᠠᠮᠵᠢᠯᠠᠨ ᠵᠠᠯᠭᠠᠮᠵᠢᠯᠠᠵᠤ᠂ ᠣᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠦᠶ᠋ᠯᠡᠳᠦᠯᠭᠡᠵᠢᠭᠦᠯᠦᠨ᠎ᠡ ᠭᠡᠵᠤ ᠢᠯᠡᠳᠭᠡᠵᠠᠢ᠃

ᠤᠯᠠᠭᠠᠨᠬᠠᠳᠠ ᠬᠤᠳᠠ᠎ᠶ᠋ᠢᠨ ᠠᠤᠬᠠᠨ ᠬᠣᠱᠢᠭᠤᠨ᠎ᠤ ᠱᠢᠨ ᠬᠤᠢ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠂ ᠠᠤᠬᠠᠨ ᠬᠣᠱᠢᠭᠤᠨ᠎ᠤ ᠵᠢᠶᠠᠨ ᠴᠢᠶᠣᠤ ᠳᠤᠮᠳᠠᠳᠤ ᠰᠤᠷᠭᠠᠭᠤᠯᠢ᠎ᠳᠤ ᠬᠠᠩᠰᠢ᠎ᠶ᠋ᠢᠨ ᠡᠳᠦᠷ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠵᠢᠡᠨ ᠳᠤᠷᠠᠰᠭᠠᠬᠤ ᠠᠵᠢᠯᠯᠠᠭ᠎ᠠ ᠥᠷᠨᠢᠭᠦᠯᠪᠡ᠃ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠢ᠎ᠡ᠎ᠶ᠋ᠢᠨ ᠡᠮᠦᠨ᠎ᠡ᠂ ᠪᠠᠭ᠍ᠰᠢ ᠰᠤᠷᠤᠭ᠍ᠴᠢᠳ᠎ᠤᠨ ᠲᠥᠯᠥᠭᠡᠯᠡᠭ᠌ᠴᠢ ᠲᠥᠪ ᠬᠢᠴᠢᠶᠡᠩᠭᠦᠢᠯᠡᠨ ᠵᠣᠭ᠍ᠰᠣᠵᠤ᠂ ᠤᠯᠤᠰ᠎ᠤᠨ ᠰᠦᠯᠳᠡ ᠳᠠᠭᠤᠤ᠎ᠶ᠋ᠢ ᠬᠠᠩᠭᠢᠨᠠᠲᠠᠯ᠎ᠠ ᠳᠠᠭᠤᠯᠠᠵᠤ᠂ ᠦᠷᠡᠭ᠌ᠳᠡᠭ᠌ᠰᠡᠨ ᠪᠠᠭᠠᠲᠤᠷᠴᠤᠳ᠎ᠵᠢᠡᠨ ᠭᠦᠨ ᠳᠤᠷᠠᠰᠤᠨ ᠰᠠᠨᠠᠭᠠᠯᠵᠠᠵᠤ ᠪᠠᠢᠬᠤ᠎ᠪᠠᠨ ᠢᠯᠡᠳᠭᠡᠪᠡ᠃ ᠲᠠᠷᠠᠭ᠎ᠠ ᠨᠢ᠂ ᠪᠦᠬᠦ᠌ ᠬᠥᠮᠦᠰ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠢ᠎ᠡ᠎ᠳᠦ ᠨᠠᠮᠠᠨᠴᠢᠯᠠᠨ ᠶᠣᠰᠣᠯᠠᠵᠤ᠂ ᠰᠣᠷᠭᠣᠭ ᠴᠡᠴᠡᠭ ᠬᠦᠷᠭᠡᠪᠡ᠃ ᠪᠠᠭ᠍ᠰᠢ ᠰᠤᠷᠤᠭ᠍ᠴᠢᠳ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠶᠡᠨ᠎ᠦ ᠡᠷᠬᠢᠨ ᠲᠣᠭᠣᠷᠢᠨ᠎ᠢ ᠨᠠᠷᠢᠨ ᠬᠢᠨᠠᠮᠠᠭᠠᠢ ᠴᠡᠪᠡᠷᠯᠡᠵᠦ᠍᠂ ᠬᠥᠱᠢᠶᠡᠨ᠎ᠦ ᠰᠠᠭᠤᠳᠠᠯ᠎ᠢ ᠠᠷᠴᠢᠵᠤ᠂ ᠦᠷᠡᠭ᠌ᠳᠡᠭ᠌ᠰᠡᠨ ᠪᠠᠭᠠᠲᠤᠷᠴᠤᠳ᠎ᠲᠤ ᠡᠷᠬᠢᠮ ᠳᠡᠭᠡᠳᠦ ᠬᠦᠨᠳᠦᠳᠭᠡᠯ ᠳᠡᠪᠱᠢᠭᠦᠯᠪᠡ᠃ 《ᠦᠷᠡᠭ᠌ᠳᠡᠭ᠌ᠰᠡᠨ ᠪᠠᠭᠠᠲᠤᠷᠴᠤᠳ ᠠᠮᠢ ᠨᠠᠰᠤ᠎ᠪᠠᠷ᠎ᠢᠶᠠᠨ ᠪᠢᠳᠠᠨ ᠤ᠋ ᠥᠨᠥᠳᠦᠷ᠎ᠦᠨ ᠵᠣᠯ ᠵᠢᠷᠭᠠᠯᠲᠤ ᠠᠮᠢᠳᠤᠷᠠᠯ᠎ᠢ ᠰᠣᠯᠢᠵᠤ ᠠᠪᠴᠢᠷᠠᠪᠠ᠃ ᠪᠢᠳᠡ ᠯᠠᠪᠲᠠᠶ ᠲᠡᠦᠬᠡ᠎ᠪᠡᠨ ᠪᠠᠲᠤ ᠴᠡᠭᠡᠵᠢᠯᠡᠵᠦ᠍᠂ ᠴᠢᠷᠮᠠᠢᠨ ᠰᠤᠷᠤᠯᠴᠠᠵᠤ᠂ ᠦᠭᠡᠯᠡᠢ ᠪᠣᠯᠤᠭ᠍ᠰᠠᠨ᠎ᠤ ᠳᠠᠷᠠᠭ᠎ᠠ ᠡᠬᠡ ᠤᠯᠤᠰ᠎ᠲᠠᠭᠠᠨ ᠬᠦᠴᠦ᠍᠎ᠪᠡᠨ ᠡᠷᠭᠦᠨ᠎ᠡ》 ᠭᠡᠵᠤ ᠰᠤᠷᠤᠭ᠍ᠴᠢ ᠰᠦᠨ ᠴᠢ ᠷᠦᠢ ᠬᠡᠯᠡᠪᠡ᠃

4 ᠰᠠᠷ᠎ᠠ᠎ᠶ᠋ᠢᠨ 3 ᠎ᠤ᠋ ᠦᠳᠡ᠎ᠶ᠋ᠢᠨ ᠡᠮᠦᠨ᠎ᠡ᠂ ᠱᠢᠯᠢᠩᠬᠣᠲᠠ᠎ᠶ᠋ᠢᠨ ᠡᠯ᠎ᠡ ᠳᠤᠮᠳᠠᠳᠤ ᠰᠤᠷᠭᠠᠭᠤᠯᠢ᠎ᠶ᠋ᠢᠨ ᠰᠤᠷᠤᠭ᠍ᠴᠢᠳ ᠨᠢᠭᠡᠳᠦᠯᠲᠡᠶ ᠰᠤᠷᠭᠠᠭᠤᠯᠢ᠎ᠶ᠋ᠢᠨ ᠬᠤᠪᠴᠠᠰᠤ ᠪᠡᠨ ᠡᠮᠦᠰᠴᠦ᠍᠂ ᠭᠠᠷ᠎ᠲᠠᠭᠠᠨ ᠲᠣᠭ ᠠᠳᠭᠤᠵᠤ᠂ ᠪᠠᠭ᠍ᠰᠢ᠎ᠶ᠋ᠢᠨ ᠵᠢᠡᠨ ᠳᠠᠭᠠᠭᠤᠯᠭ᠎ᠠ ᠳᠤᠤᠷ᠎ᠠ ᠱᠢᠯᠢᠩᠬᠣᠲᠠ᠎ᠶ᠋ᠢᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ ᠵᠦᠭ ᠶᠠᠪᠠᠭᠠᠨ᠎ᠢᠶᠠᠷ ᠵᠠᠮᠨᠠᠪᠠ᠃ ᠡᠩᠨᠡᠭᠡ ᠬᠦᠷᠴᠦ᠍ ᠢᠷᠡᠭ᠌ᠰᠡᠨ᠎ᠦ ᠳᠠᠷᠠᠭ᠎ᠠ᠂ ᠡᠯ᠎ᠡ ᠵᠢᠬᠰᠠᠭᠠᠯ ᠤ᠋ᠨ ᠡᠨᠭᠨᠡᠭᠡ ᠨᠠᠮ ᠵᠢᠮ ᠵᠣᠭ᠍ᠰᠣᠵᠤ᠂ ᠰᠦᠷ ᠵᠢᠪᠬᠤᠯᠠᠩᠲᠤ ᠤᠯᠤᠰ᠎ᠤᠨ ᠰᠦᠯᠳᠡ ᠳᠠᠭᠤᠤ ᠪᠤᠩᠬᠤᠨ᠎ᠤ ᠬᠦᠷᠢᠶᠡᠯᠡᠩ᠎ᠳᠦ ᠴᠤᠤᠷᠢᠶᠠᠲᠤᠨ᠎ᠠ᠃ ᠡᠯ᠎ᠡ ᠲᠠᠯ᠎ᠠ᠎ᠶ᠋ᠢᠨ ᠲᠥᠯᠥᠭᠡᠯᠡᠭ᠌ᠴᠢᠳ ᠰᠠᠭᠰᠤᠳᠤ ᠴᠡᠴᠡᠭ᠌  ᠬᠦᠷᠭᠡᠵᠦ᠍᠂ ᠲᠠᠯᠠᠪᠠᠶ ᠳᠠᠶᠠᠭᠠᠷ᠎ᠢᠶᠠᠨ ᠨᠢᠭᠡ ᠮᠢᠨᠦ᠋ᠲ ᠨᠠᠮᠠᠨᠴᠢᠯᠠᠨ ᠭᠠᠱᠢᠭᠤᠳᠠᠵᠤ᠂ ᠦᠷᠡᠭ᠌ᠳᠡᠭ᠌ᠰᠡᠨ ᠪᠠᠭᠠᠲᠤᠷᠴᠤᠳ᠎ᠲᠠᠭᠠᠨ ᠡᠷᠬᠢᠮ ᠳᠡᠭᠡᠳᠦ ᠬᠦᠨᠳᠦᠳᠭᠡᠯ ᠲᠡᠪᠰᠢᠬᠦᠯᠵᠤ ᠬᠢᠵᠠᠭᠠᠯᠠᠰᠢ ᠥᠬᠡᠶ ᠳᠤᠷᠠᠰᠤᠨ ᠰᠠᠨᠠᠭᠠᠯᠵᠠᠵᠤ ᠪᠠᠢᠬᠤ᠎ᠪᠠᠨ ᠢᠯᠡᠳᠭᠡᠪᠡ᠃ ᠱᠢᠯᠢᠩᠬᠣᠲᠠ᠎ᠶ᠋ᠢᠨ ᠨᠢᠭᠡᠳᠦᠭᠡᠷ ᠳᠤᠮᠳᠠᠳᠤ ᠰᠤᠷᠭᠠᠭᠤᠯᠢ᠎ᠶ᠋ᠢᠨ ᠰᠤᠷᠤᠭ᠍ᠴᠢ ᠨᠢᠶ᠍ᠸ ᠹᠠᠨ ᠪᠥᠸᠧ᠄ 《ᠪᠢᠳᠡ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠵᠢᠡᠨ ᠭᠦᠨ ᠳᠤᠷᠠᠰᠤᠨ ᠰᠠᠨᠠᠭᠠᠯᠵᠠᠵᠤ ᠪᠠᠢᠭ᠎ᠠ ᠨᠢ ᠳᠠᠷᠤᠢ ᠠᠬᠠᠮᠠᠳ ᠨᠢᠭᠡ ᠦᠶ᠎ᠡ᠎ᠶ᠋ᠢᠨ ᠬᠢᠨ᠎ᠦ ᠬᠦᠰᠡᠯ ᠵᠣᠷᠢᠭ᠎ᠢ ᠵᠠᠯᠭᠠᠮᠵᠢᠯᠠᠵᠤ᠂ ᠬᠤᠪᠢᠰᠭᠠᠯ᠎ᠤᠨ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠬᠣᠢᠱᠢᠳᠠ᠎ᠶ᠋ᠢᠨ ᠠᠵᠢᠯ ᠪᠣᠯᠤᠨ ᠠᠮᠢᠳᠤᠷᠠᠯ ᠳᠤᠮᠳᠠ᠎ᠪᠠᠨ ᠢᠮᠠᠭ᠍ᠲᠠ ᠴᠤᠭ ᠪᠠᠳᠠᠷᠠᠩᠭᠤᠢ ᠣᠪᠣᠷ ᠪᠠᠢᠳᠠᠯ᠎ᠢᠶᠠᠷ ᠡᠯ᠎ᠡ ᠵᠦᠢᠯ᠎ᠦᠨ ᠥᠷᠢᠰᠥᠯᠳᠦᠭᠡᠨ᠎ᠢ ᠠᠷᠭᠠᠴᠠᠭᠠᠬᠤ᠎ᠶ᠋ᠢᠨ ᠲᠥᠯᠥᠭᠡ ᠶᠤᠮ》 ᠭᠡᠵᠤ ᠬᠡᠯᠡᠪᠡ᠃

ᠤᠯᠠᠭᠠᠨᠴᠠᠪ ᠬᠤᠳᠠ᠎ᠶ᠋ᠢᠨ ᠵᠢᠨᠢᠩ ᠲᠣᠭᠣᠷᠢᠭ᠎ᠤᠨ ᠴᠡᠷᠢᠭ᠎ᠤ᠋ᠨ ᠠᠯᠪᠠ ᠡᠴᠡ ᠬᠠᠯᠠᠭ᠍ᠳᠠᠭ᠍ᠰᠠᠳ᠎ᠤᠨ ᠶᠠᠪᠤᠳᠠᠯ᠎ᠤᠨ ᠲᠣᠪᠴᠢᠶ᠎ᠠ᠂ ᠵᠢᠨᠢᠩ ᠲᠣᠭᠣᠷᠢᠭ᠎ᠤᠨ ᠠᠷᠠᠳ᠎ᠤᠨ ᠵᠡᠪᠰᠡᠭ᠌ᠲᠦ ᠬᠦᠴᠦᠨ᠎ᠦ ᠬᠡᠯᠲᠡᠰ᠂ ᠪᠡᠭᠡᠵᠢᠩ᠎ᠦᠨ ᠨᠠᠢ᠍ᠮᠠᠳᠤᠭᠠᠷ ᠳᠤᠮᠳᠠᠳᠤ ᠰᠤᠷᠭᠠᠭᠤᠯᠢ᠎ᠶ᠋ᠢᠨ ᠤᠯᠠᠭᠠᠨᠴᠠᠪ᠎ᠲᠡᠬᠢ ᠬᠤᠪᠢᠶᠠᠷᠢ ᠰᠤᠷᠭᠠᠭᠤᠯᠢ ᠵᠢᠨᠢᠩ᠎ᠦᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠎ᠳᠦ 《ᠬᠠᠩᠰᠢ᠎ᠶ᠋ᠢᠨ ᠡᠳᠦᠷ ᠭᠠᠰᠢᠭᠤᠳᠠᠯ ᠵᠢᠡᠨ ᠢᠯᠡᠳᠭᠡᠨ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠵᠤ ᠤᠭ ᠰᠠᠨᠠᠭ᠎ᠠ᠎ᠪᠠᠨ ᠪᠠᠲᠤ ᠴᠡᠭᠡᠵᠢᠯᠡᠨᠠᠮ》 ᠭᠡᠬᠦ ᠭᠣᠣᠯ ᠰᠡᠳᠦᠪᠲᠦ ᠠᠵᠢᠯᠯᠠᠭ᠎ᠠ ᠡᠷᠬᠢᠯᠡᠵᠦ᠍᠂ ᠺᠠᠳ᠋ᠷ ᠠᠵᠢᠯᠳᠠᠨ᠂ ᠳᠠᠷᠤᠭ᠎ᠠ ᠪᠠᠢᠯᠳᠤᠭ᠍ᠴᠢ ᠵᠢᠴᠢ ᠪᠠᠭ᠍ᠰᠢ ᠰᠤᠷᠤᠬ᠍ᠴᠢ 80 ᠭᠠᠷᠤᠢ ᠬᠥᠮᠦᠨ ᠣᠷᠣᠯᠴᠠᠪᠠ᠃ ᠠᠵᠢᠯᠯᠠᠭ᠎ᠠ ᠨᠢ ᠰᠦᠷ ᠵᠢᠪᠬᠤᠯᠠᠩᠲᠤ ᠤᠯᠤᠰ᠎ᠤᠨ ᠰᠦᠯᠳᠡ ᠳᠠᠭᠤᠤ᠎ᠶ᠋ᠢᠨ ᠠᠶᠠᠰ ᠤ᠋ᠨ ᠳᠤᠮᠳᠠ ᠵᠢᠩᠬᠢᠨᠢ᠎ᠪᠡᠷ ᠡᠬᠢᠯᠡᠵᠦ᠍᠂ ᠪᠦᠬᠦ᠌ ᠬᠥᠮᠦᠰ ᠮᠥᠷᠯᠡᠨ ᠵᠣᠭ᠍ᠰᠣᠵᠤ ᠨᠠᠮᠠᠨᠴᠢᠯᠠᠨ ᠭᠠᠱᠢᠭᠤᠳᠠᠵᠤ᠂ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠢ ᠭᠦᠨ ᠭᠠᠱᠢᠭᠤᠳᠠᠪᠠ᠃ ᠲᠠᠷᠠᠭ᠎ᠠ ᠨᠢ᠂ ᠪᠦᠬᠦ᠌ ᠨᠠᠮ᠎ᠤᠨ ᠭᠡᠱᠢᠭᠦᠨ᠂ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠭᠡᠱᠢᠭᠦᠨ᠂ ᠪᠠᠭᠠᠴᠤᠳ᠎ᠤᠨ ᠬᠣᠱᠢᠭᠤᠴᠢ ᠠᠩᠬᠢ᠎ᠶ᠋ᠢᠨ ᠭᠡᠱᠢᠭᠦᠨ ᠲᠤᠰ ᠲᠤᠰ ᠨᠠᠮ᠎ᠳᠤ ᠣᠷᠣᠬᠤ᠂ ᠡᠪᠯᠡᠯ᠎ᠳᠦ ᠣᠷᠣᠬᠤ᠂ ᠡᠩᠨᠡᠭᠡ᠎ᠳᠦ ᠣᠷᠣᠬᠤ ᠲᠠᠩᠭᠠᠷᠢᠭ᠎ᠢᠶᠠᠨ ᠲᠠᠬᠢᠨ ᠤᠩᠱᠢᠵᠤ᠂ ᠲᠠᠩᠭᠠᠷᠢᠭ ᠨᠢ ᠢᠳᠡ ᠬᠦᠴᠦᠲᠡᠢ ᠪᠠᠢᠯ᠎ᠠ᠃ ᠶᠣᠰᠣᠯᠠᠯ᠎ᠤᠨ ᠳᠠᠷᠠᠭ᠎ᠠ᠂ ᠤᠯᠠᠨ᠎ᠢᠶᠠᠷ᠎ᠢᠶᠠᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠨᠭᠬᠤᠨ ᠤ᠋ ᠬᠥᠱᠢᠢ᠎ᠡ᠎ᠶ᠋ᠢ ᠨᠠᠷᠢᠨ ᠠᠷᠴᠢᠵᠤ᠂ ᠬᠤᠭ ᠲᠤᠭᠤᠰᠤ ᠵᠢ ᠴᠡᠪᠡᠷᠯᠡᠵᠦ᠍᠂ ᠳᠡᠰ ᠳᠠᠷᠠᠭ᠎ᠠ᠎ᠲᠠᠶ᠎ᠪᠠᠷ ᠰᠣᠷᠭᠣᠭ ᠴᠡᠴᠡᠭ ᠬᠦᠷᠭᠡᠵᠦ᠍᠂ ᠮᠡᠬᠦᠢᠨ ᠶᠤᠰᠤᠯᠠᠵᠤ᠂ ᠨᠠᠮ ᠵᠢᠮ ᠪᠠᠷᠠᠳᠠᠬᠤ ᠳᠤᠮᠳᠠ ᠦᠷᠡᠭ᠌ᠳᠡᠭ᠌ᠰᠡᠨ ᠪᠠᠭᠠᠲᠤᠷᠴᠤᠳ᠎ᠤᠨ ᠦᠢᠯᠡ ᠠᠵᠢᠯᠯᠠᠭ᠎ᠠ᠎ᠶ᠋ᠢ ᠳᠤᠷᠠᠰᠤᠨ ᠰᠠᠨᠠᠭᠠᠯᠵᠠᠵᠤ᠂ ᠤᠭ ᠰᠠᠨᠠᠭ᠎ᠠ ᠵᠢᠨ ᠬᠦᠴᠦᠨ ᠴᠢᠳᠠᠯ᠎ᠢ ᠮᠡᠳᠡᠷᠡᠪᠡ᠃

4 ᠰᠠᠷ᠎ᠠ᠎ᠶ᠋ᠢᠨ 3 ᠤ᠋ ᠦᠳᠡ᠎ᠶ᠋ᠢᠨ ᠡᠮᠦᠨ᠎ᠡ᠂ ᠪᠠᠶᠠᠨᠨᠠᠭᠤᠷ ᠬᠤᠳᠠ᠎ᠶ᠋ᠢᠨ ᠦᠷᠡᠭ᠌ᠳᠡᠭ᠌ᠰᠡᠨ ᠪᠠᠭᠠᠲᠤᠷᠴᠤᠳ᠎ᠢ ᠳᠤᠷᠠᠰᠭᠠᠬᠤ ᠠᠭᠤᠳᠠᠮ ᠲᠠᠯᠠᠪᠠᠢ᠎ᠳᠤ ᠲᠥᠪ ᠬᠢᠴᠢᠶᠡᠩᠭᠦᠢ ᠪᠠᠢᠵᠤ᠂ ᠨᠡᠢᠭᠡᠮ᠎ᠦᠨ ᠡᠯ᠎ᠡ ᠡᠲᠡᠭᠡᠳ᠎ᠦᠨ ᠮᠢᠩᠭ᠎ᠠ ᠭᠠᠷᠤᠢ ᠬᠥᠮᠦᠨ ᠡᠨᠳᠡ ᠴᠤᠭ᠍ᠯᠠᠷᠠᠵᠤ᠂ ᠬᠠᠮᠲᠤ᠎ᠪᠠᠷ ᠲᠠᠬᠢᠯᠭ᠎ᠠ᠎ᠶ᠋ᠢᠨ ᠠᠵᠢᠯᠯᠠᠭ᠎ᠠ ᠥᠷᠨᠢᠭᠦᠯᠪᠡ᠃ ᠤᠯᠠᠨ᠎ᠢᠶᠠᠷ᠎ᠢᠶᠠᠨ ᠲᠡᠷᠢ ᠲᠡᠭ᠌ᠰᠢ ᠵᠢᠭ᠍ᠰᠠᠵᠤ᠂ ᠤᠯᠤᠰ᠎ᠤᠨ ᠰᠦᠯᠳᠡ ᠳᠠᠭᠤᠤ᠎ᠶ᠋ᠢ ᠬᠥᠭ᠌ᠵᠢᠮᠳᠡᠨ ᠳᠠᠭᠤᠯᠠᠵᠤ᠂ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠢ᠎ᠡ᠎ᠶ᠋ᠢ ᠪᠠᠷᠠᠳᠠᠵᠤ᠂ ᠦᠷᠡᠭ᠌ᠳᠡᠭ᠌ᠰᠡᠨ ᠪᠠᠭᠠᠲᠤᠷᠴᠤᠳ᠎ᠲᠤ ᠰᠣᠷᠭᠣᠭ ᠴᠡᠴᠡᠭ ᠬᠦᠷᠭᠡᠪᠡ᠃ 《ᠮᠠᠨ᠎ᠤ ᠥᠨᠥᠳᠦᠷ᠎ᠦᠨ ᠵᠣᠯ ᠵᠢᠷᠭᠠᠯᠲᠤ ᠠᠮᠢᠳᠤᠷᠠᠯ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠴᠥᠬᠥᠷᠡᠰᠢ ᠦᠭᠡᠢ ᠴᠢᠷᠮᠠᠢᠯᠭ᠎ᠠ ᠪᠠ ᠴᠢᠰᠤᠲᠤ ᠪᠠᠢᠯᠳᠤᠭᠠᠨ᠎ᠡᠴᠡ ᠰᠠᠯᠵᠤ ᠴᠢᠳᠠᠬᠤ ᠦᠭᠡᠢ ᠶᠤᠮ᠃ ᠡᠢᠮᠦ᠎ᠡᠴᠡ ᠪᠢᠳᠡ ᠵᠠᠪᠠᠯ ᠦᠷᠡᠭᠳᠡᠭᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠵᠤ᠂ ᠣᠳᠣᠬᠢ ᠠᠮᠢᠳᠤᠷᠠᠯ᠎ᠢᠶᠡᠨ ᠨᠠᠨᠳᠢᠩᠨᠠᠬᠤ ᠬᠡᠷᠡᠭ᠌ᠲᠡᠶ》 ᠭᠡᠵᠦ ᠯᠢᠨ ᠾᠧ ᠲᠣᠭᠣᠷᠢᠭ᠎ᠤᠨ ᠬᠣᠲᠠ᠎ᠶ᠋ᠢᠨ ᠠᠷᠠᠳ ᠯᠢ ᠨᠠ ᠬᠡᠯᠡᠪᠡ᠃

ᠤᠷᠢᠬᠠᠨ ᠰᠠᠯᠬᠢ ᠬᠦᠨᠳᠦᠳᠭᠡᠯ ᠳᠡᠪᠰᠢᠭᠦᠯᠵᠦ ᠠᠭᠤᠯᠠ ᠤᠰᠤ ᠲᠠᠢ ᠥᠨᠢᠳᠡ ᠮᠥᠩᠬᠡᠷᠡᠨ ᠤᠷᠤᠰᠢᠨ᠎ᠠ

4 ᠰᠠᠷ᠎ᠠ᠎ᠶ᠋ᠢᠨ 2 ᠎ᠤ᠋ᠨ ᠦᠳᠡ᠎ᠶ᠋ᠢᠨ ᠡᠮᠦᠨ᠎ᠡ᠂ ᠦᠬᠠᠶ ᠬᠣᠲᠠ᠎ᠶ᠋ᠢᠨ ᠦᠷᠡᠭ᠌ᠳᠡᠭ᠌ᠰᠡᠨ ᠪᠠᠭᠠᠲᠤᠷᠴᠤᠳ᠎ᠢ ᠳᠤᠷᠠᠰᠭᠠᠬᠤ ᠠᠭᠤᠳᠠᠮ ᠲᠠᠯᠠᠪᠠᠶ᠎ᠳᠤ《ᠬᠠᠩᠰᠢ᠎ᠶ᠋ᠢᠨ ᠡᠳᠦᠷ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠠᠭᠢᠵᠤ ᠳᠤᠮᠳᠠᠳᠤ᠎ᠶ᠋ᠢᠨ ᠰᠦᠭ ᠰᠦᠨᠡᠰᠦ᠎ᠶ᠋ᠢ ᠬᠠᠮᠲᠤ᠎ᠪᠠᠷ ᠱᠤᠭᠤᠬᠤ》 2026 ᠣᠨ᠎ᠤ ᠬᠠᠢ᠌ᠷᠤᠪ᠎ᠤᠨ ᠲᠣᠬᠣᠶ ᠲᠣᠭᠣᠷᠢᠭ᠎ᠤᠨ 《ᠪᠢᠳᠡᠨ ᠤ᠋ ᠳᠤᠷᠠᠰᠬᠠᠯ ᠤ᠋ᠨ ᠡᠳᠦᠷ·ᠬᠠᠩᠰᠢ》 ᠵᠢᠨ ᠭᠤᠤᠯ ᠰᠡᠳᠦᠪᠲᠦ ᠠᠵᠢᠯᠯᠠᠭ᠎ᠠ ᠶᠠᠪᠤᠭ᠍ᠳᠠᠪᠠ᠃ ᠬᠠᠢ᠌ᠷᠤᠪ᠎ᠤᠨ ᠲᠤᠬᠤᠢ ᠲᠣᠭᠣᠷᠢᠭ᠎ᠤᠨ ᠠᠯᠪᠠᠨ ᠪᠠᠢᠭᠤᠯᠭ᠎ᠠ ᠠᠵᠤ ᠠᠬᠤᠢᠯᠠᠯ ᠠᠵᠢᠯ ᠦᠢᠯᠡᠰ᠎ᠦᠨ ᠨᠢᠭᠡᠴᠢ᠎ᠶ᠋ᠢᠨ 300 ᠭᠠᠷᠤᠢ ᠲᠥᠯᠥᠭᠡᠯᠡᠭ᠌ᠴᠢ ᠡᠨᠳᠡ ᠴᠤᠭ᠍ᠯᠠᠷᠠᠵᠤ᠂ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠪᠠ᠃ ᠪᠦᠭᠦᠳᠡᠭᠡᠷ᠎ᠢᠶᠡᠨ ᠲᠥᠪ ᠵᠣᠭ᠍ᠰᠣᠨ ᠤᠯᠤᠰ᠎ᠤᠨ ᠰᠦᠯᠳᠡ ᠳᠠᠭᠤᠤ᠎ᠶ᠋ᠢ ᠬᠥᠭ᠌ᠵᠢᠮᠳᠡᠨ ᠳᠠᠭᠤᠯᠠᠭ᠍ᠰᠠᠨ᠎ᠤ ᠳᠠᠷᠠᠭ᠎ᠠ᠂ ᠬᠠᠢ᠌ᠷᠤᠪ᠎ᠤᠨ ᠲᠤᠬᠤᠢ ᠲᠣᠭᠣᠷᠢᠭ᠎ᠤᠨ ᠲᠠᠪᠤᠳᠤᠭᠠᠷ ᠪᠠᠭ᠎ᠠ ᠰᠤᠷᠭᠠᠭᠤᠯᠢ᠎ᠶ᠋ᠢᠨ ᠪᠠᠭ᠍ᠰᠢ ᠭᠦᠸᠧ ᠵᠢᠩ ᠢᠦᠢ 《ᠡᠨᠡ ᠬᠦ᠌ ᠪᠤᠤᠬᠢᠶ᠎ᠠ᠎ᠵᠢ ᠰᠠᠢᠲᠤᠷ ᠲᠤᠰᠴᠤ᠂ ᠲᠡᠷᠡ ᠬᠦ᠌ ᠬᠦᠰᠡᠯ ᠵᠤᠷᠢᠯᠲᠠ᠎ᠵᠢ ᠬᠥᠰᠡᠷᠳᠡᠭᠦᠯᠬᠦ᠌ ᠦᠭᠡᠢ》 ᠭᠡᠬᠦ᠌ ᠰᠡᠳᠦᠪ᠎ᠢᠶᠡᠷ ᠦᠷᠡᠭ᠌ᠳᠡᠭ᠌ᠰᠡᠨ ᠪᠠᠭᠠᠲᠤᠷᠴᠤᠳ᠎ᠤᠨ ᠰᠡᠳᠭᠢᠯ ᠬᠥᠳᠡᠯᠭᠡᠮ᠎ᠡ ᠦᠢᠯᠡ ᠠᠵᠢᠯᠯᠠᠭ᠎ᠠ᠎ᠶ᠋ᠢ ᠭᠦᠨ ᠰᠡᠳᠭᠢᠯᠭᠡ᠎ᠲᠡᠶ᠎ᠪᠡᠷ ᠶᠠᠷᠢᠪᠠ᠃ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠵᠠᠯᠠᠭᠤᠴᠤᠳ᠎ᠤᠨ ᠲᠥᠯᠥᠭᠡᠯᠡᠭ᠌ᠴᠢ 《ᠬᠤᠪᠢᠰᠭᠠᠯᠲᠦ ᠤᠯᠠᠮᠵᠢᠯᠠᠯ᠎ᠢ ᠦᠷᠭᠦᠯᠵᠢᠯᠡᠨ ᠵᠠᠯᠭᠠᠮᠵᠢᠯᠠᠵᠤ   ᠵᠠᠯᠠᠭᠤᠴᠤᠳ ᠪᠢᠳᠡ ᠦᠷᠡᠭ᠌ᠳᠡᠭ᠌ᠰᠡᠨ ᠪᠠᠭᠠᠲᠤᠷᠴᠤᠳ᠎ᠲᠤ ᠬᠦᠨᠳᠦᠳᠭᠡᠯ ᠳᠡᠪᠱᠢᠭᠦᠯᠦᠶ᠎ᠡ》 ᠭᠡᠬᠦ᠌ ᠱᠢᠯᠦᠭ ᠰᠢᠯᠦᠭᠯᠡᠵᠦ᠂ ᠬᠤᠪᠢᠰᠭᠠᠯ᠎ᠤᠨ ᠤᠳᠤᠮᠱᠢᠯ᠎ᠢ ᠤᠯᠠᠮᠵᠢᠯᠠᠨ ᠵᠠᠯᠭᠠᠮᠵᠢᠯᠠᠬᠤ᠂ ᠴᠠᠭ ᠦᠶ᠎ᠡ᠎ᠶ᠋ᠢᠨ ᠡᠭᠦᠷᠭᠡ ᠬᠠᠷᠢᠭᠤᠴᠠᠯᠭ᠎ᠠ᠎ᠶ᠋ᠢ ᠵᠣᠷᠢᠭ᠍ᠲᠠᠢ ᠡᠭᠦᠷᠭᠡᠯᠡᠬᠦ᠌ ᠪᠠᠲᠤ ᠢᠲᠡᠭᠡᠯ᠎ᠢ ᠢᠯᠡᠳᠭᠡᠪᠡ᠃ ᠠᠵᠢᠯᠯᠠᠭ᠎ᠠ᠎ᠶ᠋ᠢᠨ ᠡᠴᠦᠰ᠎ᠲᠦ᠂ 《ᠴᠡᠴᠡᠭ ᠬᠦᠷᠭᠡᠬᠦ᠌ ᠠᠶᠠᠰ》᠎ᠤ᠋ᠨ ᠳᠤᠮᠳᠠ᠂ ᠡᠯ᠎ᠡ ᠡᠲᠡᠭᠡᠳ᠎ᠦᠨ ᠲᠥᠯᠥᠭᠡᠯᠡᠭ᠌ᠴᠢᠳ ᠲᠡᠰ ᠳᠠᠷᠠᠭᠠᠯᠠᠨ ᠰᠣᠷᠭᠣᠭ ᠴᠡᠴᠡᠭ ᠬᠦᠷᠭᠡᠵᠦ᠍᠂ ᠦᠷᠡᠭ᠌ᠳᠡᠭ᠌ᠰᠡᠨ ᠪᠠᠭᠠᠲᠤᠷᠴᠤᠳ᠎ᠢᠶᠠᠨ ᠭᠦᠨ ᠳᠤᠷᠠᠰᠤᠨ ᠰᠠᠨᠠᠭᠠᠯᠵᠠᠪᠠ᠃

ᠬᠠᠩᠰᠢ᠎ᠡᠴᠡ ᠡᠮᠦᠨᠡᠬᠡᠨ᠂ ᠪᠤᠭᠤᠲᠤ ᠬᠤᠳᠠ 《2026 · ᠬᠠᠨᠭᠰᠢ᠎ᠶᠢᠨ ᠡᠳᠦᠷ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠨᠠᠮ》 ᠭᠡᠬᠦ᠌ ᠭᠣᠣᠯ ᠰᠡᠳᠦᠪᠲᠦ ᠠᠵᠢᠯᠯᠠᠭ᠎ᠠ᠎ᠶ᠋ᠢ ᠥᠷᠭᠡᠨ᠎ᠢᠶᠡᠷ ᠥᠷᠨᠢᠭᠦᠯᠵᠦ᠍᠂ ᠰᠦᠯᠵᠢᠶᠡᠨ ᠳᠡᠭᠡᠷ᠎ᠡ ᠪᠠ ᠠᠬᠤᠢ ᠲᠠᠯᠠᠪᠠᠢ᠎ᠳᠤ ᠬᠣᠯᠪᠣᠭᠠᠯᠠᠨ ᠬᠦᠳᠡᠯᠤᠯᠴᠡᠵᠦ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠪᠠ᠃ ᠠᠬᠤᠢ ᠲᠠᠯᠠᠪᠠᠢ᠎ᠶᠢᠨ ᠲᠠᠬᠢᠯᠭ᠎ᠠ ᠲᠥᠪ ᠬᠢᠴᠢᠶᠡᠩᠭᠦᠢ ᠪᠠᠢᠵᠤ᠂ ᠪᠤᠭᠤᠲᠤ ᠬᠤᠳᠠ᠎ᠶ᠋ᠢᠨ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ ᠵᠢᠴᠢ ᠲᠦᠮᠡᠳ ᠪᠠᠷᠠᠭᠤᠨ ᠬᠣᠱᠢᠭᠤ᠂ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤ᠂ ᠭᠦᠶᠡᠩ ᠱᠢᠶᠠᠨ᠎ᠤ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ ᠵᠡᠷᠭᠡ ᠭᠠᠵᠠᠷ᠎ᠲᠤ ᠬᠠᠮᠲᠤ᠎ᠶ᠋ᠢᠨ ᠲᠠᠬᠢᠯᠭ᠎ᠠ ᠬᠢᠵᠦ᠍᠂ ᠨᠡᠢᠭᠡᠮ᠎ᠦᠨ ᠡᠯ᠎ᠡ ᠡᠲᠡᠭᠡᠳ᠎ᠦᠨ ᠬᠢᠨ ᠰᠠᠭᠰᠤᠲᠦ ᠴᠡᠴᠡᠭ᠌ ᠬᠦᠷᠭᠡᠵᠦ᠍᠂ ᠪᠤᠩᠬᠤᠨ᠎ᠤ ᠬᠥᠱᠢᠢ᠎ᠡ᠎ᠶ᠋ᠢ ᠠᠷᠴᠢᠪᠠ᠃ ᠰᠦᠯᠵᠢᠶᠡᠨ ᠳᠡᠭᠡᠷᠡᠬᠢ ᠰᠠᠨᠠᠭᠠᠯᠵᠠᠯ᠎ᠢ ᠵᠡᠷᠭᠡ ᠪᠡᠷ ᠥᠷᠨᠢᠭᠦᠯᠵᠦ᠍᠂ ᠪᠦᠬᠦ᠌ ᠬᠣᠲᠠ᠎ᠶ᠋ᠢᠨ ᠳᠤᠮᠳᠠᠳᠤ ᠪᠠᠭ᠎ᠠ ᠰᠤᠷᠭᠠᠭᠤᠯᠢ 《ᠬᠠᠩᠰᠢ᠎ᠶ᠋ᠢᠨ ᠡᠳᠦᠷ ᠦᠷᠡᠭ᠌ᠳᠡᠭ᠌ᠰᠡᠨ ᠪᠠᠭᠠᠲᠤᠷᠴᠤᠳ᠎ᠢᠶᠠᠨ ᠲᠠᠬᠢᠬᠤ》 ᠰᠦᠯᠵᠢᠶᠡᠨ ᠳᠡᠭᠡᠷ᠎ᠡ ᠭᠠᠷ᠎ᠤᠨ ᠦᠰᠦᠭ ᠵᠢᠷᠤᠵᠤ ᠦᠭᠡ ᠢᠯᠡᠭᠡᠬᠦ ᠠᠵᠢᠯᠯᠠᠭ᠎ᠠ ᠥᠷᠨᠢᠭᠦᠯᠵᠦ᠍᠂ ᠬᠣᠲᠠ᠎ᠶ᠋ᠢᠨ ᠠᠷᠠᠳ ᠥᠪᠥᠷ ᠮᠣᠩᠭᠣᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠰᠦᠯᠵᠢᠶ᠎ᠡ᠂ ᠪᠤᠭᠤᠲᠤ᠎ᠶ᠋ᠢᠨ ᠪᠣᠯᠪᠠᠰᠤᠨ᠎ᠤ ᠰᠦᠯᠵᠢᠶ᠎ᠡ ᠵᠡᠷᠭᠡ ᠲᠠᠪᠴᠠᠩ᠎ᠢᠶᠠᠷ ᠳᠠᠮᠵᠢᠨ ᠴᠡᠴᠡᠭ ᠬᠦᠷᠭᠡᠵᠦ᠍ ᠦᠭᠡ ᠦᠯᠡᠳᠡᠭᠡᠪᠡ᠃ ᠡᠭᠦᠨ᠎ᠡᠴᠡ ᠭᠠᠳᠠᠨ᠎ᠠ᠂ ᠱᠢᠭᠤᠢᠲᠤ ᠲᠣᠭᠣᠷᠢᠭ ᠪᠣᠯᠪᠠᠰᠤᠨ ᠦᠶ᠋ᠯᠡᠳᠦᠯᠭᠡ᠎ᠶ᠋ᠢᠨ ᠤᠷᠠᠨ ᠰᠠᠢᠬᠠᠨ᠎ᠤ ᠲᠤᠭᠯᠠᠯᠲᠠ ᠬᠢᠵᠦ᠍᠂ ᠤᠷᠠᠨ ᠰᠠᠢᠬᠠᠨ᠎ᠤ ᠲᠤᠭᠯᠠᠯᠲᠠ᠂ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠴᠤᠭ᠍ᠯᠠᠭ᠎ᠠ ᠮᠠᠢᠮᠠᠶ ᠵᠡᠷᠭᠡ ᠬᠡᠯᠪᠡᠷᠢ᠎ᠪᠡᠷ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠵᠤ᠂ ᠰᠣᠶᠣᠯ᠎ᠢᠶᠠᠨ ᠤᠯᠠᠮᠵᠢᠯᠠᠪᠠ᠃ ᠪᠤᠭᠤᠲᠤ᠎ᠶ᠋ᠢᠨ ᠮᠦᠽᠧᠢ  《ᠪᠠᠭᠠᠲᠤᠷᠴᠤᠳ  ᠯᠤᠭ᠎ᠠ ᠵᠢᠨ ᠪᠠᠰᠠ ᠨᠢᠭᠡ ᠵᠦᠢᠯ᠎ᠦᠨ ᠠᠭᠤᠯᠵᠠᠯᠲᠠ》 ᠭᠡᠬᠦ᠌ ᠲᠤᠰᠭᠠᠢ ᠰᠡᠳᠦᠪᠲᠦ ᠲᠠᠢᠯᠤᠮᠵᠢ ᠬᠢᠵᠦ᠍᠂ ᠦᠷᠡᠭ᠌ᠳᠡᠭ᠌ᠰᠡᠨ ᠪᠠᠭᠠᠲᠤᠷᠴᠤᠳ᠎ᠤᠨ ᠦᠢᠯᠡ ᠠᠵᠢᠯᠯᠠᠭ᠎ᠠ᠎ᠶ᠋ᠢ ᠲᠠᠢᠯᠪᠤᠷᠢᠯᠠᠪᠠ᠃

4 ᠰᠠᠷ᠎ᠠ᠎ᠶ᠋ᠢᠨ 1 ᠤ᠋ ᠡᠳᠦᠷ᠂ ᠬᠢᠩᠭᠠᠨ ᠠᠢᠮᠠᠭ᠎ᠤᠨ ᠰᠤᠷᠭᠠᠨ ᠬᠥᠮᠦᠵᠢᠯ᠎ᠦᠨ ᠲᠣᠪᠴᠢᠶ᠎ᠠ ᠠᠢᠮᠠᠭ᠎ᠤᠨ ᠣᠶᠤᠨ᠎ᠤ ᠪᠣᠯᠪᠠᠰᠤᠨ᠎ᠤ ᠠᠯᠪᠠᠨ ᠬᠡᠷ᠎ᠲᠡᠶ ᠬᠠᠮᠲᠤᠷᠠᠨ ᠤᠯᠠᠭᠠᠨᠬᠣᠲᠠ᠎ᠶ᠋ᠢᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠨᠭᠬᠤᠨ᠎ᠤ ᠬᠦᠷᠢᠶᠡᠯᠡᠩ᠎ᠳᠦ 《ᠬᠠᠨᠭᠰᠢ᠎ᠶᠢᠨ ᠡᠳᠦᠷ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠠᠭᠢᠵᠤ᠂ ᠳᠤᠮᠳᠠᠳᠤ᠎ᠶ᠋ᠢᠨ ᠰᠦᠭ ᠰᠦᠨᠡᠰᠦ᠎ᠶ᠋ᠢ ᠬᠠᠮᠲᠤ᠎ᠪᠠᠷ ᠱᠤᠭᠤᠬᠤ》 ᠠᠵᠢᠯᠯᠠᠭ᠎ᠠ ᠥᠷᠨᠢᠭᠦᠯᠵᠦ᠍᠂ ᠬᠢᠩᠭᠠᠨ ᠠᠢᠮᠠᠭ᠎ᠤᠨ ᠰᠤᠷᠭᠠᠨ ᠬᠥᠮᠦᠵᠢᠯ᠎ᠦᠨ ᠲᠣᠪᠴᠢᠶ᠎ᠠ᠎ᠶ᠋ᠢᠨ ᠪᠠᠢᠭᠤᠯᠭ᠎ᠠ ᠵᠢᠴᠢ ᠱᠢᠭᠤᠳ ᠬᠠᠷᠢᠶ᠎ᠠ ᠡᠯ᠎ᠡ ᠨᠢᠭᠡᠴᠢ᠎ᠶ᠋ᠢᠨ ᠨᠠᠮ᠎ᠤᠨ ᠭᠡᠱᠢᠭᠦᠨ᠂ ᠪᠠᠭ᠍ᠰᠢ ᠪᠣᠯᠤᠨ ᠰᠤᠷᠤᠭ᠍ᠴᠢᠳ᠎ᠤᠨ ᠲᠥᠯᠥᠭᠡᠯᠡᠭ᠌ᠴᠢ 1200 ᠱᠢᠬᠠᠮ ᠬᠥᠮᠦᠨ ᠣᠷᠣᠯᠴᠠᠵᠠᠶ᠃ ᠰᠦᠷ ᠵᠢᠪᠬᠤᠯᠠᠩᠲᠤ ᠤᠯᠤᠰ᠎ᠤᠨ ᠰᠦᠯᠳᠡ ᠳᠠᠭᠤᠤ᠎ᠶ᠋ᠢᠨ ᠠᠶᠠᠰ ᠳᠤᠮᠳᠠ᠂ ᠪᠦᠬᠦ᠌ ᠬᠥᠮᠦᠰ ᠲᠥᠪ ᠵᠣᠭ᠍ᠰᠣᠨ ᠬᠦᠨᠳᠦᠳᠭᠡᠯ ᠳᠡᠪᠱᠢᠭᠦᠯᠪᠡ᠃

ᠨᠠᠮ᠎ᠤᠨ ᠭᠡᠱᠢᠭᠦᠨ᠂ ᠡᠪᠯᠡᠯ᠎ᠦᠨ ᠭᠡᠱᠢᠭᠦᠨ᠂ ᠪᠠᠭᠠᠴᠤᠳ᠎ᠤᠨ ᠬᠣᠱᠢᠭᠤᠴᠢ ᠠᠩᠭᠢ᠎ᠶ᠋ᠢᠨ ᠭᠡᠱᠢᠭᠦᠳ᠎ᠦᠨ ᠲᠥᠯᠥᠭᠡᠯᠡᠭ᠌ᠴᠢ 《ᠳᠤᠷᠠᠰᠭᠠᠯ᠎ᠤᠨ ᠬᠥᠱᠢᠶ᠎ᠡ》 ᠭᠡᠬᠦ᠌ ᠱᠢᠯᠦᠭ ᠤᠶᠠᠩᠭᠠᠯᠠᠵᠤ᠂ ᠰᠤᠷᠤᠭ᠍ᠴᠢᠳ᠎ᠤᠨ ᠲᠥᠯᠥᠭᠡᠯᠡᠭ᠌ᠴᠢ ᠰᠠᠭᠰᠤᠳᠤ ᠴᠡᠴᠡᠭ᠌ ᠬᠦᠷᠭᠡᠵᠦ᠍᠂ ᠪᠥᠬᠥ᠌ ᠬᠥᠮᠦᠰ ᠭᠤᠷᠪᠠᠨᠲᠠ ᠶᠣᠰᠣᠯᠠᠪᠠ᠃ ᠬᠢᠩᠭᠠᠨ ᠠᠢᠮᠠᠭ᠎ᠤᠨ ᠰᠤᠷᠭᠠᠨ ᠬᠥᠮᠦᠵᠢᠯ᠎ᠦᠨ ᠲᠣᠪᠴᠢᠶᠠᠨ᠎ᠤ ᠨᠠᠮ᠎ᠤᠨ ᠤᠳᠤᠷᠢᠳᠭᠤ ᠳᠤᠭᠤᠢᠯᠠᠩ᠎ᠤᠨ ᠪᠦᠷᠢᠯᠳᠦᠬᠦᠨ᠂ ᠰᠤᠷᠭᠠᠨ ᠬᠦᠮᠦᠵᠢᠯ᠎ᠤᠨ ᠶᠡᠷᠦᠩᠬᠡᠢ ᠬᠢᠨᠠᠨ ᠵᠢᠯᠤᠭᠤᠳᠤᠭᠴᠢ ᠪᠦᠦ ᠨᠠ᠂ ᠦᠷᠡᠭ᠌ᠳᠡᠭ᠌ᠰᠡᠨ ᠪᠠᠭᠠᠲᠤᠷᠴᠤᠳ᠎ᠤᠨ ᠵᠣᠷᠢᠭ ᠰᠠᠨᠠᠭ᠎ᠠ᠎ᠶ᠋ᠢ ᠦᠷᠭᠦᠯᠵᠢᠯᠡᠨ ᠰᠤᠷᠭᠠᠨ ᠬᠥᠮᠦᠵᠢᠯ ᠵᠢᠭᠠᠨ ᠰᠤᠷᠭᠠᠯᠲᠠ᠎ᠶ᠋ᠢᠨ ᠪᠦᠬᠦ᠌ ᠶᠠᠪᠤᠴᠠ᠎ᠳᠤ ᠠᠭᠤᠰᠤᠯᠴᠠᠭᠤᠯᠵᠦ᠍᠂ ᠬᠤᠪᠢᠰᠭᠠᠯ᠎ᠤᠨ ᠲᠤᠬᠠᠢ ᠰᠤᠳᠤᠯᠤᠨ ᠰᠤᠷᠤᠯᠴᠠᠬᠤ ᠵᠡᠷᠭᠡ ᠦᠢᠯᠡᠳᠦᠯᠭᠡ᠎ᠶ᠋ᠢᠨ ᠠᠵᠢᠯᠯᠠᠭ᠎ᠠ᠎ᠶ᠋ᠢ ᠪᠠᠢᠩᠭᠤ ᠥᠷᠨᠢᠭᠦᠯᠵᠦ᠍᠂ ᠦᠷᠡᠭ᠌ᠳᠡᠭ᠌ᠰᠡᠨ ᠪᠠᠭᠠᠲᠤᠷᠴᠤᠳ᠎ᠤᠨ ᠦᠯᠢᠭᠡᠷ᠎ᠢ ᠲᠠᠷᠢᠬᠢᠨ ᠳ᠋ᠠᠭᠠᠨ ᠰᠢᠩᠭᠡᠭᠡᠵᠦ ᠰᠡᠳᠬᠢᠯ᠎ᠳ᠋ᠡᠭᠡᠨ ᠬᠠᠳᠠᠩᠱᠢᠭᠤᠯᠵᠤ᠂ ᠵᠠᠯᠠᠭᠤᠴᠤᠳ ᠪᠠᠭᠠᠴᠤᠳ᠎ᠤᠨ ᠦᠰᠦᠨ ᠪᠣᠢᠵᠢᠵᠤ ᠴᠢᠳᠠᠪᠤᠷᠢᠲᠠᠨ ᠪᠣᠯᠬᠤ ᠦᠵᠡᠯ ᠰᠠᠨᠠᠭᠠᠨ᠎ᠤ ᠰᠠᠭᠤᠷᠢ᠎ᠶ᠋ᠢ ᠪᠡᠬᠢᠵᠢᠭᠦᠯᠵᠦ᠍᠂ ᠤᠶᠤᠨ ᠰᠠᠨᠠᠭᠠᠨ᠎ᠤ ᠬᠥᠳᠡᠯᠭᠡᠬᠦ᠌ ᠬᠦᠴᠦᠨ ᠨᠡᠮᠡᠷᠢᠯᠡᠨ᠎ᠡ ᠭᠡᠵᠦ᠍ ᠢᠯᠡᠳᠭᠡᠪᠡ᠃

ᠬᠠᠩᠰᠢ ᠡᠴᠡ ᠡᠮᠦᠨ᠎ᠡ᠂ ᠲᠦᠩᠯᠢᠶᠣᠤ ᠬᠤᠳᠠ᠎ᠶ᠋ᠢᠨ ᠰᠤᠷᠭᠠᠨ ᠬᠥᠮᠦᠵᠢᠯ᠎ᠦᠨ ᠲᠤᠪᠴᠢᠶ᠎ᠠ ᠪᠦᠬᠦ᠌ ᠬᠤᠳᠠ᠎ᠶ᠋ᠢᠨ ᠳᠤᠮᠳᠠᠳᠤ ᠪᠠᠭ᠎ᠠ ᠰᠤᠷᠭᠠᠭᠤᠯᠢ᠎ᠶ᠋ᠢ ᠵᠣᠬᠢᠶᠠᠨ ᠪᠠᠢᠭᠤᠯᠵᠤ 《ᠰᠦᠯᠵᠢᠶᠡᠨ ᠳᠡᠭᠡᠷ᠎ᠡ ᠦᠷᠡᠭ᠌ᠳᠡᠭ᠌ᠰᠡᠨ ᠪᠠᠭᠠᠲᠤᠷᠴᠤᠳ᠎ᠢᠶᠠᠨ ᠲᠠᠬᠢᠬᠤ》 ᠭᠣᠣᠯ ᠰᠡᠳᠦᠪᠲᠦ ᠠᠵᠢᠯᠯᠠᠭ᠎ᠠ ᠥᠷᠨᠢᠭᠦᠯᠪᠡ᠃ ᠥᠷᠭᠡᠨ ᠤᠯᠠᠨ ᠪᠠᠭ᠍ᠰᠢ ᠰᠤᠷᠤᠭ᠍ᠴᠢᠳ ᠰᠦᠯᠵᠢᠶᠡᠨ᠎ᠦ ᠲᠠᠪᠴᠠᠩ᠎ᠳᠤ ᠲᠦᠱᠢᠭ᠌ᠯᠡᠨ᠂ ᠡᠭᠦᠯᠡᠨ ᠲᠠᠪᠴᠠᠩ᠎ᠢᠶᠠᠷ ᠴᠡᠴᠡᠭ ᠬᠦᠷᠭᠡᠬᠦ᠌᠂ ᠮᠡᠬᠦᠢᠨ ᠶᠣᠰᠣᠯᠠᠬᠤ᠂ ᠵᠠᠬᠢᠳᠠᠯ ᠪᠢᠴᠢᠬᠦ᠌ ᠵᠡᠷᠭᠡ ᠠᠷᠭ᠎ᠠ ᠬᠡᠯᠪᠡᠷᠢ᠎ᠪᠡᠷ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠢ ᠳᠤᠷᠠᠰᠤᠨ ᠰᠠᠨᠠᠭᠠᠯᠵᠠᠪᠠ᠃ ᠠᠵᠢᠯᠯᠠᠭ᠎ᠠ ᠨᠢ ᠪᠣᠬᠢᠷᠲᠤᠯ ᠦᠭᠡᠢ ᠪᠣᠯᠪᠠᠰᠤᠨ ᠲᠠᠬᠢᠯᠭ᠎ᠠ᠎ᠶ᠋ᠢᠨ ᠬᠡᠯᠪᠡᠷᠢ᠎ᠪᠡᠷ ᠬᠤᠪᠢᠰᠭᠠᠯ᠎ᠤᠨ ᠬᠥᠮᠦᠵᠢᠯ᠎ᠦᠨ ᠴᠠᠭ ᠬᠤᠭᠤᠴᠠᠭ᠎ᠠ ᠣᠷᠣᠨ ᠵᠠᠢ᠎ᠶ᠋ᠢᠨ ᠬᠢᠵᠠᠭᠠᠷᠯᠠᠯ᠎ᠢ ᠡᠪᠳᠡᠪᠡ᠃ ᠤᠯᠠᠨ᠎ᠢᠶᠠᠷ᠎ᠢᠶᠠᠨ ᠰᠦᠯᠵᠢᠶᠡᠨ᠎ᠤ ᠳᠠᠪᠴᠠᠩ᠎ᠢᠶᠡᠷ ᠡᠬᠡ ᠣᠷᠣᠨᠴᠢ ᠬᠠᠢᠷ᠎ᠠ ᠰᠡᠳᠭᠢᠯᠭᠡ ᠪᠠᠨ ᠳᠠᠮᠵᠢᠭᠤᠯᠵᠤ᠂ ᠳᠤᠷᠠᠰᠤᠨ ᠰᠠᠨᠠᠭᠠᠯᠵᠠᠬᠤ ᠳᠤᠮᠳᠠ ᠦᠷᠡᠭ᠌ᠳᠡᠭ᠌ᠰᠡᠨ ᠪᠠᠭᠠᠲᠤᠷᠴᠤᠳ᠎ᠤᠨ ᠵᠣᠷᠢᠭ ᠰᠠᠨᠠᠭ᠎ᠠ᠎ᠶ᠋ᠢ ᠣᠢᠯᠠᠭᠠᠵᠤ᠂ ᠨᠠᠮ᠎ᠢᠶᠠᠨ ᠬᠠᠢᠷᠠᠯᠠᠬᠤ ᠤᠯᠤᠰ᠎ᠢᠶᠠᠨ ᠬᠠᠢᠷᠠᠯᠠᠬᠤ ᠨᠡᠢᠭᠡᠮ ᠵᠢᠷᠤᠮ᠎ᠢ ᠬᠠᠢᠷᠠᠯᠠᠬᠤ ᠬᠠᠢᠷ᠎ᠠ ᠰᠡᠳᠭᠢᠯᠭᠡ ᠪᠠᠨ ᠤᠯᠠᠮ ᠨᠢᠭᠡ ᠠᠯᠬᠤᠮ ᠵᠤᠵᠠᠭᠠᠳᠭᠠᠵᠤ᠂ ᠥᠷᠭᠡᠨ ᠤᠯᠠᠨ ᠵᠠᠯᠠᠭᠤᠴᠤᠳ ᠪᠠᠭᠠᠴᠤᠳ᠎ᠤᠨ ᠬᠦᠰᠡᠯᠡᠩ ᠢᠲᠡᠭᠡᠯ ᠪᠢᠱᠢᠷᠡᠯ᠎ᠢᠶᠡᠨ ᠪᠠᠲᠤᠳᠭᠠᠵᠤ᠂ ᠬᠤᠪᠢᠰᠭᠠᠯ᠎ᠤᠨ ᠠᠮᠢᠨ ᠰᠤᠳᠠᠰᠤ ᠪᠠᠨ ᠦᠷᠭᠦᠯᠵᠢᠯᠡᠭᠦᠯᠬᠦ ᠵᠢ ᠬᠦᠳᠦᠯᠥᠨ ᠳᠠᠭᠠᠭᠤᠯᠵᠠᠢ᠃

4 ᠰᠠᠷ᠎ᠠ᠎ᠶ᠋ᠢᠨ 1 ᠤ᠋ ᠦᠳᠡ᠎ᠶ᠋ᠢᠨ ᠡᠮᠦᠨ᠎ᠡ᠂ ᠤᠷᠳᠤᠰ ᠬᠤᠳᠠ᠎ᠶ᠋ᠢᠨ ᠴᠡᠷᠢᠭ᠎ᠦᠨ ᠠᠯᠪᠠ ᠡᠴᠡ ᠬᠠᠯᠠᠭ᠍ᠳᠠᠭ᠍ᠰᠠᠳ᠎ᠤᠨ ᠶᠠᠪᠤᠳᠠᠯ᠎ᠤᠨ ᠲᠣᠪᠴᠢᠶᠠᠨ᠎ᠤ ᠪᠠᠢᠭᠤᠯᠭ᠎ᠠ᠎ᠶ᠋ᠢᠨ ᠨᠠᠮ᠎ᠤᠨ ᠡᠭᠦᠷ ᠳ᠋ᠦᠩᠱᠧᠩ ᠲᠣᠭᠣᠷᠢᠭ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠎ᠳᠦ ᠬᠦᠷᠴᠦ᠍ 《ᠬᠤᠪᠢᠰᠭᠠᠯ᠎ᠤᠨ ᠤᠳᠤᠮᠰᠢᠯ᠎ᠢ ᠤᠯᠠᠮᠵᠢᠯᠠᠨ ᠵᠠᠯᠭᠠᠮᠵᠢᠯᠠᠶ᠎ᠠ》 ᠭᠣᠣᠯ ᠰᠡᠳᠦᠪᠲᠦ ᠨᠠᠮ᠎ᠤᠨ ᠡᠳᠦᠷ᠎ᠦᠨ ᠠᠵᠢᠯᠯᠠᠭ᠎ᠠ ᠥᠷᠨᠢᠭᠦᠯᠪᠡ᠃ ᠪᠦᠬᠦ᠌ ᠨᠠᠮ᠎ᠤᠨ ᠭᠡᠱᠢᠭᠦᠳ ᠲᠥᠪ ᠵᠣᠭ᠍ᠰᠣᠨ ᠨᠠᠮᠠᠨᠴᠢᠯᠠᠨ ᠭᠠᠱᠢᠭᠤᠳᠠᠵᠤ᠂ ᠰᠠᠭ᠍ᠰᠤᠳᠤ ᠴᠡᠴᠡᠭ ᠬᠦᠷᠭᠡᠵᠦ᠍᠂ ᠳᠤᠷᠠᠰᠤᠨ ᠰᠠᠨᠠᠭᠠᠯᠵᠠᠵᠤ ᠪᠠᠢᠬᠤ᠎ᠪᠠᠨ ᠢᠯᠡᠳᠭᠡᠪᠡ᠃ ᠲᠠᠬᠢᠯᠭ᠎ᠠ ᠳᠠᠭᠤᠰᠤᠭ᠍ᠰᠠᠨ᠎ᠤ ᠳᠠᠷᠠᠭ᠎ᠠ᠂ ᠨᠠᠮ᠎ᠤᠨ ᠭᠡᠱᠢᠭᠦᠳ ᠴᠠᠳᠢᠭᠳᠤ ᠬᠥᠱᠢᠶᠡᠨ᠎ᠦ ᠲᠢᠩᠰᠡ᠎ᠳᠦ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠪᠠᠭᠠᠲᠤᠷᠯᠢᠭ ᠦᠢᠯᠡ ᠠᠵᠢᠯᠯᠠᠭ᠎ᠠ᠎ᠶ᠋ᠢ ᠰᠣᠨᠣᠰᠴᠤ᠌᠂ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠬᠠᠯ᠎ᠤᠨ ᠬᠡᠷᠡᠮ᠎ᠢ ᠨᠠᠷᠢᠨ ᠬᠢᠨᠠᠮᠠᠭᠠᠢ ᠠᠷᠴᠢᠪᠠ᠃ ᠤᠯᠠᠨ᠎ᠢᠶᠠᠷ᠎ᠢᠶᠠᠨ᠂ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠢᠶᠠᠷ ᠳᠠᠭᠤᠷᠢᠶᠠᠯ ᠪᠣᠯᠭᠠᠵᠤ᠂ ᠳᠤᠷᠠᠰᠤᠨ ᠰᠠᠨᠠᠭᠠᠯᠵᠠᠬᠤ ᠰᠡᠳᠭᠢᠯᠭᠡ᠎ᠪᠡᠨ ᠠᠵᠢᠯ᠎ᠤᠨ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠵᠤ᠂ ᠲᠤᠬᠠᠢᠯᠠᠭ᠍ᠰᠠᠨ ᠠᠵᠢᠯ᠎ᠳᠠᠭᠠᠨ ᠰᠠᠭᠤᠷᠢᠯᠠᠵᠤ᠂ ᠴᠡᠷᠢᠭ᠎ᠡᠴᠡ ᠬᠠᠯᠠᠭ᠍ᠳᠠᠭ᠍ᠰᠠᠳ᠎ᠤᠨ ᠠᠵᠢᠯ᠎ᠤᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠤᠨ᠎ᠠ ᠭᠡᠵᠦ᠍ ᠢᠯᠡᠳᠭᠡᠵᠡᠭᠡᠪᠡ᠃

ᠠᠯᠠᠱᠠ ᠠᠢᠮᠠᠭ᠎ᠤᠨ ᠴᠡᠷᠢᠭ᠎ᠤᠨ ᠠᠯᠪᠠᠨ᠎ᠡᠴᠡ ᠬᠠᠯᠠᠭ᠍ᠳᠠᠭ᠍ᠰᠠᠳ᠎ᠤᠨ ᠶᠠᠪᠤᠳᠠᠯ᠎ᠤᠨ ᠲᠣᠪᠴᠢᠶ᠎ᠠ ᠴᠡᠷᠢᠭ᠎ᠤᠨ ᠠᠯᠪᠠᠨ᠎ᠡᠴᠡ ᠬᠠᠯᠠᠭ᠍ᠳᠠᠭ᠍ᠰᠠᠳ᠎ᠤᠨ ᠰᠠᠢᠨ ᠳᠤᠷᠠᠴᠤᠳ᠂ ᠴᠡᠷᠢᠭ᠎ᠦᠨ ᠠᠯᠪᠠᠨ ᠡᠴᠡ ᠳᠠᠷᠬᠠᠯᠠᠭᠳᠠᠵᠤ ᠴᠡᠷᠢᠭ᠎ᠤᠨ ᠠᠯᠪᠠᠨ ᠡᠴᠡ ᠪᠠᠨ ᠠᠮᠠᠷᠠᠭᠰᠠᠨ ᠺᠠᠳ᠋ᠷ ᠵᠢᠴᠢ ᠲᠣᠪᠴᠢᠶ᠎ᠠ᠎ᠶ᠋ᠢᠨ ᠱᠢᠰᠲ᠋ᠧᠮ᠎ᠦᠨ ᠺᠠᠳ᠋ᠷ ᠠᠵᠢᠯᠲᠠᠨ᠎ᠢ ᠵᠣᠬᠢᠶᠠᠨ ᠪᠠᠢᠭᠤᠯᠵᠤ᠂ ᠠᠯᠠᠱᠠ ᠵᠡᠭᠦᠨ ᠬᠣᠱᠢᠭᠤᠨ᠎ᠤ ᠪᠠᠶᠠᠨᠬᠣᠲᠠ᠎ᠶ᠋ᠢᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠎ᠳᠦ ᠬᠦᠷᠴᠦ᠍ ᠲᠠᠬᠢᠯᠭ᠎ᠠ᠎ᠶ᠋ᠢᠨ ᠠᠵᠢᠯᠯᠠᠭ᠎ᠠ ᠥᠷᠨᠢᠭᠦᠯᠪᠡ᠃ ᠪᠦᠬᠦ᠌ ᠬᠥᠮᠦᠰ ᠲᠡᠷᠢ ᠲᠡᠭ᠌ᠰᠢ ᠵᠢᠭ᠍ᠰᠠᠵᠤ᠂ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠲᠤ ᠰᠣᠷᠭᠣᠭ ᠴᠡᠴᠡᠭ ᠬᠦᠷᠭᠡᠵᠦ᠍᠂ ᠨᠠᠮᠠᠨᠴᠢᠯᠠᠨ ᠭᠠᠱᠢᠭᠤᠳᠠᠵᠤ᠂ ᠦᠷᠡᠭ᠌ᠳᠡᠭ᠌ᠰᠡᠨ ᠪᠠᠭᠠᠲᠤᠷᠴᠤᠳ᠎ᠢ ᠭᠠᠱᠢᠭᠤᠳᠠᠵᠤ ᠪᠠᠢᠬᠤ ᠰᠡᠳᠭᠢᠯᠭᠡ᠎ᠪᠡᠨ ᠢᠯᠡᠳᠭᠡᠪᠡ᠃ ᠲᠠᠷᠠᠭ᠎ᠠ ᠨᠢ᠂ ᠤᠯᠠᠨ᠎ᠢᠶᠠᠷ᠎ᠢᠶᠠᠨ ᠪᠤᠩᠬᠤᠨ᠎ᠤ ᠬᠥᠱᠢᠢ᠎ᠡ᠎ᠶ᠋ᠢ ᠨᠢᠮᠪᠠᠢ ᠠᠷᠴᠢᠵᠤ᠂ ᠪᠤᠩᠬᠤᠨ᠎ᠤ ᠬᠦᠷᠢᠶᠡᠯᠡᠩ᠎ᠳᠡᠬᠢ ᠵᠤᠯᠭᠠᠷᠠᠭ᠍ᠰᠠᠨ ᠨᠠᠪᠴᠢ᠎ᠶ᠋ᠢ ᠴᠡᠪᠡᠷᠯᠡᠵᠦ᠍᠂ ᠪᠤᠩᠬᠤᠨ᠎ᠤ ᠬᠦᠷᠢᠶᠡᠯᠡᠩ᠎ᠦᠨ ᠠᠷᠢᠭᠤᠨ ᠴᠡᠪᠡᠷ᠎ᠢ ᠬᠠᠮᠠᠭᠠᠯᠠᠪᠠ᠃ ᠤᠯᠠᠨ᠎ᠢᠶᠠᠷ᠎ᠢᠶᠠᠨ᠂ ᠦᠷᠡᠭ᠌ᠳᠡᠭ᠌ᠰᠡᠨ ᠪᠠᠭᠠᠲᠤᠷᠴᠤᠳ᠎ᠤᠨ ᠭᠡᠷᠢᠶᠡᠰ ᠵᠣᠷᠢᠭ᠎ᠢ ᠵᠠᠯᠭᠠᠮᠵᠢᠯᠠᠵᠤ᠂ ᠬᠤᠪᠢᠰᠭᠠᠯ᠎ᠤᠨ ᠤᠳᠤᠮᠱᠢᠯ᠎ᠢ ᠵᠠᠯᠭᠠᠮᠵᠢᠯᠠᠵᠤ᠂ ᠠᠵᠢᠯ᠎ᠤᠨ ᠪᠠᠢᠷᠢ᠎ᠳᠠᠭᠠᠨ ᠰᠠᠭᠤᠷᠢᠯᠠᠨ᠂ ᠣᠷᠭᠢᠯᠤᠮ᠎ᠠ ᠬᠠᠯᠠᠭᠤᠨ ᠰᠡᠳᠭᠢᠯᠭᠡ ᠪᠣᠯᠤᠨ ᠴᠤᠭ ᠪᠠᠳᠠᠷᠠᠩᠭᠤᠢ ᠲᠡᠮᠡᠴᠡᠯ᠎ᠦᠨ ᠵᠣᠷᠢᠭ᠎ᠢᠶᠠᠷ ᠠᠯᠠᠱᠠ ᠠᠢᠮᠠᠭ᠎ᠤᠨ ᠴᠢᠨᠠᠷ ᠰᠠᠢᠲᠠᠢ ᠬᠥᠭ᠌ᠵᠢᠯᠲᠡ᠎ᠳᠦ ᠬᠦᠴᠦᠨ ᠴᠢᠳᠠᠯ᠎ᠢᠶᠠᠨ ᠡᠷᠭᠦᠨ᠎ᠡ ᠭᠡᠵᠦ᠍ ᠢᠯᠡᠳᠭᠡᠵᠡᠭᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号